ᠦᠵᠡᠰᠭᠦᠯᠡᠩᠳᠤ ᠰᠠᠶᠢᠬᠠᠨ ᠦᠪᠦᠷ ᠮᠤᠩᠭᠤᠯ ᠪᠤᠯ ᠲᠤᠮᠳᠠᠳᠤ ᠶᠢᠨ ᠪᠤᠯᠪᠠᠰᠤᠨ ᠤ ᠡᠭᠦᠰᠤᠯ ᠤᠨ ᠤᠷᠤᠨ ᠤ | ᠨᠢᠭᠡ ᠪᠤᠯᠤᠨ᠎ᠠ᠂ ᠮᠦᠨᠴᠤ ᠲᠠᠯ᠎ᠠ ᠨᠤᠳᠤᠭ ᠤᠨ ᠰᠤᠶᠤᠯ ᠤᠨ ᠡᠭᠦᠰᠦᠯ ᠬᠦᠭᠵᠢᠯ ᠤᠨ ᠴᠢᠬᠤᠯᠠ ᠤᠷᠤᠨ ᠮᠦᠨ᠃ | ᠡᠨᠡ ᠰᠠᠶᠢᠬᠠᠨ ᠨᠤᠳᠤᠭ ᠲᠠᠭᠠᠨ ᠦᠢᠯᠡᠳᠪᠦᠷᠢᠯᠡᠯ ᠠᠮᠢᠳᠤᠷᠠᠯ ᠢᠶᠠᠨ ᠦᠭᠡᠳᠡᠯᠡᠭᠦᠯᠤᠨ ᠬᠦᠭᠵᠢᠭᠦᠯᠦᠭᠰᠭᠡᠷ ᠢᠷᠡᠭᠰᠡᠨ | ᠦᠪᠦᠷ ᠮᠤᠩᠭᠤᠯᠴᠤᠳ ︽ᠢᠨᠲ᠋ᠧᠷ ᠰᠦᠯᠵᠢᠶ᠎ᠠ +︾ ᠶᠢᠨ ᠬᠦᠭᠵᠢᠯᠳᠠ ᠲᠠᠢ ᠠᠯᠬᠤᠭ᠎ᠠ ᠨᠡᠶᠢᠯᠡᠭᠦᠯᠤᠨ᠂ ᠲᠤᠮᠤ | ᠳ᠋ᠠᠶᠢᠲ᠋ᠠ ᠶᠢᠨ ᠠᠵᠤ ᠦᠢᠯᠡᠰ ᠤᠨ ᠬᠦᠭᠵᠢᠯᠳᠠ ᠶᠢ ᠪᠦᠭᠦ ᠲᠠᠯ᠎ᠠ ᠪᠠᠷ ᠠᠬᠢᠭᠤᠯᠵᠤ᠂ ᠠᠵᠤ ᠦᠢᠯᠡᠰ ᠤᠨ ᠲᠡᠰ | ᠲᠡᠪᠰᠢᠯᠲᠠ ᠶᠢ ᠠᠬᠢᠭᠤᠯᠤᠨ᠂ ᠬᠦᠭᠵᠢᠯᠳᠠ ᠶᠢᠨ ᠰᠢᠨ᠎ᠠ ᠳᠠᠪᠠᠭᠤᠯᠢᠭ ᠢ ᠪᠦᠷᠢᠯᠳᠦᠭᠦᠯᠵᠤ᠂ ᠦᠷᠭᠡᠨ ᠠᠭᠤᠳᠠᠮ | ᠲᠠᠯ᠎ᠠ ᠨᠤᠳᠤᠭ ᠲᠠᠭᠠᠨ ᠬᠦᠭᠵᠢᠯ ᠴᠡᠴᠡᠭᠯᠡᠯ ᠤᠨ ᠰᠢᠨ᠎ᠠ ᠬᠦᠴᠤᠨ ᠠᠪᠴᠢᠷᠠᠵᠤ ᠪᠤᠢ᠃ | ᠲᠤᠮᠤ ᠳ᠋ᠠᠶᠢᠲ᠋ᠠ ᠶᠢᠨ ᠠᠵᠦ ᠦᠢᠯᠡᠰ ᠢ ᠬᠦᠭᠵᠢᠬᠦᠯᠵᠦ᠂ ︽ᠲᠤᠮᠲᠠᠲᠦ ᠤᠯᠤᠰ ᠤᠨ ᠡᠬᠦᠯᠡᠨ ᠬᠦᠮᠦᠷᠭᠡ︾ | ᠶᠢ ᠪᠦᠲᠦᠭᠡᠨ ᠪᠠᠶᠢᠭᠤᠯᠬᠤ ᠪᠠᠷ ᠦᠪᠦᠷ ᠮᠤᠩᠭᠤᠯ ᠨᠢᠬᠡᠨᠳᠡ ᠪᠡᠯᠡᠬᠡᠨ ᠪᠤᠯᠤᠯ᠎ᠠ᠄ ᠳ᠋ᠠᠶᠢᠲ᠋ᠠ ᠶᠢᠨ ᠲᠦᠪ ᠤᠨ | ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ᠂ ᠠᠭᠤᠷ ᠠᠮᠢᠰᠬᠤᠯ ᠲᠤᠬᠢᠷᠠᠮᠵᠢᠲᠠᠢ᠂ ᠭᠠᠵᠠᠷ ᠰᠢᠨᠵᠢᠯᠡᠭᠡᠨ ᠤ | ᠪᠦᠲᠦᠴᠡ ᠲᠤᠭᠲᠠᠭᠤᠨ᠂ ᠴᠠᠬᠢᠯᠭᠠᠨ ᠬᠦᠴᠦ ᠪᠠᠲᠤᠯᠠᠭ᠎ᠠ ᠲᠠᠢ᠃ ᠦᠢᠯᠡᠴᠢᠯᠡᠭᠡᠨ ᠤ ᠲᠠᠯ᠎ᠠ ᠪᠠᠷ᠂ ᠲᠤᠲᠤᠭᠰᠢ ᠪᠠᠨ | ᠮᠡᠳᠡᠭᠡ ᠵᠠᠩᠬᠢ ᠲᠠᠮᠵᠢᠭᠤᠯᠬᠤ ᠳᠤ ᠲᠦᠬᠦᠮ ᠢᠶᠠᠷ ᠦᠯᠦ ᠪᠠᠷᠠᠮ ᠤᠷᠤᠰ ᠮᠤᠩᠭᠤᠯ ᠡᠸᠦ᠋ᠷᠦᠫᠡ ᠲᠢᠪ ᠲᠤ ᠲᠤᠮᠤ | ᠳ᠋ᠠᠶᠢᠲ᠋ᠠ ᠶᠢᠨ ᠤᠯᠠᠨ ᠤᠯᠤᠰ ᠤᠨ ᠦᠢᠯᠡᠴᠢᠯᠡᠭᠡ ᠬᠠᠨᠭ᠍ᠭᠠᠬᠤ ᠳᠤ ᠲᠦᠢᠯ ᠤᠨ ᠲᠦᠬᠦᠮ ᠪᠠᠶᠢᠲᠠᠭ᠃ ᠲᠦᠷᠦ ᠶᠢᠨ | ᠪᠤᠲᠤᠯᠭ᠎ᠠ ᠶᠢᠨ ᠲᠠᠯ᠎ᠠ ᠪᠠᠷ᠂ ᠦᠨᠲᠦᠰᠦᠳᠡᠨ ᠤ ᠤᠷᠤᠨ ᠤ ᠦᠪᠡᠷᠳᠡᠭᠡᠨ ᠵᠠᠰᠠᠬᠤ ᠲᠦᠷᠦ ᠶᠢᠨ ᠪᠤᠲᠤᠯᠭ᠎ᠠ ᠶᠢᠨ | ᠬᠠᠷᠠᠭᠠᠯᠵᠠᠯ᠂ ᠪᠠᠷᠠᠭᠤᠨ ᠤᠷᠤᠨ ᠢ ᠶᠡᠬᠡᠪᠡᠷ ᠨᠡᠭᠡᠭᠡᠨ ᠬᠦᠭᠵᠢᠬᠦᠯᠬᠦ ᠲᠦᠷᠦ ᠶᠢᠨ ᠪᠤᠲᠤᠯᠭ᠎ᠠ ᠪᠠ ᠵᠡᠬᠦᠨ ᠬᠤᠶᠢᠲᠦ | ᠶᠢ ᠬᠦᠭᠵᠢᠬᠦᠯᠬᠦ ᠲᠦᠷᠦ ᠶᠢᠨ ᠪᠤᠲᠤᠯᠭ᠎ᠠ ᠶᠢᠨ ᠬᠠᠷᠠᠭᠠᠯᠵᠠᠯ ᠢ ᠬᠦᠷᠳᠡᠵᠦ ᠪᠠᠶᠢᠭ᠎ᠠ ᠨᠢ ᠪᠦᠷ ᠲᠤᠮᠤ ᠳ᠋ᠠᠶᠢᠲ᠋ᠠ ᠶᠢᠨ | ᠠᠵᠦ ᠦᠢᠯᠡᠰ ᠤᠨ ᠬᠦᠭᠵᠢᠯᠳᠡ ᠳᠤ ᠠᠰᠢᠬᠲᠠᠢ ᠤᠷᠴᠢᠨ ᠨᠦᠭᠦᠴᠡᠯ ᠢ ᠬᠠᠨᠭ᠍ᠭᠠᠭᠰᠠᠨ ᠪᠠᠶᠢᠨ᠎ᠠ᠃ | ᠠᠯᠢ ᠡᠷᠲᠡ 1980 ᠣᠨ ᠳᠤ᠂ ᠠᠯᠳᠠᠷᠲᠦ ᠡᠷᠲᠡᠮᠲᠡᠨ ᠠᠯᠸᠢᠨ · ᠲᠤᠹᠸᠢᠢᠯᠧᠷ ︽ᠭᠤᠷᠪᠠᠳᠤᠭᠠᠷ | ᠤᠳᠠᠭᠠᠨ ᠤ ᠳᠠᠪᠠᠯᠭᠠᠨ︾ ᠬᠡᠬᠦ ᠨᠤᠮ ᠲᠠᠭᠠᠨ᠂ ᠮᠡᠳᠡᠭᠡ ᠵᠠᠩᠬᠢᠵᠢᠯᠲᠠ ᠶᠢᠨ ᠴᠠᠭ ᠦᠶ᠎ᠡ ᠶᠢ ᠬᠦᠮᠦᠨ ᠲᠦᠷᠦᠯᠬᠢᠲᠡᠨ | ᠤ ᠲᠡᠤᠬᠡᠨ ᠳᠡᠭᠡᠷᠡᠬᠢ ︽ᠭᠤᠷᠪᠠᠳᠤᠭᠠᠷ ᠤᠳᠠᠭᠠᠨ ᠤ ᠬᠤᠪᠢᠰᠬᠠᠯ︾ ᠢᠶᠠᠷ ᠲᠦᠷᠰᠦᠯᠡᠵᠦ᠂ ᠲᠤᠮᠦ ᠳ᠋ᠠᠶᠢᠲ᠋ᠠ ᠶᠢ ︽ | ᠭᠤᠷᠪᠠᠳᠤᠭᠠᠷ ᠤᠳᠠᠭᠠᠨ ᠤ ᠳᠠᠪᠠᠯᠭᠠᠨ ᠤ ᠬᠢᠯᠪᠠᠭᠠᠲᠦ ᠬᠠᠭᠤᠲᠠᠰᠦ︾ ᠬᠡᠮᠡᠨ ᠮᠠᠬᠲᠠᠨ ᠲᠠᠭᠤᠯᠠᠬᠰᠡᠨ ᠪᠠᠶᠢᠨ᠎ᠡ᠃ | 36 ᠵᠢᠯ ᠤᠨ ᠳᠠᠷᠠᠭᠠᠬᠢ ᠦᠨᠦᠲᠦᠷ᠂ ᠦᠪᠦᠷ ᠮᠤᠩᠭᠤᠯ ᠤᠨ ᠡᠯ᠎ᠡ ᠦᠨᠳᠦᠰᠦᠲᠡᠨ ᠤ ᠠᠷᠠᠳ ᠲᠦᠮᠡᠨ᠂ ᠲᠡᠯᠡᠭᠡᠢ | ᠶᠢᠨ ᠠᠷᠠᠳ ᠲᠦᠮᠡᠨ ᠲᠠᠢ ᠬᠠᠮᠲᠦᠪᠡᠷ᠂ ᠮᠡᠳᠡᠭᠡ ᠵᠠᠩᠭᠢ ᠶᠢᠨ ᠴᠠᠭ ᠦᠶ᠎ᠡ ᠶᠢᠨ ᠬᠦᠭᠵᠢᠯᠳᠡ ᠳᠤ ᠬᠤᠰᠢᠭᠤᠴᠢᠯᠠᠨ | ᠤᠷᠤᠭᠰᠢᠯᠠᠬᠤ ᠨᠢ ᠯᠠᠪᠲᠠᠢ᠃ | | ᠳᠠᠪᠠᠭᠤᠯᠢᠭ ᠲᠠᠭᠠᠨ ᠰᠠᠭᠤᠷᠢᠯᠠᠨ ᠰᠢᠨ᠎ᠡ ᠪᠠᠷ ᠮᠠᠨᠳᠤᠬᠰᠡᠨ ᠠᠵᠦ ᠦᠢᠯᠡᠰ ᠤᠨ ᠬᠦᠭᠵᠢᠯᠲᠠ ᠶᠢ | ᠲᠦᠷᠭᠡᠳᠭᠡᠨ᠎ᠡ | | | | | ᠦᠪᠡᠷᠳᠡᠭᠡᠨ ᠵᠠᠰᠠᠬᠤ ᠤᠷᠤᠨ ᠤ ᠬᠦᠭᠵᠢᠬᠦᠯᠦᠯᠳᠡ ᠦᠬᠡᠷᠡᠴᠢᠯᠡᠯᠳᠡ ᠶᠢᠨ ᠵᠦᠪᠯᠡᠯ ᠤᠨ ᠡᠷᠬᠢᠯᠡᠭᠴᠢ ᠪᠤᠤ | ᠮᠠᠨᠲᠠ | ᠤᠯᠤᠰ ᠠᠴᠠ ᠥᠪᠥᠷ ᠮᠤᠩᠭᠤᠯ ᠢ ᠲᠤᠮᠤ ᠳ᠋ᠠᠶᠢᠲ᠋ᠠ ᠶᠢᠨ ᠶᠡᠷᠦᠩᠭᠡᠶᠢᠯᠡᠭᠰᠡᠨ ᠲᠤᠷᠰᠢᠯᠲᠠ ᠶᠢᠨ ᠤᠷᠤᠨ᠂ | ᠰᠠᠭᠤᠷᠢ ᠪᠡᠯᠡᠳᠬᠡᠮᠵᠢ ᠶᠢ ᠨᠢᠬᠡᠲᠦᠯᠳᠡᠢ ᠲᠦᠯᠦᠪᠵᠢᠬᠦᠯᠬᠦ ᠮᠠᠶ᠋ᠢᠭ ᠤᠨ ᠴᠤᠷ ᠤᠨ ᠭᠠᠭᠴᠠ ᠲᠤᠮᠤ ᠳ᠋ᠠᠶᠢᠲ᠋ᠠ ᠶᠢᠨ | ᠲᠤᠷᠰᠢᠯᠲᠠ ᠶᠢᠨ ᠤᠷᠤᠨ ᠪᠤᠯᠭᠠᠬᠤ ᠪᠠᠷ ᠲᠤᠭᠲᠠᠭᠠᠭᠰᠠᠨ ᠨᠢ ᠭᠤᠤᠯᠲᠠᠭᠤ ᠮᠠᠨ ᠤ ᠤᠷᠤᠨ ᠤ ᠭᠡᠲᠦᠨ ᠶᠡᠭᠡ | ᠲᠠᠪᠠᠭᠤᠯᠢᠬ ᠲᠤ ᠰᠠᠭᠤᠷᠢᠯᠠᠬᠰᠠᠨ ᠶᠤᠮ᠃ ᠬᠠᠮᠤᠭ ᠤᠨ ᠲᠦᠷᠦᠭᠦᠨ ᠳᠤ ᠠᠭᠤᠷ ᠠᠮᠢᠰᠬᠤᠯ ᠤᠨ ᠲᠠᠪᠠᠭᠤᠯᠢᠬ᠂ | ᠮᠠᠨ ᠤ ᠤᠷᠤᠨ ᠵᠢᠯ ᠲᠤᠷᠰᠢ ᠰᠡᠷᠢᠬᠦᠭᠡᠨᠬᠦ᠋ᠳᠡᠨ᠂ ᠵᠢᠯ ᠲᠤᠮᠲᠠᠴᠢ ᠶᠢᠨ ᠠᠭᠠᠷ ᠤᠨ ᠲᠤᠯᠠᠭᠠᠨ 0 — 8 ᠼᠧᠯᠰ | ᠭᠷᠠᠲᠦ᠋ᠰ᠂ ᠡᠪᠤᠯ ᠤᠨ ᠤᠯᠠᠷᠢᠯ ᠨᠡᠩ ᠴᠦ ᠤᠯᠠᠩᠬᠢ ᠲᠠᠭᠠᠨ 6 ᠰᠠᠷ᠎ᠠ ᠭᠠᠷᠤᠢ ᠦᠷᠬᠦᠯᠵᠢᠯᠡᠳᠡᠭ ᠤᠴᠢᠷ ᠠᠴᠠ ᠡᠬᠢ | ᠪᠠᠶᠠᠯᠢᠬ ᠲᠤ ᠠᠷᠪᠢᠲᠠᠢ ᠪᠠᠶᠢᠲᠠᠭ᠃ ᠬᠤᠶᠠᠷ ᠲᠤ᠂ ᠭᠠᠵᠠᠷ ᠰᠢᠨᠵᠢᠯᠡᠬᠡᠨ ᠤ ᠲᠠᠪᠠᠭᠤᠯᠢᠬ᠂ ᠮᠠᠨ ᠤ ᠤᠷᠤᠨ ᠳᠤ | ᠭᠠᠵᠠᠷ ᠰᠢᠨᠵᠢᠯᠡᠬᠡᠨ ᠤ ᠬᠦᠨᠲᠦ ᠨᠤᠴᠢᠲᠠᠢ ᠭᠠᠮᠰᠢᠬ ᠡᠭᠦᠰᠭᠦ ᠦᠬᠡᠢ᠂ ᠤᠯᠠᠩᠬᠢ ᠭᠠᠵᠠᠷ ᠤᠷᠤᠨ ᠨᠢ ᠪᠦᠷ ᠭᠠᠵᠠᠷ | ᠬᠦᠳᠡᠯᠦᠯᠳᠡ ᠶᠢᠨ ᠪᠦᠰᠡᠨ ᠲᠡᠭᠡᠷ᠎ᠡ ᠤᠷᠤᠰᠢᠲᠠᠭ ᠦᠬᠡᠢ᠃ ᠭᠤᠷᠪᠠ ᠳᠤ᠂ ᠡᠬᠢ ᠪᠠᠶᠠᠯᠢᠬ ᠤᠨ ᠲᠠᠪᠠᠭᠤᠯᠢᠬ᠂ | ᠦᠪᠦᠷ ᠮᠤᠩᠭᠤᠯ ᠤᠨ ᠴᠠᠬᠢᠯᠭᠠᠨ ᠬᠦᠴᠦᠨ ᠤ ᠮᠠᠰᠢᠨ ᠴᠤᠭᠴᠠᠯᠠᠪᠤᠷᠢ ᠨᠢᠭᠡᠨᠳᠡ 1 ᠳ᠋ᠦᠩᠰᠢᠭᠤᠷ ᠺᠢᠯᠤᠸᠠᠲ ᠢ | ᠲᠠᠪᠠᠵᠦ᠂ ᠪᠦᠬᠦ ᠤᠯᠤᠰ ᠤᠨ ᠭᠤᠷᠪᠠᠲᠤᠭᠠᠷ ᠲᠤ ᠤᠷᠤᠲᠠᠭ᠂ ᠮᠧᠩ ᠰᠢ ᠶᠢᠨ ᠴᠠᠬᠢᠯᠭᠠᠨ ᠲᠤᠤᠷ ᠪᠤᠯ ᠨᠡᠩ ᠴᠦ | ᠪᠦᠬᠦ ᠤᠯᠤᠰ ᠤᠨ ᠴᠤᠷ ᠤᠨ ᠭᠠᠭᠴᠠ ᠮᠤᠵᠢ ᠶᠢᠨ ᠲᠡᠰ ᠤᠨ ᠲᠤᠰᠠᠭᠠᠷ ᠴᠠᠬᠢᠯᠭᠠᠨ ᠲᠤᠤᠷ᠂ ᠮᠤᠵᠢ ᠶᠢᠨ ᠲᠡᠰ ᠤᠨ | ᠠᠩᠬᠠᠲᠠᠬᠴᠢ ᠴᠠᠬᠢᠯᠭᠠᠨ ᠭᠠᠷᠭᠠᠬᠤ ᠦᠨ᠎ᠡ ᠬᠠᠨᠭ᠍ᠰᠢ ᠶᠢᠨ ᠦᠬᠡᠷᠡᠴᠢᠯᠡᠯᠳᠡ ᠶᠢᠨ ᠲᠤᠷᠰᠢᠯᠲᠠ ᠶᠢᠨ ᠴᠢᠭ᠋ ᠪᠤᠯᠤᠨ᠎ᠠ᠃ | ᠶᠡᠭᠡ ᠬᠡᠪᠴᠢᠶ᠎ᠠ ᠪᠠᠷ ᠴᠠᠬᠢᠯᠭᠠᠨ ᠭᠡᠷᠡᠭᠯᠡᠬᠦ ᠳᠤ ᠰᠢᠭᠤᠳ ᠬᠠᠨᠭ᠍ᠭᠠᠯᠭ᠎ᠠ ᠶᠢᠨ ᠦᠨ᠎ᠡ ᠬᠠᠨᠭ᠍ᠰᠢ ᠶᠢ ᠭᠡᠷᠡᠭᠵᠢᠬᠦᠯᠵᠦ᠂ | ᠨᠢᠬᠡ ᠭᠷᠠᠲᠦ᠋ᠰ ᠢ ᠨᠢ 0.26 ᠲᠦᠬᠦᠷᠢᠭ ᠪᠤᠯᠭᠠᠵᠦ ᠪᠠᠭᠤᠷᠠᠭᠤᠯᠵᠦ ᠪᠤᠯᠤᠨ᠎ᠠ᠃ ᠡᠨᠡ ᠨᠢ ᠪᠠᠷᠤᠭ ᠪᠦᠬᠦ | ᠤᠯᠤᠰ ᠲᠠᠬᠢ ᠬᠠᠮᠤᠭ ᠤᠨ ᠲᠤᠤᠷ᠎ᠠ ᠴᠠᠬᠢᠯᠭᠠᠨ ᠤ ᠬᠠᠨᠭ᠍ᠰᠢ ᠪᠤᠯᠤᠨ᠎ᠠ᠃ ᠲᠦᠷᠪᠡ ᠳᠤ᠂ ᠤᠷᠤᠨ ᠪᠠᠶᠢᠷᠢ ᠶᠢᠨ | ᠲᠠᠪᠠᠭᠤᠯᠢᠬ᠂ ᠦᠪᠦᠷ ᠮᠤᠩᠭᠤᠯ ᠵᠡᠬᠦᠨ ᠬᠤᠶᠢᠲᠤ ᠤᠷᠤᠨ᠂ ᠤᠮᠠᠷᠠᠲᠦ ᠤᠷᠤᠨ᠂ ᠪᠠᠷᠠᠭᠤᠨ ᠬᠤᠶᠢᠲᠦ ᠤᠷᠤᠨ ᠢ | ᠬᠦᠨᠳᠡᠯᠢᠰᠦᠨ ᠰᠤᠨᠲᠠᠯᠠᠵᠦ᠂ 8 ᠮᠤᠵᠢ ᠲᠠᠢ ᠬᠢᠯᠢᠯᠡᠵᠦ᠂ ᠤᠷᠤᠰ ᠮᠤᠩᠭᠤᠯ ᠲᠠᠢ ᠬᠦᠷᠰᠢᠯᠡᠳᠡᠭ᠃ ᠡᠨᠡ ᠨᠢ | ᠲᠤᠲᠤᠭᠠᠲᠦ ᠳᠠᠭᠠᠨ ᠳ᠋ᠠᠶᠢᠲ᠋ᠠ ᠳᠠᠮᠵᠢᠭᠤᠯᠬᠤ᠂ ᠮᠡᠳᠡᠭᠡ ᠵᠠᠩᠭᠢ ᠳᠠᠮᠵᠢᠭᠤᠯᠬᠤ ᠳᠤ ᠠᠰᠢᠭᠲᠠᠢ ᠪᠠᠷ ᠥᠯᠥ ᠪᠠᠷᠠᠮ | ᠪᠠᠰᠠ ᠣᠷᠣᠰ ᠮᠣᠩᠭᠤᠯ᠂ ᠡᠸᠦ᠋ᠷᠦᠫᠡ ᠲᠢᠪ ᠲᠤ ᠲᠤᠮᠤ ᠳ᠋ᠠᠶᠢᠲ᠋ᠠ ᠶᠢᠨ ᠤᠯᠠᠨ ᠤᠯᠤᠰ ᠤᠨ ᠦᠢᠯᠡᠴᠢᠯᠡᠭᠡ | ᠬᠠᠨᠭ᠍ᠭᠠᠬᠤ ᠳᠤ ᠠᠰᠢᠬᠲᠠᠢ᠃ ᠤᠲᠤᠬᠠᠨ ᠳᠤ᠂ ᠦᠪᠡᠷᠳᠡᠭᠡᠨ ᠵᠠᠰᠠᠬᠤ ᠤᠷᠤᠨ ᠤ ᠦᠢᠯᠡᠴᠢᠯᠡᠭᠦᠷ ᠮᠠᠰᠢᠨ ᠤ | ᠴᠢᠳᠠᠪᠤᠷᠢ ᠨᠢ ᠨᠢᠭᠡᠨᠲᠡ 70 ᠲᠦᠮᠡᠨ ᠰᠠᠤᠷᠢ ᠪᠣᠯᠪᠠ᠂ ︽13·5︾ ᠶᠢᠨ ᠡᠴᠦᠰ ᠪᠣᠯᠬᠤ ᠳᠤ᠂ ᠪᠠᠷᠤᠭ 300 | ᠲᠦᠮᠡᠨ ᠰᠠᠦᠷᠢ ᠳᠤ ᠬᠦᠷᠭᠡᠬᠦ ᠪᠠᠷ ᠲᠦᠰᠦᠪᠯᠡᠵᠦ ᠪᠤᠢ᠂ ᠡᠳᠡᠭᠡᠷ ᠲᠠᠪᠠᠭᠤᠯᠢᠬ ᠨᠦᠬᠦᠴᠡᠯ ᠨᠢ ᠦᠪᠦᠷ ᠮᠤᠩᠭᠤᠯ ᠳᠤ | ᠲᠤᠮᠤ ᠳ᠋ᠠᠶᠢᠲ᠋ᠠ ᠶᠢᠨ ᠠᠵᠦ ᠦᠢᠯᠡᠰ ᠢ ᠪᠤᠵᠠᠭᠠᠢᠢᠷᠠᠭᠤᠯᠤᠨ ᠬᠦᠭᠵᠢᠬᠦᠯᠬᠦ ᠠᠬᠤᠢ ᠶᠢᠨ ᠰᠠᠭᠤᠷᠢ ᠶᠢ ᠲᠠᠯᠪᠢᠵᠦ | ᠦᠭᠴᠠᠢ᠃ ᠪᠢᠳᠡ ᠬᠤᠵᠢᠮ ᠲᠠᠪᠠᠭᠤᠯᠢᠬ ᠢᠶᠠᠨ ᠤᠯᠠᠮ ᠪᠠᠲᠠᠷᠠᠭᠤᠯᠵᠦ᠂ ᠦᠪᠦᠷ ᠮᠤᠩᠭᠤᠯ ᠠᠵᠤ ᠦᠢᠯᠡᠰ ᠤᠨ | ᠬᠡᠯᠪᠡᠷᠢ ᠪᠠᠷ ᠬᠤᠪᠢᠷᠠᠭᠤᠯᠵᠤ ᠳᠡᠰ ᠳᠡᠪᠰᠢᠭᠦᠯᠬᠦ ᠶᠢ ᠪᠡᠶᠡᠯᠡᠭᠦᠯᠦᠨ᠎ᠡ᠃ | ᠪᠢᠳᠡ ᠲᠤᠮᠤ ᠳ᠋ᠠᠶᠢᠲ᠋ᠠ ᠶᠢᠨ ᠪᠦᠲᠦᠭᠡᠨ ᠪᠠᠶᠢᠭᠤᠯᠤᠯᠲᠠ ᠶᠢᠨ ᠭᠡᠷᠡᠭᠵᠢᠬᠦᠯᠬᠦ ᠲᠦᠰᠦᠪ ᠭᠠᠷᠭᠠᠵᠦ᠂ ᠨᠢᠬᠡ | ᠪᠦᠯᠦᠭ ᠬᠠᠷᠠᠭᠠᠯᠵᠠᠯ ᠤᠨ ᠲᠦᠷᠦ ᠶᠢᠨ ᠪᠤᠲᠤᠯᠭ᠎ᠠ ᠲᠤᠭᠲᠠᠭᠠᠵᠦ᠂ ᠦᠪᠡᠷᠳᠡᠭᠡᠨ ᠵᠠᠰᠠᠬᠤ ᠤᠷᠤᠨ ᠤ ᠡᠯ᠎ᠡ ᠠᠶᠢᠮᠠᠬ | ᠬᠤᠳᠠ ᠳᠤ ᠪᠦᠷ ᠲᠦᠯᠦᠪᠵᠢᠬᠦᠯᠭᠡ ᠪᠠᠶᠢᠷᠢᠰᠢᠯᠠᠭᠤᠯᠤᠯᠲᠠ ᠬᠢᠵᠠᠢ᠃ ᠲᠠᠷᠠᠭᠠᠴᠢ ᠶᠢᠨ ᠠᠯᠬᠤᠮ ᠳᠤ᠂ ᠤᠲᠤ ᠶᠢᠨ | ᠰᠠᠭᠤᠷᠢᠨ ᠲᠡᠭᠡᠷ᠎ᠡ ᠪᠠᠨ ᠳ᠋ᠠᠶᠢᠲ᠋ᠠ ᠶᠢᠨ ᠡᠬᠢ ᠪᠠᠶᠠᠯᠢᠭ ᠢᠶᠠᠨ ᠨᠡᠶᠢᠳᠭᠡᠵᠦ᠂ ᠤᠯᠠᠮᠵᠢᠯᠠᠯᠲᠦ ᠠᠵᠦ ᠦᠢᠯᠡᠰ ᠤᠨ ᠲᠡᠰ | ᠲᠡᠪᠰᠢᠵᠦ ᠬᠦᠭᠵᠢᠬᠦ ᠶᠢ ᠪᠡᠶᠡᠯᠡᠬᠦᠯᠦᠨ᠎ᠡ᠃ ᠡᠬᠦᠨ ᠤ ᠬᠠᠮᠲᠦ ᠲᠤᠮᠤ ᠳ᠋ᠠᠶᠢᠲ᠋ᠠ ᠪᠠᠷ ᠲᠠᠮᠵᠢᠨ ᠰᠢᠨ᠎ᠡ ᠪᠠᠷ | ᠮᠠᠨᠲᠤᠬᠰᠠᠨ ᠠᠵᠦ ᠦᠢᠯᠡᠰ ᠤᠨ ᠬᠦᠭᠵᠢᠯᠳᠡ ᠶᠢ ᠠᠬᠢᠭᠤᠯᠵᠦ᠂ ᠦᠪᠦᠷ ᠮᠤᠩᠭᠤᠯ ᠤᠨ ᠠᠵᠦ ᠠᠬᠤᠢ ᠶᠢ ᠬᠦᠨᠲᠦ | ᠮᠠᠶ᠋ᠢᠭ ᠠᠴᠠ ᠨᠢ ᠬᠦᠡᠭᠭᠡᠨ ᠮᠠᠶ᠋ᠢᠭ ᠲᠡᠰᠢ ᠬᠤᠪᠢᠷᠠᠭᠤᠯᠤᠨ᠎ᠠ᠃ ᠪᠢᠳᠡᠨ ᠤ ᠬᠠᠷᠠᠯᠲᠠ ᠪᠤᠯ ᠭᠤᠷᠪᠠ ᠠᠴᠠ ᠲᠠᠪᠤᠨ ᠵᠢᠯ | ᠤᠨ ᠴᠢᠷᠮᠠᠶᠢᠯᠭ᠎ᠠ ᠪᠠᠷ ᠲᠠᠮᠵᠢᠨ᠂ ᠦᠪᠦᠷ ᠮᠤᠩᠭᠤᠯ ᠢ ᠲᠤᠮᠲᠠᠲᠦ ᠤᠯᠤᠰ ᠤᠨ ᠤᠮᠠᠷᠠᠲᠦ ᠤᠷᠤᠨ ᠤ ︽ᠲᠤᠮᠤ | ᠳ᠋ᠠᠶᠢᠲ᠋ᠠ ᠶᠢᠨ ᠲᠦᠪ︾᠂ ︽ᠲᠤᠷᠭᠠᠨ ᠵᠠᠮ ᠤᠨ ᠳ᠋ᠠᠶᠢᠲ᠋ᠠ ᠶᠢᠨ ᠭᠠᠷᠠᠮ︾᠂ ᠵᠠᠰᠠᠭ ᠤᠨ ᠤᠷᠲᠤᠨ ᠤ | ᠲᠤᠭᠠᠴᠢᠯᠠᠬᠰᠡᠨ ᠲᠤᠷᠰᠢᠯᠲᠠ ᠶᠢᠨ ᠤᠷᠤᠨ᠂ ᠠᠵᠦ ᠦᠢᠯᠡᠰ ᠤᠨ ᠠᠭᠤᠰᠤᠯᠴᠠᠯ ᠤᠨ ᠤᠷᠢᠲᠠᠴᠢ ᠤᠷᠤᠨ᠂ ᠲᠡᠯᠡᠭᠡᠢ | ᠶᠢᠨ ᠲᠡᠰ ᠤᠨ ᠳ᠋ᠠᠶᠢᠲ᠋ᠠ ᠶᠢᠨ ᠰᠠᠭᠤᠷᠢᠨ ᠭᠠᠵᠠᠷ ᠪᠤᠯᠭᠠᠵᠦ᠂ ᠲᠤᠮᠤ ᠳ᠋ᠠᠶᠢᠲ᠋ᠠ ᠶᠢᠨ ᠠᠵᠦ ᠦᠢᠯᠡᠰ ᠤᠨ | ᠦᠢᠯᠡᠳᠪᠦᠷᠢᠯᠡᠯ ᠤᠨ ᠥᠷᠲᠡᠭ ᠢ 1000 ᠳ᠋ᠦᠩᠰᠢᠭᠤᠷ ᠲᠦᠬᠦᠷᠢᠭ ᠠᠴᠠ ᠲᠡᠭᠡᠭᠰᠢ ᠪᠤᠯᠭᠠᠨ᠎ᠠ᠃ | | ᠬᠡᠯᠪᠡᠷᠢ ᠪᠠᠨ ᠬᠤᠪᠢᠷᠠᠭᠤᠯᠤᠨ ᠳᠡᠰ ᠲᠠᠪᠰᠢᠭᠦᠯᠵᠤ ᠡᠭᠦᠯᠡᠨ ᠪᠤᠳᠤᠯᠳᠠ ᠶᠢᠨ ᠠᠵᠤ ᠦᠢᠯᠡᠰ ᠤᠨ ᠭᠡᠯᠬᠢᠶᠠᠵᠢᠯ | ᠢ ᠪᠦᠷᠢᠯᠳᠦᠭᠦᠯᠤᠨ᠎ᠠ | | | | | ᠬᠦᠬᠡᠬᠤᠲᠠ ᠶᠢᠨ ᠨᠠᠮ ᠤᠨ ᠬᠤᠷᠢᠶ᠎ᠠ ᠶᠢᠨ ᠳᠡᠳ᠋ ᠱᠦᠵᠢ᠂ ᠬᠤᠲᠠ ᠶᠢᠨ ᠲᠠᠷᠤᠭ᠎ᠠ ᠯᠢ ᠵᠢᠶᠧ ᠰᠢᠶᠠᠩ | ᠬᠦᠬᠡᠬᠤᠲᠠ ᠤᠳᠤᠬᠠᠨ ᠳᠤ ᠨᠢᠭᠡᠨᠲᠡ ᠬᠤᠶᠠᠷ ᠶᠡᠭᠡ ᠠᠵᠦ ᠦᠢᠯᠡᠰ ᠤᠨ ᠬᠦᠷᠢᠶᠡᠯᠡᠩ ᠲᠤᠭᠤᠷᠢᠭ ᠢ | ᠪᠦᠲᠦᠭᠡᠨ ᠪᠠᠶᠢᠭᠤᠯᠵᠠᠢ᠃ ᠱᠧᠩ ᠯᠧ ᠡᠭᠦᠯᠡᠨ ᠪᠤᠳᠤᠯᠲᠠ ᠶᠢᠨ ᠠᠵᠦ ᠦᠢᠯᠡᠰ ᠤᠨ ᠬᠦᠷᠢᠶᠡᠯᠡᠩ ᠲᠤᠭᠤᠷᠢᠭ | ᠭᠤᠤᠯᠳᠠᠭᠤ ᠳ᠋ᠠᠶᠢᠲ᠋ᠠ ᠶᠢᠨ ᠲᠦᠪ ᠤᠨ ᠪᠦᠲᠦᠭᠡᠨ ᠪᠠᠶᠢᠭᠤᠯᠤᠯᠲᠠ ᠪᠠ ᠬᠠᠲᠠᠭᠤ ᠲᠤᠨᠤᠭ ᠤᠨ ᠦᠢᠯᠡᠳᠪᠦᠷᠢᠯᠡᠯ ᠤᠨ | ᠲᠤᠭᠤᠷᠢᠨ ᠳᠤ ᠡᠬᠢᠨ ᠤ ᠦᠢᠯᠡᠳᠭᠦᠨ ᠦᠢᠯᠡᠳᠭᠦ ᠪᠠ ᠡᠴᠦᠰ ᠤᠨ ᠦᠢᠯᠡᠳᠭᠦᠨ ᠦᠢᠯᠡᠳᠭᠦ ᠠᠵᠦ ᠦᠢᠯᠡᠰ ᠤᠨ | ᠬᠡᠯᠬᠢᠶᠡᠵᠢᠯ ᠳᠤ ᠪᠠᠶᠢᠷᠢᠯᠠᠭᠤᠯᠤᠯᠲᠠ ᠬᠢᠵᠤ ᠪᠤᠢ᠃ ᠨᠢᠭᠡᠳᠦᠭᠡᠷ ᠬᠤᠭᠤᠴᠠᠭᠠᠨ ᠤ ᠲᠦᠯᠦᠪᠵᠢᠭᠦᠯᠭᠡ ᠶᠢᠨ ᠲᠠᠯᠠᠪᠠᠢ | 27.76 ᠲᠡᠭᠰᠢ ᠲᠦᠷᠪᠡᠯᠵᠢᠨ ᠺᠢᠯᠤᠮᠧᠲᠷ ᠪᠤᠯᠤᠨ᠎ᠠ᠃ ᠤᠳᠤᠬᠠᠨ ᠳᠤ ᠨᠢᠭᠡᠨᠲᠡ ᠲᠤᠮᠳᠠᠳᠤ ᠤᠯᠤᠰ ᠤᠨ | ᠴᠠᠬᠢᠯᠭᠠᠨ ᠬᠤᠯᠪᠤᠭ᠎ᠠ᠂ ᠲᠤᠮᠳᠠᠳᠤ ᠤᠯᠤᠰ ᠤᠨ ᠰᠢᠯᠵᠢᠭᠡ ᠬᠤᠯᠪᠤᠭ᠎ᠠ ︵ᠬᠦᠬᠡᠬᠤᠲᠠ︶ ᠶᠢᠨ ᠳ᠋ᠠᠶᠢᠲ᠋ᠠ ᠶᠢᠨ ᠲᠦᠪ | ᠵᠡᠷᠭᠡ 28 ᠠᠵᠦ ᠦᠢᠯᠡᠰ ᠤᠨ ᠲᠦᠷᠦᠯ ᠵᠦᠢᠯ ᠤᠨ ᠬᠡᠯᠡᠯᠴᠡᠭᠡᠷ ᠲᠤ ᠭᠠᠷ ᠤᠨ ᠦᠰᠦᠭ ᠵᠢᠷᠦᠵᠦ᠂ ᠶᠡᠷᠦᠩᠬᠡᠢ | ᠪᠡᠯᠡ ᠤᠷᠤᠭᠤᠯᠤᠯᠲᠠ 800 ᠭᠠᠷᠤᠢ ᠳ᠋ᠦᠩᠰᠢᠭᠤᠷ ᠲᠦᠭᠦᠷᠢᠭ ᠲᠤᠯᠵᠦ᠂ ᠪᠠᠢ ᠳ᠋ᠦ᠋᠂ ᠠ ᠯᠢ ᠪᠠ ᠪᠠ᠂ ᠲᠧᠩ | ᠰᠢᠶᠦ᠋ᠨ᠂ ᠰᠸᠤ ᠭᠸᠤ᠂ ᠰᠤ᠋ ᠨᠢᠩ ᠵᠡᠷᠭᠡ 60 ᠭᠠᠷᠤᠢ ᠨᠡᠷᠡᠲᠦ ᠠᠵᠦ ᠠᠬᠤᠢᠢᠯᠠᠯ ᠨᠢᠭᠡᠨᠳᠠ ᠰᠠᠭᠤᠷᠢᠰᠢᠬᠰᠡᠨ | ᠪᠠᠶᠢᠨ᠎ᠠ᠃ ᠬᠤᠩ ᠱᠧᠩ ᠡᠭᠦᠯᠡᠨ ᠪᠤᠳᠤᠯᠲᠠ ᠶᠢᠨ ᠠᠵᠦ ᠦᠢᠯᠡᠰ ᠤᠨ ᠬᠦᠷᠢᠶᠡᠯᠡᠩ ᠲᠤᠭᠤᠷᠢᠭ ᠭᠤᠤᠯᠳᠠᠭᠤ ︽ | ᠢᠨᠲ᠋ᠧᠷ ᠰᠦᠯᠵᠢᠶ᠎ᠡ +︾᠂ ᠲᠤᠮᠦ ᠳ᠋ᠠᠶᠢᠲ᠋ᠠ᠂ ᠵᠦᠭᠡᠯᠡᠨ ᠲᠤᠨᠤᠭ ᠤᠨ ᠨᠡᠬᠡᠭᠡᠯᠲᠡ᠂ ᠪᠦᠭᠡᠮ ᠢᠶᠠᠷ ᠪᠤᠷᠤᠯᠠᠭᠤᠯᠬᠤ | ᠲᠠᠸᠠᠷ ᠪᠠ ᠬᠢᠯᠢ ᠠᠯᠤᠰᠯᠠᠬᠰᠡᠨ ᠡᠯᠧᠺᠲᠷᠤᠨ ᠬᠤᠳᠠᠯᠳᠤᠭ᠎ᠠ᠂ ᠮᠡᠳᠡᠭᠡ ᠵᠠᠩᠭᠢ ᠶᠢᠨ ᠦᠢᠯᠡᠴᠢᠯᠡᠭᠡ᠂ ᠡᠭᠦᠯᠡᠨ | ᠪᠤᠳᠤᠯᠲᠠ ᠶᠢᠨ ᠠᠵᠦ ᠦᠢᠯᠡᠰ ᠤᠨ ᠰᠤᠳᠤᠯᠤᠯᠲᠠ ᠨᠡᠬᠡᠭᠡᠯᠲᠡ ᠪᠦᠲᠦᠭᠡᠨ ᠪᠠᠶᠢᠭᠤᠯᠤᠯᠲᠠ ᠶᠢᠨ ᠲᠤᠭᠤᠷᠢᠨ ᠳᠤ | ᠡᠬᠢᠨ ᠤ ᠦᠢᠯᠡᠳᠭᠦᠨ ᠪᠠ ᠡᠴᠦᠰ ᠤᠨ ᠦᠢᠯᠡᠳᠭᠦᠨ ᠦᠢᠯᠡᠳᠭᠦ ᠠᠵᠦ ᠦᠢᠯᠡᠰ ᠤᠨ ᠬᠡᠯᠬᠢᠶᠡᠵᠢᠯ ᠳᠤ | ᠪᠠᠶᠢᠷᠢᠯᠠᠭᠤᠯᠤᠯᠲᠠ ᠬᠢᠵᠦ ᠪᠤᠢ᠂ ᠲᠤᠮᠳᠠᠳᠤ ᠤᠯᠤᠰ ᠤᠨ ᠨᠢᠭᠡᠲᠦᠮᠡᠯ ᠬᠤᠯᠪᠤᠭ᠎ᠠ ᠶᠢᠨ ᠪᠠᠷᠠᠭᠤᠨ ᠬᠤᠶᠢᠲᠦ ᠶᠢᠨ | ᠡᠭᠦᠯᠡᠨ ᠪᠤᠳᠤᠯᠲᠠ ᠶᠢᠨ ᠰᠠᠭᠤᠷᠢᠨ ᠭᠠᠵᠠᠷ ᠲᠤ ᠲᠤᠯᠭᠠᠭᠤᠷᠢᠯᠠᠵᠦ᠂ ᠪᠦᠷᠢᠨ ᠪᠦᠲᠦᠨ ᠡᠭᠦᠯᠡᠡ ᠪᠤᠳᠤᠯᠲᠠ ᠶᠢᠨ | ᠠᠵᠦ ᠦᠢᠯᠡᠰ ᠤᠨ ᠬᠡᠯᠬᠢᠶᠡᠵᠢᠯ ᠢ ᠪᠦᠲᠦᠭᠡᠨ ᠴᠤᠬᠴᠠᠯᠠᠵᠦ᠂ ᠡᠭᠦᠯᠡᠨ ᠪᠤᠳᠤᠯᠲᠠ ᠶᠢᠨ ᠬᠡᠷᠡᠭᠯᠡᠭᠡ᠂ ᠢᠨᠲ᠋ᠧᠷ | ᠰᠦᠯᠵᠢᠶ᠎ᠡ + ᠬᠡᠷᠡᠭᠯᠡᠭᠡ᠂ ᠡᠭᠦᠯᠡᠨ ᠪᠤᠳᠤᠯᠲᠠ ᠶᠢᠨ ᠠᠵᠦ ᠦᠢᠯᠡᠰ ᠤᠨ ᠬᠦᠷᠢᠶᠡᠯᠡᠩ᠂ ᠡᠯᠧᠺᠲᠷᠤᠨ ᠬᠤᠳᠠᠯᠳᠤᠭ᠎ᠠ | ᠂ ᠵᠦᠭᠡᠯᠡᠨ ᠲᠤᠨᠤᠭ ᠤᠨ ᠮᠡᠳᠡᠭᠡ ᠵᠠᠩᠭᠢ ᠵᠡᠷᠭᠡ 9 ᠶᠡᠭᠡ ᠲᠦᠷᠦᠯ ᠤᠨ ᠠᠵᠦ ᠦᠢᠯᠡᠰ ᠤᠨ ᠪᠠᠶᠢᠷᠢᠰᠢᠭᠤᠯᠤᠯᠲᠠ | ᠦᠨᠳᠦᠰᠦᠨ ᠳᠡᠭᠡᠨ ᠪᠦᠷᠢᠯᠳᠦᠭᠰᠡᠨ ᠪᠠᠶᠢᠨ᠎ᠡ᠃ | ᠢᠷᠡᠭᠡᠲᠦᠢ ᠳᠤ᠂ ᠬᠦᠬᠡᠬᠤᠲᠠ ︽ᠲᠤᠮᠳᠠᠳᠤ ᠤᠯᠤᠰ ᠤᠨ ᠡᠭᠦᠯᠡᠨ ᠬᠦᠮᠦᠷᠭᠡ︾ ᠪᠠᠶᠢᠭᠤᠯᠬᠤ ᠶᠢ | ᠬᠡᠯᠪᠡᠷᠢ ᠪᠠᠨ ᠬᠤᠪᠢᠷᠠᠭᠤᠯᠬᠤ ᠬᠦᠭᠵᠢᠯᠲᠡ ᠶᠢᠨ ᠴᠢᠬᠤᠯᠠ ᠪᠠᠶᠢᠯᠳᠤᠬᠤ ᠪᠤᠳᠤᠯᠭ᠎ᠠ ᠶᠢᠨ ᠲᠤᠯᠭᠠᠭᠤᠷᠢ ᠪᠤᠯᠭᠠᠵᠦ᠂ | ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠤᠨ ᠲᠡᠰ ᠤᠨ ᠲᠤᠮᠤ ᠳ᠋ᠠᠶᠢᠲ᠋ᠠ ᠶᠢᠨ ᠰᠠᠭᠤᠷᠢ | ᠪᠡᠯᠡᠳᠬᠡᠮᠵᠢ ᠶᠢ ᠲᠦᠯᠦᠪᠯᠡᠨ ᠬᠦᠭᠵᠢᠭᠦᠯᠬᠦ ᠶᠡᠷᠦᠩᠬᠡᠶᠢᠯᠡᠭᠰᠡᠨ ᠲᠤᠷᠰᠢᠯᠲᠠ ᠶᠢᠨ ᠲᠠᠰᠤᠭ ᠪᠤᠯᠭᠠᠬᠰᠡᠨ ᠵᠦᠪᠰᠢᠶᠡᠷᠡᠯ | ᠢᠶᠠᠷ ᠠᠵᠠ ᠲᠤᠬᠢᠶᠠᠯ ᠪᠤᠯᠭᠠᠨ᠂ ᠶᠡᠭᠡ ᠬᠠᠳᠠᠭᠠᠯᠠᠯᠳᠠ᠂ ᠤᠯᠠᠨ ᠲᠠᠪᠴᠠᠩ᠂ ᠪᠦᠬᠦ ᠠᠵᠦ ᠦᠢᠯᠡᠰ ᠢᠶᠠᠷ ᠬᠠᠷᠠᠯᠲᠠ | ᠪᠤᠯᠭᠠᠨ᠂ ᠤᠯᠤᠰ ᠤᠨ ᠲᠡᠰ ᠤᠨ ᠳ᠋ᠠᠶᠢᠲ᠋ᠠ ᠶᠢᠨ ᠲᠦᠪ ᠤᠨ ᠪᠦᠲᠦᠭᠡᠨ ᠪᠠᠶᠢᠭᠤᠯᠤᠯᠲᠠ ᠪᠠᠷ ᠰᠠᠭᠤᠷᠢᠨ ᠪᠤᠯᠭᠠᠵᠦ᠂ | ᠨᠢᠭᠡ ᠪᠦᠯᠦᠭ ᠵᠢᠯᠤᠭᠤᠳᠬᠤ ᠠᠵᠦ ᠦᠢᠯᠡᠰ ᠤᠨ ᠭᠤᠤᠯ ᠪᠤᠯᠬᠤ ᠮᠡᠷᠭᠡᠵᠢᠯ ᠳᠤ ᠰᠢᠪᠳᠤᠯᠤᠯᠳᠠ ᠲᠠᠢ ᠪᠤᠯᠭᠠᠵᠤ᠂ | ᠨᠢᠭᠡ ᠪᠦᠯᠦᠭ ᠬᠦᠭᠵᠢᠯᠲᠡ ᠶᠢ ᠲᠠᠶᠢᠴᠢᠯᠠᠨ ᠲᠠᠭᠠᠭᠤᠯᠬᠤ ᠡᠭᠦᠯᠡᠨ ᠪᠤᠳᠤᠯᠲᠠ ᠶᠢᠨ ᠦᠢᠯᠡᠴᠢᠯᠡᠭᠡᠨ ᠤ ᠲᠠᠪᠴᠠᠩ ᠢ | ᠪᠦᠲᠦᠭᠡᠨ ᠴᠤᠬᠴᠠᠯᠠᠵᠦ᠂ ᠦᠪᠦᠷ ᠮᠤᠩᠭᠤᠯ ᠳᠤ ᠰᠠᠭᠤᠷᠢᠯᠠᠨ᠂ ᠪᠡᠭᠡᠵᠢᠩ ᠲᠢᠶᠠᠨᠵᠢᠨ ᠾᠧᠪᠸᠢ ᠳᠤ ᠦᠢᠯᠡᠴᠢᠯᠡᠵᠦ᠂ | ᠪᠦᠬᠦ ᠤᠯᠤᠰ ᠢ ᠬᠠᠮᠤᠷᠤᠬᠰᠡᠨ ᠡᠭᠦᠯᠡᠨ ᠪᠤᠳᠤᠯᠲᠠ ᠶᠢᠨ ᠳ᠋ᠠᠶᠢᠲ᠋ᠠ ᠶᠢᠨ ᠲᠦᠪ ᠪᠠ ᠤᠯᠤᠰ ᠤᠨ ᠲᠡᠰ ᠤᠨ ᠡᠭᠦᠯᠡᠨ | ᠪᠤᠳᠤᠯᠲᠠ ᠶᠢᠨ ᠠᠵᠦ ᠦᠢᠯᠡᠰ ᠤᠨ ᠰᠠᠭᠤᠷᠢᠨ ᠭᠠᠵᠠᠷ ᠢ ᠲᠠᠷᠤᠢ ᠲᠦᠷᠭᠡᠨ ᠪᠦᠷᠢᠯᠳᠦᠭᠦᠯᠦᠨ᠎ᠡ᠃ ᠵᠠᠰᠠᠭ ᠤᠨ | ᠤᠷᠳᠤᠨ ᠪᠠ ᠤᠯᠠᠨ ᠨᠡᠶᠢᠲᠠ ᠶᠢᠨ ᠠᠵᠦ ᠠᠬᠤᠢᠢᠯᠠᠯ ᠠᠵᠢᠯ ᠦᠢᠯᠡᠰ ᠤᠨ ᠨᠢᠭᠡᠴᠡ ᠡᠭᠦᠯᠡᠨ ᠪᠤᠳᠤᠯᠲᠠ ᠪᠠᠷ | ᠲᠠᠪᠴᠠᠩ ᠪᠤᠯᠭᠠᠨ ᠳ᠋ᠠᠶᠢᠲ᠋ᠠ ᠶᠢᠨ ᠡᠬᠢ ᠪᠠᠶᠠᠯᠢᠭ ᠢᠶᠠᠨ ᠴᠢᠯᠦᠭᠡᠲᠡᠢ ᠪᠤᠯᠭᠠᠵᠦ᠂ ᠲᠤᠮᠦ ᠳ᠋ᠠᠶᠢᠲ᠋ᠠ ᠶᠢᠨ ᠬᠠᠳᠠᠭᠠᠯᠠᠯᠲᠠ | ᠂ ᠬᠡᠷᠡᠭᠯᠡᠭᠡᠨ ᠳᠠᠬᠢ ᠦᠢᠯᠡᠴᠢᠯᠡᠭᠡ᠂ ᠠᠮᠦᠷ ᠲᠦᠪᠰᠢᠨ ᠦᠢᠯᠡᠴᠢᠯᠡᠭᠡ ᠵᠢᠴᠢ ᠰᠤᠯᠢᠯᠴᠠᠭᠠᠨ ᠤ ᠦᠢᠯᠡᠴᠢᠯᠡᠭᠡ ᠵᠡᠷᠭᠡ | ᠲᠤᠮᠦ ᠳ᠋ᠠᠶᠢᠲ᠋ᠠ ᠶᠢᠨ ᠭᠤᠤᠯᠯᠠᠬᠴᠢ ᠠᠵᠦ ᠠᠬᠤᠢᠢᠯᠠᠯ ᠢ ᠤᠷᠤᠭᠤᠯᠤᠨ ᠠᠪᠴᠢᠷᠠᠬᠤ ᠪᠤᠶᠤ ᠪᠤᠶᠢᠵᠢᠭᠤᠯᠤᠨ᠎ᠡ᠃ | | ᠲᠤᠮᠤ ᠳ᠋ᠠᠶᠢᠲ᠋ᠠ ᠶᠢᠨ ᠠᠵᠤ ᠦᠢᠯᠡᠰ ᠤᠨ ᠬᠡᠪᠴᠢᠶᠡᠵᠢᠭᠰᠡᠨ ᠰᠢᠨ᠎ᠠ ᠶᠢ ᠡᠭᠦᠳᠦᠭᠰᠡᠨ ᠳᠡᠭᠡᠳᠤ ᠳᠡᠰᠵᠢᠭᠰᠡᠨ | ᠬᠦᠭᠵᠢᠯᠳᠠ ᠶᠢ ᠠᠬᠢᠭᠤᠯᠤᠨ᠎ᠠ | | | | | ᠦᠪᠡᠷᠳᠡᠭᠡᠨ ᠵᠠᠰᠠᠬᠤ ᠤᠷᠤᠨ ᠤ ᠠᠵᠤ ᠠᠬᠤᠢ ᠪᠠ ᠮᠡᠳᠡᠭᠡ ᠵᠠᠩᠭᠢᠵᠢᠯᠳᠠ ᠶᠢᠨ ᠵᠦᠪᠯᠡᠯ ᠤᠨ ᠳᠡᠳ᠋ | ᠡᠷᠬᠢᠯᠡᠭᠴᠢ ᠰᠢᠤᠢ ᠬᠠᠢ ᠫᠢᠩ | 2020 ᠤᠨ ᠪᠤᠯᠬᠤ ᠳᠤ᠂ ᠮᠠᠨ ᠤ ᠤᠷᠤᠨ ᠤ ᠡᠭᠦᠯᠡᠨ ᠪᠤᠳᠤᠯᠳᠠ ᠶᠢᠨ ᠳ᠋ᠠᠶᠢᠲ᠋ᠠ ᠶᠢᠨ ᠲᠦᠪ ᠤᠨ ᠪᠡᠯᠡ | ᠤᠷᠤᠭᠤᠯᠤᠯᠳᠠ ᠶᠢ 1000 ᠳ᠋ᠦᠩᠰᠢᠭᠤᠷ ᠲᠦᠭᠦᠷᠢᠭ ᠢ ᠳᠠᠪᠠᠭᠤᠯᠵᠤ᠂ ᠭᠡᠪᠴᠢᠶᠠᠵᠢᠯ ᠢ ᠨᠢ 300 ᠲᠦᠮᠡᠨ | ᠰᠠᠦᠷᠢ ᠦᠢᠯᠡᠴᠢᠯᠡᠭᠦᠷ ᠮᠠᠰᠢᠨ ᠤ ᠳᠠᠭᠠᠭᠠᠴᠠ ᠶᠢᠨ ᠴᠢᠳᠠᠪᠬᠢ ᠳᠤ ᠬᠦᠷᠭᠡᠵᠤ᠂ ᠰᠤᠳᠤᠯᠤᠨ ᠨᠡᠭᠡᠭᠡᠭᠦ᠂ | ᠬᠡᠷᠡᠭᠯᠡᠭᠡᠨ ᠳᠤ ᠠᠰᠢᠬᠯᠠᠬᠤ᠂ ᠬᠠᠳᠠᠭᠠᠯᠠᠬᠤ ᠶᠢ ᠨᠢᠭᠡ ᠴᠤᠬᠴᠠᠵᠢᠭᠤᠯᠤᠬᠰᠡᠨ ᠠᠵᠤ ᠦᠢᠯᠡᠰ ᠤᠨ ᠬᠡᠯᠬᠢᠶᠠᠵᠢᠯ ᠢ | ᠪᠦᠷᠢᠯᠳᠦᠭᠦᠯᠵᠤ᠂ ᠤᠯᠤᠰ ᠤᠨ ᠴᠢᠬᠤᠯᠠ ᠪᠤᠯᠬᠤ ᠲᠤᠮᠤ ᠳ᠋ᠠᠶᠢᠲ᠋ᠠ ᠶᠢᠨ ᠡᠭᠦᠯᠡᠨ ᠪᠤᠳᠤᠯᠳᠠ ᠶᠢᠨ ᠠᠵᠤ ᠦᠢᠯᠡᠰ | ᠤᠨ ᠰᠠᠭᠤᠷᠢᠨ ᠢ ᠪᠠᠶᠢᠭᠤᠯᠤᠨ᠂ ᠲᠤᠮᠤ ᠳ᠋ᠠᠶᠢᠲ᠋ᠠ ᠶᠢᠨ ᠠᠵᠤ ᠦᠢᠯᠡᠰ ᠤᠨ ᠭᠡᠪᠴᠢᠶᠠᠵᠢᠭᠰᠡᠨ ᠰᠢᠨ᠎ᠠ ᠶᠢ | ᠡᠭᠦᠳᠦᠭᠰᠡᠨ ᠳᠡᠭᠡᠳᠤ ᠳᠡᠰᠵᠢᠭᠰᠡᠨ ᠬᠦᠭᠵᠢᠯᠳᠠ ᠶᠢ ᠠᠬᠢᠭᠤᠯᠤᠨ᠎ᠠ᠃ | ᠡᠨᠡᠭᠦ ᠬᠠᠷᠠᠯᠳᠠ ᠳᠠᠭᠠᠨ ᠬᠦᠷᠭᠦ ᠶᠢᠨ ᠲᠦᠯᠦᠭᠡ᠂ ᠶᠠᠭᠤᠨ ᠤ ᠡᠮᠦᠨ᠎ᠠ ᠲᠤᠮᠤ ᠳ᠋ᠠᠶᠢᠲ᠋ᠠ ᠶᠢᠨ ᠰᠠᠭᠤᠷᠢ | ᠪᠡᠯᠡᠳᠬᠡᠮᠵᠢ ᠶᠢᠨ ᠪᠦᠳᠦᠭᠡᠨ ᠪᠠᠶᠢᠭᠤᠯᠤᠯᠳᠠ ᠢ ᠲᠦᠷᠭᠡᠳᠭᠡᠨ᠎ᠠ᠃ ᠬᠦᠭᠡᠬᠤᠳᠠ᠂ ᠪᠤᠭᠤᠳᠤ᠂ ᠤᠷᠳᠤᠰ᠂ | ᠤᠯᠠᠭᠠᠨᠬᠠᠳᠠ᠂ ᠤᠯᠠᠭᠠᠨᠴᠡᠪ ᠵᠡᠷᠭᠡ ᠭᠠᠵᠠᠷ ᠤᠷᠤᠨ ᠤ ᠡᠭᠦᠯᠡᠨ ᠪᠤᠳᠤᠯᠳᠠ ᠶᠢᠨ ᠲᠤᠮᠤ ᠳ᠋ᠠᠶᠢᠲ᠋ᠠ ᠶᠢᠨ ᠲᠦᠪ᠂ | ᠵᠦᠭᠡᠯᠡᠨ ᠲᠤᠨᠤᠭ ᠤᠨ ᠬᠦᠷᠢᠶᠡᠯᠡᠩ ᠲᠤᠭᠤᠷᠢᠭ ᠪᠠ ᠡᠭᠦᠯᠡᠨ ᠪᠤᠳᠤᠯᠳᠠ ᠶᠢᠨ ᠬᠦᠷᠢᠶᠡᠯᠡᠩ ᠲᠤᠭᠤᠷᠢᠭ ᠤᠨ | ᠪᠦᠳᠦᠭᠡᠨ ᠪᠠᠶᠢᠭᠤᠯᠤᠯᠳᠠ ᠶᠢ ᠭᠤᠤᠯᠳᠠᠯᠭ᠎ᠠ ᠪᠤᠯᠭᠠᠨ ᠠᠬᠢᠭᠤᠯᠤᠨ ᠬᠦᠭᠵᠢᠭᠦᠯᠵᠤ᠂ ᠵᠠᠭᠤᠨ ᠵᠦᠭᠡᠯᠡᠨ ᠲᠤᠨᠤᠭ ᠤᠨ | ᠪᠠ ᠮᠡᠳᠡᠭᠡ ᠵᠠᠩᠭᠢ ᠶᠢᠨ ᠦᠢᠯᠡᠴᠢᠯᠡᠭᠡᠨ ᠤ ᠠᠵᠤ ᠠᠬᠤᠢᠢᠯᠡᠯ ᠤᠨ ᠡᠭᠦᠯᠡᠨ ᠪᠤᠳᠤᠯᠳᠠ ᠶᠢᠨ ᠦᠢᠯᠡᠴᠢᠯᠡᠭᠡ ᠳᠡᠰᠢ | ᠰᠢᠯᠵᠢᠭᠦ ᠶᠢ ᠠᠬᠢᠭᠤᠯᠤᠨ᠎ᠠ᠃ ᠤᠯᠤᠰ ᠤᠨ ᠭᠤᠤᠯᠳᠠᠯᠭ᠎ᠠ ᠲᠠᠢ ᠡᠭᠦᠯᠡᠨ ᠬᠠᠳᠠᠭᠠᠯᠠᠯᠳᠠ᠂ ᠡᠭᠦᠯᠡᠨ ᠰᠢᠢᠳᠪᠦᠷᠢᠯᠡᠯᠳᠠ | ᠂ ᠡᠭᠦᠯᠡᠨ ᠠᠮᠤᠷ ᠲᠦᠪᠰᠢᠨ᠂ ᠡᠭᠦᠯᠡᠨ ᠦᠢᠯᠡᠴᠢᠯᠡᠭᠡ᠂ ᠡᠭᠦᠯᠡᠨ ᠭᠠᠮᠰᠢᠭ ᠢ ᠰᠡᠷᠭᠡᠶᠢᠯᠡᠭᠦ ᠪᠡᠯᠡᠳᠭᠡᠯ ᠵᠡᠷᠭᠡ | ᠪᠤᠬᠢᠷᠳᠤᠯ ᠦᠭᠡᠢ ᠡᠭᠦᠯᠡᠨ ᠪᠤᠳᠤᠯᠳᠠ ᠶᠢᠨ ᠰᠠᠭᠤᠷᠢᠨ ᠢ ᠴᠤᠬᠴᠠᠯᠠᠨ᠎ᠠ᠃ ᠠᠵᠤ ᠦᠢᠯᠡᠳᠪᠦᠷᠢ ᠪᠠ ᠮᠡᠳᠡᠭᠡ | ᠵᠨᠩᠭᠢᠵᠢᠯᠳᠠ ᠶᠢᠨ ᠶᠠᠮᠤᠨ ᠵᠢᠴᠢ ᠭᠤᠷᠪᠠᠨ ᠲᠤᠮᠤ ᠴᠠᠬᠢᠯᠭᠠᠨ ᠬᠤᠯᠪᠤᠭ᠎ᠠ ᠶᠢᠨ ᠠᠵᠤ ᠠᠬᠤᠢᠢᠯᠡᠯ ᠪᠦᠯᠦᠭᠯᠡᠯ ᠤᠨ | ᠶᠡᠷᠦᠩᠭᠡᠶᠢᠯᠡᠨ ᠬᠠᠮᠢᠶᠠᠷᠬᠤ ᠭᠠᠵᠠᠷ ᠢ ᠵᠤᠬᠢᠴᠠᠭᠤᠯᠵᠤ᠂ ᠭᠡᠷᠡᠯ ᠰᠢᠷᠭᠡᠭᠯᠢᠭ ᠪᠠ 4G ᠶᠢᠨ ᠦᠷᠭᠡᠨ ᠪᠦᠰᠠ ᠶᠢ | ᠭᠤᠤᠯᠳᠠᠯᠭ᠎ᠠ ᠲᠠᠢ ᠬᠦᠭᠵᠢᠭᠦᠯᠵᠤ᠂ ᠲᠦᠷᠭᠡᠨ ᠲᠠᠮᠵᠢᠭᠤᠯᠬᠤ ᠦᠷᠭᠡᠨ ᠪᠦᠰᠠ ᠶᠢᠨ ᠲᠤᠤᠷ ᠰᠦᠯᠵᠢᠶ᠎ᠠ ᠶᠢ ᠳᠡᠰ | ᠳᠡᠪᠰᠢᠭᠦᠯᠭᠦ ᠬᠦᠴᠦᠯᠡᠴᠠ ᠪᠠᠨ ᠨᠡᠮᠡᠭᠳᠡᠭᠦᠯᠵᠤ᠂ ᠭᠤᠷᠪᠠᠨ ᠲᠤᠮᠤ ᠴᠠᠬᠢᠯᠭᠠᠨ ᠬᠤᠯᠪᠤᠭ᠎ᠠ ᠶᠢᠨ ᠡᠵᠡᠩᠨᠡᠭᠴᠢ ᠶᠢ | ᠵᠤᠬᠢᠶᠠᠨ ᠪᠠᠶᠢᠭᠤᠯᠵᠤ᠂ ᠬᠦᠭᠡᠬᠤᠳᠠ ᠳᠤ ᠢᠨᠲ᠋ᠧᠷ ᠰᠦᠯᠵᠢᠶ᠎ᠠ ᠶᠢᠨ ᠰᠤᠯᠢᠯᠴᠠᠭᠠᠨ ᠤ ᠲᠦᠪ ᠪᠠᠶᠢᠭᠤᠯᠤᠨ᠎ᠠ᠃ | ᠬᠤᠶᠠᠷ ᠲᠤ᠂ ᠲᠤᠮᠤ ᠳ᠋ᠠᠶᠢᠲ᠋ᠠ ᠶᠢᠨ ᠠᠵᠤ ᠦᠢᠯᠡᠰ ᠤᠨ ᠪᠦᠯᠦᠭᠵᠢᠯ ᠲᠤᠭᠤᠷᠢᠭ ᠢ ᠡᠭᠦᠳᠦᠨ ᠪᠠᠶᠢᠭᠤᠯᠤᠨ᠎ᠠ | ᠃ ᠮᠠᠨ ᠤ ᠤᠷᠤᠨ ᠤ ᠡᠭᠦᠯᠡᠨ ᠪᠤᠳᠤᠯᠳᠠ ᠶᠢᠨ ᠠᠵᠤ ᠦᠢᠯᠡᠰ ᠤᠨ ᠬᠦᠷᠢᠶᠡᠯᠡᠩ ᠲᠤᠭᠤᠷᠢᠭ ᠤᠨ ᠲᠦᠪᠯᠡᠷᠡᠭᠰᠡᠨ | ᠦᠢᠯᠡᠳᠦᠯ ᠢ ᠬᠦᠢᠴᠡᠳ ᠪᠠᠳᠠᠷᠠᠭᠤᠯᠵᠤ᠂ ᠲᠤᠮᠤ ᠳ᠋ᠠᠶᠢᠲ᠋ᠠ ᠶᠢᠨ ᠠᠭᠤᠳᠠᠯᠤᠨ ᠢᠯᠡᠷᠡᠭᠦᠯᠭᠦ᠂ ᠵᠠᠳᠠᠯᠤᠨ ᠰᠢᠨᠵᠢᠯᠡᠭᠦ᠂ | ᠬᠡᠷᠡᠭᠯᠡᠭᠡᠨ ᠳᠤ ᠤᠷᠤᠭᠤᠯᠬᠤ ᠪᠠ ᠦᠢᠯᠡᠴᠢᠯᠡᠭᠡ ᠬᠠᠨᠭ᠍ᠭᠠᠬᠤ ᠶᠢ ᠠᠬᠢᠭᠤᠯᠤᠨ᠎ᠠ᠃ ᠬᠦᠭᠡᠬᠤᠳᠠ ᠶᠢᠨ ᠡᠭᠦᠯᠡᠨ | ᠪᠤᠳᠤᠯᠳᠠ ᠶᠢᠨ ᠲᠦᠪ ᠤᠨ ᠰᠠᠭᠤᠷᠢᠨ ᠭᠠᠵᠠᠷ ᠲᠤ ᠲᠦᠰᠢᠵᠤ ᠤᠯᠤᠰ ᠤᠨ ᠳᠡᠰ ᠤᠨ ᠲᠤᠮᠤ ᠳ᠋ᠠᠶᠢᠲ᠋ᠠ ᠶᠢᠨ ᠠᠵᠤ | ᠦᠢᠯᠡᠰ ᠤᠨ ᠪᠦᠯᠦᠭᠵᠢᠯ ᠲᠤᠭᠤᠷᠢᠭ ᠢ ᠪᠠᠶᠢᠭᠤᠯᠵᠤ᠂ ᠨᠢᠭᠡ ᠪᠦᠯᠦᠭ ᠵᠠᠩᠭᠢᠯᠠᠭ᠎ᠠ ᠶᠢᠨ ᠬᠡᠷᠡᠭᠯᠡᠭᠡᠨ ᠤ ᠮᠡᠷᠭᠡᠵᠢᠯ ᠳᠤ | ᠴᠢᠷᠮᠠᠶᠢᠨ ᠰᠢᠪᠳᠤᠯᠤᠯᠳᠠ ᠭᠠᠷᠭᠠᠵᠤ᠂ ᠲᠤᠮᠤ ᠳ᠋ᠠᠶᠢᠲ᠋ᠠ ᠶᠢᠨ ᠠᠵᠤ ᠦᠢᠯᠡᠰ ᠤᠨ ᠭᠡᠪᠴᠢᠶᠠᠵᠢᠭᠰᠡᠨ ᠰᠢᠨ᠎ᠠ ᠶᠢ | ᠡᠭᠦᠳᠦᠭᠰᠡᠨ ᠳᠡᠭᠡᠳᠤ ᠳᠡᠰᠵᠢᠭᠰᠡᠨ ᠬᠦᠭᠵᠢᠯᠳᠠ ᠶᠢ ᠠᠬᠢᠭᠤᠯᠤᠨ᠎ᠠ᠃ | ᠭᠤᠷᠪᠠ ᠳᠤ᠂ ᠬᠡᠷᠡᠭᠯᠡᠭᠡᠨ ᠳᠤ ᠠᠰᠢᠬᠯᠠᠵᠤ ᠵᠢᠱᠢᠶ᠎ᠠ ᠦᠵᠡᠭᠦᠯᠭᠦ ᠶᠢ ᠪᠦᠭᠦ ᠬᠦᠴᠦᠨ ᠢᠶᠠᠷ ᠠᠬᠢᠭᠤᠯᠤᠨ᠎ᠠ᠃ | ︽ᠢᠨᠲ᠋ᠧᠷ ᠰᠦᠯᠵᠢᠶ᠎ᠠ +︾ ᠲᠠᠢ ᠤᠶᠠᠯᠳᠤᠭᠤᠯᠤᠨ᠂ ᠰᠠᠭᠤᠭᠠᠯᠢ ᠠᠷᠠᠳ ᠤᠨ ︽ᠪᠦᠷᠢᠨ ᠴᠢᠳᠠᠮᠵᠢᠳᠤ ᠺᠠᠷᠲ︾ | ᠵᠡᠷᠭᠡ ᠡᠯᠧᠺᠲᠷᠤᠨ ᠵᠠᠰᠠᠭ ᠤᠨ ᠶᠠᠪᠤᠳᠠᠯ ᠪᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠭᠦ | ᠭᠤᠤᠯᠳᠠᠯᠭ᠎ᠠ ᠲᠠᠢ ᠲᠦᠷᠦᠯ ᠵᠦᠢᠯ ᠢᠶᠠᠷ ᠡᠬᠢᠯᠡᠨ᠂ ᠵᠠᠰᠠᠭ ᠤᠨ ᠤᠷᠳᠤᠨ ᠪᠠ ᠡᠯ᠎ᠠ ᠰᠠᠯᠠᠭ᠎ᠠ ᠮᠦᠴᠢᠷ ᠤᠨ | ᠬᠠᠷᠢᠯᠴᠡᠨ ᠬᠤᠯᠪᠤᠯᠠᠭᠠᠵᠤ ᠬᠠᠷᠢᠯᠴᠡᠨ ᠨᠡᠪᠳᠡᠷᠡᠯᠴᠡᠭᠦ᠂ ᠳ᠋ᠠᠶᠢᠲ᠋ᠠ ᠶᠢᠨ ᠡᠬᠢ ᠪᠠᠶᠠᠯᠢᠭ ᠢ ᠨᠡᠭᠡᠭᠡᠨ ᠬᠦᠭᠵᠢᠭᠦᠯᠵᠤ | ᠬᠠᠮᠳᠤ ᠪᠠᠷ ᠠᠰᠢᠬᠯᠠᠬᠤ ᠶᠢ ᠢᠳᠡᠪᠬᠢᠳᠡᠢ ᠪᠠᠷ ᠠᠬᠢᠭᠤᠯᠤᠨ᠎ᠠ᠃ ᠤᠳᠤ ᠶᠢᠨ ᠬᠦᠭᠵᠢᠯᠳᠠ ᠶᠢᠨ ᠰᠠᠭᠤᠷᠢ ᠪᠠ | ᠳᠠᠪᠠᠭᠤᠯᠢᠭ ᠢᠶᠠᠨ ᠬᠦᠢᠴᠡᠳ ᠪᠠᠳᠠᠷᠠᠭᠤᠯᠤᠨ᠂ ᠲᠤᠮᠤ ᠳ᠋ᠠᠶᠢᠲ᠋ᠠ ᠶᠢᠨ ᠠᠵᠤ ᠲᠦᠷᠦᠯ ᠲᠠᠬᠢ ᠬᠡᠷᠡᠭᠯᠡᠭᠡᠨ ᠢ | ᠬᠦᠨᠵᠡᠭᠡᠶᠢᠷᠡᠭᠦᠯᠤᠨ᠂ ᠪᠦᠭᠡᠮ ᠪᠠᠷᠠᠭ᠎ᠠ ᠶᠢᠨ ᠠᠷᠠᠯᠵᠢᠶ᠎ᠠ᠂ ᠲᠠᠯ᠎ᠠ ᠨᠤᠳᠤᠭ ᠤᠨ ᠲᠤᠮᠤ ᠳ᠋ᠠᠶᠢᠲ᠋ᠠ᠂ ᠰᠦ ᠶᠢᠨ ᠦᠢᠯᠡᠰ | ᠤᠨ ᠲᠤᠮᠤ ᠳ᠋ᠠᠶᠢᠲ᠋ᠠ᠂ ᠴᠠᠬᠢᠯᠭᠠᠨ ᠬᠦᠴᠦᠨ ᠤ ᠲᠤᠮᠤ ᠳ᠋ᠠᠶᠢᠲ᠋ᠠ᠂ ᠬᠢᠯᠢ ᠰᠤᠨᠳᠠᠯᠠᠬᠰᠡᠨ ᠡᠯᠧᠺᠲᠷᠤᠨ ᠬᠤᠳᠠᠯᠳᠤᠭ | ᠠ ᠵᠡᠷᠭᠡ ᠬᠦᠷᠢᠶ᠎ᠠ ᠴᠠᠷᠠᠭ᠎ᠠ ᠲᠠᠬᠢ ᠬᠡᠷᠡᠭᠯᠡᠭᠡᠨ ᠤ ᠠᠬᠢᠴᠠ ᠶᠢ ᠲᠦᠷᠭᠡᠳᠭᠡᠨ᠎ᠠ᠃ | ᠤᠶᠤᠨᠲᠦ ᠬᠤᠲᠠ ᠶᠢ ᠪᠦᠲᠦᠭᠡᠨ ᠪᠠᠶᠢᠭᠤᠯᠵᠦ ᠲᠦᠮᠡᠨ ᠡᠷᠦᠬᠡ ᠮᠢᠩᠭᠠᠨ ᠠᠶᠢᠯ ᠳᠤ ᠦᠢᠯᠡᠴᠢᠯᠡᠨ᠎ᠡ | | | | | | ᠪᠤᠭᠤᠲᠤ ᠬᠤᠲᠠ ᠶᠢᠨ ᠲᠡᠳ᠋ ᠲᠠᠷᠤᠭ᠎ᠠ ᠯᠦ ᡁᠢ | ᠲᠤᠮᠤ ᠳ᠋ᠠᠶᠢᠲ᠋ᠠ ᠶᠢᠨ ᠠᠵᠦ ᠦᠢᠯᠡᠰ ᠢ ᠬᠤᠲᠠ ᠶᠢᠨ ᠢᠷᠭᠡᠳ ᠲᠤ ᠦᠢᠯᠡᠴᠢᠯᠡᠬᠦᠯᠵᠦ᠂ ᠬᠦᠮᠦᠨ ᠪᠦᠷᠢ ᠳᠤ | ᠲᠤᠮᠤ ᠳ᠋ᠠᠶᠢᠲ᠋ᠠ ᠶᠢᠨ ᠠᠮᠵᠢᠯᠲᠠ ᠶᠢᠨ ᠦᠷ᠎ᠡ ᠵᠢᠮᠢᠰ ᠢ ᠠᠮᠲᠠᠯᠠᠭᠤᠯᠤᠨ᠎ᠠ᠂ ᠡᠨᠡ ᠪᠤᠯ ᠪᠤᠭᠤᠲᠤ ᠬᠤᠲᠠ ᠶᠢᠨ ᠲᠤᠮᠤ | ᠳ᠋ᠠᠶᠢᠲ᠋ᠠ ᠶᠢᠨ ᠠᠵᠦ ᠦᠢᠯᠡᠰ ᠢ ᠬᠦᠭᠵᠢᠬᠦᠯᠬᠦ ᠡᠴᠦᠰ ᠤᠨ ᠬᠠᠷᠠᠯᠲᠠ ᠪᠤᠯᠤᠨ᠎ᠠ᠃ | ᠦᠪᠡᠷᠳᠡᠭᠡᠨ ᠵᠠᠰᠠᠬᠤ ᠤᠷᠤᠨ ᠤ ᠪᠠᠶᠢᠲᠠᠯ ᠠᠴᠠ ᠦᠵᠡᠪᠡᠯ᠂ ᠪᠤᠭᠤᠲᠤ ᠬᠤᠲᠠ ᠶᠢᠨ ᠡᠬᠦᠯᠡᠨ ᠪᠤᠲᠤᠯᠲᠠ | ᠶᠢᠨ ᠠᠵᠦ ᠦᠢᠯᠡᠰ ᠨᠡᠯᠢᠶᠡᠳ ᠡᠷᠳᠡ ᠡᠬᠢᠯᠡᠵᠦ᠂ ᠡᠬᠦᠯᠡᠨ ᠪᠤᠲᠤᠯᠲᠠ ᠶᠢᠨ ᠲᠦᠪ ᠪᠠᠶᠢᠭᠤᠯᠤᠬᠰᠠᠨ ᠠᠩᠬᠠᠲᠤᠭᠠᠷ | ᠬᠤᠲᠠ ᠪᠤᠯᠬᠤ ᠶᠤᠮ᠃ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠲᠤᠨ ᠲᠤᠮᠤ ᠳ᠋ᠠᠶᠢᠲ᠋ᠠ ᠶᠢᠨ ᠠᠵᠦ | ᠦᠢᠯᠡᠰ ᠤᠨ ᠬᠦᠭᠵᠢᠯᠳᠡ ᠶᠢ ᠲᠦᠢᠯ ᠢᠶᠠᠷ ᠴᠢᠬᠤᠯᠠᠴᠢᠯᠠᠵᠦ᠂ ᠤᠨᠴᠠᠭᠠᠢᠢᠯᠠᠨ ᠲᠤᠮᠤ ᠳ᠋ᠠᠶᠢᠲ᠋ᠠ ᠶᠢᠨ ᠭᠡᠷᠡᠭᠯᠡᠭᠡᠨ ᠤ | ᠲᠠᠯ᠎ᠠ ᠪᠠᠷ ᠶᠡᠬᠡᠬᠡᠨ ᠠᠵᠢᠯ ᠬᠢᠭᠰᠡᠨ ᠶᠤᠮ᠂ ᠮᠠᠰᠢ ᠤᠯᠠᠨ ᠭᠡᠷᠡᠭᠯᠡᠭᠡᠨ ᠤ ᠲᠦᠷᠦᠯ ᠵᠦᠢᠯ ᠨᠢ ᠪᠦᠬᠦ ᠤᠯᠤᠰ ᠤᠨ | ᠠᠳᠠᠯᠢ ᠲᠦᠷᠦᠯ ᠤᠨ ᠭᠠᠵᠠᠷ ᠤᠷᠤᠨ ᠤ ᠲᠡᠰ ᠤᠨ ᠬᠤᠲᠠ ᠤᠳ ᠤᠨ ᠲᠤᠲᠤᠷ᠎ᠠ ᠬᠤᠰᠢᠭᠤᠴᠢᠯᠠᠵᠦ ᠪᠠᠶᠢᠨ᠎ᠠ᠃ | ᠵᠢᠱᠢᠶᠡᠯᠡᠪᠡᠯ᠂ ᠤᠶᠤᠨᠲᠦ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ᠂ ᠪᠤᠭᠤᠲᠤ ᠬᠤᠲᠠ | ᠦᠪᠡᠷᠳᠡᠭᠡᠨ ᠵᠠᠰᠠᠬᠤ ᠤᠷᠤᠨ ᠳᠤ ᠲᠦᠷᠦᠬᠦᠯᠡᠨ ᠤᠶᠤᠨᠲᠦ ᠵᠠᠮ ᠬᠠᠷᠢᠯᠴᠠᠭ᠎ᠠ ᠶᠢ ᠪᠡᠶᠡᠯᠡᠬᠦᠯᠵᠦ᠂ ᠨᠡᠶᠢᠳᠡ ᠶᠢᠨ | ᠮᠠᠰᠢᠨ ᠲᠡᠷᠭᠡᠨ ᠤ ᠪᠦᠷᠢᠨ ᠴᠢᠲᠠᠮᠵᠢᠲᠦ ᠺᠠᠷᠲ ᠢ ᠬᠠᠮᠤᠭ ᠤᠨ ᠤᠷᠢᠲᠡᠪᠡᠷ ᠦᠢᠯᠡᠲᠦᠨ ᠭᠠᠷᠭᠠᠭᠰᠠᠨ ᠪᠠᠶᠢᠨ᠎ᠠ᠃ | ᠵᠠᠮ ᠲᠡᠭᠡᠭᠡᠪᠦᠷᠢ ᠶᠢᠨ ᠲᠠᠯ᠎ᠠ ᠪᠠᠷ᠂ ᠠᠯᠢᠪᠠ ᠲᠡᠷᠭᠡ ︵ᠭᠠᠯᠲᠦ ᠲᠡᠷᠭᠡ᠂ ᠬᠤᠯᠠ ᠵᠠᠮ ᠤᠨ ᠮᠠᠰᠢᠨ ᠲᠡᠷᠭᠡ ᠵᠡᠷᠭᠡ︶ | ᠳᠤ ᠪᠦᠷ ᠲᠤᠭᠠᠴᠢᠯᠠᠵᠦ᠂ ᠠᠯᠤᠰ ᠡᠵᠡᠮᠳᠡᠯ ᠢᠶᠠᠷ ᠮᠠᠰᠢᠨ ᠤ ᠲᠠᠪᠬᠢᠵᠦ ᠪᠠᠶᠢᠭ᠎ᠠ ᠤᠷᠤᠨ ᠪᠠᠶᠢᠷᠢ᠂ ᠲᠡᠷᠭᠡ | ᠮᠤᠷᠲᠠᠬᠤ ᠴᠠᠭ ᠵᠡᠷᠭᠡ ᠶᠢ ᠪᠦᠷ ᠡᠵᠡᠮᠳᠡᠵᠦ ᠲᠡᠶᠢᠯᠳᠡᠭ᠃ | ᠤᠶᠤᠨᠲᠦ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ᠂ ᠪᠢᠳᠡ ︽13·5︾ ᠶᠢᠨ | ᠲᠦᠯᠦᠪᠵᠢᠬᠦᠯᠬᠡ ᠶᠢ ᠲᠤᠭᠲᠠᠭᠠᠵᠦ᠂ ᠲᠠᠪᠤᠨ ᠶᠡᠭᠡ ᠢᠨᠵᠧᠨᠧᠷᠢᠩ᠂ ᠭᠤᠴᠢᠨ ᠪᠠᠭ᠎ᠠ ᠲᠦᠷᠦᠯ ᠵᠦᠢᠯ ᠢ | ᠲᠤᠭᠲᠠᠭᠠᠵᠠᠢ᠃ ᠪᠤᠭᠤᠲᠤ ᠬᠤᠲᠠ ᠦᠪᠡᠷᠳᠡᠭᠡᠨ ᠵᠠᠰᠠᠬᠤ ᠤᠷᠤᠨ ᠳᠤ ᠲᠦᠷᠦᠬᠦᠯᠡᠨ ᠲᠤᠮᠤ ᠳ᠋ᠠᠶᠢᠲ᠋ᠠ ᠶᠢᠨ ᠲᠦᠪ ᠢ | ᠪᠠᠶᠢᠭᠤᠯᠵᠦ᠂ ᠲᠤᠮᠲᠠᠲᠦ ᠤᠯᠤᠰ ᠤᠨ ᠰᠠᠨᠰᠠᠷ ᠤᠨ ᠰᠢᠨᠵᠢᠯᠡᠬᠦ ᠤᠬᠠᠭᠠᠨ ᠮᠡᠷᠭᠡᠵᠢᠯ ᠤᠨ ᠲᠦᠪ ᠲᠠᠢ ᠪᠠᠶᠢᠯᠲᠤᠬᠤ | ᠪᠤᠲᠤᠯᠭ᠎ᠠ ᠶᠢᠨ ᠬᠠᠮᠲᠤᠷᠠᠯᠴᠠᠭ᠎ᠠ ᠪᠠᠶᠢᠭᠤᠯᠵᠠᠢ᠃ ᠡᠬᠦᠨ ᠤ ᠬᠠᠮᠲᠦ᠂ ᠪᠢᠳᠡ ᠰᠠᠨᠰᠠᠷ ᠤᠨ ᠰᠢᠨᠵᠢᠯᠡᠬᠦ ᠤᠬᠠᠭᠠᠨ | ᠮᠡᠷᠭᠡᠵᠢᠯ ᠤᠨ ᠲᠦᠪ ᠲᠠᠢ ᠲᠤᠮᠤ ᠳ᠋ᠠᠶᠢᠲ᠋ᠠ ᠶᠢᠨ ᠬᠠᠮᠢᠶᠠᠷᠤᠯᠲᠠ ᠶᠢᠨ ᠰᠭᠠᠤᠷᠢ ᠮᠦᠡᠭᠬᠦ ᠶᠢ ᠪᠠᠶᠢᠭᠤᠯᠵᠦ᠂ ᠲᠤᠮᠤ | ᠳ᠋ᠠᠶᠢᠲ᠋ᠠ ᠶᠢᠨ ᠪᠦᠲᠦᠭᠡᠨ ᠪᠠᠶᠢᠭᠤᠯᠤᠯᠲᠠ ᠶᠢᠨ ᠪᠡᠯᠡ ᠮᠦᠡᠭᠬᠦᠨ ᠤ ᠬᠦᠴᠢᠷᠳᠡᠯ ᠢ ᠪᠦᠲᠦᠮᠵᠢᠳᠡᠢ ᠰᠢᠢᠳᠪᠦᠷᠢᠯᠡᠪᠡ᠃ | ᠡᠬᠦᠨ ᠠᠴᠠ ᠭᠠᠲᠠᠨ᠎ᠠ᠂ ᠪᠤᠭᠤᠲᠤ ᠬᠤᠲᠠ ᠤᠲᠤ ᠶᠠᠭ ᠪᠦᠲᠦᠭᠡᠨ ᠪᠠᠶᠢᠭᠤᠯᠵᠦ ᠪᠠᠶᠢᠭ᠎ᠠ ᠲᠤᠮᠤ ᠳᠡᠶᠢᠲᠨ | ᠶᠢᠨ ᠪᠡᠶᠡᠳᠡᠨ ᠤᠢᠢᠯᠠᠭᠠᠬᠤ ᠲᠦᠪ ᠢ ᠲᠠᠷᠠᠭ᠎ᠠ ᠵᠢᠯ ᠤᠨ ᠬᠠᠪᠤᠷ ᠠᠴᠠ ᠠᠰᠢᠬᠯᠠᠯᠲᠠ ᠳᠤ ᠤᠷᠤᠭᠤᠯᠬᠤ ᠪᠠᠷ ᠪᠤᠢ᠃ | ᠡᠨᠡᠬᠦ ᠪᠡᠶᠡᠳᠡᠨ ᠤᠢᠢᠯᠠᠭᠠᠬᠤ ᠲᠦᠪ ᠢᠶᠠᠷ ᠲᠠᠮᠵᠢᠨ ᠲᠤᠮᠤ ᠳ᠋ᠠᠶᠢᠲ᠋ᠠ ᠶᠢᠨ ᠭᠡᠷᠡᠭᠯᠡᠭᠡᠨ ᠤ ᠲᠠᠯ᠎ᠠ ᠲᠠᠬᠢ ᠵᠠᠷᠢᠮ | ᠴᠢᠬᠤᠯᠠ ᠠᠭᠤᠯᠭ᠎ᠠ ᠶᠢ ᠲᠡᠯᠭᠡᠨ ᠦᠵᠡᠬᠦᠯᠵᠦ᠂ ᠬᠤᠲᠠ ᠶᠢᠨ ᠠᠷᠠᠳ ᠪᠡᠶᠡᠳᠡᠨ ᠤᠷᠤᠯᠴᠠᠬᠤ ᠪᠠᠷ ᠲᠠᠮᠵᠢᠨ ᠲᠤᠮᠤ | ᠳ᠋ᠠᠶᠢᠲ᠋ᠠ ᠶᠢᠨ ᠬᠦᠭᠵᠢᠯᠳᠡ ᠶᠢ ᠠᠬᠢᠭᠤᠯᠬᠤ ᠪᠤᠯᠤᠨ᠎ᠠ᠃ ᠪᠤᠭᠤᠲᠤ ᠬᠤᠲᠠ ᠶᠢᠨ ᠬᠠᠷᠠᠯᠲᠠ ᠪᠤᠯ ᠤᠶᠤᠨᠲᠦ ᠪᠤᠭᠤᠲᠦ | ᠶᠢ ᠪᠦᠲᠦᠭᠡᠨ ᠪᠠᠶᠢᠭᠤᠯᠬᠤ ᠪᠤᠯᠤᠨ᠎ᠠ᠂ ᠰᠤᠷᠭᠠᠨ ᠬᠦᠮᠦᠵᠢᠯ᠂ ᠡᠷᠡᠬᠦᠯ ᠬᠠᠮᠠᠭᠠᠯᠠᠯ᠂ ᠵᠠᠰᠠᠭ ᠤᠨ ᠶᠠᠪᠤᠲᠠᠯ᠂ | ᠦᠢᠯᠡᠳᠪᠦᠷᠢ ᠬᠤᠲᠠᠯᠲᠤᠭ᠎ᠠ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ᠂ ᠬᠤᠲᠠ ᠶᠢᠨ ᠬᠠᠮᠢᠶᠠᠷᠤᠯᠲᠠ᠂ | ᠲᠤᠲᠤᠭᠠᠲᠦ ᠶᠢ ᠬᠠᠮᠠᠭᠠᠯᠠᠬᠤ᠂ ᠵᠤᠭᠠᠴᠠᠯ ᠵᠡᠷᠭᠡ ᠵᠠᠰᠠᠭ ᠤᠨ ᠤᠷᠲᠤᠨ ᠤ ᠡᠬᠦᠷᠭᠡ ᠴᠢᠲᠠᠪᠬᠢ᠂ ᠤᠯᠠᠨ ᠨᠡᠶᠢᠳᠡ | ᠶᠢᠨ ᠬᠠᠮᠢᠶᠠᠷᠤᠯᠲᠠ ᠶᠢᠨ ᠲᠠᠯ᠎ᠠ ᠪᠠᠷ ᠪᠢᠳᠡ 3 ᠠᠴᠠ 5 ᠵᠢᠯ ᠪᠡᠯᠡᠳᠭᠡᠵᠦ᠂ ᠪᠤᠭᠤᠲᠤ ᠬᠤᠲᠠ ᠶᠢ ᠤᠶᠤᠨᠲᠦ | ᠪᠤᠭᠤᠲᠤ᠂ ᠲᠤᠭᠠᠴᠢᠯᠠᠬᠰᠡᠨ ᠪᠤᠭᠤᠲᠤ ᠪᠤᠯᠭᠠᠨ ᠪᠦᠲᠦᠭᠡᠨ ᠪᠠᠶᠢᠭᠤᠯᠤᠨ᠎ᠠ᠃ |