2016 ᠤᠨ ᠤ ᠤᠯᠤᠰ ᠤᠨ ᠢᠳᠡᠬᠡᠨ ᠤ ᠠᠮᠤᠷ ᠳᠦᠪᠰᠢᠨ ᠤ ᠵᠢᠱᠢᠶ᠎ᠠ ᠦᠵᠡᠬᠦᠯᠬᠦ ᠴᠢᠨᠠᠷᠳᠠᠢ ᠰᠤᠷᠢᠯᠳᠠ ᠤᠷᠳᠤᠰ ᠲᠤ ᠶᠠᠪᠤᠬᠳᠠᠪᠠ  ᠯᠢᠦ ᠰᠢᠨ ᠯᠧ ᠶᠡᠷᠦᠩᠬᠡᠢ ᠵᠢᠯᠤᠭᠤᠳᠤᠬᠴᠢ ᠪᠤᠯᠵᠡᠢ
ᠨᠡᠶᠢᠲᠡᠯᠡᠭᠰᠡᠨ ᠴᠠᠭ᠄
2016/11/9
     ᠢᠳᠡᠭᠡᠨ ᠪᠠ ᠡᠮ ᠤᠨ ᠵᠦᠢᠯ ᠳᠤ ᠮᠡᠷᠭᠡᠵᠢᠯ ᠤᠨ ᠬᠢᠨᠠᠯᠲᠠ ᠲᠠᠯᠪᠢᠬᠤ ᠠᠵᠢᠯᠳᠠᠨ ᠲᠤᠬᠠᠶ ᠶᠢᠨ ᠲᠠᠯᠠᠪᠤᠷ ᠲᠤ ᠦᠯᠢᠭᠡᠷ ᠡᠳ᠋ ᠢ ᠰᠢᠯᠭᠠᠨ ᠪᠠᠶᠢᠴᠠᠭᠠᠵᠤ᠂ ᠲᠣᠮᠣ ᠳᠡᠯᠭᠡᠴᠡᠨ ᠳᠤ ᠵᠡᠷᠭᠡ ᠳᠤᠨᠢ ᠨᠡᠪᠲᠡᠷᠡᠭᠦᠯᠵᠦ ᠪᠤᠢ᠃
     ᠬᠡᠷᠡᠭ ᠪᠠᠶᠢᠴᠠᠭᠠᠬᠤ ᠳᠤᠭᠤᠶᠢᠯᠠᠩ ᠤᠨ ᠬᠢᠨ ᠨᠡᠭᠦᠳᠡᠯ ᠲᠡᠷᠬᠡᠨ ᠬᠤᠭᠤᠯᠠ ᠡᠵᠡᠩᠨᠡᠭᠴᠢᠳ᠂ ᠠᠷᠢᠬᠢᠨ ᠦᠢᠯᠡᠳᠪᠦᠷᠢ᠂ ᠬᠡᠳᠦ ᠳᠡᠯᠭᠡᠭᠦᠷ ᠵᠡᠷᠭᠡ ᠬᠠᠮᠢᠶ᠎ᠠ ᠪᠦᠬᠦᠢ ᠬᠠᠷᠢᠭᠤᠴᠠᠯᠭᠠᠲᠠᠨ ᠢ ᠪᠠᠶᠢᠴᠠᠭᠠᠵᠤ ᠪᠤᠢ᠃      ᠰᠢᠨ᠎ᠠ ︽ᠢᠳᠡᠬᠡᠨ ᠤ ᠠᠮᠤᠷ ᠳᠦᠪᠰᠢᠨ ᠤ ᠬᠠᠤᠯᠢ︾᠎ ᠶᠢ ᠬᠦᠨᠵᠡᠬᠡᠢ ᠳᠤᠤᠱᠯᠠᠭᠤᠯᠨ ᠨᠠᠶᠢᠳᠠᠪᠤᠷᠢᠵᠢᠭᠤᠯᠵᠦ ᠂ ︽ᠢᠳᠡᠬᠡᠨ ᠪᠠ ᠡᠮ ᠤᠨ ᠠᠮᠤᠷ ᠳᠦᠪᠰᠢᠨ ᠦᠪᠦᠷ ᠮᠤᠩᠭᠤᠯ︾᠎ ᠤᠨ ᠪᠦᠳᠦᠬᠡᠨ ᠪᠠᠶᠢᠭᠤᠯᠤᠯᠳᠠ ᠶᠢ ᠪᠦᠬᠦ ᠬᠦᠴᠦᠨ ᠢᠶᠠᠷ ᠢᠶᠠᠨ ᠠᠬᠢᠭᠤᠯᠬᠤ ᠶᠢᠨ ᠳᠤᠰᠠᠳᠠ᠂ 11 ᠳ᠋ᠤᠭᠡᠷ ᠰᠠᠷ᠎ᠠ ᠶᠢᠨ 8᠎ ᠤ ᠦᠳᠡ ᠶᠢᠨ ᠡᠮᠤᠨ᠎ᠠ᠂ ᠤᠯᠤᠰ ᠎ ᠤᠨ ᠢᠳᠡᠬᠡᠨ ᠪᠠ ᠡᠮ ᠤᠨ ᠬᠢᠨᠠᠯᠳᠠ ᠬᠠᠮᠢᠶᠠᠷᠤᠯᠳᠠ ᠶᠢᠨ ᠶᠡᠷᠦᠩᠬᠡᠢ ᠳᠤᠪᠴᠢᠶ᠎ᠠ᠂ ᠦᠪᠡᠷᠳᠡᠬᠡᠨ ᠵᠠᠰᠠᠬᠤ ᠤᠷᠤᠨ ᠤ ᠵᠠᠰᠠᠬ ᠤᠨ ᠤᠷᠳᠤᠨ ᠠᠴᠠ ᠭᠤᠤᠯᠯᠠᠨ ᠡᠷᠬᠢᠯᠡᠵᠦ᠂ ᠦᠪᠡᠷᠳᠡᠬᠡᠨ ᠵᠠᠰᠠᠬᠤ ᠤᠷᠤᠨ ᠤ ᠢᠳᠡᠬᠡᠨ ᠪᠠ ᠡᠮ ᠤᠨ ᠬᠢᠨᠠᠯᠳᠠ ᠬᠠᠮᠢᠶᠠᠷᠤᠯᠳᠠ ᠶᠢᠨ ᠳᠤᠪᠴᠢᠶ᠎ᠠ᠂ ᠤᠷᠳᠤᠰ ᠬᠤᠳᠠ ᠶᠢᠨ ᠵᠠᠰᠠᠬ ᠤᠨ ᠤᠷᠳᠤᠨ ᠠᠴᠠ ᠳᠠᠭᠠᠭᠠᠨ ᠡᠷᠬᠢᠯᠡᠭᠰᠡᠨ 2016 ᠤᠨ ᠤ ᠤᠯᠤᠰ ᠤᠨ ᠢᠳᠡᠬᠡᠨ ᠤ ᠠᠮᠤᠷ ᠳᠦᠪᠰᠢᠨ ᠤ ᠵᠢᠱᠢᠶ᠎ᠠ ᠦᠵᠡᠬᠦᠯᠬᠦ ᠴᠢᠨᠠᠷᠳᠠᠢ ᠰᠤᠷᠢᠯᠳᠠ ᠵᠢᠴᠢ ᠦᠪᠡᠷᠳᠡᠬᠡᠨ ᠵᠠᠰᠠᠬᠤ ᠤᠷᠤᠨ ᠤ ᠴᠢᠬᠤᠯᠠ ᠶᠡᠭᠡ ᠢᠳᠡᠬᠡᠨ ᠤ ᠠᠮᠤᠷ ᠳᠦᠪᠰᠢᠨ ᠤ ᠬᠡᠨᠡᠳᠳᠡ ᠡᠬᠦᠰᠬᠦ ᠬᠡᠷᠡᠭ ︵ᠳᠡᠰ︶᠎ ᠢ ᠪᠠᠴᠢᠮ ᠠᠷᠭᠠᠴᠠᠬᠤ ᠰᠤᠷᠢᠯᠳᠠ ᠤᠷᠳᠤᠰ ᠬᠤᠳᠠ ᠳᠤ ᠶᠠᠪᠤᠬᠳᠠᠪᠠ᠃      ᠦᠪᠡᠷᠳᠡᠬᠡᠨ ᠵᠠᠰᠠᠬᠤ ᠤᠷᠤᠨ ᠤ ᠳᠡᠳ᠋ ᠳᠡᠷᠢᠬᠦᠯᠡᠭᠴᠢ ᠯᠢᠦ ᠰᠢᠨ ᠯᠧ ᠤᠷᠤᠯᠴᠠᠵᠦ ᠪᠠᠴᠢᠮ ᠠᠷᠭᠠᠴᠠᠬᠤ ᠰᠤᠷᠢᠯᠳᠠ ᠶᠢᠨ ᠶᠡᠷᠦᠩᠬᠡᠢ ᠵᠢᠯᠤᠭᠤᠳᠤᠬᠴᠢ ᠪᠤᠯᠵᠠᠢ᠃      ᠳᠤᠰ ᠤᠳᠠᠭ᠎ᠠ ᠶᠢᠨ ᠰᠤᠷᠢᠯᠳᠠ ᠨᠢ ᠤᠷᠳᠤᠰ ᠬᠤᠳᠠ ᠶᠢᠨ ᠮᠧᠲ᠋ᠢᠯ ᠠᠯᠺᠤᠤᠯ ᠤᠨ ᠬᠡᠮᠵᠢᠶ᠎ᠠ ᠨᠢ ᠪᠠᠷᠢᠮᠵᠢᠶᠠᠨ ᠠᠴᠠ ᠬᠡᠳᠦᠷᠡᠭᠰᠡᠨ ᠬᠠᠷ᠎ᠠ ᠠᠷᠢᠬᠢ ᠤᠤᠭᠤᠭᠠᠳ ᠬᠤᠤᠷᠠᠳᠤᠬᠳᠠᠬᠰᠠᠨ ᠬᠡᠷᠡᠭ ᠤᠨ ᠡᠬᠦᠰᠦᠯᠳᠡ᠂ ᠠᠬᠢᠴᠠ ᠪᠠ ᠰᠢᠢᠳᠪᠤᠷᠢᠯᠡᠭᠰᠡᠨ ᠪᠠᠶᠢᠳᠠᠯ ᠢᠶᠠᠷ ᠳᠠᠭᠤᠷᠢᠶᠠᠮᠠᠯ ᠦᠯᠢᠬᠡᠷ ᠪᠤᠯᠭᠠᠪᠡ᠃ ᠰᠤᠷᠢᠯᠳᠠ ᠨᠢ ︽ᠪᠤᠯᠪᠠᠰᠤᠷᠠᠬᠤ ᠪᠠᠷ ᠪᠠᠶᠢᠯᠳᠤᠭᠠᠨ ᠪᠤᠯᠭᠠᠬᠤ︾ ᠬᠡᠪ ᠵᠠᠬᠪᠤᠷ ᠢ ᠬᠡᠷᠡᠭᠯᠡᠵᠦ᠂ ᠪᠦᠬᠦ᠋ᠢᠯᠡ ᠠᠯᠬᠤᠮ ᠳᠠᠷᠠᠭᠠᠯᠠᠯ ᠨᠢ ᠪᠦᠷ ᠢᠳᠡᠬᠡᠨ ᠤ ᠠᠮᠤᠷ ᠳᠦᠪᠰᠢᠨ ᠤ ᠬᠡᠷᠡᠭ ᠢ ᠪᠠᠴᠢᠮ ᠠᠷᠭᠠᠴᠠᠬᠤ ᠳᠦᠰᠦᠪᠯᠡᠯ ᠶᠤᠰᠤᠭᠠᠷ ᠶᠠᠪᠤᠬᠳᠠᠵᠠᠢ᠃ ᠰᠤᠷᠢᠯᠳᠠ ᠨᠢ ᠬᠡᠷᠡᠭ ᠤᠨ ᠡᠬᠦᠰᠦᠯᠳᠡ ᠪᠡ ᠮᠡᠳᠡᠬᠦᠯᠦᠯᠳᠡ᠂ ᠡᠬᠢᠨ ᠤ ᠬᠤᠭᠤᠴᠠᠭᠠᠨ ᠤ ᠰᠢᠢᠳᠪᠤᠷᠢᠯᠡᠯᠳᠡ ᠬᠢᠬᠡᠳ ᠳᠡᠰ ᠤᠨ ᠴᠤᠤᠷᠢᠶᠠᠳᠤᠯ᠂ ᠪᠠᠴᠢᠮ ᠰᠢᠢᠳᠪᠤᠷᠢᠯᠡᠯᠳᠡ ᠬᠢᠬᠡᠳ ᠳᠡᠰ ᠤᠨ ᠴᠤᠤᠷᠢᠶᠠᠳᠤᠯ᠂ ᠬᠡᠷᠡᠭ ᠤᠨ ᠪᠠᠶᠢᠴᠠᠭᠠᠯᠳᠠ ᠂ ᠶᠠᠷᠢᠶ᠎ᠠ ᠬᠡᠯᠡᠯᠴᠡᠬᠡᠨ ᠤ ᠬᠢᠨᠠᠯᠳᠠ ᠪᠡ ᠰᠢᠢᠳᠪᠤᠷᠢᠯᠡᠯᠳᠡ᠂ ᠴᠤᠷᠢᠶᠠᠳᠤᠯ ᠤᠨ ᠳᠡᠰ ᠵᠡᠷᠬᠡ᠂ ᠴᠤᠤᠷᠢᠶᠠᠳᠤᠯ ᠤᠨ ᠳᠡᠬᠦᠰᠦᠯᠳᠡ ᠪᠡ ᠰᠡᠬᠦᠯᠴᠢ ᠶᠢᠨ ᠬᠤᠭᠤᠴᠠᠭᠠᠨ ᠤ ᠰᠢᠢᠳᠪᠤᠷᠢᠯᠡᠯᠳᠡ ᠵᠡᠷᠬᠡ 8 ᠳᠦᠷᠦᠯ ᠵᠦᠢᠯ ᠢᠶᠠᠷ ᠪᠦᠷᠢᠯᠳᠦᠵᠦ᠂ ᠴᠦᠮ ᠢᠳᠡᠬᠡᠨ ᠤ ᠠᠮᠤᠷ ᠳᠦᠪᠰᠢᠨ ᠤ ᠬᠡᠷᠡᠭ ᠢ ᠪᠠᠴᠢᠮ ᠠᠷᠭᠠᠴᠠᠨ ᠰᠢᠢᠳᠪᠤᠷᠢᠯᠡᠬᠦ ᠠᠵᠢᠯ ᠤᠨ ᠡᠮᠤᠨ᠎ᠠ ᠹᠷᠤᠨᠲ ᠎ ᠤᠨ ᠬᠦᠮᠦᠰ ᠰᠤᠷᠢᠯᠳᠠ ᠳᠤ ᠤᠷᠤᠯᠴᠠᠵᠡᠢ᠃      ᠤᠢᠢᠯᠠᠭᠠᠬᠰᠠᠨ ᠢᠶᠠᠷ᠂ ᠳᠤᠰ ᠤᠳᠠᠭ᠎ᠠ ᠶᠢᠨ ᠪᠠᠴᠢᠮ ᠪᠠᠶᠢᠳᠠᠯ ᠢ ᠠᠷᠭᠠᠴᠠᠬᠤ ᠰᠤᠷᠢᠯᠳᠠ ᠪᠤᠯ ᠦᠪᠡᠷᠳᠡᠬᠡᠨ ᠵᠠᠰᠠᠬᠤ ᠤᠷᠤᠨ ᠤ ᠤᠢᠢᠷ᠎ᠠ ᠶᠢᠨ ᠵᠢᠯ ᠤᠨ ᠳᠤᠷᠰᠢ ᠳᠤ ᠵᠤᠬᠢᠶᠠᠨ ᠪᠠᠶᠢᠭᠤᠯᠤᠬᠰᠠᠨ ᠬᠡᠪᠴᠢᠶ᠎ᠠ ᠪᠠᠷ ᠬᠠᠮᠤᠬ ᠤᠨ ᠶᠡᠭᠡ᠂ ᠤᠷᠤᠯᠴᠠᠬᠰᠠᠨ ᠬᠦᠮᠦᠨ ᠤ ᠳᠤᠭ᠎ᠠ ᠪᠠᠷ ᠬᠠᠮᠤᠬ ᠤᠨ ᠤᠯᠠᠨ᠂ ᠴᠤᠤᠷᠢᠶᠠᠳᠤᠯ ᠤᠨ ᠳᠡᠰ ᠵᠡᠷᠬᠡ ᠨᠢ ᠬᠠᠮᠤᠬ ᠎ ᠤᠨ ᠦᠨᠳᠦᠷ ᠢᠳᠡᠬᠡᠨ ᠤ ᠠᠮᠤᠷ ᠳᠦᠪᠰᠢᠨ ᠤ ᠬᠡᠨᠡᠳᠳᠡ ᠡᠬᠦᠰᠬᠦ ᠬᠡᠷᠡᠭ ᠤᠨ ᠪᠤᠳᠠᠳᠤ ᠰᠤᠷᠢᠯᠳᠠ ᠪᠤᠯᠤᠨ᠎ᠠ᠃ ᠡᠨᠡ ᠨᠢ ᠮᠠᠨ ᠤ ᠤᠷᠤᠨ ᠤ ᠡᠯ᠎ᠠ ᠱᠠᠳᠤᠨ ᠤ ᠵᠠᠰᠠᠬ  ᠎ ᠤᠨ ᠤᠷᠳᠤᠨ ᠤ ᠢᠳᠡᠬᠡᠨ ᠤ ᠠᠮᠤᠷ ᠳᠦᠪᠰᠢᠨ ᠤ ᠬᠡᠨᠡᠳᠳᠡ ᠡᠬᠦᠰᠬᠦ ᠬᠡᠷᠡᠭ ᠢ ᠠᠷᠭᠠᠴᠠᠬᠤ ᠳᠠᠯ᠎ᠠ ᠪᠠᠷ ᠬᠢ ᠵᠢᠯᠤᠭᠤᠳᠤᠯᠭ᠎ᠠ ᠬᠢᠵᠦ ᠰᠢᠢᠳᠪᠤᠷᠢᠳᠦ ᠪᠤᠳᠤᠯᠭ᠎ᠠ ᠳᠤᠬᠳᠠᠭᠠᠬᠤ᠂ ᠰᠢᠨᠵᠢᠯᠡᠬᠦ ᠤᠬᠠᠭᠠᠨᠴᠢ ᠰᠤᠳᠤᠯᠤᠯᠳᠠ ᠮᠠᠭᠠᠳᠯᠠᠯᠳᠠ ᠬᠢᠬᠦ᠂ ᠳᠦᠷᠬᠡᠨ ᠰᠢᠢᠳᠪᠤᠷᠢᠯᠡᠬᠦ ᠴᠢᠳᠠᠪᠤᠷᠢ ᠶᠢ ᠬᠦᠢᠴᠡᠳ ᠳᠡᠯᠬᠡᠨ ᠦᠵᠡᠬᠦᠯᠵᠦ᠂ ᠪᠠᠴᠢᠮ ᠪᠠᠶᠢᠳᠠᠯ ᠢ ᠠᠷᠭᠠᠴᠠᠬᠤ ᠳᠦᠰᠦᠪᠯᠡᠯ ᠢ ᠰᠢᠯᠭᠠᠨ ᠪᠠᠶᠢᠴᠠᠭᠠᠬᠤ᠂ ᠪᠠᠴᠢᠮ ᠪᠠᠶᠢᠳᠠᠯ ᠢ ᠠᠷᠭᠠᠴᠠᠬᠤ ᠡᠩᠨᠡᠭᠡ ᠶᠢ ᠳᠠᠪᠳᠠᠨ ᠪᠤᠯᠪᠠᠰᠤᠷᠠᠭᠤᠯᠬᠤ᠂ ᠰᠢᠨᠵᠢᠯᠡᠬᠦ ᠤᠬᠠᠭᠠᠨ ᠢ ᠳᠦᠬᠡᠮᠡᠯᠵᠢᠬᠦᠯᠬᠦ ᠤᠬᠠᠭᠤᠯᠭ᠎ᠠ ᠶᠢ ᠴᠢᠩᠭᠠᠳᠬᠠᠬᠤ᠂ ᠠᠵᠢᠯ ᠤᠨ ᠳᠤᠬᠳᠠᠴᠠ ᠶᠢ ᠵᠤᠬᠢᠴᠠᠭᠤᠯᠬᠤ ᠬᠡᠰᠡᠨ ᠰᠤᠷᠢᠯᠳᠠ ᠶᠢᠨ ᠬᠠᠷᠠᠯᠳᠠ ᠳᠤ ᠬᠦᠷᠴᠤ᠂ ᠮᠠᠰᠢ ᠰᠠᠶᠢᠨ ᠦᠷ᠎ᠠ ᠪᠦᠳᠦᠮᠵᠢ ᠤᠯᠪᠠ᠃      ᠳᠤᠰ ᠡᠳᠦᠷ ᠤᠨ ᠦᠳᠡ ᠶᠢᠨ ᠬᠤᠶᠢᠨ᠎ᠠ᠂ ᠢᠳᠡᠬᠡᠨ ᠤ ᠠᠮᠤᠷ ᠳᠦᠪᠰᠢᠨ ᠤ ᠬᠡᠨᠡᠳᠳᠡ ᠡᠬᠦᠰᠬᠦ ᠬᠡᠷᠡᠭ ᠢ ᠪᠠᠴᠢᠮ ᠠᠷᠭᠠᠴᠠᠬᠤ ᠰᠤᠷᠢᠯᠳᠠ ᠳᠤ ᠤᠷᠤᠯᠴᠠᠬᠰᠠᠨ ᠬᠦᠮᠦᠰ ᠬᠤᠶᠠᠷ ᠳᠤᠭᠤᠢᠢᠯᠠᠩ ᠬᠤᠪᠢᠶᠠᠨ ᠤᠷᠳᠤᠰ ᠬᠤᠳᠠ ᠶᠢᠨ ᠤᠯᠤᠰ ᠤᠨ ᠢᠳᠡᠬᠡᠨ ᠤ ᠠᠮᠤᠷ ᠳᠦᠪᠰᠢᠨ ᠤ ᠬᠤᠳᠠ ᠶᠢᠨ ᠪᠠᠶᠢᠭᠤᠯᠤᠯᠳᠠ ᠶᠢᠨ ᠠᠵᠢᠯ ᠢ ᠢᠳᠡᠪᠬᠢᠳᠡᠢ ᠦᠷᠨᠢᠬᠦᠯᠵᠦ ᠪᠠᠶᠢᠭ᠎ᠠ ᠪᠠᠶᠢᠳᠠᠯ ᠢ ᠳᠤᠬᠠᠢ ᠶᠢᠨ ᠳᠠᠯᠠᠪᠤᠷ ᠲᠤᠨᠢ ᠬᠦᠷᠴᠤ ᠲᠣᠭᠤᠷᠢᠨ ᠦᠵᠡᠵᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号