ᠥᠪᠥᠷ ᠮᠣᠩᠭᠤᠯ ᠢᠳᠡᠭᠡᠨ ᠦᠢᠯᠡᠳᠪᠦᠷᠢᠯᠡᠬᠦ 30 ᠠᠵᠤ ᠠᠬᠤᠶᠢᠯᠠᠯ ᠢ ᠭᠤᠣᠯᠳᠠᠯᠭ᠎ᠠ ᠲᠠᠢ ᠬᠢᠨᠠᠨ ᠡᠵᠡᠮᠳᠡᠬᠦ ᠬᠡᠪᠴᠢᠶᠡᠨ ᠳᠤ ᠤᠷᠤᠭᠤᠯᠪᠠ
ᠨᠡᠶᠢᠲᠡᠯᠡᠭᠰᠡᠨ ᠴᠠᠭ᠄
2016/12/14
      12 ᠳ᠋ᠤᠭᠠᠷ ᠰᠠᠷ᠎ᠠ ᠶᠢᠨ 13᠎ ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠤᠮᠤ ᠬᠡᠯᠪᠡᠷᠢ ᠶᠢᠨ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠤᠨ ᠢᠳᠡᠭᠡᠨ ᠤ ᠠᠮᠤᠷ ᠲᠥᠪᠰᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠭᠦᠢᠴᠡᠳᠬᠡᠭᠰᠡᠨ ᠮᠡᠳᠡᠭᠦᠯᠦᠯᠲᠡ ᠶᠢᠨ ᠬᠤᠷᠠᠯ ᠬᠥᠬᠡᠬᠤᠲᠠ ᠳᠤ ᠬᠤᠷᠠᠯᠳᠤᠪᠠ᠃ ᠣᠶᠢᠯᠠᠭᠠᠭᠰᠠᠨ ᠢᠶᠠᠷ᠂ ᠥᠪᠡᠷᠲᠡᠭᠡᠨ ᠵᠠᠰᠠᠬᠤ ᠣᠷᠣᠨ ᠤ ᠢᠳᠡᠭᠡᠨ ᠪᠣᠯᠣᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠪᠦᠬᠦ ᠣᠷᠣᠨ ᠤ ᠬᠠᠮᠤᠭ ᠤᠨ ᠲᠣᠮᠣ᠂ ᠬᠠᠮᠤᠭ ᠤᠨ ᠶᠡᠭᠡ ᠨᠥᠯᠥᠭᠡ ᠲᠠᠢ ᠢᠳᠡᠭᠡᠨ ᠦᠢᠯᠡᠳᠪᠦᠷᠢᠯᠡᠬᠦ 30 ᠠᠵᠤ ᠠᠬᠤᠶᠢᠯᠠᠯ ᠢ ᠭᠤᠣᠯᠳᠠᠯᠭ᠎ᠠ ᠲᠠᠢ ᠬᠢᠨᠠᠨ ᠡᠵᠡᠮᠳᠡᠬᠦ ᠬᠡᠪᠴᠢᠶᠡᠨ ᠳᠤ ᠤᠷᠤᠭᠤᠯᠪᠠ᠃      ᠲᠠᠨᠢᠯᠴᠠᠭᠤᠯᠤᠭᠰᠠᠨ ᠢᠶᠠᠷ᠂ ᠥᠪᠡᠷᠲᠡᠭᠡᠨ ᠵᠠᠰᠠᠬᠤ ᠣᠷᠣᠨ ᠤ ᠢᠳᠡᠭᠡᠨ ᠪᠣᠯᠣᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ︽ᠲᠥᠷᠭᠡᠨ ᠪᠠᠶᠢᠴᠠᠭᠠᠬᠤ︾ ᠠᠷᠭ᠎ᠠ ᠪᠠᠷ᠂ ᠬᠡᠪᠴᠢᠶᠡᠨ ᠳᠣᠲᠤᠷᠠᠬᠢ ᠠᠵᠤ ᠠᠬᠤᠶᠢᠯᠠᠯ ᠳᠤ ᠲᠣᠭᠲᠠᠮᠠᠯ ᠪᠣᠰᠤ ᠬᠤᠭᠤᠴᠠᠭᠠᠲᠤ ᠰᠤᠭᠤᠴᠢᠨ ᠪᠠᠶᠢᠴᠠᠭᠠᠯᠲᠠ ᠬᠢᠪᠡ᠃ ᠡᠭᠦᠨ ᠤ ᠬᠠᠮᠲᠤ᠂ ᠲᠤᠮᠤ ᠬᠡᠯᠪᠡᠷᠢ ᠶᠢᠨ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠳᠠᠬᠢ ᠡᠯ᠎ᠡ ᠲᠦᠷᠦᠯ ᠤᠨ ᠲᠣᠭᠲᠠᠮᠠᠯ ᠬᠤᠭᠤᠴᠠᠭᠠᠲᠤ ᠪᠣᠯᠪᠠᠰᠤᠷᠠᠭᠤᠯᠤᠯ ᠥᠷᠨᠢᠭᠦᠯᠬᠦ ᠪᠠᠨ ᠴᠢᠩᠭᠠᠷᠠᠭᠤᠯᠵᠤ ᠲᠤᠮᠤ ᠬᠡᠯᠪᠡᠷᠢ ᠶᠢᠨ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠤᠳ ᠢ ᠵᠣᠬᠢᠶᠠᠨ ᠪᠠᠶᠢᠭᠤᠯᠵᠤ ᠪᠠᠶᠢᠭᠠᠳ ᠢᠳᠡᠭᠡᠨ ᠤ ᠠᠮᠤᠷ ᠲᠥᠪᠰᠢᠨ ᠠᠶᠤᠯ ᠲᠦᠭᠰᠢᠭᠦᠷᠢ ᠶᠢᠨ ᠮᠡᠳᠡᠭᠡ ᠵᠠᠩᠭᠢ ᠶᠢᠨ ᠰᠣᠯᠢᠯᠴᠠᠭ᠎ᠠ ᠶᠢ ᠥᠷᠨᠢᠭᠦᠯᠪᠡ᠃ ᠳᠠᠷᠠᠭᠠᠴᠢ ᠪᠠᠷ᠂ ᠥᠪᠡᠷᠲᠡᠭᠡᠨ ᠵᠠᠰᠠᠬᠤ ᠣᠷᠣᠨ ᠤ ᠢᠳᠡᠭᠡᠨ ᠪᠣᠯᠣᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠪᠠᠰᠠ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠤᠨ ᠥᠪᠡᠷ ᠢ ᠪᠠᠨ ᠪᠠᠶᠢᠴᠠᠭᠠᠬᠤ ᠮᠡᠳᠡᠭᠦᠯᠦᠯᠲᠡ ᠶᠢᠨ ᠠᠭᠤᠯᠭ᠎ᠠ᠂ ᠬᠡᠯᠪᠡᠷᠢ ᠪᠣᠯᠣᠨ ᠱᠠᠭᠠᠷᠳᠠᠯᠭ᠎ᠠ ᠶᠢ ᠵᠢᠷᠤᠮᠵᠢᠭᠤᠯᠬᠤ ᠪᠦᠭᠡᠳ ᠭᠤᠣᠯᠳᠠᠯᠭ᠎ᠠ ᠲᠠᠢ ᠬᠢᠨᠠᠨ ᠡᠵᠡᠮᠳᠡᠵᠦ ᠪᠠᠶᠢᠭ᠎ᠠ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠤᠨ ᠢᠳᠡᠭᠡᠨ ᠤ ᠠᠮᠤᠷ ᠲᠥᠪᠰᠢᠨ ᠢᠶᠠᠨ ᠥᠪᠡᠷᠲᠡᠭᠡᠨ ᠪᠠᠶᠢᠴᠠᠭᠠᠬᠤ ᠲᠦᠷᠢᠮ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠬᠢᠨᠠᠯᠲᠠ ᠲᠠᠯᠪᠢᠬᠤ ᠡᠷᠴᠢᠮ ᠢᠶᠠᠨ ᠴᠢᠩᠭᠠᠷᠠᠭᠤᠯᠤᠨ᠎ᠠ᠃ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠬᠤ ︵ᠤᠯᠤᠰ ᠠᠴᠠ ᠰᠤᠭᠤᠴᠢᠬᠤ᠂ ᠣᠷᠣᠨ ᠠᠴᠠ ᠰᠤᠭᠤᠴᠢᠬᠤ︶ ᠪᠠ ᠠᠶᠤᠯ ᠲᠦᠭᠰᠢᠭᠦᠷᠢ ᠶᠢ ᠬᠢᠨᠠᠨ ᠬᠡᠮᠵᠢᠬᠦ ᠳᠤ ᠢᠯᠡᠷᠡᠭᠦᠯᠦᠭᠰᠡᠨ ᠬᠠᠤᠯᠢ ᠵᠥᠷᠢᠴᠡᠭᠰᠡᠨ ᠠᠵᠢᠯᠯᠠᠭ᠎ᠠ ᠵᠡᠷᠭᠡ ᠮᠡᠳᠡᠭᠡ ᠵᠠᠩᠭᠢ ᠶᠢ ᠢᠳᠡᠭᠡᠨ ᠤ ᠠᠮᠤᠷ ᠲᠥᠪᠰᠢᠨ ᠤ ᠰᠢᠰᠲ᠋ᠧᠮᠵᠢ ᠶᠢᠨ ᠪᠠᠶᠢᠭᠤᠯᠤᠯᠲᠠ ᠶᠢᠨ ᠴᠢᠬᠤᠯᠠ ᠦᠨᠳᠦᠰᠦ ᠪᠠᠷᠢᠮᠲᠠ ᠪᠣᠯᠭᠠᠬᠤ ᠪᠦᠭᠡᠳ ᠪᠠᠩᠬᠢ᠂ ᠠᠵᠤ ᠠᠬᠤᠢ ᠮᠡᠳᠡᠭᠡ ᠵᠠᠩᠭᠢᠵᠢᠯ ᠤᠨ ᠵᠦᠪᠯᠡᠯ ᠵᠡᠷᠭᠡ ᠰᠠᠯᠠᠭ᠎ᠠ ᠮᠥᠴᠢᠷ ᠲᠤ ᠳᠠᠷᠤᠶᠢᠬᠠᠨ ᠮᠡᠳᠡᠭᠳᠡᠵᠦ᠂ ᠲᠡᠭᠦᠨ ᠢ ᠪᠠᠨ ᠲᠦᠷᠦ ᠶᠢᠨ ᠪᠤᠳᠦᠯᠭ᠎ᠠ᠂ ᠪᠡᠯᠠ ᠮᠥᠩᠭᠦ᠂ ᠲᠥᠷᠥᠯ ᠵᠦᠢᠯ ᠵᠡᠷᠭᠡ ᠲᠠᠯ᠎ᠠ ᠪᠠᠷ ᠲᠡᠳᠬᠦᠨ ᠳᠡᠮᠵᠢᠬᠦ ᠪᠠ ᠬᠢᠵᠠᠭᠠᠷᠯᠠᠬᠤ ᠶᠢᠨ ᠦᠨᠳᠦᠰᠦ ᠪᠠᠷᠢᠮᠲᠠ ᠪᠣᠯᠭᠠᠨ᠎ᠠ᠃ ᠡᠭᠦᠨ ᠤ ᠬᠠᠮᠲᠤ᠂ ᠢᠳᠡᠭᠡᠨ ᠤ ᠠᠮᠤᠷ ᠲᠥᠪᠰᠢᠨ ᠤ ᠦᠨᠡᠨᠴᠢ ᠢᠲᠡᠭᠡᠮᠵᠢ ᠶᠢᠨ ᠰᠢᠰᠲ᠋ᠧᠮᠵᠢ ᠶᠢᠨ ᠪᠠᠶᠢᠭᠤᠯᠤᠯᠲᠠ ᠳᠤᠮᠳᠠᠬᠢ ᠢᠲᠡᠭᠡᠯ ᠢᠶᠠᠨ ᠠᠯᠳᠠᠭᠰᠠᠨ ᠠᠵᠤ ᠠᠬᠤᠶᠢᠯᠠᠯ ᠪᠣᠯᠣᠨ ᠬᠡᠪ ᠤᠨ ᠪᠤᠰᠤ ᠲᠡᠮᠳᠡᠭᠯᠡᠯ ᠢ ᠴᠠᠭ ᠲᠤᠨᠢ ᠲᠣᠬᠢᠷᠠᠭᠤᠯᠤᠨ ᠵᠣᠬᠢᠬᠤ ᠬᠡᠪᠴᠢᠶᠡᠨ ᠳᠣᠲᠣᠷ᠎ᠠ ᠢᠯᠡᠴᠢᠯᠡᠨ᠎ᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号