ᠴᠠᠭᠠᠨ ᠰᠠᠷ᠎ᠠ ᠶᠢᠨ ᠰᠢᠵᠢᠷ ᠠᠯᠲᠠᠨ ᠭᠠᠷᠠᠭ ᠲᠤ ᠦᠪᠦᠷ ᠮᠤᠩᠭᠤᠯ ᠳᠤ ᠢᠷᠡᠭᠰᠡᠨ ᠤᠯᠤᠰ ᠤᠨ ᠳᠤᠲᠤᠭᠠᠳᠤ ᠶᠢᠨ ᠵᠢᠭᠤᠯᠴᠢᠨ 300 ᠲᠦᠮᠡᠨ ᠬᠦᠮᠦᠨ ᠤ ᠪᠤᠭᠤᠮᠲᠠ ᠶᠢ ᠳᠠᠪᠠᠪᠠ
ᠨᠡᠶᠢᠲᠡᠯᠡᠭᠰᠡᠨ ᠴᠠᠭ᠄
2016/2/15
     ᠴᠠᠭᠠᠨ ᠰᠠᠷ᠎ᠠ ᠶᠢᠨ ᠰᠢᠵᠢᠷ ᠠᠯᠲᠠᠨ ᠭᠠᠷᠠᠭ ᠲᠤ ᠦᠪᠦᠷ ᠮᠤᠩᠭᠤᠯ ᠳᠤ ᠢᠷᠡᠭᠰᠡᠨ ᠤᠯᠤᠰ ᠤᠨ ᠳᠤᠲᠤᠭᠠᠲᠤ ᠶᠢᠨ ᠵᠢᠭᠤᠯᠴᠢᠨ 300 ᠲᠦᠮᠡᠨ ᠬᠦᠮᠦᠨ ᠤ ᠪᠤᠭᠤᠮᠲᠠ ᠶᠢ ᠳᠠᠪᠠᠭᠠᠳ 334.18 ᠲᠦᠮᠡᠨ ᠬᠦᠮᠦᠨ ᠬᠦᠷᠴᠦ᠂ 16.54 ᠳ᠋ᠦᠩᠰᠢᠭᠤᠷ ᠲᠦᠬᠦᠷᠢᠭ ᠤᠨ ᠵᠢᠭᠤᠯᠴᠢᠯᠠᠯ ᠤᠨ ᠤᠷᠤᠯᠭ᠎ᠠ ᠤᠯᠪᠠ᠃ ᠡᠭᠦᠨ ᠳᠤ᠂ ᠬᠤᠨᠤᠭᠯᠠᠬᠤ ᠵᠢᠭᠤᠯᠴᠢᠨ133.78 ᠲᠦᠮᠡᠨ ᠬᠦᠮᠦᠨ᠂ ᠨᠢᠭᠡ ᠡᠳᠦᠷ ᠤᠨ ᠵᠢᠭᠤᠯᠴᠢᠨ 200.40 ᠲᠦᠮᠡᠨ ᠬᠦᠮᠦᠨ ᠪᠠᠶᠢᠪᠠ᠃      ᠤᠶᠢᠯᠭᠠᠭᠰᠠᠨ ᠢᠶᠠᠷ᠄ ᠰᠢᠵᠢᠷ ᠠᠯᠲᠠᠨ ᠭᠠᠷᠠᠭ ᠤᠨ ᠬᠤᠭᠤᠴᠠᠭᠠᠨ ᠳᠤ᠂ ᠦᠪᠦᠷ ᠮᠤᠩᠭᠤᠯ ᠤᠨ19 ᠭᠤᠤᠯᠳᠠᠯᠭ᠎ᠠ ᠲᠠᠢ ᠵᠢᠭᠤᠯᠴᠢᠯᠠᠯ ᠤᠨ ᠦᠵᠡᠮᠵᠢ ᠶᠢᠨ ᠲᠤᠭᠤᠷᠢᠭ 7 ᠡᠳᠦᠷ ᠲᠤ 237ᠲᠦᠮᠡᠨ ᠬᠦᠮᠦᠨ ᠢ ᠤᠭᠲᠤᠨ ᠠᠪᠴᠤ᠂ 4.74 ᠳ᠋ᠦᠩᠰᠢᠭᠤᠷ ᠲᠦᠬᠦᠷᠢᠭ ᠤᠨ ᠵᠢᠭᠤᠯᠴᠢᠯᠠᠯ ᠤᠨ ᠤᠷᠤᠯᠭ᠎ᠠ ᠶᠢ ᠪᠡᠶᠡᠯᠡᠭᠦᠯᠪᠡ᠃ ᠡᠭᠦᠨ ᠳᠤ᠂ 2 ᠳ᠋ᠦ᠋ᠭᠡᠷ ᠰᠠᠷ᠎ᠠ ᠶᠢᠨ 9᠎ ᠤ ᠡᠳᠦᠷ ︵ᠰᠢᠨ᠎ᠡ ᠶᠢᠨ ᠬᠤᠶᠠᠷ︶ ᠵᠤᠴᠢᠳ ᠤᠨ ᠲᠤᠭ᠎ᠠ ᠤᠷᠭᠢᠯ ᠤᠨ ᠴᠢᠭ᠋ ᠲᠤ ᠬᠦᠷᠴᠦ᠂ ᠭᠤᠤᠯᠳᠠᠯᠭ᠎ᠠ ᠲᠠᠢ ᠵᠢᠭᠤᠯᠴᠢᠯᠠᠯ ᠤᠨ ᠦᠵᠡᠮᠵᠢ ᠶᠢᠨ ᠲᠤᠭᠤᠷᠢᠭ ᠤᠨ ᠲᠤᠬᠠᠢ ᠶᠢᠨ ᠡᠳᠦᠷ ᠤᠨ ᠪᠦᠷᠢᠳᠬᠡᠯ ᠢᠶᠠᠷ 46 ᠲᠦᠮᠡᠨ ᠬᠦᠮᠦᠨ ᠳᠤ ᠬᠦᠷᠴᠦ᠂ ᠲᠡᠭᠰᠢᠳᠬᠡᠭᠡᠳ2.42 ᠲᠦᠮᠡᠨ ᠬᠦᠮᠦᠨ ᠢ ᠤᠭᠲᠤᠨ ᠠᠪᠴᠦ᠂ ᠤᠷᠤᠯᠭ᠎ᠠ ᠎ ᠨᠢ 9200 ᠲᠦᠮᠡᠨ ᠲᠦᠬᠦᠷᠢᠭ ᠬᠦᠷᠪᠡ᠃ ᠡᠨᠡ ᠵᠢᠯ ᠦᠪᠦᠷ ᠮᠤᠩᠭᠤᠯ ᠤᠨ ᠴᠠᠭᠠᠨ ᠰᠠᠷ᠎ᠠ ᠶᠢᠨ ᠰᠢᠵᠢᠷ ᠠᠯᠲᠠᠨ ᠭᠠᠷᠠᠭ ᠤᠨ ᠵᠢᠭᠤᠯᠴᠢᠯᠠᠯ ᠨᠢ ᠭᠤᠤᠯᠳᠠᠭᠤ ᠤᠶᠢᠷ᠎ᠠ ᠵᠠᠮ ᠤᠨ ᠵᠢᠭᠤᠯᠴᠢᠯᠠᠯ ᠬᠦᠭᠵᠢᠭᠡᠨ ᠲᠠᠢ ᠪᠠᠶᠢᠵᠤ᠂ ᠨᠤᠲᠤᠭ ᠎ ᠲᠠᠭᠠᠨ ᠬᠠᠷᠢᠵᠤ ᠵᠢᠭᠤᠯᠴᠢᠯᠠᠭᠰᠠᠳ ᠠᠮᠠᠷᠠᠯᠲᠠ ᠶᠢᠨ ᠬᠤᠭᠤᠴᠠᠭᠠᠨ ᠳᠤ ᠬᠡᠷᠡᠭᠴᠡᠭᠡᠨ ᠤ ᠦᠨ᠎ᠡ ᠶᠢ ᠦᠰᠭᠡᠪᠡ︔ ᠵᠢᠭᠤᠯᠴᠢᠯᠠᠯ ᠤᠨ ᠬᠦᠳᠡᠯᠭᠡᠭᠡᠨ ᠪᠠ︔ ᠤᠯᠠᠮᠵᠢᠯᠠᠯᠲᠤ ᠵᠠᠩ ᠵᠠᠩᠰᠢᠯ ᠤᠯᠠᠨ ᠬᠡᠯᠪᠡᠷᠢ ᠪᠠᠷ ᠶᠠᠪᠤᠭᠳᠠᠵᠤ᠂ ᠰᠦᠮ᠎ᠡ ᠶᠢᠨ ᠬᠤᠷᠠᠯ ᠢᠶᠠᠷ ᠲᠤᠭᠤᠷᠢᠬᠤ᠂ ᠱᠠᠰᠢᠨ ᠰᠤᠷᠲᠠᠬᠤᠨ ᠠᠷᠠᠳ ᠤᠨ ᠵᠠᠩᠰᠢᠯ ᠢ ᠤᠶᠢᠯᠭᠠᠬᠤ ᠵᠡᠷᠭᠡ ᠵᠢᠭᠤᠯᠴᠢᠯᠠᠯ ᠬᠠᠯᠠᠭᠤᠨ ᠢᠶᠠᠷ ᠬᠦᠷᠢᠶᠡᠯᠡᠭᠳᠡᠪᠡ᠃ ᠦᠪᠦᠷ ᠤᠨ ᠲᠡᠷᠭᠡ ᠪᠠᠷ ᠢᠶᠠᠨ ᠵᠢᠭᠤᠯᠴᠢᠯᠠᠬᠤ᠂ ᠭᠡᠷ ᠪᠦᠯᠢ ᠪᠠᠷ ᠢᠶᠠᠨ ᠵᠢᠭᠤᠯᠴᠢᠯᠠᠬᠤ ᠨᠢ ᠵᠢᠭᠤᠯᠴᠢᠯᠠᠯ ᠤᠨ ᠭᠤᠤᠯ ᠬᠦᠴᠦᠨ ᠪᠤᠯᠵᠤ᠂ ᠮᠠᠰᠢ ᠤᠯᠠᠨ ᠦᠵᠡᠮᠵᠢ ᠶᠢᠨ ᠲᠤᠭᠤᠷᠢᠭ᠂ ᠬᠦᠳᠡᠭᠡ ᠠᠶᠢᠯ ᠢᠶᠠᠷ ᠬᠦᠷᠬᠦ ᠵᠡᠷᠭᠡ ᠴᠠᠭᠠᠨ ᠰᠠᠷ᠎ᠠ ᠶᠢᠨ ᠦᠨᠦᠷ ᠠᠮᠲᠠ ᠲᠠᠢ ᠬᠦᠲᠡᠯᠭᠡᠭᠡᠨ ᠢ ᠦᠷᠨᠢᠭᠦᠯᠪᠡ᠃ ᠡᠭᠦᠨ ᠠᠴᠠ ᠭᠠᠳᠠᠨ᠎ᠠ᠂ ᠰᠦᠮ᠎ᠡ ᠶᠢᠨ ᠬᠤᠷᠠᠯ ᠢᠶᠠᠷ ᠲᠤᠭᠤᠷᠢᠬᠤ᠂ ᠳ᠋ᠧᠩ ᠤᠨ ᠤᠵᠡᠭᠦᠯᠭᠡ ᠪᠠ ᠱᠠᠰᠢᠨ ᠤ ᠰᠤᠶᠤᠯ ᠤᠨ ᠵᠢᠭᠤᠯᠴᠢᠯᠠᠯ ᠤᠷᠬᠦᠯᠵᠢᠯᠡᠨ ᠰᠠᠷ᠎ᠠ ᠰᠢᠨ᠎ᠡ ᠶᠢᠨ ᠵᠢᠭᠤᠯᠴᠢᠯᠠᠯ ᠤᠨ ᠲᠦᠪ ᠪᠤᠯᠪᠠ᠃ ᠴᠢᠩᠭᠢᠰ ᠤᠨ ᠤᠩᠭᠤᠨ᠂ ᠶᠡᠭᠡ ᠵᠣᠣ᠂ ᠭᠤᠸᠠᠨ ᠶᠢᠨ ᠰᠦᠮ᠎ᠡ᠂ ᠬᠦᠷᠢᠶ᠎ᠡ ᠶᠢᠨ ᠭᠤᠷᠪᠠᠨ ᠶᠡᠭᠡ ᠰᠦᠮ᠎ᠡ᠂ ᠪᠠᠶᠢᠰᠠ ᠶᠢᠨ ᠰᠦᠮ᠎ᠡ ᠵᠡᠷᠭᠡ ᠱᠠᠰᠢᠨ ᠤ ᠰᠤᠶᠤᠯ ᠤᠨ ᠠᠷᠢᠭᠤᠨ ᠤᠷᠤᠨ ᠰᠢᠨ᠎ᠡ ᠶᠢᠨ ᠬᠤᠶᠠᠷ ᠲᠤ ᠲᠠᠬᠢᠯᠠᠭ᠎ᠠ᠂ ᠮᠦᠷᠭᠦᠯ᠂ ᠵᠠᠯᠪᠢᠷᠠᠯ ᠤᠨ ᠤᠷᠭᠢᠯ ᠢ ᠤᠭᠲᠤᠨ ᠠᠪᠴᠤ᠂ ᠡᠯ᠎ᠡ ᠱᠠᠰᠢᠨ ᠤ ᠵᠢᠭᠤᠯᠴᠢᠯᠠᠯ ᠤᠨ ᠦᠵᠡᠮᠵᠢ ᠶᠢᠨ ᠴᠢᠭ᠋ ᠤᠨ ᠡᠷᠬᠢᠯᠡᠭᠰᠡᠨ ᠪᠤᠷᠬᠠᠨ ᠤ ᠶᠠᠪᠤᠳᠠᠯ᠂ ᠨᠤᠮ ᠪᠤᠶᠠᠨ ᠤ ᠠᠵᠢᠯᠯᠠᠭ᠎ᠠ ᠨᠢ ᠰᠠᠷ᠎ᠠ ᠰᠢᠨ᠎ᠡ ᠶᠢᠨ ᠵᠢᠭᠤᠯᠴᠢᠯᠠᠯ ᠤᠨ ᠪᠠᠭ᠎ᠠ ᠤᠷᠭᠢᠯ ᠢ ᠪᠤᠰᠬᠠᠪᠠ︔ ᠳ᠋ᠧᠩ ᠰᠤᠨᠢᠷᠬᠠᠬᠤ᠂ ᠰᠦᠮ᠎ᠡ ᠶᠢᠨ ᠬᠤᠷᠠᠯ ᠢᠶᠠᠷ ᠲᠤᠭᠤᠷᠢᠬᠤ᠂ ᠰᠢᠨ᠎ᠡ ᠵᠢᠯ ᠤᠨ ᠰᠢ ᠵᠦᠴᠦᠭᠡ᠂ ᠦᠨᠳᠦᠷ ᠭᠢᠰᠬᠢᠭᠦᠷ᠂ ᠭᠤᠯᠢᠷ ᠬᠦᠮᠦᠨ ᠪᠠᠷᠢᠬᠤ ᠵᠡᠷᠭᠡ ᠠᠷᠠᠳ ᠤᠨ ᠵᠠᠩᠰᠢᠯ ᠡᠯ᠎ᠡ ᠭᠠᠵᠠᠷ ᠤᠨ ᠵᠢᠭᠤᠯᠴᠢᠳ ᠤᠨ ᠪᠠᠭ᠎ᠠ ᠰᠤᠨᠢᠷᠬᠠᠯ ᠢ ᠲᠠᠲᠠᠨ᠂ ᠴᠠᠭᠠᠨ ᠰᠠᠷ᠎ᠠ ᠶᠢᠨ ᠰᠢᠵᠢᠷ ᠠᠯᠲᠠᠨ ᠭᠠᠷᠠᠭ ᠤᠨ ᠨᠢᠭᠡ ᠡᠳᠦᠷ ᠤᠨ ᠵᠢᠭᠤᠯᠴᠢᠯᠠᠯ ᠢ ᠶᠡᠭᠡ ᠪᠠᠷ ᠲᠦᠯᠬᠢᠨ ᠠᠬᠢᠭᠤᠯᠪᠠ᠃ ᠬᠦᠬᠡᠬᠤᠲᠠ ᠶᠢᠨ ᠢᠤᠶᠢᠴᠢᠤᠸᠠᠨ ᠲᠤᠭᠤᠷᠢᠭ ᠴᠠᠭᠠᠨ ᠰᠠᠷ᠎ᠠ ᠶᠢᠨ ᠬᠤᠭᠤᠴᠠᠭᠠᠨ ᠳᠤ 20 ᠲᠦᠮᠡᠨ ᠵᠢᠭᠤᠯᠴᠢᠨ ᠢ ᠤᠭᠲᠤᠨ ᠠᠪᠴᠠᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号