1 ᠳ᠋ᠦ᠋ᠭᠡᠷ ᠰᠠᠷ᠎ᠠ ᠶᠢᠨ 29 ᠤ ᠡᠳᠦᠷ ᠬᠤᠷᠠᠯᠳᠤᠭᠤᠯᠤᠭᠰᠠᠨ 2016 ᠣᠨ ᠤ ᠪᠥᠬᠦ ᠣᠷᠣᠨ ᠤ | ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠪᠣᠯᠤᠨ ᠰᠤᠷᠭᠠᠭᠤᠯᠢ ᠶᠢᠨ ᠪᠡᠶ᠎ᠡ ᠶᠢᠨ ᠲᠠᠮᠢᠷ ᠡᠷᠡᠭᠦᠯ ᠬᠠᠮᠠᠭᠠᠯᠠᠯ | ᠤᠷᠠᠯᠢᠭ ᠤᠨ ᠠᠵᠢᠯ ᠤᠨ ᠬᠤᠷᠠᠯᠳᠤᠭᠠᠨ ᠳᠡᠭᠡᠷ᠎ᠡ ᠠᠴᠠ ᠣᠶᠢᠯᠠᠭᠠᠵᠤ ᠮᠡᠳᠡᠭᠰᠡᠨ ᠢᠶᠠᠷ᠂ ᠮᠠᠨ ᠤ ᠣᠷᠣᠨ ᠤ 2016 | ᠣᠨ ᠤ ᠰᠤᠷᠭᠠᠭᠤᠯᠢ ᠶᠢᠨ ᠬᠦᠷᠢᠶᠡᠨ ᠤ ᠬᠥᠯ ᠪᠥᠮᠪᠥᠭᠡᠨ ᠤ ᠠᠵᠢᠯ ᠤᠨ ᠲᠥᠯᠥᠪᠯᠡᠭᠡ ᠶᠢ ᠨᠢᠭᠡᠨᠲᠡ ᠲᠣᠭᠲᠠᠭᠠᠵᠤ᠂ | ᠳᠡᠭᠡᠷ᠎ᠡ ᠬᠠᠭᠠᠰ ᠵᠢᠯ ᠳᠤ ᠲᠦᠷᠦ ᠶᠢᠨ ᠪᠤᠳᠤᠯᠭ᠎ᠠ ᠶᠢ ᠲᠣᠭᠲᠠᠭᠠᠬᠤ ᠪᠠ ᠳᠦᠷᠪᠡᠨ ᠳᠡᠰ ᠤᠨ ᠬᠤᠯᠪᠣᠭᠠᠲᠤ | ᠤᠷᠤᠯᠳᠤᠭᠠᠨ ᠢᠶᠠᠷ ᠭᠤᠣᠯᠴᠢᠯᠠᠵᠤ᠂ ᠳᠣᠣᠷ᠎ᠠ ᠬᠠᠭᠠᠰ ᠵᠢᠯ ᠳᠤ ᠬᠢᠨᠠᠨ ᠪᠠᠶᠢᠴᠠᠭᠠᠯᠲᠠ᠂ ᠠᠵᠢᠯᠳᠠᠨ ᠤ | ᠪᠣᠯᠪᠠᠰᠤᠷᠠᠭᠤᠯᠤᠯ᠂ ᠤᠷᠤᠯᠳᠤᠭᠠᠨ ᠪᠠ ᠪᠤᠰᠤᠳ ᠠᠵᠢᠯᠯᠠᠭ᠎ᠠ ᠳᠤ ᠭᠤᠣᠯᠴᠢᠯᠠᠵᠤ᠂ ᠪᠦᠬᠦ ᠵᠢᠯ ᠳᠤ ᠬᠥᠯ | ᠪᠥᠮᠪᠦᠭᠡ ᠶᠢᠨ ᠪᠠᠭᠰᠢ ᠶᠢᠨ ᠪᠣᠯᠪᠠᠰᠤᠷᠠᠭᠤᠯᠤᠯ ᠤᠨ ᠠᠭᠤᠯᠭ᠎ᠠ 13 ᠵᠦᠢᠯ ᠳᠤ ᠬᠦᠷᠦᠭᠰᠡᠨ ᠪᠠᠶᠢᠨ᠎ᠠ᠃ | ᠡᠭᠦᠨ ᠳᠤ 2 ᠳ᠋ᠤᠭᠠᠷ ᠰᠠᠷ᠎ᠠ ᠳᠤ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ ᠮᠢᠩᠭᠠᠨ ᠬᠥᠮᠦᠨ ᠤ | ᠪᠣᠯᠪᠠᠰᠤᠷᠠᠭᠤᠯᠤᠯ ᠤᠨ ᠠᠵᠢᠯ ᠡᠬᠢᠯᠡᠭᠦᠯᠵᠦ᠂ 8 ᠳ᠋ᠤᠭᠠᠷ ᠰᠠᠷ᠎ᠠ ᠠᠴᠠ ᠵᠢᠯ ᠤᠨ ᠡᠴᠦᠰ ᠪᠣᠯᠲᠠᠯ᠎ᠠ | ᠪᠣᠯᠪᠠᠰᠤᠷᠠᠭᠤᠯᠤᠯ ᠤᠨ ᠠᠵᠢᠯ ᠢ ᠲᠥᠪᠯᠡᠷᠡᠭᠦᠯᠦᠨ ᠥᠷᠨᠢᠭᠦᠯᠵᠦ᠂ ᠡᠭᠦᠨ ᠳᠤ ᠬᠥᠯ ᠪᠥᠮᠪᠦᠭᠡ ᠶᠢᠨ ᠠᠩᠬ᠎ᠠ | ᠵᠡᠷᠭᠡ ᠶᠢᠨ ᠪᠠᠭᠰᠢ ︵ᠰᠤᠷᠭᠠᠭᠴᠢ︶ ᠶᠢᠨ 9 ᠬᠤᠭᠤᠴᠠᠭᠠᠨ ᠤ ᠪᠣᠯᠪᠠᠰᠤᠷᠠᠭᠤᠯᠤᠯ ᠤᠨ ᠠᠩᠬᠢ᠂ ᠬᠥᠯ | ᠪᠥᠮᠪᠦᠭᠡ ᠶᠢᠨ ᠳᠤᠮᠳᠠ ᠵᠡᠷᠭᠡ ᠶᠢᠨ ᠪᠠᠭᠰᠢ ︵ᠰᠤᠷᠭᠠᠭᠴᠢ︶ ᠶᠢᠨ 3 ᠬᠤᠭᠤᠴᠠᠭᠠᠨ ᠤ ᠪᠣᠯᠪᠠᠰᠤᠷᠠᠭᠤᠯᠤᠯ ᠤᠨ | ᠠᠩᠬᠢ ᠢ ᠡᠷᠬᠢᠯᠡᠵᠦ᠂ ᠬᠥᠯ ᠪᠥᠮᠪᠥᠭᠡᠨ ᠤ ᠪᠠᠭᠰᠢ ᠶᠢᠨ ᠶᠡᠷᠦᠩᠬᠡᠶᠢᠯᠡᠭᠰᠡᠨ ᠬᠡᠪ ᠴᠢᠨᠠᠷ ᠢ ᠪᠦᠬᠦ ᠲᠠᠯ᠎ᠠ ᠪᠠᠷ | ᠳᠡᠭᠡᠭᠰᠢᠯᠡᠭᠦᠯᠬᠦ ᠪᠣᠯᠣᠨ᠎ᠠ᠃ | ᠣᠶᠢᠯᠠᠭᠠᠭᠰᠠᠨ ᠢᠶᠠᠷ᠂ ᠬᠥᠯ ᠪᠥᠮᠪᠦᠭᠡ ᠶᠢᠨ ᠪᠠᠭᠰᠢ ᠶᠢᠨ ᠲᠤᠭ᠎ᠠ ᠴᠥᠭᠡᠨ ᠪᠠᠶᠢᠭ᠎ᠠ ᠶᠠᠪᠤᠳᠠᠯ ᠪᠣᠯ ᠮᠠᠨ ᠤ | ᠣᠷᠣᠨ ᠤ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ ᠦᠢᠯᠡᠰ ᠤᠨ ᠬᠥᠭᠵᠢᠯᠲᠡ ᠶᠢ ᠭᠠᠴᠢᠭᠳᠠᠭᠤᠯᠵᠤ | ᠪᠠᠶᠢᠭ᠎ᠠ ᠠᠰᠠᠭᠤᠳᠠᠯ ᠤᠨ ᠨᠢᠭᠡ ᠨᠢ ᠪᠣᠯᠣᠨ᠎ᠠ᠂ 2015 ᠣᠨ ᠤ ᠡᠬᠢᠨ ᠳᠤ ᠪᠦᠬᠦ ᠣᠷᠣᠨ ᠤ ᠬᠥᠯ ᠪᠥᠮᠪᠥᠭᠡᠨ ᠤ | ᠭᠡᠮᠡᠷ ᠲᠠᠮᠢᠷ ᠤᠨ ᠪᠠᠭᠰᠢ ᠵᠥᠪᠬᠡᠨ 725 ᠪᠦᠬᠦᠢ ᠬᠥᠮᠦᠨ ᠪᠠᠶᠢᠪᠠ᠃ 2015 ᠣᠨ ᠠᠴᠠ ᠡᠬᠢᠯᠡᠨ᠂ ᠮᠠᠨ ᠤ | ᠣᠷᠣᠨ ᠥᠨᠳᠥᠷ ᠨᠢᠭᠲᠠᠴᠠᠲᠤ᠂ ᠤᠯᠠᠨ ᠱᠠᠳᠤ ᠳᠠᠪᠬᠤᠷᠭ᠎ᠠ ᠪᠥᠬᠦᠢ᠂ ᠲᠤᠰᠬᠠᠶ ᠮᠡᠷᠭᠡᠵᠢᠯ ᠬᠤᠪᠢᠶᠠᠭᠰᠠᠨ | ᠪᠣᠯᠪᠠᠰᠤᠷᠠᠭᠤᠯᠤᠯ ᠢ ᠵᠣᠬᠢᠶᠠᠨ ᠪᠠᠶᠢᠭᠤᠯᠤᠨ᠂ ᠥᠪᠡᠷᠲᠡᠭᠡᠨ ᠵᠠᠰᠠᠬᠤ ᠣᠷᠣᠨ ᠤ ᠰᠤᠷᠭᠠᠭᠤᠯᠢ ᠶᠢᠨ ᠬᠦᠷᠢᠶᠡᠨ ᠤ | ᠬᠥᠯ ᠪᠥᠮᠪᠦᠭᠡ ᠶᠢᠨ ᠦᠢᠯᠡᠰ ᠤᠨ ᠬᠥᠭᠵᠢᠯᠲᠡ ᠶᠢ ᠬᠠᠩᠭᠠᠵᠤ ᠳᠡᠶᠢᠯᠬᠦ ᠬᠥᠮᠦᠨ ᠤ ᠬᠦᠴᠦᠨ ᠤ ᠰᠢᠰᠲ᠋ᠧᠮᠵᠢ ᠶᠢ | ᠬᠦᠴᠦ ᠲᠠᠯᠪᠢᠨ ᠪᠤᠢ ᠪᠣᠯᠭᠠᠪᠠ᠃ |