ᠨᠢᠳᠤᠨᠤᠨ ᠠᠴᠠ ᠨᠠᠰᠢ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠰᠢᠮᠳᠠᠭᠤᠯᠤᠨ ᠪᠠᠶᠢᠴᠠᠭᠠᠵᠤ | ᠬᠠᠷᠢᠭᠤᠴᠠᠯᠭ᠎ᠠ ᠲᠤᠯᠭᠠᠬᠤ ᠪᠠ ᠰᠢᠮᠳᠠᠭᠤᠯᠤᠨ ᠪᠠᠶᠢᠴᠠᠭᠠᠵᠤ ᠰᠠᠶᠢᠰᠢᠶᠠᠬᠤ ᠶᠢ ᠦᠷᠭᠦᠯᠵᠢᠯᠡᠨ ᠭᠤᠷᠪᠠᠨ ᠪᠦᠯᠦᠭ | ᠦᠷᠨᠢᠭᠦᠯᠪᠡ᠃ ᠡᠨᠡ ᠵᠢᠯ ᠤᠨ 1 ᠳ᠋ᠦ᠋ᠭᠡᠷ ᠰᠠᠷ᠎ᠠ ᠶᠢᠨ 27 ᠤ ᠡᠳᠦᠷ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ | ᠭᠤᠷᠪᠠᠳᠤᠭᠠᠷ ᠪᠦᠯᠦᠭ ᠬᠢᠨᠠᠨ ᠪᠠᠶᠢᠴᠠᠭᠠᠵᠤ ᠬᠠᠷᠢᠭᠤᠴᠠᠯᠭ᠎ᠠ ᠲᠤᠯᠭᠠᠭᠰᠠᠨ ᠪᠠ ᠰᠢᠮᠳᠠᠭᠤᠯᠤᠨ ᠪᠠᠶᠢᠴᠠᠭᠠᠵᠤ | ᠰᠠᠶᠢᠰᠢᠶᠠᠭᠰᠠᠨ ᠦᠷ᠎ᠡ ᠳ᠋ᠦᠩ ᠢ ᠨᠡᠶᠢᠲᠡᠯᠡᠪᠡ᠂ ᠪᠦᠬᠦ ᠤᠯᠤᠰ ᠤᠨ 20 ᠬᠤᠲᠠ ︵ᠵᠧᠤ︶᠂ 20 ᠰᠢᠶᠠᠨ ︵ | ᠬᠤᠳᠠ᠂ ᠲᠣᠭᠤᠷᠢᠭ︶ ᠰᠠᠶᠢᠰᠢᠶᠠᠭᠳᠠᠵᠤ᠂ ᠡᠭᠦᠨ ᠳᠤ ᠮᠠᠨ ᠤ ᠣᠷᠣᠨ ᠤ ᠬᠥᠬᠡᠬᠤᠲᠠ ᠬᠤᠲᠠ ᠨᠢ ᠬᠤᠲᠠ ᠶᠢᠨ | ᠳᠡᠰ ᠤᠨ ᠲᠡᠷᠢᠭᠦᠨ ᠤ ᠭᠠᠵᠠᠷ ᠣᠷᠣᠨ᠂ ᠬᠤᠣᠯᠢᠨ ᠭᠤᠣᠯ ᠬᠤᠳᠠ ᠨᠢ ᠰᠢᠶᠠᠨ ᠤ ᠱᠠᠲᠤᠨ ᠤ ᠲᠡᠷᠢᠭᠦᠨ ᠤ ᠭᠠᠵᠠᠷ | ᠣᠷᠣᠨ ᠵᠢᠭᠰᠠᠭᠠᠭᠳᠠᠪᠠ᠃ | ᠥᠪᠡᠷᠲᠡᠭᠡᠨ ᠵᠠᠰᠠᠬᠤ ᠣᠷᠣᠨ ᠤ ᠲᠥᠪ ᠬᠤᠳᠠ ᠪᠣᠯᠣᠭᠰᠠᠨ ᠬᠤᠪᠢ ᠳᠤ᠂ ᠬᠥᠬᠡᠬᠤᠲᠠ ᠢᠮᠠᠭᠲᠠ ︽ | ᠬᠤᠣᠰ ᠳᠤᠮᠳᠠ ᠥᠨᠳᠥᠷ︾ ᠢᠶᠠᠷ ᠬᠠᠷᠠᠯᠲᠠ ᠪᠣᠯᠭᠠᠵᠤ᠂ ᠰᠢᠨ᠎ᠡ ᠮᠡᠷᠭᠡᠵᠢᠯ ᠤᠨ ᠬᠤᠪᠢᠰᠬᠠᠯ ᠂ ᠣᠷᠣᠨ ᠪᠦᠰᠡ ᠶᠢᠨ | ᠥᠷᠢᠰᠥᠯᠳᠦᠭᠡᠨ ᠤ ᠪᠠᠶᠢᠷᠢᠰᠢᠯ ᠤᠨ ᠬᠤᠪᠢᠷᠠᠯᠲᠠ ᠶᠢᠨ ᠠᠪᠴᠢᠷᠠᠭᠰᠠᠨ ᠰᠢᠨ᠎ᠡ ᠲᠣᠬᠢᠶᠠᠯ ᠢ ᠪᠠᠲᠤ ᠡᠵᠡᠮᠰᠢᠵᠦ᠂ | ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠢ ᠬᠦᠭᠵᠢᠭᠦᠯᠬᠦ ᠪᠠᠷ ᠠᠵᠤ ᠦᠢᠯᠡᠰ ᠤᠨ ᠪᠦᠲᠦᠴᠡ ᠶᠢ | ᠰᠢᠯᠢᠳᠡᠭᠵᠢᠭᠦᠯᠦᠨ ᠳᠡᠰ ᠳᠡᠪᠰᠢᠭᠦᠯᠬᠦ ᠶᠢᠨ ᠪᠠᠶᠢᠯᠳᠤᠬᠤ ᠪᠤᠳᠤᠯᠭ᠎ᠠ ᠶᠢᠨ ᠭᠤᠣᠯᠳᠠᠯᠭ᠎ᠠ ᠪᠣᠯᠭᠠᠵᠤ᠂ ᠢᠯᠠᠩᠭᠤᠶ᠎ᠠ | ᠰᠢᠨ᠎ᠡ ᠠᠵᠤ ᠦᠢᠯᠡᠰ᠂ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠢ ᠶᠡᠬᠡᠪᠡᠷ ᠬᠥᠭᠵᠢᠭᠦᠯᠵᠦ᠂ ᠪᠦᠬᠦ ᠬᠤᠲᠠ ᠶᠢᠨ | ᠡᠭᠦᠯᠡᠨ ᠪᠤᠳᠤᠯᠳᠠ ᠶᠢᠨ ᠦᠢᠯᠡᠴᠢᠯᠡᠬᠦᠷ ᠢ ᠨᠢᠭᠡᠨᠲᠡ 66 ᠲᠦᠮᠡ ᠬᠦᠷᠦᠭᠦᠯᠵᠦ᠂ ᠡᠯᠧᠺᠲᠷᠣᠨ ᠬᠤᠳᠠᠯᠳᠤᠭᠠᠨ ᠤ | ᠠᠵᠤ ᠠᠬᠤᠶᠢᠯᠠᠯ 1600 ᠭᠠᠷᠤᠶ ᠡᠷᠦᠬᠡ ᠪᠣᠯᠵᠤ᠂ ᠡᠯ᠎ᠡ ᠲᠥᠷᠥᠯ ᠤᠨ ᠰᠦᠯᠵᠢᠶᠡᠨ ᠳᠡᠯᠭᠡᠭᠦᠷ ᠨᠢ 2 ᠲᠦᠮᠡ | ᠰᠢᠬᠠᠮ ᠡᠷᠦᠬᠡ ᠲᠠᠢ ᠪᠣᠯᠵᠤ᠂ ᠪᠦᠬᠦ ᠣᠷᠣᠨ ᠤ ᠴᠣᠷ ᠤᠨ ᠭᠠᠭᠴᠠ ᠣᠯᠠᠨ ᠤᠯᠤᠰ ᠤᠨ ᠲᠦᠷᠭᠡᠨ ᠭᠤᠪᠢᠭᠤᠯᠭ᠎ᠠ | ᠶᠢᠨ ᠬᠢᠯᠢ ᠳᠤ ᠣᠷᠣᠬᠤ ᠵᠠᠮ ᠢ ᠨᠡᠪᠲᠡᠷᠡᠭᠦᠯᠪᠡ᠂ ᠤᠯᠤᠰ ᠤᠨ ᠲᠡᠰ ᠤᠨ ᠳᠡᠭᠡᠳᠦ ᠰᠢᠨ᠎ᠡ ᠮᠡᠷᠭᠡᠵᠢᠯ ᠤᠨ 22 ᠠᠵᠤ | ᠠᠬᠤᠶᠢᠯᠠᠯ ᠢ ᠰᠢᠨ᠎ᠡ ᠪᠠᠷ ᠦᠨᠡᠮᠰᠢᠨ ᠲᠣᠭᠲᠠᠭᠠᠵᠤ᠂ ᠦᠢᠯᠡᠴᠢᠯᠡᠭᠡᠨ ᠤ ᠦᠢᠯᠡᠰ ᠠᠴᠠ ᠪᠦᠬᠦᠶᠢᠯᠡ ᠠᠵᠤ | ᠠᠬᠤᠶ ᠳᠤ ᠦᠵᠡᠭᠦᠯᠬᠦ ᠲᠤᠯᠭᠠᠭᠤᠷᠢᠯᠠᠬᠤ ᠦᠢᠯᠡᠳᠦᠯ ᠨᠢ ᠨᠡᠩ ᠲᠤᠪᠤᠶᠢᠮ᠎ᠠ ᠪᠤᠯᠵᠤ᠂ ᠪᠦᠬᠦ ᠬᠤᠲᠠ ᠶᠢᠨ ᠠᠵᠤ | ᠠᠬᠤᠶ ᠶᠢᠨ ᠨᠡᠮᠡᠭᠳᠡᠯ ᠳᠤ ᠦᠵᠡᠭᠦᠯᠦᠭᠰᠡᠨ ᠬᠤᠪᠢ ᠨᠡᠮᠡᠷᠢ ᠶᠢᠨ ᠨᠤᠷᠮ᠎ᠠ ᠨᠢ 69% ᠳᠤ ᠬᠦᠷᠴᠦ᠂ ᠪᠥᠬᠦ | ᠣᠷᠣᠨ ᠤ ᠦᠢᠯᠡᠴᠢᠯᠡᠭᠡᠨ ᠤ ᠦᠢᠯᠡᠰ ᠤᠨ ᠶᠡᠷᠦᠩᠬᠡᠶ ᠬᠡᠮᠵᠢᠶ᠎ᠡ ᠶᠢᠨ 28% ᠶᠢ ᠡᠵᠡᠯᠡᠵᠦ᠂ ᠪᠦᠬᠦ ᠣᠷᠣᠨ ᠳᠤ | ᠲᠡᠷᠢᠭᠦᠨ ᠪᠠᠶᠢᠷᠢ ᠶᠢ ᠡᠵᠡᠯᠡᠪᠡ᠃ | ᠬᠤᠣᠯᠢᠨ ᠭᠤᠣᠯ ᠬᠤᠳᠠ ᠨᠢ ᠡᠬᠢ ᠪᠠᠶᠠᠯᠢᠭ ᠤᠨ ᠬᠡᠯᠪᠡᠷᠢ ᠶᠢᠨ ᠨᠡᠶᠢᠲᠡᠯᠢᠭ ᠬᠤᠲᠠ ᠪᠣᠯᠣᠭᠰᠠᠨ ᠤ | ᠬᠤᠪᠢ ᠳᠤ᠂ ᠪᠦᠬᠦ ᠤᠯᠤᠰ ᠤᠨ ᠨᠡᠭᠦᠷᠡᠰᠦᠨ ᠤ ᠦᠨ᠎ᠡ ᠳᠣᠣᠷ᠎ᠠ᠂ ᠬᠥᠩᠭᠡᠨ ᠴᠠᠭᠠᠨ ᠤ ᠦᠨ᠎ᠡ ᠦᠷᠭᠦᠯᠵᠢᠯᠡᠨ | ᠪᠠᠭᠤᠷᠠᠵᠤ᠂ ᠠᠵᠢᠯ ᠲᠦᠷᠦᠯ ᠤᠨ ᠠᠯᠳᠠᠭᠳᠠᠯ ᠤᠨ ᠬᠡᠪᠴᠢᠶ᠎ᠡ ᠨᠡᠮᠡᠭᠳᠡᠭᠰᠡᠨ ᠪᠠᠶᠢᠳᠠᠯ ᠤᠨ ᠳᠣᠣᠷ᠎ᠠ᠂ ᠠᠵᠤ | ᠦᠢᠯᠡᠰ ᠤᠨ ᠲᠡᠰ ᠳᠡᠪᠰᠢᠭᠦᠯᠦᠨ ᠬᠡᠯᠪᠡᠷᠢ ᠪᠠᠨ ᠬᠤᠪᠢᠷᠠᠭᠤᠯᠬᠤ ᠶᠢ ᠦᠷᠭᠦᠯᠵᠢᠯᠡᠨ ᠬᠦᠴᠦᠯᠡᠨ ᠠᠬᠢᠭᠤᠯᠵᠤ᠂ ᠪᠦᠬᠦ | ᠬᠤᠲᠠ ᠶᠢᠨ ᠠᠵᠤ ᠦᠢᠯᠡᠳᠪᠦᠷᠢ ᠶᠢᠨ ᠦᠢᠯᠡᠳᠪᠦᠷᠢᠯᠡᠯ ᠪᠠᠭᠤᠷᠠᠯᠲᠠ ᠶᠢ ᠰᠥᠷᠥᠨ ᠬᠥᠭᠵᠢᠵᠦ᠂ ᠠᠵᠤ | ᠦᠢᠯᠡᠳᠪᠦᠷᠢ ᠳᠤ ᠬᠡᠷᠡᠭᠯᠡᠬᠦ ᠴᠠᠬᠢᠯᠭᠠᠨ ᠤ ᠬᠡᠮᠵᠢᠶ᠎ᠡ ᠪᠣᠯᠣᠨ ᠤᠤᠯ ᠤᠨ ᠬᠥᠩᠭᠡᠨ ᠴᠠᠭᠠᠨ ᠤ ᠭᠠᠷᠤᠯᠲᠠ ᠲᠤᠰ ᠲᠤᠰ | 42% ᠪᠠ 58% ᠪᠠᠷ ᠨᠡᠮᠡᠭᠳᠡᠵᠦ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠲᠡᠭ | ᠠᠳᠠᠯᠢ ᠬᠤᠭᠤᠴᠠᠭᠠᠨ ᠤ ᠬᠢ ᠠᠴᠠ 11% ᠪᠠᠷ ᠨᠡᠮᠡᠭᠳᠡᠪᠡ᠂ ᠬᠥᠩᠭᠡᠨ ᠴᠠᠭᠠᠨ ᠤ ᠪᠦᠲᠦᠭᠡᠭᠳᠡᠬᠦᠨ | ᠪᠣᠯᠪᠠᠰᠤᠷᠠᠭᠤᠯᠬᠤ ᠴᠢᠳᠠᠪᠤᠷᠢ ᠶᠡᠭᠡ ᠬᠡᠮᠵᠢᠶ᠎ᠡ ᠪᠠᠷ ᠳᠡᠭᠡᠭᠰᠢᠯᠡᠵᠦ᠂ ᠨᠡᠭᠦᠷᠡᠰᠦ ᠴᠠᠬᠢᠯᠭᠠᠨ ᠬᠦᠩᠭᠡᠨ ᠴᠠᠭᠠᠨ ᠤ ᠠᠵᠤ | ᠦᠢᠯᠡᠰ ᠤᠨ ᠳᠤᠮᠳᠠ ᠳᠡᠭᠡᠳᠦ ᠳᠡᠰ ᠤᠨ ᠬᠢᠷᠢ ᠲᠦᠪᠰᠢᠨ ᠲᠡᠰᠢ ᠳᠠᠪᠰᠢᠬᠤ ᠶᠢ ᠪᠦᠲᠦᠮᠵᠢᠲᠠᠢ ᠲᠦᠯᠬᠢᠨ | ᠠᠬᠢᠭᠤᠯᠪᠠ᠃ | ᠳᠡᠭᠡᠷ᠎ᠡ ᠳᠤᠷᠠᠳᠤᠭᠰᠠᠨ ᠭᠠᠵᠠᠷ ᠣᠷᠣᠨ ᠤ ᠰᠠᠨᠠᠭᠠᠴᠢᠯᠠᠭ᠎ᠠ ᠠᠴᠠ ᠪᠠᠨ ᠠᠵᠢᠯᠯᠠᠭᠰᠠᠨ ᠢ | ᠵᠣᠷᠢᠭᠵᠢᠭᠤᠯᠬᠤ ᠶᠢᠨ ᠲᠥᠯᠥᠭᠡ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠲᠤᠰ ᠤᠳᠠᠭ᠎ᠠ ᠰᠠᠶᠢᠰᠢᠶᠠᠯ | ᠬᠦᠷᠲᠡᠭᠰᠡᠨ ᠭᠠᠵᠠᠷ ᠣᠷᠣᠨ ᠳᠤ ᠲᠠᠪᠤᠨ ᠵᠦᠢᠯ ᠤᠨ ᠴᠢᠬᠤᠯᠠ ᠶᠡᠭᠡ ᠤᠷᠮᠠᠰᠢᠭᠤᠯᠤᠨ ᠵᠣᠷᠢᠭᠵᠢᠭᠤᠯᠬᠤ ᠠᠷᠭ᠎ᠠ | ᠬᠡᠮᠵᠢᠶ᠎ᠡ ᠠᠪᠤᠪᠠ᠃ ᠨᠢᠭᠡ ᠳᠤ ᠤᠯᠤᠰ ᠠᠴᠠ ᠪᠡᠯᠡ ᠮᠥᠩᠭᠦ ᠶᠢᠨ ᠲᠠᠯ᠎ᠠ ᠪᠠᠷ ᠲᠡᠭᠦᠨ ᠤ ᠭᠤᠣᠯᠳᠠᠯᠭ᠎ᠠ ᠪᠣᠯᠬᠤ | ᠪᠦᠲᠦᠭᠡᠨ ᠪᠠᠢᠭᠤᠯᠤᠯᠲᠠ ᠶᠢᠨ ᠲᠥᠷᠥᠯ ᠵᠦᠢᠯ ᠢ ᠳᠡᠮᠵᠢᠨ᠎ᠡ᠃ ᠬᠤᠶᠠᠷ ᠲᠤ 2016 ᠣᠨ ᠳᠤ ᠰᠢᠮᠳᠠᠭᠤᠯᠤᠨ | ᠪᠠᠶᠢᠴᠠᠭᠠᠵᠤ ᠬᠤᠷᠢᠶᠠᠵᠤ ᠠᠪᠬᠤ ᠲᠥᠪ ᠤᠨ ᠲᠥᠰᠦᠪ ᠤᠨ ᠳᠣᠲᠣᠷᠠᠬᠢ ᠪᠡᠯᠡ ᠣᠷᠣᠭᠤᠯᠤᠯᠲᠠ ᠪᠣᠯᠣᠨ ᠲᠤᠰᠬᠠᠶ | ᠰᠢᠯᠵᠢᠭᠦᠯᠦᠨ ᠥᠭᠬᠦ ᠲᠤᠨᠤᠭᠤᠯᠤᠭᠰᠠᠨ ᠪᠡᠯᠡ ᠮᠥᠩᠭᠦ ᠶᠢ ᠲᠤᠰ ᠭᠠᠵᠠᠷ ᠣᠷᠣᠨ ᠤ ᠬᠥᠭᠵᠢᠯᠲᠡ ᠶᠢ ᠱᠠᠩᠨᠠᠬᠤ ᠳᠤ | ᠬᠡᠷᠡᠭᠯᠡᠨ᠎ᠡ᠃ ᠭᠤᠷᠪᠠ ᠳᠤ ᠲᠡᠳᠡᠨ ᠤ ᠠᠵᠤ ᠠᠬᠤᠶᠢᠯᠠᠯ ᠤᠨ ᠠᠵᠤ ᠠᠬᠤᠶᠢᠯᠠᠯ ᠤᠨ ᠵᠢᠭᠡᠯᠡᠯᠭᠡ ᠲᠠᠷᠬᠠᠭᠠᠬᠤ | ᠭᠤᠶᠤᠴᠢᠯᠠᠬᠤ ᠳᠤ ᠬᠢᠨᠠᠨ ᠵᠥᠪᠰᠢᠶᠡᠷᠡᠬᠦ ᠵᠠᠩᠭᠢᠯᠠᠭ᠎ᠠ ᠶᠢ ᠨᠢ ᠳᠦᠭᠦᠮᠴᠢᠯᠡᠨ᠎ᠡ᠃ ᠳᠦᠷᠪᠡ ᠳᠤ ᠪᠣᠳᠠᠲᠠᠶ | ᠬᠡᠷᠡᠭᠴᠡᠭᠡ ᠶᠢ ᠨᠢ ᠨᠢᠭᠡᠳᠦᠯᠲᠡᠢ ᠲᠥᠯᠥᠪᠯᠡᠵᠦ ᠰᠢᠨ᠎ᠡ ᠪᠠᠷ ᠨᠡᠮᠡᠭᠳᠡᠬᠦ ᠪᠦᠲᠦᠭᠡᠨ ᠪᠠᠶᠢᠭᠤᠯᠤᠯᠲᠠ ᠳᠤ ᠭᠠᠵᠠᠷ | ᠬᠡᠷᠡᠭᠯᠡᠬᠦ ᠲᠥᠯᠥᠪᠯᠡᠭᠡ ᠳᠤ ᠵᠣᠬᠢᠴᠠᠩᠭᠤᠢ ᠭᠦᠢᠴᠡᠳᠬᠡᠬᠦ ᠲᠤᠭ᠎ᠠ ᠶᠢᠨ ᠳᠡᠮᠵᠢᠯᠭᠡ ᠦᠵᠡᠭᠦᠯᠦᠨ᠎ᠡ᠃ ᠲᠠᠪᠤ ᠳᠤ ︽ | ᠰᠢᠮᠳᠠᠭᠤᠯᠤᠨ ᠪᠠᠶᠢᠴᠠᠭᠠᠬᠤ ᠠᠴᠠ ᠬᠡᠯᠲᠦᠷᠢᠭᠦᠯᠬᠦ︾ ᠶᠢ ᠬᠡᠷᠡᠭᠵᠢᠭᠦᠯᠵᠦ᠂ 2016 ᠣᠨ ᠤ ᠶᠡᠭᠡ ᠰᠢᠮᠳᠠᠭᠤᠯᠤᠨ | ᠪᠠᠶᠢᠴᠠᠭᠠᠬᠤ ᠬᠡᠪᠴᠢᠶ᠎ᠡ ᠳᠤ ᠣᠷᠣᠭᠤᠯᠬᠤ ᠦᠬᠡᠢ᠃ |