| | | 3 ᠳ᠋ᠤᠭᠠᠷ ᠰᠠᠷ᠎ᠠ ᠶᠢᠨ 15 ᠤ ᠡᠳᠦᠷ᠂ ᠪᠥᠬᠦ ᠣᠷᠣᠨ ᠤ 2015 ᠣᠨ ᠤ ᠭᠠᠵᠠᠷ ᠰᠢᠷᠣᠶ ᠠᠭᠤᠷᠬᠠᠶ ᠶᠢᠨ | ᠭᠠᠷᠭᠠᠯᠲᠠ ᠶᠢᠨ ᠳᠠᠭᠠᠭᠤᠯᠢ ᠤᠳᠤᠨ ᠤ ᠵᠢᠷᠤᠭ ᠢᠶᠠᠷ ᠬᠠᠤᠯᠢ ᠬᠡᠷᠡᠭᠵᠢᠭᠦᠯᠵᠦ ᠬᠢᠨᠠᠨ ᠪᠠᠶᠢᠴᠠᠭᠠᠬᠤ ᠠᠵᠢᠯ ᠢ | ᠳᠥᠯᠭᠢᠨ ᠠᠬᠢᠭᠤᠯᠬᠤ ᠬᠤᠷᠠᠯ ᠬᠥᠬᠡᠬᠤᠲᠠ ᠳᠤ ᠬᠤᠷᠠᠯᠳᠤᠪᠠ᠃ ᠬᠤᠷᠠᠯ ᠳᠤ ᠪᠦᠬᠦ ᠣᠷᠣᠨ ᠤ ᠳᠠᠭᠠᠭᠤᠯᠢ | ᠤᠳᠤᠨ ᠤ ᠵᠢᠷᠤᠭ ᠤᠨ ᠲᠤᠭ᠎ᠠ ᠪᠠᠷᠢᠮᠲᠠ ᠶᠢᠨ ᠬᠤᠷᠢᠶᠠᠩᠭᠤᠶᠢᠯᠠᠭᠰᠠᠨ ᠪᠠᠶᠢᠳᠠᠯ ᠢ ᠮᠡᠳᠡᠭᠡᠯᠡᠵᠦ᠂ ᠡᠯ᠎ᠡ ᠠᠶᠢᠮᠠᠭ | ᠬᠤᠲᠠ ᠶᠢᠨ ᠳᠠᠭᠠᠭᠤᠯᠢ ᠤᠳᠤᠨ ᠤ ᠵᠢᠷᠤᠭ ᠤᠨ ᠠᠵᠢᠯ ᠤᠨ ᠠᠬᠢᠴᠠ ᠶᠢᠨ ᠪᠠᠶᠢᠳᠠᠯ ᠢ ᠰᠤᠨᠤᠰᠴᠤ᠂ ᠳᠠᠷᠠᠭ᠎ᠠ ᠶᠢᠨ | ᠠᠯᠬᠤᠮ ᠤᠨ ᠠᠵᠢᠯ ᠢ ᠲᠣᠬᠢᠷᠠᠭᠤᠯᠤᠨ ᠪᠠᠶᠢᠷᠢᠯᠠᠭᠤᠯᠪᠠ᠃ | ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠢᠩᠬᠢᠮ ᠤᠨ ᠳᠠᠷᠤᠭ᠎ᠠ | ᠸᠠᠩ ᠹᠦ᠋ ᠶᠢᠤ ᠬᠤᠷᠠᠯ ᠳᠤ ᠣᠷᠣᠯᠴᠠᠪᠠ᠃ ᠲᠢᠩᠬᠢᠮ ᠤᠨ ᠬᠠᠤᠯᠢ ᠬᠡᠷᠡᠭᠵᠢᠭᠦᠯᠬᠦ ᠬᠢᠨᠠᠨ ᠪᠠᠶᠢᠴᠠᠭᠠᠬᠤ ᠲᠣᠪᠴᠢᠶ᠎ᠠ ︵ | ᠶᠡᠷᠦᠩᠬᠡᠶ︶ ᠶᠢᠨ ᠤᠳᠤᠷᠢᠳᠤᠯᠭ᠎ᠠ ᠪᠠ ᠡᠯ᠎ᠡ ᠠᠩᠭᠢ ᠲᠠᠰᠤᠭ ᠤᠨ ᠬᠠᠷᠢᠭᠤᠴᠠᠯᠭᠠᠲᠠᠨ ᠨᠥᠬᠦᠳ᠂ 14 ᠠᠶᠢᠮᠠᠭ | ᠬᠤᠳᠠ ᠶᠢᠨ ᠤᠯᠤᠰ ᠤᠨ ᠭᠠᠵᠠᠷ ᠰᠢᠷᠣᠶ ᠡᠬᠢ ᠶᠢᠨ ᠪᠠᠶᠠᠯᠢᠭ ᠤᠨ ᠲᠣᠪᠴᠢᠶ᠎ᠠ ᠶᠢᠨ ᠬᠤᠪᠢᠳᠠᠨ ᠬᠠᠮᠢᠶᠠᠷᠴᠤ ᠪᠠᠶᠢᠭ᠎ᠠ | ᠲᠤᠪᠴᠢᠶ᠎ᠠ ᠶᠢᠨ ᠳᠠᠷᠤᠭ᠎ᠠ ︵ᠰᠠᠯᠠᠪᠤᠷᠢ ᠠᠩᠭᠢ ᠶᠢᠨ ᠳᠠᠷᠤᠭ᠎ᠠ︶ ᠪᠣᠯᠤᠨ ᠬᠢᠨᠠᠨ ᠪᠠᠶᠢᠴᠠᠭᠠᠬᠤ ᠲᠣᠪᠴᠢᠶ᠎ᠠ ︵ | ᠰᠠᠯᠠᠭ᠎ᠠ︶ ᠶᠢᠨ ᠳᠠᠷᠤᠭ᠎ᠠ᠂ 30 ᠭᠤᠣᠯᠳᠠᠯᠭ᠎ᠠ ᠲᠠᠢ ᠬᠤᠰᠢᠭᠤ ᠰᠢᠶᠠᠨ ᠲᠣᠭᠤᠷᠢᠭ ᠤᠨ ᠤᠯᠤᠰ ᠤᠨ ᠭᠠᠵᠠᠷ | ᠰᠢᠷᠤᠢ ᠶᠢᠨ ᠡᠬᠢ ᠪᠠᠶᠠᠯᠢᠭ ᠤᠨ ᠲᠣᠪᠴᠢᠶ᠎ᠠ ᠶᠢᠨ ᠬᠤᠪᠢᠳᠠᠨ ᠬᠠᠮᠢᠶᠠᠷᠴᠤ ᠪᠠᠶᠢᠭ᠎ᠠ ᠲᠤᠪᠴᠢᠶᠠᠨ ᠳᠠᠷᠤᠭ᠎ᠠ ᠪᠠ | ᠬᠢᠨᠠᠨ ᠪᠠᠶᠢᠴᠠᠭᠠᠬᠤ ᠲᠠᠰᠤᠭ ᠤᠨ ᠳᠠᠷᠤᠭ᠎ᠠ ︵ᠶᠡᠭᠡ ᠠᠩᠭᠢ ᠶᠢᠨ ᠳᠠᠷᠤᠭ᠎ᠠ︶ ᠵᠡᠷᠭᠡ ᠨᠡᠶᠢᠲᠡ160 ᠬᠥᠮᠦᠨ | ᠬᠤᠷᠠᠯ ᠳᠤ ᠣᠷᠣᠯᠴᠠᠵᠠᠶ᠃ | ᠸᠠᠩ ᠹᠦ᠋ ᠶᠢᠤ ᠳᠡᠳ᠋ ᠲᠢᠩᠬᠢᠮ ᠤᠨ ᠳᠠᠷᠤᠭ᠎ᠠ ᠬᠤᠷᠠᠯ ᠳᠡᠭᠡᠷ᠎ᠡ ᠴᠢᠬᠤᠯᠠ ᠶᠠᠷᠢᠶ᠎ᠠ ᠲᠠᠯᠪᠢᠵᠤ᠂ ᠵᠢᠭᠠᠭᠰᠠᠨ ᠨᠢ᠂ | ᠮᠠᠨ ᠤ ᠣᠷᠣᠨ ᠤ 2015 ᠣᠨ ᠤ ᠳᠠᠭᠠᠭᠤᠯᠢ ᠤᠳᠤᠨ ᠢᠶᠠᠷ ᠵᠢᠷᠤᠭ ᠠᠪᠬᠤ ᠠᠵᠢᠯ ᠤᠨ ᠬᠡᠯᠪᠡᠷᠢ ᠮᠥᠨ ᠬᠦ | ᠬᠦᠨᠳᠦ ᠬᠡᠴᠡᠭᠦᠦ᠂ ᠮᠠᠰᠢ ᠤᠯᠠᠨ ᠲᠣᠭᠲᠠᠭᠤᠨ ᠪᠤᠰᠤ ᠬᠦᠴᠦᠨ ᠵᠦᠢᠯ ᠣᠷᠣᠰᠢᠵᠤ ᠪᠠᠶᠢᠨ᠎ᠠ᠂ ᠡᠯ᠎ᠡ ᠱᠠᠲᠤᠨ ᠤ | ᠤᠯᠤᠰ ᠤᠨ ᠭᠠᠵᠠᠷ ᠰᠢᠷᠤᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠤᠳ ᠬᠤᠷᠠᠯ ᠤᠨ ᠳᠠᠷᠠᠭ᠎ᠠ ᠲᠤᠬᠠᠶ ᠶᠢᠨ | ᠭᠠᠵᠠᠷ ᠤᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠤᠳᠤᠷᠢᠳᠤᠯᠭ᠎ᠠ ᠳᠤ ᠬᠤᠯᠪᠣᠭᠳᠠᠯ ᠪᠦᠬᠦᠢ ᠪᠠᠶᠢᠳᠠᠯ ᠢ | ᠴᠠᠭ ᠳᠠᠷᠤᠶ ᠳᠤᠨᠢ ᠬᠠᠷᠢᠭᠤ ᠮᠡᠳᠡᠭᠦᠯᠵᠦ᠂ ᠣᠳᠣᠬᠠᠨ ᠤ ᠴᠢᠩᠭ᠎ᠠ ᠬᠢᠨᠠᠯᠲᠠ ᠬᠠᠮᠢᠶᠠᠷᠤᠯᠲᠠ ᠶᠢᠨ ᠬᠠᠨᠳᠤᠰᠢ ᠶᠢ | ᠲᠠᠨᠢᠵᠤ᠂ ᠦᠵᠡᠯ ᠲᠠᠨᠢᠯᠲᠠ ᠶᠢ ᠪᠠᠶᠢᠷᠢᠰᠢᠭᠤᠯᠬᠤ᠂ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ | ᠪᠣᠳᠠᠲᠠᠶᠢᠵᠢᠭᠤᠯᠬᠤ ᠶᠢ ᠦᠨᠡᠨᠬᠦ ᠪᠠᠲᠤᠯᠠᠵᠤ᠂ ᠤᠬᠠᠭᠤᠯᠤᠨ ᠳᠠᠶᠢᠴᠢᠯᠠᠬᠤ ᠶᠢ ᠪᠣᠳᠠᠲᠠᠶᠢᠵᠢᠭᠤᠯᠬᠤ᠂ ᠲᠦᠷᠢᠮ | ᠲᠤᠭᠳᠠᠭᠠᠯ ᠢ ᠪᠣᠳᠠᠲᠠᠶ ᠪᠠᠷ ᠬᠡᠷᠡᠭᠵᠢᠭᠦᠯᠵᠦ᠂ ᠪᠠᠶᠢᠴᠠᠭᠠᠨ ᠰᠢᠢᠳᠪᠦᠷᠢᠯᠡᠵᠦ ᠴᠡᠭᠴᠡᠯᠡᠨ ᠵᠠᠰᠠᠬᠤ ᠶᠢ ᠲᠤᠤᠱᠲᠠᠶ ᠬᠢᠵᠦ᠂ | 2015 ᠣᠨ ᠤ ᠳᠠᠭᠠᠭᠤᠯᠢ ᠤᠳᠤᠨ ᠤ ᠵᠢᠷᠤᠭ ᠢᠶᠠᠷ ᠬᠠᠤᠯᠢ ᠬᠡᠷᠡᠭᠵᠢᠭᠦᠯᠬᠦ ᠠᠵᠢᠯ ᠢ ᠪᠦᠬᠦ ᠬᠦᠴᠦᠨ ᠢᠶᠠᠷ ᠢᠶᠠᠨ | ᠰᠠᠶᠢᠲᠤᠷ ᠬᠢᠬᠦ ᠬᠡᠷᠡᠭᠲᠡᠶ᠃ ᠨᠢᠭᠡ ᠳᠤ᠂ ᠭᠤᠷᠪᠠᠨ ᠲᠠᠯ᠎ᠠ ᠶᠢᠨ ᠠᠵᠢᠯ ᠤᠨ ᠵᠤᠯᠭᠠᠯᠲᠠ ᠶᠢ ᠰᠠᠶᠢᠲᠤᠷ ᠬᠢᠬᠦ ᠬᠡᠷᠡᠭᠲᠡᠢ᠂ | ᠲᠤᠬᠠᠶᠢᠯᠠᠪᠠᠯ ᠳᠠᠭᠠᠭᠤᠯᠢ ᠤᠳᠤᠨ ᠤ ᠵᠢᠷᠤᠭ ᠢᠶᠠᠷ ᠬᠠᠤᠯᠢ ᠬᠡᠷᠡᠭᠵᠢᠭᠦᠯᠬᠦ ᠠᠵᠢᠯ ᠪᠠ ᠭᠠᠵᠠᠷ ᠲᠠᠷᠢᠶᠠᠨ ᠤ | ᠬᠤᠪᠢᠷᠠᠭᠤᠯᠤᠯᠲᠠ ᠶᠢᠨ ᠪᠠᠶᠢᠴᠠᠭᠠᠯᠲᠠ ᠲᠠᠢ ᠬᠠᠷᠢᠯᠴᠠᠨ ᠵᠤᠯᠭᠠᠭᠤᠯᠬᠤ᠂ ᠲᠣᠭᠲᠠᠮᠠᠯ ᠬᠤᠭᠤᠴᠠᠭ᠎ᠠ ᠲᠠᠢ ᠪᠠᠷ ᠬᠢᠨᠠᠨ | ᠪᠠᠶᠢᠴᠠᠭᠠᠬᠤ ᠲᠠᠢ ᠬᠠᠷᠢᠯᠴᠠᠨ ᠵᠤᠯᠭᠠᠭᠤᠯᠬᠤ᠂ ᠡᠳᠦᠷ ᠲᠤᠳᠤᠮ ᠤᠨ ᠬᠢᠨᠠᠯᠲᠠ ᠬᠠᠮᠢᠶᠠᠷᠤᠯᠲᠠ ᠲᠠᠢ ᠬᠠᠷᠢᠯᠴᠠ | ᠵᠣᠯᠭᠠᠯᠳᠤᠭᠤᠯᠬᠤ ᠬᠡᠷᠡᠭᠲᠡᠶ᠃ ᠬᠤᠶᠠᠷ ᠲᠤ᠂ ᠬᠤᠶᠠᠷ ᠲᠦᠷᠤ ᠶᠢᠨ ᠪᠤᠳᠤᠯᠭ᠎ᠠ ᠶᠢ ᠰᠠᠶᠢᠲᠤᠷ ᠡᠵᠡᠮᠳᠡᠬᠦ ᠬᠡᠷᠡᠭᠲᠡᠢ᠂ | ᠲᠤᠬᠠᠶᠢᠯᠠᠪᠠᠯ ︽ᠴᠤᠯᠤ15% ᠶᠢᠨ ᠬᠠᠷᠢᠴᠠᠯ ᠤᠨ ᠤᠨᠤᠯ︾ ᠠᠴᠠ ᠵᠠᠶᠢᠯᠠᠰᠬᠢᠬᠤ ᠪᠠ ᠪᠠᠶᠢᠴᠠᠭᠠᠨ ᠰᠢᠢᠳᠪᠦᠷᠢᠯᠡᠵᠦ | ᠴᠡᠭᠴᠡᠯᠡᠨ ᠥᠭᠡᠷᠡᠴᠢᠯᠡᠬᠦ ᠠᠵᠢᠯ ᠢ ᠰᠠᠶᠢᠲᠤᠷ ᠬᠢᠬᠦ ᠬᠡᠷᠡᠭᠲᠡᠢ᠃ ᠭᠤᠷᠪᠠ ᠳᠤ᠂ ᠡᠯ᠎ᠡ ᠵᠦᠢᠯ ᠤᠨ ᠬᠠᠷᠠᠭᠠᠯᠵᠠᠯ | ᠦᠵᠡᠭᠦᠯᠬᠦ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠭᠦᠢᠴᠡᠳ ᠠᠰᠢᠭᠯᠠᠨ᠂ ᠪᠦᠳᠦᠭᠡᠨ ᠪᠠᠶᠢᠭᠤᠯᠤᠯᠲᠠ ᠶᠢᠨ | ᠳᠦᠷᠦᠯ ᠵᠦᠢᠯ ᠤᠨ ᠬᠠᠤᠯᠢ ᠠᠴᠠ ᠵᠥᠷᠢᠴᠡᠭᠰᠡᠨ ᠪᠠᠶᠢᠳᠠᠯ ᠢ ᠲᠦᠷᠭᠡᠬᠡᠨ ᠠᠷᠢᠯᠭᠠᠵᠤ᠂ ᠬᠠᠤᠯᠢ ᠵᠥᠷᠢᠴᠡᠨ ᠭᠠᠵᠠᠷ | ᠬᠡᠷᠡᠭᠯᠡᠬᠦ ᠬᠠᠷᠢᠴᠠᠯ ᠢ ᠪᠠᠭᠤᠷᠠᠭᠤᠯᠬᠤ ᠬᠡᠷᠡᠭᠲᠡᠶ᠃ ᠳᠦᠷᠪᠡ ᠳᠤ᠂ ᠡᠯ᠎ᠡ ᠭᠠᠵᠠᠷ ᠤᠨ ᠪᠣᠳᠠᠲᠤ ᠪᠠᠶᠢᠳᠠᠯ ᠢ | ᠦᠨᠳᠦᠰᠦᠯᠡᠨ ᠫᠠᠶᠢᠰᠠ ᠡᠯᠭᠦᠨ ᠰᠢᠮᠳᠠᠭᠤᠯᠤᠨ ᠭᠦᠢᠴᠡᠳᠬᠡᠯᠭᠡᠬᠦ ᠵᠡᠷᠭᠡ ᠠᠵᠢᠯ ᠢ ᠰᠠᠶᠢᠲᠤᠷ ᠬᠢᠵᠦ᠂ | ᠰᠠᠨᠠᠭᠠᠴᠢᠯᠠᠭ᠎ᠠ ᠲᠠᠢ ᠪᠠᠶᠢᠷᠢᠨ ᠳᠤ ᠪᠠᠶᠢᠬᠤ ᠬᠡᠷᠡᠭᠲᠡᠶ ᠭᠡᠪᠡ᠃ ᠸᠠᠩ ᠹᠦ᠋ ᠶᠢᠤ ᠳᠡᠳ᠋ ᠲᠢᠩᠬᠢᠮ ᠤᠨ ᠳᠠᠷᠤᠭ᠎ᠠ | ᠴᠢᠬᠤᠯᠠᠴᠢᠯᠠᠭᠰᠠᠨ ᠨᠢ᠂ ᠶᠠᠮᠤᠨ ᠤ ᠲᠣᠭᠲᠠᠭᠠᠭᠰᠠᠨ 7 ᠭᠠᠳᠠᠨᠠᠬᠢ ᠠᠵᠢᠯ ᠤᠨ ᠬᠢᠨᠠᠨ ᠪᠠᠶᠢᠴᠠᠭᠠᠬᠤ | ᠭᠤᠣᠯᠳᠠᠯᠭ᠎ᠠ ᠲᠠᠢ ᠭᠠᠵᠠᠷ ᠣᠷᠣᠨ ᠪᠠ ᠶᠠᠮᠤᠨ ᠤ ᠪᠠᠭᠤᠯᠭᠠᠭᠰᠠᠨ 18 ᠶᠡᠭᠡ ᠵᠢᠷᠤᠭ ᠲᠠᠬᠢ ᠲᠣᠯᠪᠤ ᠶᠢ ᠤᠯᠠᠮ ᠨᠢᠭᠡ | ᠠᠯᠬᠤᠮ ᠬᠢᠨᠠᠨ ᠬᠠᠷᠭᠤᠭᠤᠯᠬᠤ ᠵᠢᠴᠢ ᠵᠠᠰᠠᠮᠠᠯ ᠵᠠᠮ ᠲᠡᠮᠦᠷ ᠵᠠᠮ ᠨᠢᠰᠬᠡᠯ ᠤᠨ ᠪᠠᠭᠤᠳᠠᠯ ᠤᠨ ᠪᠥᠳᠥᠭᠡᠨ | ᠪᠠᠶᠢᠭᠤᠯᠤᠯᠲᠠ ᠶᠢᠨ ᠲᠥᠷᠥᠯ ᠵᠦᠢᠯ ᠤᠨ ᠪᠠᠶᠢᠴᠠᠭᠠᠨ ᠲᠣᠳᠣᠷᠬᠠᠶᠢᠯᠠᠬᠤ ᠪᠠ ᠭᠤᠯᠹ ᠪᠥᠮᠪᠦᠭᠡ ᠶᠢᠨ ᠲᠠᠯᠠᠪᠤᠷ ᠢ | ᠴᠡᠭᠴᠡᠯᠡᠵᠦ ᠵᠠᠰᠠᠬᠤ ᠪᠣᠯ ᠳᠠᠷᠠᠭᠠᠴᠢ ᠶᠢᠨ ᠠᠯᠬᠤᠮ ᠤᠨ ᠠᠵᠢᠯ ᠤᠨ ᠭᠤᠣᠯᠳᠠᠯᠭ᠎ᠠ ᠪᠤᠯᠬᠤᠷ᠂ ᠳᠡᠭᠡᠳᠦ ᠬᠡᠮᠵᠢᠶ᠎ᠡ ᠪᠠᠷ | ᠴᠢᠬᠤᠯᠠᠴᠢᠯᠠᠨ ᠦᠵᠡᠵᠦ᠂ ᠤᠨᠤᠪᠴᠢᠲᠠᠢ ᠪᠦᠭᠡᠳ ᠪᠣᠳᠠᠲᠠᠶ ᠠᠳᠬᠤᠬᠤ ᠶᠢ ᠦᠨᠡᠨ ᠬᠦ ᠪᠠᠲᠤᠯᠠᠵᠤ᠂ ᠳᠠᠯᠳᠠ ᠭᠡᠮ | ᠦᠯᠡᠳᠡᠭᠡᠬᠦ ᠦᠭᠡᠶ ᠭᠡᠪᠡ᠃ | ᠲᠤᠰ ᠤᠳᠠᠭᠠᠨ ᠤ ᠬᠤᠷᠠᠯ ᠨᠢ ᠵᠣᠷᠢᠭ ᠰᠠᠨᠠᠭ᠎ᠠ ᠶᠢ ᠬᠦᠪᠴᠢᠯᠡᠨ᠂ ᠴᠤᠭ ᠰᠦᠯᠳᠡ ᠶᠢ ᠬᠦᠭᠵᠢᠭᠡᠵᠦ᠂ | ᠳᠠᠭᠠᠭᠤᠯᠢ ᠤᠳᠤᠨ ᠤ ᠵᠢᠷᠤᠭ ᠤᠨ ᠠᠵᠢᠯ ᠢ ᠤᠯᠠᠮ ᠨᠢᠭᠡ ᠠᠯᠬᠤᠮ ᠲᠦᠯᠬᠢᠨ ᠠᠬᠢᠭᠤᠯᠵᠤ᠂ ᠤᠯᠤᠰ ᠤᠨ ᠭᠠᠵᠠᠷ | ᠰᠢᠷᠤᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠡᠮᠬᠢ ᠵᠢᠷᠤᠮ ᠢ ᠬᠠᠮᠠᠭᠠᠯᠠᠬᠤ ᠳᠤ ᠴᠢᠬᠤᠯᠠ ᠦᠢᠯᠡᠳᠦᠯ | ᠭᠠᠷᠭᠠᠬᠤ ᠪᠤᠯᠤᠨ᠎ᠠ᠃ |