| 3 ᠳ᠋ᠤᠭᠠᠷ ᠰᠠᠷ᠎ᠠ ᠶᠢᠨ 3 ᠤ ᠦᠳᠡ ᠶᠢᠨ ᠬᠤᠶᠢᠨ᠎ᠠ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠦᠷᠪᠡᠳᠦᠭᠡᠷ ᠬᠤᠷᠠᠯ ᠳᠤ ᠤᠷᠤᠯᠴᠠᠬᠤ ᠦᠪᠦᠷ | ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠰᠠᠭᠤᠭ᠎ᠠ ᠭᠠᠵᠠᠷ ᠲᠠᠭᠠᠨ ᠪᠦᠬᠦᠳᠠ ᠬᠤᠷᠠᠯ ᠬᠢᠪᠠ᠃ | ᠦᠪᠡᠷᠳᠡᠭᠡᠨ ᠵᠠᠰᠬᠠᠤ ᠤᠷᠤᠨ ᠤ ᠨᠠᠮ ᠤᠨ ᠬᠤᠷᠢᠶ᠎ᠠ ᠶᠢᠨ ᠱᠦᠵᠢ ᠸᠠᠩ ᠵᠢᠶᠦ᠋ᠨ ᠬᠤᠷᠠᠯ ᠡᠷᠬᠢᠯᠡᠪᠡ᠃ | ᠬᠤᠷᠠᠯ ᠠᠴᠠ ᠸᠠᠩ ᠵᠢᠶᠦ᠋ᠨ ᠢ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠤᠨ ᠲᠠᠷᠤᠭ᠎ᠠ ᠪᠠᠷ | ᠳᠡᠪᠰᠢᠭᠦᠯᠦᠨ ᠰᠤᠩᠭᠤᠵᠤ᠂ ᠪᠠᠭᠠᠳᠤᠷ᠂ ᠤᠯᠠᠭᠠᠨ᠂ ᠬᠤᠷᠴᠠ᠂ ᠯᠢ ᠷᠦᠡᠭ ᠰᠢ᠂ ᠯᠢᠶᠠᠨ ᠰᠦ᠋ ᠶᠢ ᠪᠦᠯᠬᠦᠮ ᠤᠨ | ᠲᠠᠳ᠋ ᠲᠠᠷᠤᠭ᠎ᠠ ᠪᠠᠷ ᠳᠡᠪᠰᠢᠭᠦᠯᠦᠨ ᠰᠤᠩᠭᠤᠪᠠ᠃ ᠬᠤᠷᠠᠯ ᠠᠴᠠ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠦᠷᠪᠡᠳᠦᠭᠡᠷ ᠬᠤᠷᠠᠯ ᠤᠨ ᠲᠡᠷᠢᠬᠦᠯᠡᠭᠴᠢᠳ | ᠤᠨ ᠪᠦᠯᠬᠦᠮ ᠪᠠ ᠨᠠᠷᠢᠨ ᠪᠢᠴᠢᠭ ᠤᠨ ᠲᠠᠷᠤᠭ᠎ᠠ ᠶᠢᠨ ᠨᠠᠷᠠᠰ ᠤᠨ ᠲᠦᠰᠦᠯ᠂ ᠬᠤᠷᠠᠯ ᠤᠨ ᠵᠦᠪᠯᠡᠬᠦ ᠵᠦᠢᠯ ᠤᠨ | ᠲᠦᠰᠦᠯ ᠵᠡᠷᠭᠡ ᠵᠦᠢᠯᠡᠰ ᠢ ᠬᠢᠨᠡᠨ | ᠵᠦᠪᠯᠡᠪᠠ᠃ | ᠸᠠᠩ ᠵᠢᠶᠦ᠋ᠨ ᠵᠢᠭᠠᠵᠤ ᠭᠠᠷᠭᠠᠭᠰᠠᠨ ᠨᠢ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠦᠷᠪᠡᠳᠦᠭᠡᠷ ᠬᠤᠷᠠᠯ ᠪᠣᠯ ᠮᠠᠨ ᠤ ᠤᠯᠤᠰ ᠤᠨ ᠤᠯᠤᠰ | ᠲᠦᠷᠦ ᠶᠢᠨ ᠠᠮᠢᠳᠤᠷᠠᠯ ᠲᠤᠮᠳᠠᠬᠢ ᠨᠢᠭᠡᠨ ᠲᠤᠮᠤ ᠶᠠᠪᠤᠳᠠᠯ ᠪᠤᠯᠤᠨ᠎ᠠ᠂ ᠮᠦᠨᠴᠤ ᠨᠠᠮ ᠤᠨ ᠠᠷᠪᠠᠨ ᠨᠠᠢᠮᠠᠳᠤᠭᠠᠷ | ᠶᠡᠭᠡ ᠬᠤᠷᠠᠯ ᠪᠠ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶ᠎ᠠ ᠶᠢᠨ ᠭᠤᠷᠪᠠᠳᠤᠭᠠᠷ᠂ ᠲᠦᠷᠪᠡᠳᠦᠭᠡᠷ᠂ | ᠳᠠᠪᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ | ᠪᠦᠬᠦ ᠤᠯᠤᠰ ᠤᠨ ᠠᠷᠠᠳ ᠲᠦᠮᠡᠨ ᠤ ᠤᠶᠤᠨ ᠤᠬᠠᠭᠠᠨ ᠪᠠ ᠬᠦᠴᠦᠨ ᠴᠢᠳᠠᠯ ᠢ ᠴᠢᠨᠠᠭᠰᠢᠳᠠ ᠨᠢᠭᠳᠠᠷᠠᠭᠤᠯᠵᠤ᠂ | ︽ᠲᠦᠷᠪᠡᠨ ᠪᠦᠬᠦ ᠲᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠪᠦᠬᠦ ᠲᠠᠯ᠎ᠠ ᠪᠠᠷ | ᠠᠬᠢᠭᠤᠯᠵᠤ᠂ ︽13.5︾ ᠶᠢᠨ ᠲᠦᠯᠦᠪᠵᠢᠭᠦᠯᠭᠡ ᠶᠢ ᠤᠷᠤᠭᠰᠢᠳᠠᠢ ᠡᠬᠢᠯᠡᠭᠦᠯᠵᠤ᠂ ᠴᠢᠨᠡᠭᠡᠯᠢᠭ ᠨᠡᠶᠢᠭᠡᠮ ᠢ ᠪᠦᠬᠦ | ᠲᠠᠯ᠎ᠠ ᠪᠠᠷ ᠪᠡᠶᠡᠯᠡᠭᠦᠯᠬᠦ ᠰᠢᠢᠳᠪᠤᠷᠢᠳᠤ ᠱᠠᠳᠤᠨ ᠤ ᠰᠠᠶᠢᠨ ᠡᠬᠢᠯᠡᠯᠳᠠ ᠶᠢ ᠪᠡᠶᠡᠯᠡᠭᠦᠯᠬᠦ ᠳᠤ ᠲᠦᠢᠯ ᠤᠨ ᠴᠢᠬᠤᠯᠠ | ᠠᠴᠢ ᠬᠤᠯᠪᠤᠭᠳᠠᠯ ᠲᠠᠢ ᠭᠡᠵᠡᠢ᠃ | ᠸᠠᠩ ᠵᠢᠶᠦ᠋ᠨ ᠱᠠᠭᠠᠷᠳᠠᠭᠰᠠᠨ ᠨᠢ᠂ ᠲᠦᠯᠦᠭᠡᠯᠡᠭᠴᠢ ᠨᠠᠷ ᠰᠢ ᠶᠢᠨ ᠫᠢᠩ ᠨᠦᠬᠦᠷ ᠢᠶᠠᠷ ᠶᠡᠷᠦᠩᠭᠡᠢ ᠱᠦᠵᠢ | ᠪᠤᠯᠭᠠᠭᠰᠠᠨ ᠨᠠᠮ ᠤᠨ ᠲᠦᠪ ᠬᠤᠷᠢᠶ᠎ᠠ ᠲᠠᠢ ᠲᠡᠭᠡᠳᠤ ᠬᠡᠮᠵᠢᠶ᠎ᠡ ᠪᠠᠷ ᠨᠢᠭᠡᠳᠦᠯᠳᠡᠢ ᠪᠠᠶᠢᠵᠤ᠂ ᠭᠡᠭᠦᠳᠡᠭ ᠲᠦᠭᠦᠷᠡᠩ | ᠤᠯᠤᠰ ᠲᠦᠷᠦ ᠶᠢᠨ ᠬᠠᠯᠠᠭᠤᠨ ᠰᠡᠳᠬᠢᠯᠭᠡ ᠪᠠ ᠴᠢᠩᠭ᠎ᠠ ᠳᠤᠯᠭᠠᠮ᠎ᠠ ᠳᠡᠦᠬᠡᠨ ᠡᠭᠦᠷᠭᠡᠳᠦ ᠰᠡᠳᠬᠢᠯᠭᠡ ᠪᠠᠷ ᠨᠠᠮ ᠪᠠ | ᠤᠯᠤᠰ ᠤᠨ ᠪᠦᠬᠦ ᠲᠠᠯ᠎ᠠ ᠶᠢᠨ ᠦᠨᠳᠦᠷᠴᠡ ᠳᠤ ᠵᠤᠭᠰᠤᠨ ᠬᠤᠷᠠᠯ ᠤᠨ ᠭᠤᠤᠯ ᠰᠡᠳᠦᠪ ᠲᠤ ᠠᠩᠬᠠᠷᠤᠯ ᠢᠶᠠᠨ | ᠲᠦᠪᠯᠡᠷᠡᠭᠦᠯᠵᠤ᠂ ᠬᠠᠤᠯᠢ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠬᠦᠢᠴᠡᠳᠭᠡᠨ ︽12.5︾ ᠶᠢᠨ | ᠲᠥᠯᠥᠪᠵᠢᠭᠦᠯᠭᠡ ᠶᠢᠨ ᠤᠨ ᠠᠮᠵᠢᠯᠳᠠ᠂ ᠤᠨᠴᠠᠭᠠᠢᠢᠯᠠᠨ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ | ᠨᠠᠰᠢᠬᠢ ᠮᠠᠨ ᠤ ᠤᠷᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠠᠤᠭ᠎ᠠ ᠠᠮᠵᠢᠯᠳᠠ ᠶᠢ ᠬᠦᠢᠴᠡᠳ | ᠲᠠᠯᠬᠡᠵᠤ᠂ ᠦᠪᠡᠷᠳᠡᠭᠡᠨ ᠵᠠᠰᠠᠬᠤ ᠤᠷᠤᠨ ᠤ ︽13.5︾ ᠶᠢᠨ ᠲᠥᠯᠥᠪᠵᠢᠭᠦᠯᠭᠡ ᠶᠢᠨ ᠬᠦᠭᠵᠢᠯᠳᠡ ᠶᠢᠨ | ᠰᠡᠳᠬᠢᠴᠡ᠂ ᠬᠦᠭᠵᠢᠯᠳᠡ ᠶᠢᠨ ᠤᠢᠢᠯᠠᠭᠠᠭᠳᠠᠬᠤᠨ ᠪᠤᠯᠤᠨ ᠴᠢᠬᠤᠯᠠ ᠠᠷᠭ᠎ᠠ ᠬᠡᠮᠵᠢᠶ᠎ᠡ ᠶᠢ ᠬᠦᠢᠴᠡᠳ ᠳᠤᠰᠬᠠᠵᠤ᠂ | ᠠᠷᠠᠳ ᠤᠯᠠᠨ ᠤ ᠬᠦᠰᠡᠯ ᠱᠠᠭᠠᠷᠳᠠᠯᠭ᠎ᠠ ᠶᠢ ᠬᠦᠢᠴᠡᠳ ᠲᠤᠰᠬᠠᠵᠤ᠂ ᠦᠵᠠᠯ ᠰᠠᠨᠠᠭ᠎ᠠ ᠪᠤᠯᠤᠨ ᠦᠢᠯᠡ | ᠠᠵᠢᠯᠯᠠᠭ᠎ᠠ ᠪᠠᠨ ᠲᠦᠪ ᠤᠨ ᠪᠠᠶᠢᠳᠠᠯ ᠤᠨ ᠲᠤᠬᠠᠢ ᠵᠠᠳᠠᠯᠤᠯᠳᠠ ᠮᠠᠭᠠᠳᠯᠠᠯᠳᠠ ᠪᠠ ᠠᠵᠤ ᠠᠬᠤᠢ ᠶᠢᠨ | ᠬᠦᠭᠵᠢᠯᠳᠡ ᠶᠢᠨ ᠰᠢᠢᠳᠪᠤᠷᠢᠳᠤ ᠪᠤᠳᠤᠯᠭ᠎ᠠ ᠶᠢᠨ ᠪᠠᠶᠢᠷᠢᠯᠠᠭᠤᠯᠤᠯᠳᠠ ᠲᠡᠭᠡᠷ᠎ᠠ ᠨᠢᠭᠡᠳᠭᠡᠵᠦ᠂ ᠬᠠᠤᠯᠢ ᠳᠤ | ᠳᠤᠭᠳᠠᠭᠠᠭᠰᠠᠨ ᠡᠮᠬᠢ ᠳᠠᠷᠠᠭᠠᠯᠠᠯ ᠢᠶᠠᠷ ᠲᠦᠪ ᠤᠨ ᠰᠢᠢᠳᠪᠤᠷᠢᠳᠤ ᠪᠤᠳᠤᠯᠭ᠎ᠠ ᠶᠢᠨ ᠵᠤᠷᠢᠭ ᠰᠠᠨᠠᠭ᠎ᠠ ᠶᠢ ᠤᠯᠤᠰ ᠤᠨ | ᠵᠤᠷᠢᠯᠳᠡ ᠪᠤᠯᠤᠨ ᠲᠦᠷᠢᠮ ᠤᠨ ᠳᠤᠬᠢᠷᠠᠭᠤᠯᠤᠯᠳᠠ ᠪᠤᠯᠭᠠᠨ ᠬᠤᠪᠢᠷᠠᠭᠤᠯᠬᠤ ᠬᠡᠷᠡᠭᠳᠡᠢ᠃ ᠳᠠᠨᠠᠷ ᠨᠠᠮ ᠪᠠ ᠠᠷᠠᠳ | ᠲᠦᠮᠡᠨ ᠤ ᠬᠦᠨᠳᠦ ᠨᠠᠶᠢᠳᠠᠯᠭ᠎ᠠ ᠶᠢ ᠬᠦᠰᠡᠷᠳᠡᠭᠦᠯᠦᠯ ᠦᠭᠡᠢ ᠪᠠᠷ ᠶᠡᠭᠡ ᠬᠤᠷᠠᠯ ᠤᠨ ᠡᠯ᠎ᠠ ᠵᠦᠢᠯ ᠤᠨ ᠡᠭᠦᠷᠭᠡ ᠶᠢ | ᠠᠮᠵᠢᠯᠳᠠ ᠲᠠᠢ ᠪᠠᠶᠠᠯᠠᠭᠦᠯᠵᠤ᠂ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠤᠨ ᠦᠵᠡᠭᠦᠯᠪᠡᠰᠦ ᠵᠤᠬᠢᠬᠤ | ᠬᠤᠪᠢ ᠨᠡᠮᠡᠷᠢ ᠪᠠᠨ ᠦᠵᠡᠭᠦᠯᠬᠦ ᠶᠢ ᠬᠦᠰᠡᠵᠤ ᠪᠠᠶᠢᠨ᠎ᠠ ᠭᠡᠪᠡ᠃ | ᠬᠤᠷᠠᠯ ᠠᠴᠠ᠂ ︽ᠬᠦᠯᠦᠨ ᠨᠠᠭᠤᠷ ᠤᠨ ᠤᠷᠤᠰᠬᠠᠯ ᠲᠠᠭᠠᠤ ᠤᠷᠤᠨ ᠤ ᠠᠮᠢ ᠠᠬᠤᠢ ᠪᠤᠯᠤᠨ ᠤᠷᠴᠢᠨ | ᠲᠤᠭᠤᠷᠢᠨ ᠢ ᠶᠡᠷᠦᠩᠭᠡᠶᠢᠯᠡᠨ ᠵᠠᠰᠠᠬᠤ ᠶᠢ ᠲᠡᠮᠵᠢᠬᠦ︾᠂ ︽ᠦᠪᠦᠷ ᠮᠤᠩᠭᠤᠯ ᠤᠨ ᠠᠶᠠᠨᠴᠢᠨ ᠤ ᠵᠦᠭᠡᠭᠡᠪᠦᠷᠢ ᠶᠢᠨ | ᠲᠦᠷᠭᠡᠨ ᠤ ᠲᠠᠮᠤᠷ ᠵᠠᠮ ᠤᠨ ᠪᠦᠳᠦᠭᠡᠨ ᠪᠠᠶᠢᠭᠤᠯᠤᠯᠳᠠ ᠶᠢ ᠤᠯᠤᠰ ᠤᠨ ᠲᠠᠮᠤᠷ ᠵᠠᠮ ᠤᠨ ︿13.5﹀ ᠶᠢᠨ | ᠲᠦᠯᠦᠪᠵᠢᠭᠦᠯᠭᠡ ᠳᠤ ᠤᠷᠤᠭᠤᠯᠬᠤ︾᠂ ︽ᠦᠪᠦᠷ ᠮᠤᠩᠭᠤᠯ ᠤᠨ ᠴᠠᠬᠢᠯᠭᠠᠨ ᠬᠦᠴᠤᠨ ᠢ ᠭᠠᠳᠠᠭᠰᠢ ᠬᠦᠷᠭᠡᠬᠦ | ᠵᠠᠮ ᠱᠤᠭᠤᠮ ᠤᠨ ᠪᠦᠳᠦᠬᠡᠨ ᠪᠠᠶᠢᠭᠤᠯᠤᠯᠳᠠ ᠶᠢ ᠴᠢᠨᠠᠭᠰᠢᠳᠠ ᠴᠢᠩᠭᠠᠳᠬᠠᠬᠤ︾ ᠵᠡᠷᠭᠡ ᠭᠤᠷᠪᠠᠨ ᠰᠠᠨᠠᠭᠤᠯᠭ᠎ᠠ ᠶᠢ | ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠭᠦᠮ ᠤᠨ ᠪᠦᠯᠭᠦᠮ ᠤᠨ ᠰᠠᠨᠠᠭᠤᠯᠭ᠎ᠠ ᠪᠤᠯᠭᠠᠨ ᠶᠡᠭᠡ ᠬᠤᠷᠠᠯ ᠳᠤ | ᠲᠡᠪᠰᠢᠭᠦᠯᠬᠦ ᠪᠠᠷ | ᠲᠤᠭᠳᠠᠪᠠ᠃ | ᠬᠤᠷᠠᠯ ᠳᠡᠭᠡᠷ᠎ᠡ᠂ ᠬᠤᠷᠴᠠ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠡᠭᠭᠤ ᠶᠢᠨ ᠬᠤᠷᠢᠶ᠎ᠠ ᠶᠢᠨ ᠡᠯ᠎ᠡ ᠲᠦᠯᠦᠭᠡᠯᠡᠭᠴᠢᠳ ᠤᠨ ᠪᠦᠯᠭᠦᠮ ᠤᠨ ᠴᠤᠭᠯᠠᠭᠤᠯᠤᠭᠴᠢ ᠶᠢᠨ ᠬᠤᠷᠠᠯ ᠤᠨ | ᠵᠤᠷᠢᠭ ᠰᠠᠨᠠᠭ᠎ᠠ ᠶᠢ ᠤᠯᠠᠮᠵᠢᠯᠠᠪᠠ᠃ | ᠶᠦᠨ ᠹᠧᠩ᠂ ᠴᠠᠩ ᠵᠢᠶᠦ᠋ᠨ ᠵᠧᠩ᠂ ᠯᠢᠶᠠᠩ ᠲᠢᠶᠧ ᠴᠧᠩ᠂ ᠬᠤ᠋ ᠢ ᠹᠧᠩ᠂ ᠮᠠ ᠶᠦᠩ ᠱᠧᠩ ᠵᠢᠴᠢ | ᠪᠦᠬᠦ ᠲᠦᠯᠦᠭᠡᠯᠡᠭᠴᠢ ᠬᠤᠷᠠᠯ ᠳᠤ ᠤᠷᠤᠯᠴᠠᠪᠠ᠃ |