ᠮᠠᠨ ᠤ ᠣᠷᠣᠨ ᠡᠨᠡ ᠵᠢᠯ ᠬᠥᠳᠡᠭᠡ ᠲᠣᠰᠬᠤᠨ ᠤ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠤᠬᠠᠭᠠᠨ ᠤ ᠰᠤᠷᠤᠭᠴᠢ 110 ᠬᠥᠮᠦᠨ ᠡᠯᠰᠡᠬᠦ ᠪᠠᠷ ᠲᠥᠯᠥᠪᠯᠡᠪᠡ
ᠨᠡᠶᠢᠲᠡᠯᠡᠭᠰᠡᠨ ᠴᠠᠭ᠄
2016/5/19
       ᠣᠷᠴᠢᠮᠬᠠᠨ ᠳᠤ᠂ ᠤᠯᠤᠰ ᠤᠨ ᠡᠷᠡᠭᠦᠯ ᠬᠠᠮᠠᠭᠠᠯᠠᠯ ᠪᠣᠯᠤᠨ ᠲᠥᠯᠥᠪᠯᠡᠭᠡᠲᠦ ᠦᠷᠡᠵᠢᠯ ᠤᠨ ᠠᠵᠢᠯ ᠤᠨ ᠵᠥᠪᠯᠡᠯ᠂ ᠰᠤᠷᠭᠠᠨ ᠬᠥᠮᠦᠵᠢᠯ ᠤᠨ ᠶᠠᠮᠤᠨ ᠠᠴᠠ ᠮᠠᠨ ᠤ ᠣᠷᠣᠨ ᠤ ᠬᠥᠳᠡᠭᠡ ᠲᠣᠰᠬᠤᠨ ᠤ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠤᠬᠠᠭᠠᠨ ᠤ ᠰᠤᠷᠤᠭᠴᠢ 110 ᠬᠥᠮᠦᠨ ᠢ ᠬᠥᠮᠦᠵᠢᠭᠦᠯᠬᠦ ᠲᠥᠯᠥᠪᠯᠡᠪᠡ ᠶᠢ ᠬᠢᠨᠠᠨ ᠲᠣᠭᠲᠠᠭᠠᠪᠠ᠃ ᠡᠭᠦᠨ ᠳᠤ᠄ ᠡᠮᠴᠢᠯᠡᠭᠡᠨ ᠤ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 50 ᠬᠥᠮᠦᠨ᠂ ᠬᠢᠲᠠᠳ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 20 ᠬᠥᠮᠦᠨ᠂ ᠮᠣᠩᠭᠤᠯ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 40 ᠬᠥᠮᠦᠨ ᠪᠠᠭᠲᠠᠨ᠎ᠠ᠃ ᠶᠡᠭᠡ ᠰᠤᠷᠭᠠᠭᠤᠯᠢ ᠳᠡᠭᠡᠳᠦ ᠰᠤᠷᠭᠠᠭᠤᠯᠢ ᠳᠤ ᠬᠤᠪᠢᠶᠠᠭᠰᠠᠨ ᠪᠣᠳᠠᠲᠠᠶ ᠲᠥᠯᠥᠪᠯᠡᠭᠡ ᠪᠣᠯ᠄ ᠥᠪᠥᠷ ᠮᠣᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠳᠤ 65 ᠬᠥᠮᠦᠨ ︵ᠡᠭᠦᠨ ᠳᠤ᠄ ᠡᠮᠴᠢᠯᠡᠭᠡᠨ ᠤ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 25 ᠬᠥᠮᠦᠨ᠂ ᠮᠣᠩᠭᠤᠯ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 20 ᠬᠥᠮᠦᠨ᠂ ᠬᠢᠲᠠᠳ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 20 ᠬᠥᠮᠥᠨ︶ ᠡᠯᠰᠡᠨ᠎ᠡ︔ ᠪᠤᠭᠤᠲᠤ ᠶᠢᠨ ᠡᠮᠨᠡᠯᠭᠡ ᠶᠢᠨ ᠳᠡᠭᠡᠳᠦ ᠰᠤᠷᠭᠠᠭᠤᠯᠢ ᠳᠤ 25 ᠬᠥᠮᠦᠨ ︵ᠡᠮᠴᠢᠯᠡᠭᠡᠨ ᠤ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 25 ᠬᠥᠮᠥᠨ︶ ᠡᠯᠰᠡᠨ᠎ᠡ︔ ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠤᠨ 20 ᠬᠥᠮᠦᠨ ︵ᠮᠣᠩᠭᠤᠯ ᠠᠨᠠᠭᠠᠬᠤ ᠤᠬᠠᠭᠠᠨ ᠤ ᠲᠤᠰᠬᠠᠶ ᠮᠡᠷᠭᠡᠵᠢᠯ ᠤᠨ 20 ᠬᠥᠮᠦᠨ︶ ᠡᠯᠰᠡᠨ᠎ᠡ᠃      ᠮᠠᠯᠵᠢᠬᠤ ᠲᠠᠷᠢᠶᠠᠯᠠᠬᠤ ᠣᠷᠣᠨ ᠤ ᠡᠪᠡᠳᠴᠢᠨ ᠦᠵᠡᠭᠦᠯᠬᠦ ᠳᠤ ᠬᠦᠴᠢᠷᠲᠡᠶ ᠪᠠᠶᠢᠬᠤ ᠠᠰᠠᠭᠤᠳᠠᠯ ᠢ ᠰᠶᠢᠳᠪᠦᠷᠢᠯᠡᠵᠦ᠂ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠤᠯᠠᠨ ᠨᠡᠶᠢᠲᠡ ᠶᠢᠨ ᠦᠢᠯᠡᠴᠢᠯᠡᠭᠡ ᠶᠢ ᠪᠠᠲᠤᠯᠠᠬᠤ ᠴᠢᠳᠠᠪᠤᠷᠢ ᠶᠢ ᠨᠡᠮᠡᠭᠳᠡᠭᠦᠯᠵᠦ᠂ ᠡᠮ ᠡᠮᠨᠡᠯᠭᠡ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠱᠠᠲᠤ ᠬᠤᠪᠢᠶᠠᠨ ᠣᠨᠣᠰᠢᠯᠠᠨ ᠡᠮᠴᠢᠯᠡᠬᠦ ᠲᠦᠷᠢᠮ ᠢ ᠪᠠᠶᠢᠭᠤᠯᠬᠤ ᠳᠤ ᠰᠠᠭᠤᠷᠢ ᠲᠠᠯᠪᠢᠬᠤ ᠶᠢᠨ ᠲᠤᠰᠠᠳᠠ᠂ 2010 ᠣᠨ ᠳᠤ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠡᠷᠡᠭᠦᠯ ᠬᠠᠮᠠᠭᠠᠯᠠᠯ ᠤᠨ ᠶᠠᠮᠤᠨ᠂ ᠰᠤᠷᠭᠠᠨ ᠬᠥᠮᠦᠵᠢᠯ ᠤᠨ ᠶᠠᠮᠤᠨ᠂ ᠡᠳ᠋ ᠤᠨ ᠵᠠᠰᠠᠭ ᠤᠨ ᠶᠠᠮᠤᠨ᠂ ᠬᠥᠮᠦᠨ ᠤ ᠬᠦᠴᠦᠨ ᠤ ᠡᠬᠢ ᠪᠠᠶᠠᠯᠢᠭ ᠪᠣᠯᠤᠨ ᠨᠡᠶᠢᠭᠡᠮ ᠤᠨ ᠪᠠᠲᠤᠯᠠᠭ᠎ᠠ ᠶᠢᠨ ᠶᠠᠮᠤᠨ ᠵᠡᠷᠭᠡ 5 ᠶᠠᠮᠤᠨ ᠵᠥᠪᠯᠡᠯ ᠬᠠᠮᠲᠤᠷᠠᠨ ︽ᠬᠥᠳᠡᠭᠡ ᠲᠣᠰᠬᠤᠨ ᠤ ᠵᠠᠬᠢᠶᠠᠯᠭᠠᠲᠤ ᠪᠠ ᠬᠠᠨᠳᠤᠯᠭᠠᠲᠤ ᠠᠨᠠᠭᠠᠬᠤ ᠤᠬᠠᠭᠠᠨ ᠤ ᠰᠤᠷᠤᠭᠴᠢᠳ ᠢ ᠰᠦᠢᠳᠬᠡᠯ ᠬᠤᠷᠢᠶᠠᠬᠤ ᠦᠭᠡᠢ ᠪᠠᠷ ᠬᠥᠮᠦᠵᠢᠭᠦᠯᠬᠦ ᠠᠵᠢᠯ ᠢ ᠥᠷᠨᠢᠭᠦᠯᠬᠦ ᠶᠢᠨ ᠬᠡᠷᠡᠭᠵᠢᠭᠦᠯᠬᠦ ᠰᠠᠨᠠᠯ ᠤᠨ ᠮᠡᠳᠡᠭᠳᠡᠯ︾᠎ ᠢ ᠬᠠᠮᠲᠤᠷᠠᠨ ᠳᠠᠷᠤᠮᠠᠯᠯᠠᠨ ᠲᠠᠷᠬᠠᠭᠠᠵᠤ᠂ ᠬᠥᠳᠡᠭᠡ ᠲᠣᠰᠬᠤᠨ ᠤ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠤᠬᠠᠭᠠᠨ ᠤ ᠰᠤᠷᠤᠭᠴᠢ ᠬᠥᠮᠦᠵᠢᠭᠦᠯᠬᠦ ᠲᠥᠷᠥᠯ ᠵᠦᠢᠯ ᠢ ᠡᠬᠢᠯᠡᠭᠦᠯᠵᠦ᠂ ᠳᠤᠮᠳᠠ ᠪᠠᠷᠠᠭᠤᠨ ᠬᠡᠰᠡᠭ ᠤᠨ 22 ᠮᠤᠵᠢ ᠬᠤᠲᠠ ᠣᠷᠣᠨ ᠤ ᠰᠢᠶᠠᠩ ᠪᠠᠯᠭᠠᠰᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠪᠦᠷᠢ ᠳᠤ ᠨᠢᠭᠡᠨ ᠪᠦᠬᠦ ᠰᠠᠯᠠᠭᠠᠨ ᠤ ᠡᠮᠴᠢᠯᠡᠭᠡᠨ ᠤ ᠠᠵᠢᠯ ᠬᠢᠬᠦ ᠲᠠᠪᠤᠨ ᠵᠢᠯ ᠤᠨ ᠳᠦᠷᠢᠮᠲᠦ ᠡᠮᠴᠢᠯᠡᠭᠡᠨ ᠤ ᠠᠨᠠᠭᠠᠬᠤ ᠤᠬᠠᠭᠠᠨ ᠤ ᠵᠢᠩᠬᠢᠨᠢ ᠠᠩᠬᠢ ᠠᠴᠠ ᠲᠡᠭᠦᠰᠦᠭᠰᠡᠨ ᠰᠤᠷᠦᠬᠴᠢ ᠬᠥᠮᠥᠵᠢᠭᠦᠯᠵᠦ ᠥᠭᠬᠦ ᠪᠠᠷ ᠪᠣᠯᠪᠠ᠃ ᠤᠯᠤᠰ ᠤᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ᠂ ᠡᠷᠡᠭᠦᠯ ᠬᠠᠮᠠᠭᠠᠯᠠᠯ ᠤᠨ ᠲᠢᠩᠬᠢᠮ᠂ ᠣᠷᠣᠨ ᠲᠣᠭᠠᠨ ᠤ ᠠᠯᠪᠠᠨ ᠭᠡᠷ᠂ ᠰᠤᠷᠭᠠᠨ ᠬᠥᠮᠦᠵᠢᠯ ᠤᠨ ᠲᠢᠩᠬᠢᠮ᠂ ᠡᠳ᠋ ᠤᠨ ᠵᠠᠰᠠᠭ ᠤᠨ ᠲᠢᠩᠬᠢᠮ᠂ ᠬᠥᠮᠦᠨ ᠤ ᠬᠦᠴᠦᠨ ᠤ ᠡᠬᠢ ᠪᠠᠶᠠᠯᠢᠭ ᠪᠣᠯᠣᠨ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠵᠡᠷᠭᠡ 6 ᠵᠥᠪᠯᠡᠯ ᠠᠯᠪᠠᠨ ᠭᠡᠷ ᠲᠢᠩᠬᠢᠮ ᠲᠣᠪᠴᠢᠶ᠎ᠠ ᠬᠠᠮᠲᠤᠷᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠬᠤ ᠮᠠᠯᠵᠢᠬᠤ ᠣᠷᠣᠨ ᠤ ᠵᠠᠬᠢᠶᠠᠯᠭᠠᠲᠤ ᠪᠠ ᠬᠠᠨᠳᠤᠯᠭᠠᠲᠤ ᠠᠨᠠᠭᠠᠬᠤ ᠤᠬᠠᠭᠠᠨ ᠤ ᠰᠦᠢᠳᠬᠡᠯ ᠥᠯᠥ ᠬᠤᠷᠢᠶᠠᠬᠤ ᠰᠤᠷᠤᠭᠴᠢ ᠶᠢ ᠰᠦᠢᠳᠬᠡᠯ ᠬᠤᠷᠢᠶᠠᠬᠤ ᠦᠭᠡᠢ ᠪᠠᠷ ᠬᠥᠮᠦᠵᠢᠭᠦᠯᠬᠦ ᠠᠵᠢᠯ ᠤᠨ ᠬᠡᠷᠡᠭᠵᠢᠭᠦᠯᠬᠦ ᠠᠷᠭ᠎ᠠ︾ ︵ᠥᠪᠥᠷ ᠬᠥᠭᠵᠢᠭᠦᠯᠦᠯᠲᠡ ᠥᠭᠡᠷᠡᠴᠢᠯᠡᠯᠲᠡ ᠨᠡᠶᠢᠭᠡᠮ ᠦᠰᠦᠭ ﹇2010﹈ 1783 ᠳ᠋ᠤᠭᠠᠷ ᠲᠣᠭᠠᠲᠤ︶᠎ ᠶᠢ ᠳᠠᠷᠤᠮᠠᠯᠯᠠᠨ ᠲᠠᠷᠬᠠᠭᠠᠵᠤ᠂ ᠪᠥᠬᠦ ᠣᠷᠣᠨ ᠤ ᠲᠠᠷᠢᠶᠠᠯᠠᠬᠤ ᠮᠠᠯᠵᠢᠬᠤ ᠣᠷᠣᠨ ᠤ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠤᠬᠠᠭᠠᠨ ᠤ ᠰᠤᠷᠤᠭᠴᠢ ᠶᠢ ᠬᠥᠮᠦᠵᠢᠭᠦᠯᠬᠦ ᠲᠥᠷᠥᠯ ᠵᠦᠢᠯ ᠢ ᠵᠣᠬᠢᠶᠠᠨ ᠪᠠᠶᠢᠭᠤᠯᠤᠨ ᠥᠷᠨᠢᠭᠦᠯᠪᠡ᠃ 2010᠎ ᠠᠴᠠ 2015 ᠣᠨ ᠪᠣᠯᠲᠠᠯ᠎ᠠ᠂ ᠪᠦᠬᠦ ᠣᠷᠣᠨ ᠲᠠᠷᠢᠶᠠᠯᠠᠬᠤ ᠮᠠᠯᠵᠢᠬᠤ ᠣᠷᠣᠨ ᠠᠴᠠ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠶᠢᠨ ᠤᠬᠠᠭᠠᠨ ᠤ ᠰᠤᠷᠤᠭᠴᠢ ᠶᠢ ᠨᠡᠶᠢᠲᠡ 1603 ᠬᠥᠮᠦᠨ ᠡᠯᠰᠡᠵᠦ᠂ ᠠᠩᠬ᠎ᠠ ᠡᠯᠰᠡᠭᠰᠡᠨ ᠵᠠᠬᠢᠶᠠᠯᠭᠠᠲᠤ ᠪᠠ ᠬᠠᠨᠳᠤᠯᠭᠠᠲᠤ ᠰᠦᠢᠳᠬᠡᠯ ᠥᠯᠥ ᠬᠤᠷᠢᠶᠠᠬᠤ ᠠᠨᠠᠭᠠᠬᠤ ᠤᠬᠠᠭᠠᠨ ᠤ ᠰᠤᠷᠤᠭᠴᠢᠳ 2015 ᠣᠨ ᠳᠤ ᠨᠢᠭᠡᠨᠲᠡ ᠲᠡᠭᠦᠰᠦᠭᠰᠡᠨ ᠪᠥᠭᠡᠳ ᠡᠮᠨᠡᠯᠭᠡ ᠳᠤ ᠰᠠᠭᠤᠬᠤ ᠭᠠᠵᠠᠷ ᠤᠨ ᠡᠮᠴᠢ ᠶᠢᠨ ᠵᠢᠷᠤᠮᠵᠢᠭᠤᠯᠤᠭᠰᠠᠨ ᠪᠣᠯᠪᠠᠰᠤᠷᠠᠭᠤᠯᠤᠯ ᠳᠤ ᠣᠷᠣᠯᠴᠠᠪᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号