5 ᠳ᠋ᠤᠭᠠᠷ ᠰᠠᠷ᠎ᠠ ᠶᠢᠨ 16 ᠠᠴᠠ 20 ᠤ ᠡᠳᠦᠷ ᠪᠤᠯᠳᠠᠯ᠎ᠠ᠂ ᠤᠯᠤᠰ ᠤᠨ ᠬᠠᠮᠤᠬ ᠤᠨ ᠴᠢᠩᠭ᠎ᠠ ︽ | ᠤᠰᠤᠨ ᠤ ᠡᠬᠢ ᠪᠠᠶᠠᠯᠢᠬ ᠤᠨ ᠬᠠᠮᠢᠶᠠᠷᠤᠯᠳᠠ ᠶᠢᠨ ᠲᠦᠷᠢᠮ︾ ᠢ ᠨᠠᠶᠢᠳᠠᠪᠤᠷᠢᠵᠢᠭᠤᠯᠤᠬᠰᠠᠨ ᠪᠠᠶᠢᠳᠠᠯ ᠢ ᠰᠢᠯᠭᠠᠨ | ᠪᠠᠶᠢᠴᠠᠭᠠᠬᠤ ᠲᠤᠭᠤᠢᠢᠯᠠᠩ ᠮᠠᠨ ᠤ ᠤᠷᠤᠨ ᠤ 2015 ᠤᠨ ᠤ ᠬᠠᠮᠤᠬ ᠤᠨ ᠴᠢᠩᠭ᠎ᠠ ︽ᠤᠰᠤᠨ ᠤ ᠡᠬᠢ | ᠪᠠᠶᠠᠯᠢᠬ ᠤᠨ ᠬᠠᠮᠢᠶᠠᠷᠤᠯᠳᠠ ᠶᠢᠨ ᠲᠦᠷᠢᠮ︾ ᠢ ᠨᠠᠶᠢᠳᠠᠪᠤᠷᠢᠵᠢᠭᠤᠯᠤᠬᠰᠠᠨ ᠪᠠᠶᠢᠳᠠᠯ ᠢ ᠭᠤᠤᠯᠳᠠᠯᠭ᠎ᠠ ᠲᠠᠢ | ᠰᠤᠭᠤᠴᠢᠨ ᠪᠠᠶᠢᠴᠠᠭᠠᠬᠰᠠᠨ ᠪᠠ ᠲᠤᠬᠠᠢ ᠶᠢᠨ ᠲᠠᠯᠠᠪᠤᠷ ᠲᠤ ᠪᠠᠶᠢᠴᠠᠭᠠᠪᠠ᠃ ᠤᠰᠤᠨ ᠠᠰᠢᠬᠯᠠᠯᠳᠠ ᠶᠢᠨ ᠶᠠᠮᠤᠨ ᠤ | ᠬᠠᠳᠤᠨ ᠭᠤᠤᠯ ᠤᠨ ᠤᠰᠤᠨ ᠠᠰᠢᠬᠯᠠᠯᠳᠠ ᠶᠢᠨ ᠵᠦᠪᠯᠡᠯ ᠤᠨ ᠡᠷᠬᠢᠯᠡᠭᠴᠢ ᠶᠤᠸᠠᠢ ᠵᠦᠩ ᠮᠢᠩ ᠢᠶᠠᠷ | ᠲᠤᠭᠤᠢᠢᠯᠠᠩ ᠤᠨ ᠲᠠᠷᠤᠭ᠎ᠠ ᠪᠤᠯᠭᠠᠬᠰᠠᠨ ᠰᠢᠯᠭᠠᠨ ᠪᠠᠶᠢᠴᠠᠭᠠᠬᠤ ᠲᠤᠭᠤᠢᠢᠯᠠᠩ ᠤᠨ ᠬᠢᠨ ᠦᠪᠡᠷᠲᠡᠬᠡᠨ ᠵᠠᠰᠠᠬᠤ | ᠤᠷᠤᠨ ᠤ ᠵᠠᠰᠠᠬ ᠤᠨ ᠤᠷᠳᠤᠨ ᠤ ᠠᠵᠢᠯ ᠤᠨ ᠬᠠᠷᠢᠭᠤ ᠮᠡᠳᠡᠬᠦᠯᠦᠯᠳᠡ ᠶᠢ ᠰᠤᠨᠤᠰᠴᠤ᠂ ᠦᠪᠡᠷᠲᠡᠭᠡᠨ | ᠪᠠᠶᠢᠴᠠᠭᠠᠬᠰᠠᠨ ᠮᠡᠳᠡᠬᠦᠯᠦᠯᠳᠡ ᠪᠠ ᠲᠠᠬᠢᠨ ᠬᠢᠨᠠᠬᠰᠠᠨ ᠮᠡᠷᠬᠡᠵᠢᠯ ᠤᠨ ᠮᠠᠲ᠋ᠧᠷᠢᠶᠠᠯ ᠢ ᠪᠠᠶᠢᠴᠠᠭᠠᠨ ᠬᠠᠷᠭᠤᠭᠤᠯᠤᠬᠰᠠᠨ | ᠪᠠ ᠲᠤᠬᠠᠢ ᠶᠢᠨ ᠲᠠᠯᠠᠪᠤᠷ ᠲᠤ ᠲᠤᠯᠭᠠᠨ ᠯᠠᠪᠯᠠᠬᠤ ᠶᠢᠨ ᠬᠠᠮᠳᠤ᠂ ᠤᠷᠢᠳ ᠬᠤᠵᠢᠳ ᠲᠦᠩᠯᠢᠶᠤᠤ᠂ ᠤᠯᠠᠭᠠᠨᠬᠠᠳᠠ | ᠬᠤᠳᠠ ᠳᠤ ᠲᠤᠬᠠᠢ ᠶᠢᠨ ᠲᠠᠯᠠᠪᠤᠷ ᠲᠤ ᠪᠠᠶᠢᠴᠠᠭᠠᠨ ᠰᠢᠯᠭᠠᠵᠦ ᠲᠤᠯᠭᠠᠨ ᠠᠰᠠᠭᠤᠬᠰᠠᠨ ᠪᠠᠶᠢᠨ᠎ᠠ᠃ | ᠦᠪᠡᠷᠲᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠸᠠᠩ ᠢᠤᠢ ᠮᠢᠩ ᠬᠠᠷᠢᠭᠤ ᠮᠡᠳᠡᠬᠦᠯᠬᠦ ᠬᠤᠷᠠᠯ ᠪᠠ | ᠲᠤᠬᠠᠢ ᠶᠢᠨ ᠲᠠᠯᠠᠪᠤᠷ ᠲᠤ ᠪᠠᠶᠢᠴᠠᠭᠠᠬᠰᠠᠨ ᠪᠠᠶᠢᠳᠠᠯ ᠢ ᠲᠤᠰᠬᠠᠬᠤ ᠬᠤᠷᠠᠯ ᠳᠤ ᠤᠷᠤᠯᠴᠠᠬᠤ ᠶᠢᠨ ᠬᠠᠮᠳᠤ ᠪᠠᠷ᠎ᠠ | ᠪᠤᠯᠵᠦ ᠪᠠᠶᠢᠴᠠᠭᠠᠵᠠᠢ᠃ | ᠮᠠᠨ ᠤ ᠤᠷᠤᠨ ᠤᠰᠤᠨ ᠤ ᠡᠬᠢ ᠪᠠᠶᠠᠯᠢᠭ ᠬᠦᠨᠳᠦ ᠰᠦᠷᠡᠬᠡᠢ ᠲᠤᠳᠠᠬᠳᠠᠬᠤ ᠭᠠᠵᠠᠷ ᠤᠷᠤᠨ ᠪᠤᠯᠤᠬᠰᠠᠨ ᠤ | ᠬᠤᠪᠢ ᠳᠤ᠂ ᠦᠪᠡᠷᠲᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠬ ᠤᠨ ᠤᠷᠳᠤᠨ ᠤᠰᠤᠨ ᠤ ᠡᠬᠢ | ᠪᠠᠶᠠᠯᠢᠬ ᠢ ᠠᠷᠪᠢᠯᠠᠨ ᠬᠠᠮᠠᠭᠠᠯᠠᠬᠤ ᠶᠢ ᠶᠡᠷᠦᠨᠢ ᠲᠡᠭᠡᠳᠦ ᠬᠡᠮᠵᠢᠶ᠎ᠠ ᠪᠠᠷ ᠴᠢᠬᠤᠯᠠᠴᠢᠯᠠᠬᠰᠠᠭᠠᠷ ᠢᠷᠡᠪᠡ᠃ ︽ᠠᠷᠪᠠᠨ | ᠬᠤᠶᠠᠳᠤᠭᠠᠷ ᠲᠠᠪᠤᠨ ᠵᠢᠯ︾ ᠠᠴᠠ ᠨᠠᠰᠢ᠂ ᠬᠠᠮᠤᠬ ᠤᠨ ᠴᠢᠩᠭ᠎ᠠ ︽ᠤᠰᠤᠨ ᠤ ᠡᠬᠢ ᠪᠠᠶᠠᠯᠢᠬ ᠤᠨ | ᠬᠠᠮᠢᠶᠠᠷᠤᠯᠳᠠ ᠶᠢᠨ ᠲᠦᠷᠢᠮ︾ ᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠤᠭᠤᠷᠢᠨ ᠳᠤ᠂ ︽ᠦᠪᠦᠷ | ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠰᠤ ᠶᠢ ᠠᠷᠪᠢᠳᠠᠢ ᠬᠡᠷᠡᠭᠯᠡᠬᠦ ᠲᠦᠷᠢᠮ︾ ᠵᠡᠷᠭᠡ ᠬᠠᠤᠯᠢ ᠲᠦᠷᠢᠮ | ᠵᠢᠴᠢ ᠲᠦᠷᠢᠮ ᠤᠨ ᠴᠢᠨᠠᠷᠳᠠᠢ ᠪᠢᠴᠢᠭ ᠮᠠᠲ᠋ᠧᠷᠢᠶᠠᠯ ᠢ ᠲᠤᠭᠳᠠᠭᠠᠨ᠂ ᠬᠠᠮᠤᠬ ᠤᠨ ᠴᠢᠩᠭ᠎ᠠ ︽ᠤᠰᠤᠨ ᠤ ᠡᠬᠢ | ᠪᠠᠶᠠᠯᠢᠬ ᠤᠨ ᠬᠠᠮᠢᠶᠠᠷᠤᠯᠳᠠ ᠶᠢᠨ ᠲᠦᠷᠢᠮ︾ ᠤᠨ ᠪᠤᠷᠤ ᠲᠦᠯᠦᠪ ᠤᠨ ᠰᠢᠰᠲ᠋ᠧᠮ ᠢ ᠦᠨᠳᠦᠰᠦᠨ ᠳᠡᠭᠡᠨ | ᠪᠠᠶᠢᠭᠤᠯᠪᠠ︔ ᠤᠰᠤᠨ ᠤ ᠡᠬᠢ ᠪᠠᠶᠠᠯᠢᠬ ᠢ ᠨᠤᠳᠠᠯᠠᠬᠤ᠂ ᠤᠰᠤ ᠠᠪᠬᠤ ᠶᠢ ᠵᠦᠪᠰᠢᠶᠡᠷᠡᠬᠦ ᠲᠦᠷᠢᠮ ᠢ ᠴᠢᠩᠭ᠎ᠠ | ᠬᠡᠷᠡᠭᠵᠢᠬᠦᠯᠵᠦ᠂ ᠤᠰᠤ ᠶᠢ ᠲᠦᠯᠦᠪᠯᠡᠭᠡ ᠲᠠᠢ ᠪᠠᠷ ᠬᠡᠷᠡᠭᠯᠡᠬᠦ ᠪᠠ ᠡᠳᠦᠷ ᠲᠤᠳᠤᠮ ᠤᠨ ᠬᠢᠨᠠᠨ ᠬᠠᠮᠢᠶᠠᠷᠤᠯᠳᠠ | ᠲᠠᠯᠪᠢᠬᠤ ᠶᠢ ᠴᠢᠩᠭᠠᠳᠬᠠᠵᠦ᠂ ᠤᠰᠤ ᠠᠪᠴᠤ ᠬᠡᠷᠡᠭᠯᠡᠬᠦ ᠬᠠᠮᠢᠶᠠᠷᠤᠯᠳᠠ ᠶᠢᠨ ᠲᠤᠬᠳᠠᠴᠠ ᠶᠢ ᠲᠠᠰᠤᠷᠠᠯᠳᠠ ᠦᠬᠡᠢ | ᠪᠦᠷᠢᠨᠰᠢᠬᠦᠯᠪᠠ︔ ᠤᠰᠤᠨ ᠤ ᠡᠬᠢ ᠪᠠᠶᠠᠯᠢᠬ ᠤᠨ ︽ᠭᠤᠷᠪᠠᠨ ᠵᠤᠷᠪᠤᠰ ᠤᠯᠠᠭᠠᠨ ᠱᠤᠭᠤᠮ︾ ᠢ ᠡᠵᠡᠮᠳᠡᠬᠦ | ᠵᠢᠭᠠᠯᠳᠠ ᠲᠤᠭ᠎ᠠ ᠶᠢ ᠠᠶᠢᠮᠠᠬ ᠬᠤᠳᠠ᠂ ᠬᠤᠰᠢᠭᠤ ᠰᠢᠶᠠᠨ ᠳᠤ ᠬᠤᠪᠢᠶᠠᠷᠢᠯᠠᠨ ᠨᠠᠷᠢᠰᠬᠠᠬᠤ ᠶᠢᠨ ᠬᠠᠮᠳᠤ᠂ ᠤᠨ ᠤ | ᠬᠠᠷᠠᠯᠳᠠᠳᠤ ᠬᠠᠷᠢᠭᠤᠴᠠᠯᠭ᠎ᠠ ᠶᠢᠨ ᠰᠢᠯᠭᠠᠨ ᠦᠨᠡᠯᠡᠬᠦ ᠰᠢᠰᠲ᠋ᠧᠮ ᠳᠤ ᠤᠷᠤᠭᠤᠯᠪᠠ︔ ᠮᠠᠯ ᠠᠵᠦ ᠠᠬᠤᠢ | ᠲᠠᠷᠢᠶᠠᠯᠠᠩ᠂ ᠠᠵᠦ ᠦᠢᠯᠡᠳᠪᠦᠷᠢ᠂ ᠬᠤᠳᠠ ᠪᠠᠯᠭᠠᠰᠤᠨ ᠤ ᠠᠮᠢᠳᠤᠷᠠᠯ ᠵᠡᠷᠭᠡ ᠠᠵᠢᠯ ᠲᠦᠷᠦᠯ ᠤᠨ ᠤᠰᠤ ᠬᠡᠷᠡᠭᠯᠡᠬᠦ | ᠦᠷ᠎ᠠ ᠪᠦᠲᠦᠮᠵᠢ ᠢᠯᠡᠳᠳᠡ ᠰᠠᠶᠢᠵᠢᠷᠠᠵᠤ᠂ ᠤᠰᠤ ᠠᠷᠪᠢᠯᠠᠬᠤ ᠬᠡᠯᠪᠡᠷᠢ ᠶᠢᠨ ᠨᠡᠶᠢᠬᠡᠮ ᠤᠨ ᠪᠠᠶᠢᠭᠤᠯᠤᠯᠳᠠ | ᠯᠠᠪᠳᠠᠭᠤᠨ ᠢᠶᠠᠷ ᠠᠬᠢᠪᠠ︔ ᠤᠰᠤᠨ ᠤ ᠠᠮᠢ ᠠᠬᠤᠢ ᠶᠢᠨ ᠬᠠᠮᠠᠭᠠᠯᠠᠯᠳᠠ ᠪᠠ ᠪᠦᠲᠦᠬᠡᠨ ᠪᠠᠶᠢᠭᠤᠯᠤᠯᠳᠠ ᠶᠢᠨ | ᠬᠦᠴᠦᠯᠡᠴᠡ ᠵᠢᠯ ᠠᠴᠠ ᠵᠢᠯ ᠨᠡᠮᠡᠭᠳᠡᠵᠦ᠂ ᠬᠦᠯᠦᠨ ᠨᠠᠭᠤᠷ ᠵᠡᠷᠭᠡ ᠭᠤᠤᠯᠳᠠᠯᠭ᠎ᠠ ᠲᠠᠢ ᠨᠠᠭᠤᠷ ᠴᠦᠬᠦᠷᠦᠮ ᠤᠨ | ᠤᠰᠤᠨ ᠤ ᠤᠷᠤᠨ ᠪᠦᠰᠡ ᠶᠢᠨ ᠠᠮᠢ ᠠᠬᠤᠢ ᠶᠢᠨ ᠤᠷᠴᠢᠨ ᠲᠤᠭᠤᠷᠢᠨ ᠢᠯᠡᠳᠳᠡ ᠰᠠᠶᠢᠵᠢᠷᠠᠪᠠ︔ ᠤᠰᠤᠨ ᠤ | ᠡᠷᠬᠡ ᠶᠢ ᠰᠢᠯᠵᠢᠬᠦᠯᠦᠨ ᠦᠭᠡᠷᠡᠴᠢᠯᠡᠬᠦ ᠲᠤᠷᠰᠢᠯᠳᠠ ᠶᠢᠨ ᠴᠢᠬ ᠤᠨ ᠠᠵᠢᠯ ᠢᠳᠡᠪᠬᠢᠳᠡᠢ ᠠᠬᠢᠵᠦ᠂ ᠤᠰᠤᠨ ᠤ ᠡᠬᠢ | ᠪᠠᠶᠠᠯᠢᠬ ᠤᠨ ᠠᠵᠦ ᠠᠬᠤᠢ ᠨᠡᠶᠢᠬᠡᠮ ᠤᠨ ᠬᠦᠭᠵᠢᠯᠳᠡ ᠶᠢ ᠪᠠᠲᠤᠯᠠᠬᠤ ᠴᠢᠳᠠᠪᠤᠷᠢ ᠢᠯᠡᠳᠳᠡ ᠴᠢᠩᠭᠠᠷᠠᠪᠠ᠃ | ᠤᠢᠢᠯᠠᠭᠠᠬᠰᠠᠨ ᠢᠶᠠᠷ᠂ 2015 ᠤᠨ ᠳᠤ ᠮᠠᠨ ᠤ ᠤᠷᠤᠨ ᠤ ᠪᠤᠳᠠᠳᠠᠢ ᠬᠡᠷᠡᠭᠯᠡᠭᠰᠡᠨ ᠤᠰᠤᠨ ᠤ ᠬᠡᠮᠵᠢᠶ᠎ᠠ | 185.78 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠲᠤ ᠬᠦᠷᠴᠦ᠂ ᠰᠤᠪᠨᠠᠭᠤᠷ ᠤᠨ ᠠᠮᠢ ᠠᠬᠤᠢ ᠳᠤ | ᠬᠡᠷᠡᠭᠯᠡᠭᠰᠡᠨ 6.47 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠤᠨ ᠤᠰᠤᠨ ᠤ ᠬᠡᠮᠵᠢᠶ᠎ᠠ ᠪᠠ 2.27 | ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠤᠨ ᠲᠠᠬᠢᠯᠳᠠ ᠤᠰᠤᠨ ᠤ ᠬᠡᠮᠵᠢᠶ᠎ᠠ ᠶᠢ ᠬᠠᠰᠤᠪᠠᠯ᠂ ᠨᠡᠶᠢᠳᠡ | ᠬᠡᠷᠡᠭᠯᠡᠭᠰᠡᠨ ᠤᠰᠤᠨ ᠤ ᠬᠡᠮᠵᠢᠶ᠎ᠠ 177.04 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠲᠤ ᠬᠦᠷᠴᠡᠢ︔ | ᠲᠦᠮᠡᠨ ᠲᠦᠬᠦᠷᠢᠭ ᠤᠨ ᠠᠵᠦ ᠦᠢᠯᠡᠳᠪᠦᠷᠢ ᠶᠢᠨ ᠨᠡᠮᠡᠭᠳᠡᠯ ᠦᠷᠲᠡᠭ ︵2010 ᠤᠨ ᠤ ᠦᠨ᠎ᠠ ᠪᠠᠷ ᠪᠤᠳᠤᠪᠠᠯ︶ | ᠲᠠᠬᠢ ᠤᠰᠤ ᠬᠡᠷᠡᠭᠯᠡᠭᠰᠡᠨ ᠬᠡᠮᠵᠢᠶ᠎ᠠ 19.01 ᠪᠤᠰᠤᠭ᠎ᠠ ᠲᠦᠷᠪᠡᠯᠵᠢᠨ ᠮᠧᠲᠷ ᠲᠤ ᠬᠦᠷᠴᠦ᠂ 2010 | ᠤᠨ ᠤ ᠬᠢ ᠠᠴᠠ 52.7% ᠢᠶᠠᠷ ᠪᠠᠭᠤᠷᠠᠪᠠ︔ ᠲᠠᠷᠢᠶᠠᠨ ᠭᠠᠵᠠᠷ ᠤᠨ ᠤᠰᠤᠯᠠᠯᠳᠠ ᠶᠢᠨ ᠤᠰᠤ ᠶᠢ ᠪᠦᠲᠦᠮᠵᠢᠳᠡᠢ | ᠠᠰᠢᠬᠯᠠᠬᠰᠠᠨ ᠵᠢᠭᠠᠯᠳᠠ ᠲᠤᠭ᠎ᠠ 0.522 ᠲᠤ ᠬᠦᠷᠴᠦ᠂ ᠲᠡᠭᠡᠷ᠎ᠠ ᠵᠢᠯ ᠤᠨ ᠬᠢ ᠠᠴᠠ ᠵᠠᠭᠤᠨ ᠤ ᠬᠠᠷᠢᠴᠠᠯ ᠢᠶᠠᠷ | 1 ᠬᠤᠪᠢ ᠲᠡᠭᠡᠭᠰᠢᠯᠡᠪᠡ︔ ᠤᠯᠤᠰ ᠤᠨ ᠭᠤᠤᠯᠳᠠᠯᠭ᠎ᠠ ᠲᠠᠢ ᠮᠦᠷᠡᠨ ᠭᠤᠤᠯ ᠨᠠᠭᠤᠷ ᠴᠦᠬᠦᠷᠦᠮ ᠤᠨ ᠤᠰᠤᠨ ᠤ | ᠴᠢᠳᠠᠪᠬᠢᠳᠤ ᠤᠷᠤᠨ ᠤ ᠤᠰᠤᠨ ᠤ ᠴᠢᠨᠠᠷ ᠤᠨ ᠪᠠᠷᠢᠮᠵᠢᠶᠠᠨ ᠳᠤ ᠬᠦᠷᠦᠭᠰᠡᠨ ᠨᠤᠷᠮ᠎ᠠ 54.8% ᠳᠤ ᠬᠦᠷᠴᠦ᠂ | ᠲᠡᠭᠡᠷ᠎ᠠ ᠵᠢᠯ ᠤᠨ ᠬᠢ ᠠᠴᠠ ᠵᠠᠭᠤᠨ ᠤ ᠬᠠᠷᠢᠴᠠᠯ ᠢᠶᠠᠷ 15.8 ᠬᠤᠪᠢ ᠲᠡᠭᠡᠭᠰᠢᠯᠡᠵᠦ᠂ ᠤᠯᠤᠰ ᠤᠨ ᠪᠠᠭᠤᠯᠭᠠᠬᠰᠠᠨ | ᠡᠯ᠎ᠠ ᠲᠦᠷᠦᠯ ᠤᠨ ᠬᠠᠷᠠᠯᠳᠠᠳᠤ ᠡᠬᠦᠷᠬᠡ ᠶᠢ ᠪᠦᠬᠦ ᠲᠠᠯ᠎ᠠ ᠪᠠᠷ ᠪᠡᠶᠡᠯᠡᠬᠦᠯᠦᠭᠰᠡᠨ ᠪᠠᠶᠢᠨ᠎ᠠ᠃ |