| 5 ᠳ᠋ᠤᠭᠠᠷ ᠰᠠᠷ᠎ᠠ ᠶᠢᠨ 22 ᠤᠨ ᠡᠳᠦᠷ᠂ 2016 ᠤᠨ ᠤ ᠥᠪᠥᠷ ᠮᠣᠩᠭᠤᠯ ᠤᠨ ︽ᠬᠠᠷᠠᠭ᠎ᠠ ᠰᠡᠷᠭᠦᠭᠡᠬᠦ | ᠠᠶᠠᠯᠠᠯ︾ ᠨᠡᠶᠢᠭᠡᠮ ᠤᠨ ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ ᠰᠢᠯᠢ ᠶᠢᠨ ᠭᠤᠤᠯ ᠠᠶᠢᠮᠠᠬ ᠤᠨ ᠰᠦᠨᠢᠳ | ᠪᠠᠷᠠᠭᠤᠨ ᠬᠤᠰᠢᠭᠤᠨ ᠳᠤ ᠡᠬᠢᠯᠡᠪᠡ᠃ | ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠦᠪᠡᠷᠲᠡᠭᠡᠨ ᠵᠠᠰᠠᠬᠤ ᠤᠷᠤᠨ ᠤ | ᠤᠷᠤᠯᠠᠭᠴᠢ ᠲᠡᠷᠢᠬᠦᠯᠡᠭᠴᠢ᠂ ᠥᠪᠦᠷ ᠮᠤᠩᠭᠤᠯ ᠤᠨ ᠭᠡᠷᠡᠯ ᠭᠡᠭᠡᠳᠦ ᠦᠢᠯᠡᠰ ᠢ ᠠᠬᠢᠭᠤᠯᠬᠤ ᠨᠡᠶᠢᠭᠡᠮᠯᠢᠭ ᠤᠨ | ᠳᠠᠷᠤᠭ᠎ᠠ ᠪᠦ᠋ ᠰᠢᠶᠤᠤ ᠯᠢᠨ᠂ ᠦᠪᠡᠷᠲᠡᠭᠡᠨ ᠵᠠᠰᠠᠬᠤ ᠤᠷᠤᠨ ᠤ ᠳᠡᠳ᠋ ᠲᠡᠷᠢᠬᠦᠯᠡᠭᠴᠢ᠂ ᠦᠪᠡᠷᠲᠡᠭᠡᠨ ᠵᠠᠰᠠᠬᠤ | ᠤᠷᠤᠨ ᠤ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠤᠨ ᠳᠠᠷᠤᠭ᠎ᠠ ᠯᠢᠦ ᠰᠢᠨ ᠯᠧ ᠠᠵᠢᠯᠯᠠᠭ᠎ᠠ ᠶᠢᠨ ᠡᠬᠢᠯᠡᠯᠳᠠ ᠶᠢᠨ | ᠶᠤᠰᠤᠯᠠᠯ ᠳᠤ ᠤᠷᠤᠯᠴᠠᠬᠤ ᠶᠢᠨ ᠬᠠᠮᠳᠦ ᠲᠤᠰᠪᠤᠷᠢ ︽ᠬᠠᠷᠠᠭ᠎ᠠ ᠰᠡᠷᠭᠦᠭᠡᠬᠦ ᠠᠶᠠᠯᠠᠯ︾ ᠤᠨ ᠡᠮᠴᠢᠯᠡᠭᠡᠨ ᠤ | ᠠᠵᠢᠯ ᠤᠨ ᠲᠤᠭᠤᠢᠢᠯᠠᠩ᠂ ︽ᠬᠠᠷᠠᠭ᠎ᠠ ᠰᠡᠷᠭᠦᠭᠡᠬᠦ ᠠᠶᠠᠯᠠᠯ︾ ᠤᠨᠤᠯᠠᠭᠠᠨ ᠵᠠᠭᠠᠯᠮᠠᠶᠢᠳᠠᠨ ᠤ ᠰᠠᠶᠢᠨ | ᠳᠤᠷᠠᠴᠤᠳ ᠤᠨ ᠦᠢᠯᠡᠴᠢᠯᠡᠭᠡᠨ ᠤ ᠠᠩᠬᠢ ᠳᠤ ᠲᠤᠭ ᠤᠯᠭᠤᠪᠠ᠃ ᠳᠠᠷᠠᠭ᠎ᠠ ᠳᠤᠨᠢ ᠡᠪᠡᠳᠴᠢᠳᠡᠨ ᠤ ᠦᠷᠦᠭᠡ ᠳᠤ | ᠬᠦᠷᠴᠦ ᠶᠠᠳᠠᠭᠤ ᠬᠦᠴᠢᠷᠳᠡᠯᠳᠠᠢ ᠴᠠᠭᠠᠨ ᠬᠠᠷᠠᠩ ᠡᠪᠡᠳᠴᠢᠨ ᠤ ᠮᠡᠰᠡ ᠵᠠᠰᠠᠯ ᠬᠢᠯᠭᠡᠭᠰᠡᠨ ᠡᠪᠡᠳᠴᠢᠳᠡᠨ ᠢ ᠡᠷᠬᠢᠨ | ᠦᠵᠡᠬᠦ ᠶᠢᠨ ᠬᠠᠮᠳᠦ ᠡᠮᠴᠢᠯᠡᠭᠡᠨ ᠤ ᠬᠦᠮᠦᠰ ᠢ ᠲᠤᠬᠤᠨᠢᠭᠤᠯᠪᠠ᠃ 2016 ᠤᠨ ᠳᠤ᠂ ︽ᠬᠠᠷᠠᠭ᠎ᠠ ᠰᠡᠷᠭᠦᠭᠡᠬᠦ | ᠠᠶᠠᠯᠠᠯ︾ ᠨᠡᠶᠢᠭᠡᠮ ᠤᠨ ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ ᠳᠤ 4700 ᠭᠠᠷᠤᠢ ᠶᠠᠳᠠᠭᠤ ᠬᠦᠴᠢᠷᠳᠡᠯᠳᠠᠢ | ᠴᠠᠭᠠᠨ ᠬᠠᠷᠠᠩ ᠡᠪᠡᠳᠴᠢᠨ ᠳᠤ ᠨᠡᠷᠪᠡᠭᠳᠡᠭᠰᠡᠨ ᠤᠯᠠᠨ ᠲᠦᠮᠡᠨ ᠳᠤ ᠰᠦᠢᠳᠭᠡᠯ ᠬᠤᠷᠢᠶᠠᠬᠤ ᠦᠭᠡᠢ ᠪᠠᠷ ᠬᠠᠷᠠᠭ᠎ᠠ | ᠤᠷᠤᠭᠤᠯᠬᠤ ᠮᠠᠰᠠ ᠵᠠᠰᠠᠯ ᠬᠢᠵᠦ ᠦᠭᠬᠦ ᠪᠠᠷ ᠲᠦᠯᠦᠪᠯᠡᠵᠦ᠂ ᠦᠪᠡᠷᠲᠡᠭᠡᠨ ᠵᠠᠰᠠᠬᠤ ᠤᠷᠤᠨ ᠤ ᠬᠢᠯᠢ ᠬᠢᠵᠠᠭᠠᠷ ᠤᠨ | ᠬᠤᠰᠢᠭᠤ ᠰᠢᠶᠠᠨ᠂ ᠪᠤᠶᠢᠳᠠ ᠪᠦᠭᠯᠡᠬᠦᠦ ᠮᠠᠯᠵᠢᠬᠤ ᠲᠠᠷᠢᠶᠠᠯᠠᠬᠤ ᠤᠷᠤᠨ ᠪᠠ ᠴᠦᠭᠡᠨ ᠲᠤᠭᠠᠳᠦ ᠦᠨᠳᠦᠰᠦᠳᠡᠨ | ᠲᠦᠪᠯᠡᠷᠡᠨ ᠰᠠᠭᠤᠷᠢᠰᠢᠭᠰᠠᠨ ᠭᠠᠵᠠᠷ ᠤᠷᠤᠨ ᠢᠶᠠᠷ ᠭᠤᠤᠯᠳᠠᠯᠭ᠎ᠠ ᠪᠤᠯᠭᠠᠬᠤ ᠪᠤᠯᠤᠨ᠎ᠠ᠃ ᠬᠠᠷᠠᠭ᠎ᠠ ᠤᠷᠤᠭᠤᠯᠬᠤ | ᠡᠳᠡᠬᠡᠳ ᠨᠢ ᠦᠪᠡᠷᠳᠡᠬᠡᠨ ᠵᠠᠰᠠᠬᠤ ᠤᠷᠤᠨ ᠤ ᠨᠠᠷᠢᠯᠢᠭ ᠣᠨᠣᠪᠴᠢᠲᠠᠢ ᠶᠠᠳᠠᠭᠤ ᠶᠢ ᠲᠡᠳᠬᠦᠬᠦ ᠪᠠᠷ ᠲᠤᠬᠳᠠᠭᠠᠬᠰᠠᠨ | ᠮᠠᠯᠵᠢᠬᠤ ᠲᠠᠷᠢᠶᠠᠯᠠᠬᠤ ᠤᠷᠤᠨ ᠤ ᠶᠠᠳᠠᠭᠤ ᠬᠦᠴᠢᠷᠳᠠᠯ ᠤᠨ ᠪᠠᠷᠢᠮᠵᠢᠶ᠎ᠠ ᠠᠴᠠ ᠲᠤᠷᠤᠬᠰᠢ ᠬᠦᠮᠤᠰ᠂ ᠨᠠᠭᠠᠳᠤ | ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠡᠳᠡᠬᠡᠳ᠂ ᠲᠠᠪᠤᠨ ᠪᠠᠳᠤᠯᠠᠭᠠᠳᠤ ᠠᠰᠠᠷᠠᠨ ᠲᠡᠵᠢᠬᠡᠬᠦ ᠬᠦᠮᠤᠰ︔ | ᠬᠤᠳᠠ ᠪᠠᠯᠭᠠᠰᠤᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠡᠳᠡᠬᠡᠳ᠂ ᠠᠰᠠᠷᠠᠨ ᠬᠠᠷᠠᠭᠠᠯᠵᠠᠬᠤ | ᠡᠳᠡᠬᠡᠳ᠂ ︽ᠭᠤᠷᠪᠠ ᠦᠬᠡᠢ ᠬᠦᠮᠤᠰ︾︔ ᠭᠠᠮᠰᠢᠬ᠂ ᠡᠪᠡᠳᠴᠢᠨ ᠪᠤᠯᠤᠨ ᠬᠡᠨᠡᠳᠳᠠ ᠶᠢᠨ ᠠᠳᠡᠯ ᠠᠴᠠ | ᠶᠠᠳᠠᠭᠤᠷᠠᠬᠰᠠᠨ ᠬᠦᠴᠢᠷᠳᠠᠯᠳᠠᠢ ᠭᠡᠷ ᠪᠦᠯᠢ ᠶᠢᠨ ᠴᠠᠭᠠᠨ ᠬᠠᠷᠠᠩ ᠡᠪᠡᠳᠴᠢᠳᠠᠨ ᠪᠤᠯᠤᠨ᠎ᠠ᠃ ᠲᠤᠰ ᠠᠵᠢᠯᠯᠠᠭ᠎ᠠ 5 | ᠳ᠋ᠤᠭᠠᠷ ᠰᠠᠷ᠎ᠠ ᠠᠴᠠ ᠡᠬᠢᠯᠠᠵᠤ᠂ 11 ᠳ᠋ᠦ᠋ᠭᠡᠷ ᠰᠠᠷ᠎ᠠ ᠳᠤ ᠲᠡᠬᠦᠰᠴᠤ᠂ ᠨᠡᠬᠦᠳᠡᠯ ᠮᠡᠰᠠ ᠵᠠᠰᠠᠯ ᠤᠨ ᠮᠠᠰᠢᠨ ᠲᠡᠷᠭᠡ | ᠪᠤᠯᠤᠨ ᠲᠤᠭᠳᠠᠮᠠᠯ ᠡᠮᠨᠡᠯᠬᠡ ᠶᠢᠨ ᠪᠠᠶᠢᠭᠤᠯᠤᠮᠵᠢ ᠶᠢᠨ ᠮᠠᠰᠠ ᠵᠠᠰᠠᠯ ᠢ ᠤᠶᠠᠯᠳᠤᠭᠤᠯᠤᠬᠰᠠᠨ ᠠᠷᠭ᠎ᠠ ᠪᠠᠷ | ᠡᠪᠡᠳᠴᠢᠳᠠᠨ ᠳᠤ ᠮᠠᠰᠠ ᠵᠠᠰᠠᠯ ᠬᠢᠨ᠎ᠠ᠃ | ᠤᠢᠢᠯᠠᠭᠠᠬᠰᠠᠨ ᠢᠶᠠᠷ᠂ ᠪᠦᠬᠦ ᠤᠷᠤᠨ ᠤ ︽ᠬᠠᠷᠠᠭ᠎ᠠ ᠰᠡᠷᠭᠦᠭᠡᠬᠦ ᠠᠶᠠᠯᠠᠯ︾ ᠨᠡᠶᠢᠬᠡᠮ ᠤᠨ ᠨᠡᠶᠢᠳᠠ ᠶᠢᠨ | ᠠᠰᠠᠷᠠᠮᠵᠢ ᠶᠢᠨ ᠠᠵᠢᠯᠯᠠᠭ᠎ᠠ ᠶᠢ ᠦᠪᠤᠷ ᠮᠤᠩᠭᠤᠯ ᠤᠨ ᠭᠡᠷᠡᠯ ᠬᠡᠬᠡᠳᠤ ᠤᠢᠢᠯᠡᠰ ᠢ ᠠᠬᠢᠭᠤᠯᠬᠤ ᠨᠡᠶᠢᠬᠡᠮᠯᠢᠭ᠂ | ᠦᠪᠡᠷᠳᠡᠬᠡᠨ ᠵᠠᠰᠠᠬᠤ ᠤᠷᠤᠨ ᠤ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ᠂ ᠦᠪᠡᠷᠳᠡᠬᠡᠨ ᠵᠠᠰᠠᠬᠤ ᠤᠷᠤᠨ ᠤ | ᠶᠠᠳᠠᠭᠤ ᠶᠢ ᠲᠡᠳᠬᠦᠬᠦ ᠰᠠᠭᠤᠷᠢ ᠮᠦᠩᠬᠦᠨ ᠤ ᠨᠡᠶᠢᠭᠡᠮᠯᠢᠭ᠂ ᠯᠤᠤ ᠨᠢᠦ ᠰᠠᠭᠤᠷᠢ ᠮᠦᠩᠬᠦᠨ ᠤ ᠨᠡᠶᠢᠬᠡᠮᠯᠢᠭ ᠠᠴᠠ | ᠬᠠᠮᠳᠤᠪᠡᠷ ᠡᠬᠦᠰᠬᠡᠨ ᠬᠢᠵᠤ᠂ ᠦᠪᠡᠷᠳᠡᠬᠡᠨ ᠵᠠᠰᠠᠬᠤ ᠤᠷᠤᠨ ᠤ ᠡᠳ᠋ ᠤᠨ ᠵᠠᠰᠠᠬ ᠤᠨ ᠲᠢᠩᠬᠢᠮ᠂ ᠬᠦᠮᠤᠨ ᠤ | ᠬᠦᠴᠤᠨ ᠤ ᠡᠬᠢ ᠪᠠᠶᠠᠯᠢᠬ ᠪᠤᠯᠤᠨ ᠨᠡᠶᠢᠬᠡᠮ ᠤᠨ ᠪᠠᠲᠤᠯᠠᠭ᠎ᠠ ᠶᠢᠨ ᠲᠢᠩᠬᠢᠮ᠂ ᠡᠷᠡᠬᠦᠯ ᠬᠠᠮᠠᠭᠠᠯᠠᠯ ᠲᠦᠯᠤᠪᠯᠡᠭᠡᠳᠤ | ᠦᠷᠡᠵᠢᠯ ᠤᠨ ᠵᠦᠪᠯᠠᠯ᠂ ᠵᠡᠮᠳᠡᠭᠴᠤᠳ ᠤᠨ ᠬᠤᠯᠪᠤᠭᠠᠳᠤ ᠬᠤᠷᠠᠯ᠂ ᠦᠪᠤᠷ ᠮᠤᠩᠭᠤᠯ ᠤᠨ ᠷᠡᠳᠢᠣ᠋ ᠲᠧᠯᠸᠢᠰ | ᠬᠤᠷᠢᠶ᠎ᠠ᠂ ᠦᠪᠤᠷ ᠮᠤᠩᠭᠤᠯ ᠤᠨ ᠬᠡᠷᠡᠯ ᠬᠡᠬᠡᠳᠤ ᠤᠢᠢᠯᠡᠰ ᠤᠨ ᠰᠠᠭᠤᠷᠢ ᠮᠦᠩᠬᠦᠨ ᠤ ᠨᠡᠶᠢᠬᠡᠮᠯᠢᠭ ᠵᠡᠷᠬᠡ ᠨᠢᠬᠡᠴᠠ | ᠪᠤᠯᠤᠨ ᠨᠡᠶᠢᠬᠡᠮ ᠤᠨ ᠵᠤᠬᠢᠶᠠᠨ ᠪᠠᠶᠢᠭᠤᠯᠤᠯᠳᠠ ᠶᠢᠨ ᠲᠡᠮᠵᠢᠯᠬᠡ ᠲᠤᠤᠷ᠎ᠠ᠂ 3 ᠵᠢᠯ ᠤᠨ ᠬᠤᠭᠤᠴᠠᠭ᠎ᠠ ᠭᠡᠷᠡᠭᠰᠡᠵᠤ | ᠪᠠᠶᠢᠭᠠᠳ ᠪᠦᠬᠦ ᠤᠷᠤᠨ ᠤ 10000 ᠶᠠᠳᠠᠭᠤ ᠬᠦᠴᠢᠷᠳᠠᠯ ᠲᠠᠢ ᠴᠠᠭᠠᠨ ᠬᠠᠷᠠᠩ ᠡᠪᠡᠳᠴᠢᠳᠠᠨ ᠳᠤ ᠰᠦᠢᠳᠬᠡᠯ | ᠬᠤᠷᠢᠶᠠᠬᠤ ᠦᠬᠡᠢ ᠪᠠᠷ ᠮᠠᠰᠠ ᠵᠠᠰᠠᠯ ᠬᠢᠵᠤ ᠦᠭᠬᠦᠨ᠎ᠠ᠃ ᠠᠵᠢᠯᠯᠠᠭ᠎ᠠ ᠶᠢ 2015 ᠤᠨ ᠤ 6 ᠳ᠋ᠤᠭᠠᠷ ᠰᠠᠷ᠎ᠠ ᠳᠤ | ᠡᠬᠢᠯᠡᠬᠦᠯᠦᠭᠰᠡᠡ ᠠᠴᠠ ᠨᠠᠰᠢ᠂ 3726 ᠡᠪᠡᠳᠴᠢᠳᠠᠨ ᠳᠤ ᠬᠠᠷᠠᠭ᠎ᠠ ᠤᠷᠤᠭᠤᠯᠬᠤ ᠮᠠᠰᠠ ᠵᠠᠰᠠᠯ ᠬᠢᠵᠦ ᠦᠭᠬᠦᠨ᠂ | ᠡᠪᠡᠳᠴᠢᠳᠠᠨ ᠤ ᠮᠠᠰᠠ ᠵᠠᠰᠠᠯ ᠤᠨ ᠲᠠᠷᠠᠭᠠᠬᠢ ᠬᠠᠷᠠᠭ᠎ᠠ ᠤᠷᠤᠭᠰᠠᠨ ᠭᠡᠮᠵᠢᠶ᠎ᠡ ᠵᠢᠱᠢᠭᠰᠡᠨ ᠵᠤᠷᠢᠯᠭ᠎ᠠ ᠳᠠᠭᠠᠨ ᠬᠦᠷᠴᠠᠢ | ᠃ | |