ᠮᠣᠩᠭᠤᠯ ᠵᠦᠴᠦᠭᠡ ︽ᠬᠠᠶᠢᠷ᠎ᠠ ᠪᠠᠷ ᠠᠮᠢᠯᠠᠭᠰᠠᠨ ᠰᠠᠪᠠᠷᠳᠠᠩ︾ ᠪᠤᠳᠠᠰ ᠤᠨ ᠪᠤᠰᠤ ᠰᠣᠶᠣᠯ ᠤᠨ ᠥᠪ ᠤᠨ ᠷᠢᠳᠢ ᠰᠢᠳᠢ ᠶᠢ ᠭᠠᠶᠢᠬᠠᠭᠤᠯᠤᠨᠠᠮ    ᠪᠦ᠋ ᠰᠢᠶᠤᠤ ᠯᠢᠨ ᠲᠣᠭᠯᠠᠯᠲᠠ ᠶᠢ ᠰᠣᠨᠢᠷᠬᠠᠪᠠ
ᠨᠡᠶᠢᠲᠡᠯᠡᠭᠰᠡᠨ ᠴᠠᠭ᠄
2016/6/27
     6 ᠳ᠋ᠤᠭᠠᠷ ᠰᠠᠷ᠎ᠠ ᠶᠢᠨ 26᠎ ᠤ ᠤᠷᠤᠢ᠂ ᠠᠷᠪᠠᠨ ᠭᠤᠷᠪᠠᠳᠤᠭᠠᠷ ᠬᠤᠭᠤᠴᠠᠭᠠᠨ ᠤ ᠳᠤᠮᠳᠠᠳᠤ ᠤᠯᠤᠰ· ᠥᠪᠥᠷ ᠮᠣᠩᠭᠤᠯ ᠤᠨ ᠲᠠᠯ᠎ᠠ ᠨᠤᠲᠤᠭ ᠤᠨ ᠰᠣᠶᠣᠯ ᠤᠨ ᠨᠠᠶᠢᠷ ᠤᠨ ᠰᠢᠯᠢᠳᠡᠭ ᠵᠦᠴᠦᠭᠡ ᠶᠢᠨ ᠦᠵᠡᠭᠦᠯᠦᠯᠭᠡ ︽ᠬᠠᠶᠢᠷ᠎ᠠ ᠪᠠᠷ ᠠᠮᠢᠯᠠᠭᠰᠠᠨ ᠰᠠᠪᠠᠷᠳᠠᠩ︾᠎ ᠢ ᠦᠪᠦᠷ ᠮᠤᠩᠭᠤᠯ ᠤᠨ ᠠᠷᠠᠳ ᠤᠨ ᠬᠤᠷᠠᠯ ᠤᠨ ᠲᠠᠩᠬᠢᠮ ᠳᠤ ᠲᠣᠭᠯᠠᠨ ᠦᠵᠡᠭᠦᠯᠪᠡ᠃      6 ᠳ᠋ᠤᠭᠠᠷ ᠰᠠᠷ᠎ᠠ ᠶᠢᠨ 26᠎ ᠤ ᠤᠷᠤᠢ᠂ ᠮᠤᠩᠭᠤᠯ ᠵᠦᠴᠦᠭᠡ ︽ᠬᠠᠶᠢᠷ᠎ᠠ ᠪᠠᠷ ᠠᠮᠢᠯᠠᠭᠰᠠᠨ ᠰᠠᠪᠠᠷᠳᠠᠩ︾ ᠎ ᠢ ᠦᠪᠦᠷ ᠮᠤᠩᠭᠤᠯ ᠤᠨ ᠠᠷᠠᠳ ᠤᠨ ᠬᠤᠷᠠᠯ ᠤᠨ ᠲᠠᠩᠬᠢᠮ ᠳᠤ ᠲᠣᠭᠯᠠᠨ ᠦᠵᠡᠭᠦᠯᠪᠡ᠃      ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ ᠳᠡᠷᠢᠭᠦᠯᠡᠭᠴᠢ ᠪᠦ᠋ ᠰᠢᠶᠤᠤ ᠯᠢᠨ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ  ᠪᠠᠶᠢᠩᠭᠤ ᠶᠢᠨ ᠬᠡᠰᠢᠭᠦᠨ᠂ ᠤᠬᠠᠭᠤᠯᠬᠤ ᠬᠡᠯᠳᠡᠰ ᠤᠨ ᠳᠠᠷᠤᠭ᠎ᠠ ᠤᠯᠠᠭᠠᠨ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠡ ᠶᠢᠨ ᠳᠡᠳ᠋ ᠡᠷᠬᠢᠯᠡᠭᠴᠢ ᠦ᠋ ᠲᠤᠸᠠᠨ ᠶᠢᠩ᠂ ᠦᠪᠡᠷᠳᠡᠭᠡᠨ ᠵᠠᠰᠠᠬᠤ ᠤᠷᠤᠨ ᠤ ᠳᠡᠳ᠋ ᠳᠡᠷᠢᠭᠦᠯᠡᠭᠴᠢ ᠸᠠᠩ ᠢᠦᠢ ᠮᠢᠩ ᠲᠤᠭᠯᠠᠯᠳᠠ ᠶᠢ ᠰᠤᠨᠢᠷᠬᠠᠪᠠ᠃      ᠲᠤᠰ ᠵᠦᠴᠦᠭᠡ ᠶᠢ ᠠᠯᠠᠱᠠ ᠠᠶᠢᠮᠠᠭ ᠤᠨ ᠳᠠᠭᠤᠤ ᠪᠦᠵᠢᠭ ᠤᠨ ᠪᠦᠯᠬᠦᠮ᠂ ᠠᠯᠠᠱᠠ ᠵᠡᠭᠦᠨ ᠬᠤᠰᠢᠭᠤᠨ ᠤ ᠤᠯᠠᠭᠠᠨᠮᠦ᠋ᠴᠢᠷ᠂ ᠡᠵᠡᠨ᠎ᠠ ᠬᠤᠰᠢᠭᠤᠨ ᠤ ᠤᠯᠠᠭᠠᠨᠮᠦ᠋ᠴᠢᠷ ᠤᠨ ᠲᠤᠭᠯᠠᠭᠴᠢᠳ ᠲᠤᠭᠯᠠᠵᠠᠢ᠃ ᠵᠦᠴᠦᠭᠡ ᠨᠢ ᠤᠯᠤᠰ ᠎ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠪᠣᠯᠬᠤ ᠰᠠᠪᠠᠷᠳᠠᠩ ᠪᠦᠵᠢᠭ ᠢᠶᠠᠷ ᠭᠤᠤᠯ ᠡᠯᠧᠮᠧᠨ᠋ᠲ ᠢᠶᠠᠨ ᠪᠤᠯᠭᠠᠵᠦ᠂ ᠡᠯᠡᠰᠦᠨ ᠴᠦᠯ ᠤᠨ ᠬᠦᠨ ᠳᠠᠬᠢ ᠬᠠᠪᠤᠷ ᠵᠠᠯᠠᠭᠤ ᠪᠠ ᠨᠠᠮᠤᠭᠤᠬᠠᠨ ᠭᠡᠦᠭᠡᠨ ᠤ ᠰᠠᠪᠠᠷᠳᠠᠩ ᠢᠶᠠᠷ ᠲᠠᠮᠵᠢᠨ ᠲᠠᠨᠢᠯᠴᠠᠨ ᠢᠨᠠᠬᠯᠠᠭᠰᠠᠨ ᠬᠠᠶᠢᠷ᠎ᠠ ᠲᠤᠷᠠᠯᠠᠯ ᠤᠨ ᠦᠯᠢᠭᠡᠷ ᠢ ᠲᠤᠰᠬᠠᠵᠠᠢ᠃ ᠬᠠᠪᠤᠷ ︽ᠡᠷ᠎ᠡ ᠶᠢᠨ ᠭᠤᠷᠪᠠᠨ ᠨᠠᠭᠠᠳᠤᠮ︾᠎ ᠳᠤ ᠴᠠᠭᠠᠷᠠᠭᠰᠠᠨ ᠪᠣᠯᠪᠠᠴᠤ ᠰᠠᠪᠠᠷᠳᠠᠩ ᠪᠦᠵᠢᠭᠯᠡᠵᠦ ᠴᠢᠳᠠᠬᠤ ᠦᠭᠡᠢ ᠠᠴᠠ ᠪᠣᠯᠵᠤ᠂ ᠰᠠᠪᠠᠷᠳᠠᠩ ᠤᠷᠠᠯᠢᠭ ᠢᠶᠠᠨ ᠤᠯᠠᠮᠵᠢᠯᠠᠨ ᠬᠦᠭᠵᠢᠭᠦᠯᠦᠶ᠎ᠡ ᠬᠡᠰᠡᠨ ᠨᠠᠰᠤᠨ ᠤ ᠬᠦᠬᠡᠬᠡᠴᠡᠯᠳᠦᠯ ᠲᠠᠢ ᠨᠠᠮᠤᠭᠤᠬᠠᠨ ᠤ ᠠᠪᠤ ᠡᠵᠢ ᠶᠢᠨ ᠬᠢᠨᠢ ᠡᠰᠡᠷᠭᠦᠴᠡᠯ ᠳᠤ ᠤᠴᠠᠷᠠᠵᠦ᠂ ᠭᠠᠭᠴᠠ ᠬᠡᠦᠬᠡᠨ ᠢᠶᠠᠨ ᠦᠪᠡᠷ ᠤᠨ ᠱᠠᠪᠢ ᠰᠦᠮᠪᠦᠷ ᠲᠡᠭᠡᠨ ᠪᠤᠭᠳᠤᠯᠠᠵᠦ ᠦᠭᠬᠦ ᠪᠠᠷ ᠲᠤᠭᠳᠠᠭᠰᠠᠨ ᠪᠠᠶᠢᠯ᠎ᠠ᠃ ᠬᠠᠶᠢᠷᠠᠲᠤ ᠨᠠᠮᠤᠭᠤᠬᠠᠨ ᠲᠠᠢ ᠪᠠᠨ ᠬᠡᠵᠢᠶᠡᠳᠡ ᠬᠠᠮᠲᠤ ᠪᠠᠶᠢᠬᠤ ᠶᠢᠨ ᠲᠦᠯᠦᠭᠡ᠂ ᠬᠠᠪᠤᠷ ᠡᠳᠦᠷᠵᠢᠨ ᠰᠦᠨᠢᠵᠢᠨ ᠰᠢᠷᠭᠠᠭᠤ ᠬᠠᠳᠠᠭᠤᠵᠢᠯᠳᠠᠢ ᠪᠠᠷ ᠰᠠᠪᠠᠷᠳᠠᠩ ᠪᠦᠵᠢᠭ ᠰᠤᠷᠴᠤ ᠪᠤᠯᠪᠠᠰᠤᠷᠠᠨ᠂ ᠡᠴᠦᠰ ᠲᠡᠭᠡᠨ ᠰᠠᠪᠠᠷᠳᠠᠩ ᠪᠦᠵᠢᠭ ᠢ ᠬᠠᠶᠢᠷ᠎ᠠ ᠪᠠᠷ ᠠᠮᠢᠯᠠᠭᠤᠯᠵᠤ᠂ ᠭᠤᠶᠢᠳᠠ ᠰᠠᠶᠢᠬᠠᠨ ᠰᠠᠪᠠᠷᠳᠠᠩ ᠢᠶᠠᠷ ᠢᠶᠠᠨ ᠨᠠᠮᠤᠭᠤᠬᠠᠨ ᠤ ᠠᠪᠤ ᠡᠵᠢ ᠶᠢᠨ ᠬᠢᠨᠢ ᠵᠦᠪᠰᠢᠶᠡᠷᠡᠯ ᠢ ᠣᠯᠵᠤ᠂ ᠬᠠᠶᠢᠷᠠᠲᠤ ᠨᠠᠮᠤᠭᠤᠬᠠᠨ ᠲᠠᠢ ᠪᠠᠨ ᠰᠠᠪᠠᠷᠳᠠᠩ ᠪᠦᠵᠢᠭ ᠢᠶᠠᠨ ᠦᠪᠯᠡᠨ ᠤᠯᠠᠮᠵᠢᠯᠠᠵᠤ ᠵᠤᠯ ᠵᠢᠷᠭᠠᠯ ᠲᠠᠢ ᠠᠮᠢᠳᠤᠷᠠᠬᠰᠠᠨ ᠦᠯᠢᠭᠡᠷ ᠤᠴᠢᠷ ᠢ ᠳᠤᠬᠯᠠᠪᠠ᠃      ᠪᠦᠵᠢᠭ ᠬᠡᠭᠴᠢ ᠳᠡᠯᠡᠭᠡᠢ ᠶᠢᠨ ᠤᠷᠠᠯᠢᠭ᠂ ᠳᠡᠯᠡᠭᠡᠢ ᠶᠢᠨ ᠦᠭᠡ ᠬᠡᠯᠡ ᠪᠣᠯᠬᠤ ᠤᠴᠢᠷ ᠠᠴᠠ ᠵᠦᠴᠦᠭᠡ ᠶᠢᠨ ᠦᠯᠢᠭᠡᠷ ᠨᠢ ᠡᠯ᠎ᠡ ᠦᠨᠳᠦᠰᠦᠲᠡᠨ ᠤ ᠦᠵᠡᠭᠴᠢᠳ ᠲᠤ ᠰᠠᠭᠠᠳ ᠦᠭᠡᠢ  ᠳᠠᠮᠵᠢᠭᠤᠯᠤᠭᠳᠠᠵᠤ᠂ ᠦᠵᠡᠭᠴᠢᠳ ᠤᠨ ᠤᠤᠬᠠᠢᠢᠯᠠᠯ ᠬᠢᠬᠡᠳ ᠬᠠᠯᠠᠭᠤᠨ ᠠᠯᠠᠭ᠎ᠠ ᠳᠠᠰᠢᠯᠳᠠ ᠶᠢᠨ  ᠳᠤᠮᠳᠠ ᠦᠯᠢᠭᠡᠷ ᠤᠨ ᠦᠢᠯᠡ ᠶᠠᠪᠤᠳᠠᠯ ᠶᠠᠪᠤᠭᠳᠠᠵᠤ ᠪᠠᠶᠢᠯ᠎ᠠ᠃      ᠵᠦᠴᠦᠭᠡ ᠳᠤ ︽ᠤᠶᠤᠳᠠᠯ ᠰᠠᠪᠠᠷᠳᠠᠩ︾᠂ ︽ᠠᠷᠭᠠᠯ ᠰᠠᠪᠠᠷᠳᠠᠩ︾᠂ ︽ᠲᠤᠶᠢᠭ ᠤᠨ ᠰᠠᠪᠠᠷᠳᠠᠩ︾᠂ ︽ᠵᠢᠷᠤᠭ᠎ᠠ ᠬᠠᠷ᠎ᠠ ᠰᠠᠪᠠᠷᠳᠠᠩ︾ ᠵᠡᠷᠭᠡ 17 ᠲᠦᠷᠦᠯ ᠤᠨ ᠰᠠᠪᠠᠷᠳᠠᠩ᠂ ᠤᠷᠲᠤ ᠶᠢᠨ  ᠳᠠᠭᠤᠤ᠂ ᠬᠦᠬᠡᠮᠠᠢ᠂ ᠲᠤᠪᠰᠢᠭᠤᠷ᠂ ᠮᠤᠷᠢᠨ ᠬᠤᠭᠤᠷ᠂ ᠮᠤᠳᠤᠨ ᠴᠤᠭᠤᠷ᠂ ᠠᠯᠠᠱᠠ ᠬᠤᠷᠢᠮ᠂ ᠲᠤᠷᠭᠤᠳ  ᠬᠤᠪᠴᠠᠰᠤ ᠵᠠᠰᠠᠯ ᠵᠡᠷᠭᠡ 20 ᠭᠠᠷᠤᠢ ᠪᠤᠳᠠᠰ ᠤᠨ ᠪᠤᠰᠤ ᠰᠤᠶᠤᠯ ᠤᠨ ᠦᠪ ᠢ ᠤᠷᠤᠯᠴᠠᠭᠤᠯᠵᠦ ᠤᠢᠢᠷᠠᠳ ᠮᠤᠩᠭᠤᠯᠴᠤᠳ ᠤᠨ ᠦᠢᠯᠡᠳᠪᠦᠷᠢᠯᠡᠯ ᠠᠮᠢᠳᠤᠷᠠᠯ᠂ ᠵᠠᠩ ᠦᠢᠯᠡ ᠶᠢ ᠰᠠᠪᠠᠷᠳᠠᠩ ᠪᠦᠵᠢᠭ ᠢᠶᠠᠷ ᠬᠦᠢᠴᠡᠳ  ᠬᠠᠷᠠᠭᠤᠯᠵᠤ᠂ ᠮᠤᠩᠭᠤᠯ ᠵᠦᠴᠦᠭᠡ ᠶᠢ ᠤᠯᠠᠮᠵᠢᠯᠠᠨ ᠬᠦᠭᠵᠢᠭᠦᠯᠵᠦ᠂ ᠰᠢᠨ᠎ᠡ ᠶᠢ ᠡᠭᠦᠳᠬᠦ ᠶᠢ ᠰᠦᠪᠡᠭᠴᠢᠯᠡᠭᠰᠡᠨ ᠵᠦᠴᠦᠭᠡ ᠪᠣᠯᠬᠤ ᠶᠤᠮ ᠭᠡᠵᠦ ᠲᠤᠰ ᠵᠦᠴᠦᠭᠡ ᠶᠢᠨ ᠤᠳᠤᠷᠢᠳᠤᠭᠠᠴᠢ ᠱᠢᠷᠦᠨᠴᠢᠮᠡᠭ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠭᠰᠠᠨ ᠪᠠᠶᠢᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号