| 6 ᠳ᠋ᠤᠭᠠᠷ ᠰᠠᠷ᠎ᠠ ᠶᠢᠨ 26 ᠤ ᠡᠳᠦᠷ᠂ ᠴᠠᠩᠵᠧᠩ ᠳᠣᠯᠣᠳᠤᠭᠠᠷ ᠲᠡᠶᠢᠷᠦᠯᠲᠦ ᠰᠣᠮᠣ ᠳᠤ ᠠᠴᠢᠭᠰᠠᠨ | ᠤᠯᠠᠨ ᠬᠡᠷᠡᠭᠴᠡᠭᠡᠨ ᠤ ᠨᠢᠰᠬᠦ ᠣᠩᠭᠤᠴᠠ ᠶᠢᠨ ᠬᠠᠷᠢᠴᠠᠯ ᠢ ᠨᠢ ᠪᠠᠭᠠᠰᠬᠠᠭᠰᠠᠨ ᠪᠤᠴᠠᠯᠲᠠ ᠶᠢᠨ ᠦᠷᠦᠭᠡ | ᠳ᠋ᠦᠩᠹᠧᠩ ᠭᠠᠵᠠᠷᠳᠠᠯ ᠲᠠᠯᠠᠪᠤᠷ ᠤᠨ ᠪᠠᠷᠠᠭᠤᠨ ᠡᠮᠦᠨᠡᠲᠦ ᠭᠤᠪᠢ ᠤᠷᠤᠨ ᠳᠤ ᠠᠮᠤᠷ ᠲᠦᠪᠰᠢᠨ ᠢᠶᠠᠷ ᠭᠠᠵᠠᠷᠳᠠᠪᠠ᠃ | | 6 ᠳ᠋ᠤᠭᠠᠷ ᠰᠠᠷ᠎ᠠ ᠶᠢᠨ 26 ᠤ ᠡᠳᠦᠷ ᠤᠨ ᠦᠳᠡ ᠶᠢᠨ ᠬᠤᠶᠢᠨ᠎ᠠ ᠶᠢᠨ 3 ᠴᠠᠭ 41 ᠮᠢᠨᠦ᠋ᠲ ᠲᠤ᠂ | ᠳᠤᠮᠳᠠᠳᠤ ᠤᠯᠤᠰ ᠤᠨ ᠰᠢᠨ᠎ᠡ ᠨᠢᠭᠡᠨ ᠦᠶ᠎ᠡ ᠶᠢᠨ ᠳᠤᠮᠳᠠ ᠬᠡᠯᠪᠡᠷᠢ ᠶᠢᠨ ᠲᠡᠶᠢᠷᠦᠯᠳᠦ ᠰᠤᠮᠤ ᠴᠠᠩᠵᠧᠩ | ᠳᠣᠯᠣᠳᠤᠭᠠᠷ ᠲᠤ ᠠᠴᠢᠭᠰᠠᠨ ᠣᠯᠠᠨ ᠬᠡᠷᠡᠭᠴᠡᠭᠡᠨ ᠤ ᠨᠢᠰᠬᠦ ᠣᠩᠭᠤᠴᠠ ᠶᠢᠨ ᠬᠠᠷᠢᠴᠠᠯ ᠢ ᠨᠢ ᠪᠠᠭᠠᠰᠬᠠᠭᠰᠠᠨ | ᠪᠤᠴᠠᠯᠲᠠ ᠶᠢᠨ ᠦᠷᠦᠭᠡ ᠳ᠋ᠦᠩᠹᠧᠩ ᠭᠠᠵᠠᠷᠳᠠᠯ ᠲᠠᠯᠠᠪᠤᠷ ᠲᠤ ᠢᠯᠠᠭᠤᠬᠠᠨ ᠭᠠᠵᠠᠷᠳᠠᠵᠤ᠂ ᠭᠠᠵᠠᠷᠳᠠᠭᠰᠠᠨ ᠭᠠᠵᠠᠷ | ᠨᠢ ᠡᠵᠡᠨ᠎ᠡ ᠬᠤᠰᠢᠭᠤᠨ ᠤ ᠬᠢᠯᠢ ᠳᠤ ᠪᠤᠶ᠃ | ᠣᠶᠢᠯᠠᠭᠠᠭᠰᠠᠨ ᠢᠶᠠᠷ᠂ ᠴᠠᠩᠵᠧᠩ ᠳᠣᠯᠣᠳᠤᠭᠠᠷ ᠲᠡᠶᠢᠷᠦᠯᠲᠦ ᠰᠣᠮᠣ ᠪᠣᠯ 2 ᠳᠡᠰ ᠤᠨ ᠪᠦᠲᠦᠴᠡ ᠲᠠᠢ᠂ | 4 ᠲᠦᠯᠬᠢᠭᠴᠢ ᠮᠠᠰᠢᠨ ᠤᠶᠠᠵᠤ᠂ ᠪᠦᠬᠦ ᠣᠷᠳᠣ ᠨᠢ 53.1 ᠮᠧᠲᠷ᠂ ᠨᠢᠰᠦᠯᠲᠡ ᠶᠢᠨ ᠬᠦᠨᠳᠦ ᠨᠢ 597 ᠲᠣᠨ᠂ | ᠪᠦᠮᠪᠦᠷᠴᠡᠭ ᠠᠴᠠ ᠤᠶᠢᠷᠠᠯᠴᠠᠭ᠎ᠠ ᠲᠣᠭᠤᠷᠢᠯ ᠵᠠᠮ ᠤᠨ ᠠᠴᠢᠶᠠᠯᠠᠪᠤᠷᠢ ᠶᠢᠨ ᠴᠢᠳᠠᠪᠤᠷᠢ ᠨᠢ 13.5 ᠲᠣᠨ ᠪᠠᠶᠢᠵᠤ᠂ | ᠰᠢᠩᠭᠡᠨ ᠬᠦᠴᠢᠯᠲᠥ᠋ᠷᠥᠭᠴᠢ ᠨᠡᠭᠦᠷᠡᠰᠦᠨ ᠲᠤᠰᠤ ᠶᠢᠨ ᠬᠥᠳᠡᠯᠭᠡᠭᠦᠷ ᠵᠡᠷᠭᠡ ᠰᠢᠨ᠎ᠡ ᠮᠡᠷᠭᠡᠵᠢᠯ ᠢ ᠬᠡᠷᠡᠭᠯᠡᠭᠰᠡᠨ ᠰᠢᠨ᠎ᠡ | ᠨᠢᠭᠡᠨ ᠦᠶ᠎ᠡ ᠶᠢᠨ ᠳᠤᠮᠳᠠ ᠬᠡᠯᠪᠡᠷᠢ ᠶᠢᠨ ᠲᠡᠶᠢᠷᠦᠯᠳᠦ ᠰᠤᠮᠤ ᠮᠦᠨ ᠪᠦᠭᠡᠳ ᠭᠠᠳᠠᠭᠠᠳᠤ ᠶᠢᠨ ᠠᠳᠠᠯᠢ ᠲᠦᠷᠦᠯ ᠤᠨ | ᠲᠡᠶᠢᠷᠦᠯᠳᠦ ᠰᠤᠮᠤ ᠶᠢᠨ ᠲᠡᠷᠢᠭᠦᠨ ᠤ ᠬᠢᠷᠢ ᠲᠥᠪᠰᠢᠨ ᠳᠤ ᠬᠦᠷᠦᠭᠰᠡᠨ ᠪᠠᠶᠢᠨ᠎ᠠ᠃ ᠴᠠᠩᠵᠧᠩ ᠳᠣᠯᠣᠳᠤᠭᠠᠷ | ᠲᠡᠶᠢᠷᠦᠯᠲᠦ ᠰᠣᠮᠣ ᠶᠢᠨ ᠠᠩᠬᠠᠳᠠᠭᠴᠢ ᠨᠢᠰᠦᠯᠲᠡ ᠲᠡᠭᠦᠰ ᠠᠮᠵᠢᠯᠲᠠ ᠤᠯᠤᠭᠰᠠᠨ ᠨᠢ᠂ ᠮᠠᠨ ᠤ ᠤᠯᠤᠰ ᠤᠨ | ᠬᠥᠮᠦᠨ ᠰᠠᠭᠤᠯᠭᠠᠬᠤ ᠰᠠᠨᠰᠠᠷ ᠤᠨ ᠠᠶᠠᠯᠠᠯ ᠤᠨ ᠢᠨᠵᠧᠨᠧᠷᠢᠩ ᠪᠠ ᠰᠢᠨ᠎ᠡ ᠨᠢᠭᠡᠨ ᠦᠶ᠎ᠡ ᠶᠢᠨ ᠲᠡᠶᠢᠷᠦᠯᠳᠦ ᠰᠤᠮᠤ | ᠰᠤᠳᠤᠯᠤᠨ ᠦᠢᠯᠡᠳᠬᠦ ᠲᠠᠯ᠎ᠠ ᠪᠠᠷ ᠴᠢᠬᠤᠯᠠ ᠶᠡᠭᠡ ᠰᠢᠪᠲᠤᠯᠤᠯᠲᠠ ᠣᠯᠣᠭᠰᠠᠨ ᠢ ᠬᠠᠷᠠᠭᠤᠯᠤᠭᠰᠠᠨ ᠪᠦᠭᠡᠳ ᠮᠠᠨ ᠤ | ᠤᠯᠤᠰ ᠤᠨ ᠲᠡᠶᠢᠷᠦᠯᠳᠦ ᠰᠤᠮᠤ ᠶᠢᠨ ᠬᠡᠯᠪᠡᠷᠢ ᠶᠢᠨ ᠵᠢᠷᠤᠭ ᠢ ᠲᠡᠭᠦᠯᠳᠡᠷᠵᠢᠭᠦᠯᠦᠨ᠂ ᠰᠠᠨᠰᠠᠷ ᠲᠤ ᠠᠶᠠᠯᠠᠬᠤ | ᠴᠢᠳᠠᠪᠤᠷᠢ ᠶᠢ ᠳᠡᠭᠡᠭᠰᠢᠯᠡᠭᠦᠯᠬᠦ ᠳᠤ ᠴᠢᠬᠤᠯᠠ ᠶᠡᠭᠡ ᠠᠴᠢ ᠬᠤᠯᠪᠣᠭᠳᠠᠯ ᠲᠠᠢ ᠶᠤᠮ᠃ ᠡᠨᠡ ᠤᠳᠠᠭᠠᠨ ᠤ | ᠠᠩᠬᠠᠳᠠᠭᠴᠢ ᠨᠢᠰᠦᠯᠲᠡ ᠲᠡᠭᠦᠰ ᠠᠮᠵᠢᠯᠲᠠ ᠤᠯᠤᠭᠰᠠᠨ ᠨᠢ᠂ ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ | ᠣᠯᠠᠨ ᠵᠦᠢᠯ ᠤᠨ ᠲᠡᠮᠳᠡᠭᠯᠡᠯ ᠢ ᠰᠢᠨᠡᠳᠬᠡᠭᠰᠡᠨ ᠪᠠᠶᠢᠨ᠎ᠠ᠃ |