ᠦᠪᠡᠷᠲᠡᠭᠡᠨ ᠵᠠᠰᠠᠬᠤ ᠤᠷᠤᠨ ᠤ ᠤᠯᠤᠰ ᠲᠥᠷᠥ ᠶᠢᠨ ᠵᠦᠪᠯᠡᠯᠭᠡᠨ ᠮᠤᠩᠭᠤᠯ ᠡᠮ ᠡᠮᠨᠡᠯᠬᠡ ᠶᠢᠨ ᠦᠢᠯᠡᠰ ᠤᠨ ᠡᠷᠡᠭᠦᠯ ᠢᠶᠠᠷ ᠲᠦᠷᠭᠡᠨ ᠬᠦᠭᠵᠢᠬᠦ ᠶᠢ ᠠᠬᠢᠭᠤᠯᠬᠤ ᠪᠠᠷ ᠲᠤᠰᠬᠠᠢ ᠰᠡᠳᠦᠪᠲᠦ ᠵᠦᠪᠯᠡᠬᠦ ᠬᠤᠷᠠᠯ ᠬᠢᠪᠡ  ᠯᠢᠥ ᠰᠢᠨ ᠯᠧ ᠶᠠᠷᠢᠶ᠎ᠠ ᠲᠠᠯᠪᠢᠪᠠ
ᠨᠡᠶᠢᠲᠡᠯᠡᠭᠰᠡᠨ ᠴᠠᠭ᠄
2016/6/30
      6 ᠳ᠋ᠤᠭᠠᠷ ᠰᠠᠷ᠎ᠠ ᠶᠢᠨ 29᠎ ᠤ ᠦᠳᠡ ᠶᠢᠨ ᠡᠮᠦᠨ᠎ᠡ᠂ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠎ ᠶᠢᠨ ᠵᠦᠪᠯᠡᠯᠬᠡᠨ ᠲᠤᠰᠬᠠᠢ ᠰᠡᠳᠦᠪ ᠢᠶᠠᠷ ᠵᠦᠪᠯᠡᠬᠦ ᠬᠤᠷᠠᠯ ᠬᠢᠵᠦ᠂ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠦᠨ ᠵᠢᠴᠢ ᠬᠠᠮᠢᠶ᠎ᠠ ᠪᠦᠬᠦᠢ ᠨᠢᠭᠡᠴᠡ ᠰᠠᠯᠠᠭ᠎ᠠ ᠮᠦᠴᠢᠷ ᠮᠤᠩᠭᠤᠯ ᠡᠮ ᠡᠮᠨᠡᠯᠭᠡ ᠶᠢᠨ ᠦᠢᠯᠡᠰ ᠤᠨ ᠬᠦᠭᠵᠢᠯᠲᠡ ᠶᠢᠨ ᠳᠣᠬᠠᠢ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠪᠦᠷᠢᠯᠳᠦᠭᠦᠨ ᠨᠢᠭᠡᠴᠡ ᠪᠤᠯᠤᠨ ᠭᠡᠰᠢᠬᠦᠳ ᠲᠠᠢ ᠵᠦᠪᠯᠡᠪᠡ᠃      ᠦᠪᠡᠷᠲᠡᠭᠡᠨ ᠵᠠᠰᠠᠬᠤ ᠤᠷᠤᠨ ᠤ ᠳᠡᠳ᠋ ᠲᠡᠷᠢᠬᠦᠯᠡᠭᠴᠢ ᠯᠢᠦ ᠰᠢᠨ ᠯᠧ ᠬᠤᠷᠠᠯ ᠳᠤ ᠤᠷᠤᠯᠴᠠᠨ ᠶᠠᠷᠢᠶ᠎ᠠ ᠲᠠᠯᠪᠢᠵᠦ᠂ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠬᠡᠨ ᠤ ᠳᠡᠳ᠋ ᠲᠡᠷᠢᠬᠦᠯᠡᠭᠴᠢ ᠯᠦᠸᠧ ᡁᠢ ᠬᠤ᠋ ᠬᠤᠷᠠᠯ ᠡᠷᠬᠢᠯᠡᠵᠡᠢ᠃      ᠬᠤᠷᠠᠯ ᠠᠴᠠ᠂ ᠮᠤᠩᠭᠤᠯ ᠡᠮ ᠡᠮᠨᠡᠯᠭᠡ ᠶᠢᠨ ᠦᠢᠯᠡᠰ ᠢ ᠶᠡᠬᠡᠪᠡᠷ ᠬᠦᠭᠵᠢᠬᠦᠯᠬᠦ ᠨᠢ ᠡᠬᠡ ᠤᠯᠤᠰ ᠤᠨ ᠦᠨᠳᠦᠰᠦᠲᠡᠨ ᠤ ᠡᠮ ᠡᠮᠨᠡᠯᠭᠡ ᠶᠢᠨ ᠤᠬᠠᠭᠠᠨ ᠤ ᠡᠷᠳᠡᠨᠢ ᠶᠢᠨ ᠬᠦᠮᠦᠷᠭᠡ ᠶᠢ ᠪᠠᠶᠠᠯᠢᠬᠵᠢᠭᠤᠯᠬᠤ᠂ ᠳᠤᠮᠳᠠᠳᠦ ᠶᠢᠨ ᠦᠨᠳᠦᠰᠦᠲᠠᠨ ᠤ ᠤᠯᠠᠮᠵᠢᠯᠠᠯᠲᠦ ᠰᠤᠶᠤᠯ ᠢ ᠬᠠᠮᠠᠭᠠᠯᠠᠨ ᠣᠯᠠᠮᠵᠢᠯᠠᠨ ᠵᠠᠯᠭᠠᠮᠵᠢᠯᠠᠬᠤ᠂ ᠠᠵᠦ ᠠᠬᠤᠢ ᠨᠡᠶᠢᠭᠡᠮ ᠤᠨ ᠭᠦᠭᠵᠢᠯᠲᠡ ᠶᠢ ᠠᠬᠢᠭᠤᠯᠬᠤ᠂ ᠠᠷᠠᠳ ᠤᠯᠠᠨ ᠤ ᠡᠷᠡᠭᠦᠯ ᠴᠢᠬᠢᠷᠠᠭ ᠢ ᠪᠠᠲᠤᠯᠠᠬᠤ ᠳᠤ ᠴᠢᠬᠤᠯᠠ ᠠᠴᠢ ᠬᠤᠯᠪᠤᠬᠳᠠᠯ ᠲᠠᠢ᠃ ᠤᠢᠢᠷ᠎ᠠ ᠶᠢᠨ ᠵᠢᠯ ᠳᠤ᠂ ᠤᠯᠤᠰ ᠪᠤᠯᠤᠨ ᠦᠪᠡᠷᠲᠡᠭᠡᠨ ᠵᠠᠰᠬᠠᠤ ᠤᠷᠤᠨ ᠤ ᠨᠠᠮ ᠤᠨ ᠬᠤᠷᠢᠶ᠎ᠠ ᠎ ᠶᠢᠨ ᠬᠦᠨᠳᠦᠳᠭᠡᠯ ᠪᠤᠯᠤᠨ ᠳᠡᠮᠵᠢᠯᠭᠡ ᠳᠤᠤᠷ᠎ᠠ᠂ ᠮᠠᠨ ᠤ ᠤᠷᠤᠨ ᠤ ᠮᠤᠩᠭᠤᠯ ᠡᠮ ᠡᠮᠨᠡᠯᠭᠡ ᠶᠢᠨ ᠦᠢᠯᠡᠰ ᠳᠠᠰᠤᠷᠠᠯᠳᠠ ᠦᠬᠡᠢ ᠭᠦᠭᠵᠢᠨ ᠪᠤᠵᠠᠭᠠᠢᠢᠷᠠᠵᠠᠢ᠃ ᠬᠤᠶᠢᠰᠢᠳᠠ᠂ ᠮᠤᠩᠭᠤᠯ ᠡᠮ ᠡᠮᠨᠡᠯᠭᠡ ᠶᠢᠨ ᠦᠢᠯᠡᠰ ᠤᠨ ᠭᠦᠭᠵᠢᠯᠲᠡ ᠶᠢ ᠠᠬᠢᠭᠤᠯᠬᠤ ᠳᠤ ᠦᠪᠡᠷᠲᠡᠭᠡᠨ ᠵᠠᠰᠠᠬᠤ ᠤᠷᠤᠨ ᠤ ︽13·5︾᠎ ᠶᠢᠨ ᠲᠦᠯᠦᠪᠵᠢᠬᠦᠯᠭᠡ ᠪᠠᠷ ᠵᠢᠯᠤᠭᠤᠳᠤᠯᠭ᠎ᠠ ᠪᠤᠯᠭᠠᠵᠦ᠂ ᠮᠤᠩᠭᠤᠯ ᠡᠮ ᠡᠮᠨᠡᠯᠭᠡ ᠶᠢᠨ ᠬᠦᠭᠵᠢᠯᠲᠡ ᠶᠢᠨ ᠪᠠᠶᠢᠭᠤᠯᠤᠮᠵᠢ ᠲᠤᠬᠲᠠᠴᠠ ᠶᠢ ᠪᠠᠶᠢᠭᠤᠯᠤᠨ ᠳᠡᠭᠦᠯᠳᠡᠷᠵᠢᠬᠦᠯᠵᠦ᠂ ᠰᠢᠨᠵᠢᠯᠡᠬᠦ ᠣᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠᠶᠢᠯᠳᠤᠬᠤ ᠪᠤᠳᠤᠯᠭ᠎ᠠ ᠎ ᠶᠢ ᠬᠡᠷᠡᠭᠵᠢᠬᠦᠯᠵᠦ᠂ ᠲᠦᠷᠦ ᠶᠢᠨ ᠪᠤᠳᠤᠯᠭ᠎ᠠ ᠶᠢᠨ ᠳᠡᠮᠵᠢᠬᠦ ᠡᠷᠴᠢᠮ ᠢᠶᠠᠨ ᠴᠢᠩᠭᠠᠷᠠᠭᠤᠯᠵᠣ᠂ ᠡᠮᠴᠢᠯᠡᠭᠡ ᠶᠢᠨ ᠦᠢᠯᠡᠴᠢᠯᠡᠭᠡᠨ ᠤ ᠴᠢᠳᠠᠪᠤᠷᠢ ᠪᠠᠨ ᠳᠡᠭᠡᠭᠰᠢᠯᠡᠬᠦᠯᠵᠦ᠂ ᠴᠢᠳᠠᠪᠤᠷᠢᠲᠠᠨ ᠤ ᠡᠩᠨᠡᠭᠡ ᠶᠢᠨ ᠪᠠᠶᠢᠭᠤᠯᠤᠯᠲᠠ ᠶᠢ ᠬᠦᠨᠳᠦᠳᠭᠡᠨ᠂ ᠠᠵᠦ ᠦᠢᠯᠡᠰ ᠤᠨ ᠳᠡᠰ ᠳᠡᠪᠰᠢᠬᠦ ᠶᠢ ᠠᠬᠢᠭᠤᠯᠬᠤ ᠬᠡᠷᠡᠭᠲᠡᠢ᠃ ᠮᠤᠩᠭᠤᠯ ᠡᠮ ᠡᠮᠨᠡᠯᠭᠡ ᠶᠢᠨ ᠦᠢᠯᠡᠰ ᠢ ᠬᠦᠭᠵᠢᠬᠦᠯᠬᠦ ᠶᠢᠨ ᠴᠢᠬᠤᠯᠠ ᠴᠢᠨᠠᠷ ᠤᠨ ᠲᠤᠬᠠᠢ ᠲᠠᠨᠢᠯᠲᠠ ᠪᠠᠨ ᠴᠢᠨᠠᠭᠰᠢᠳᠠ ᠳᠡᠭᠡᠭᠰᠢᠯᠡᠬᠦᠯᠵᠦ᠂ ᠪᠦᠬᠦ ᠨᠡᠶᠢᠭᠡᠮ ᠤᠨ ᠮᠤᠩᠭᠤᠯ ᠡᠮ ᠡᠮᠨᠡᠯᠭᠡ ᠶᠢ ᠮᠡᠳᠡᠷᠡᠬᠦ ᠰᠡᠳᠬᠢᠯᠭᠡ᠂ ᠮᠡᠳᠡᠬᠦ ᠬᠡᠮᠵᠢᠶ᠎ᠡ ᠪᠤᠯᠤᠨ ᠬᠡᠷᠡᠭᠯᠡᠬᠦ ᠨᠤᠷᠮ᠎ᠠ ᠶᠢ ᠲᠠᠰᠤᠷᠠᠯᠳᠠ ᠦᠬᠡᠢ ᠳᠡᠭᠡᠭᠰᠢᠯᠡᠬᠦᠯᠵᠦ᠂ ᠳᠤᠲᠠᠭᠤᠳᠠᠯ ᠢᠶᠠᠨ ᠨᠦᠬᠦᠪᠦᠷᠢᠯᠡᠵᠦ᠂ ᠲᠦᠷᠦᠯ ᠳᠡᠮᠳᠡᠭ ᠡᠭᠦᠳᠴᠦ᠂ ᠬᠤᠷᠳᠦᠴᠡ ᠪᠠᠨ ᠲᠦᠷᠭᠡᠳᠭᠡᠵᠦ᠂ ᠮᠤᠩᠭᠤᠯ ᠡᠮ ᠡᠮᠨᠡᠯᠭᠡ ᠶᠢᠨ ᠦᠢᠯᠡᠰ ᠤᠨ ᠡᠮ ᠡᠮᠨᠡᠯᠭᠡ ᠶᠢᠨ ᠦᠭᠡᠷᠡᠴᠢᠯᠡᠯᠲᠡ ᠎ ᠶᠢ ᠭᠦᠨᠵᠡᠭᠡᠶᠢᠷᠡᠬᠦᠯᠬᠦ ᠪᠤᠯᠤᠨ ᠡᠷᠡᠭᠦᠯ ᠰᠠᠷᠠᠭᠤᠯ ᠦᠪᠦᠷ ᠮᠤᠩᠭᠤᠯ ᠢ ᠪᠦᠲᠦᠭᠡᠨ ᠪᠠᠶᠢᠭᠤᠯᠬᠤ ᠳᠤᠮᠳᠠᠬᠢ ᠴᠢᠬᠤᠯᠠ ᠦᠢᠯᠡᠳᠦᠯ ᠢ ᠬᠦᠢᠴᠡᠳ ᠪᠠᠳᠠᠷᠠᠭᠤᠯᠬᠤ ᠬᠡᠷᠡᠭᠳᠡᠢ ᠭᠡᠵᠡᠢ᠃     ᠬᠤᠷᠠᠯ ᠠᠴᠠ ᠡᠮᠦᠨ᠎ᠡ᠂ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠪᠠᠶᠢᠴᠠᠭᠠᠨ ᠰᠤᠳᠤᠯᠬᠤ ᠳᠤᠭᠤᠢᠢᠯᠠᠩ ᠵᠣᠬᠢᠶᠠᠨ ᠪᠠᠶᠢᠭᠤᠯᠣᠨ ᠬᠠᠮᠢᠶ᠎ᠠ ᠪᠦᠬᠦᠢ ᠠᠶᠢᠮᠠᠭ ᠬᠤᠲᠠ ᠪᠤᠯᠤᠨ ᠲᠦᠪᠡᠳ᠂ ᠬᠦᠬᠡᠨᠠᠭᠤᠷ ᠵᠡᠷᠭᠡ ᠭᠠᠵᠠᠷ ᠲᠤ ᠬᠦᠷᠴᠦ ᠬᠦᠨᠵᠡᠬᠡᠢ ᠪᠠᠶᠢᠴᠠᠭᠠᠨ ᠰᠤᠳᠤᠯᠤᠯᠲᠠ ᠬᠢᠵᠦ᠂ ︽ᠮᠠᠨ ᠤ ᠤᠷᠤᠨ ᠤ ᠮᠤᠩᠭᠤᠯ ᠡᠮ ᠡᠮᠨᠡᠯᠭᠡ ᠶᠢᠨ ᠦᠢᠯᠡᠰ ᠤᠨ ᠬᠦᠭᠵᠢᠯᠲᠡ ᠶᠢᠨ ᠪᠠᠶᠢᠳᠠᠯ ᠤᠨ ᠲᠤᠬᠠᠢ ᠪᠠᠶᠢᠴᠠᠭᠠᠨ ᠰᠤᠳᠤᠯᠤᠯᠲᠠ ᠶᠢᠨ ᠮᠡᠳᠡᠬᠦᠯᠦᠯᠲᠡ︾᠎ ᠶᠢ ᠪᠦᠷᠢᠯᠳᠦᠭᠦᠯᠵᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号