ᠲᠦᠷᠦ ᠶᠢᠨ ᠶᠠᠪᠤᠳᠠᠯ ᠤᠨ ᠬᠤᠷᠢᠶ᠎ᠠ ᠶᠢᠨ ᠨᠠᠢᠮᠠᠨ ᠭᠤᠯᠳᠤ ᠨᠠᠢᠮᠠᠨ ᠬᠦᠨᠳᠡᠯᠡᠨ ᠳᠡᠭᠡᠳᠦ ᠬᠤᠷᠳᠤᠴᠠᠲᠤ ᠲᠡᠮᠦᠷ ᠵᠠᠮ ᠤᠨ ᠲᠣᠣᠷ ᠤᠨ ᠲᠥᠯᠥᠪᠵᠢᠭᠦᠯᠭᠡ ᠪᠠᠷ ᠥᠪᠥᠷ ᠮᠣᠩᠭᠤᠯ ᠤᠨ ᠣᠯᠠᠨ ᠭᠠᠵᠠᠷ ᠬᠡᠰᠡᠭ ᠴᠢᠭ᠋ ᠨᠢ ᠪᠤᠯᠤᠭᠰᠠᠨ ᠪᠠᠶᠢᠨ᠎ᠠ
ᠨᠡᠶᠢᠲᠡᠯᠡᠭᠰᠡᠨ ᠴᠠᠭ᠄
2016/7/11
     ᠣᠳᠣᠬᠠᠨ ᠳᠤ᠂ ᠳᠡᠭᠡᠲᠦ ᠬᠤᠷᠳᠤᠴᠠᠲᠤ ᠲᠡᠮᠦᠷ ᠵᠠᠮ ᠨᠢ ᠳᠤᠮᠳᠠᠳᠤ ᠤᠯᠤᠰ ᠤᠨ ᠬᠤᠲᠠ ᠶᠢᠨ ᠮᠠᠰᠢ ᠦᠨ᠎ᠡ ᠴᠡᠨ᠎ᠡ ᠲᠠᠢ ᠨᠢᠭᠡᠨ ᠠᠯᠳᠠᠷ ᠴᠤᠯᠠ ᠪᠤᠯᠤᠭᠰᠠᠨ ᠪᠠᠶᠢᠨ᠎ᠠ᠃ ᠮᠠᠨ ᠤ ᠤᠯᠤᠰ ᠪᠣᠯ ᠳᠡᠯᠡᠬᠡᠶ ᠳᠡᠭᠡᠷᠡᠬᠢ ᠳᠡᠭᠡᠳᠦ ᠬᠤᠷᠳᠤᠴᠠᠲᠤ ᠲᠡᠮᠦᠷ ᠵᠠᠮ ᠤᠨ ᠰᠢᠰᠲ᠋ᠧᠮᠲᠦ ᠮᠡᠷᠭᠡᠵᠢᠯ ᠢᠶᠠᠷ ᠬᠠᠮᠤᠭ ᠤᠨ ᠪᠦᠷᠢᠨ᠂ ᠬᠤᠷᠠᠮᠠᠯ ᠴᠢᠳᠠᠪᠤᠷᠢ ᠪᠠᠷ ᠬᠠᠮᠤᠭ ᠤᠨ ᠴᠢᠩᠭ᠎ᠠ᠂ ᠡᠵᠡᠩᠨᠡᠯᠲᠡ ᠶᠢᠨ ᠵᠠᠮ ᠬᠠᠮᠤᠭ ᠤᠨ ᠣᠷᠳᠣ᠂ ᠪᠦᠲᠦᠭᠡᠨ ᠪᠠᠶᠢᠭᠤᠯᠬᠤ ᠬᠡᠪᠴᠢᠶ᠎ᠡ ᠪᠠᠷ ᠬᠠᠮᠤᠭ ᠤᠨ ᠶᠡᠭᠡ ᠤᠯᠤᠰ ᠪᠤᠯᠤᠨ᠎ᠠ᠃ ᠳᠡᠭᠡᠲᠦ ᠬᠤᠷᠳᠤᠴᠠᠲᠤ ᠲᠡᠮᠦᠷ ᠵᠠᠮ ᠢ ᠡᠬᠡ ᠬᠠᠭᠤᠷᠠᠶ ᠶᠢᠨ ︽ᠳᠡᠭᠡᠲᠦ ᠳᠡᠰ ᠤᠨ ᠳᠡᠰ ᠲᠤ ᠬᠦᠷᠦᠭᠰᠡᠨ︾ ᠵᠠᠮ ᠬᠠᠷᠢᠯᠴᠠᠭ᠎ᠠ ᠬᠡᠮᠡᠨ ᠬᠡᠯᠡᠵᠤ ᠪᠤᠯᠤᠨ᠎ᠠ᠂ ᠲᠡᠭᠦᠨ ᠤ ᠣᠨᠴᠠᠯᠢᠭ ᠨᠢ ᠬᠡᠪᠡᠯ ᠢᠯᠭᠤᠮ ᠲᠦᠳᠡ᠂ ᠠᠮᠤᠷ ᠲᠦᠪᠰᠢᠨ ᠪᠦᠭᠡᠳ ᠳᠠᠭᠠᠯᠠᠮᠵᠢᠲᠠᠢ ᠪᠠᠶᠢᠵᠤ᠂ ᠳᠠᠪᠠᠭᠤᠯᠢᠭ ᠨᠢ ᠬᠡᠪᠡᠯ ᠠᠶᠠᠨᠴᠢᠨ ᠢ ᠪᠠᠭᠲᠠᠭᠠᠬᠤ ᠬᠡᠮᠵᠢᠶ᠎ᠡ ᠨᠢ ᠶᠡᠭᠡ᠂ ᠴᠠᠭ ᠪᠠᠭ᠎ᠠ ᠵᠠᠷᠤᠴᠠᠭᠤᠯᠵᠤ᠂ ᠲᠣᠭᠲᠠᠭᠰᠠᠨ ᠴᠠᠭ ᠲᠠᠭᠠᠨ ᠠᠶᠠᠯᠠᠬᠤ ᠨᠣᠷᠮ᠎ᠠ ᠨᠢ ᠥᠨᠳᠥᠷ᠂ ᠡᠨᠧᠷᠭᠢ ᠶᠢᠨ ᠬᠤᠷᠣᠭᠳᠠᠯ ᠢᠶᠠᠷ ᠪᠠᠭ᠎ᠠ ᠪᠠᠶᠢᠳᠠᠭ᠃ ᠳᠡᠭᠡᠲᠦ ᠬᠤᠷᠳᠤᠴᠠᠲᠤ ᠲᠡᠮᠦᠷ ᠵᠠᠮ ᠢ ᠪᠦᠲᠦᠭᠡᠨ ᠪᠠᠶᠢᠭᠤᠯᠬᠤ ᠨᠢ ᠵᠠᠮ ᠱᠤᠭᠤᠮ ᠳᠠᠭᠠᠤ ᠬᠤᠳᠠ ᠶᠢᠨ ᠬᠥᠭᠵᠢᠯᠲᠡ ᠪᠠ ᠭᠠᠵᠠᠷ ᠰᠢᠷᠣᠶ ᠶᠢᠨ ᠨᠡᠭᠡᠭᠡᠨ ᠬᠦᠭᠵᠢᠬᠦᠯᠦᠯᠲᠡ ᠶᠢ ᠳᠠᠶᠢᠴᠢᠯᠠᠵᠤ᠂ ᠲᠥᠪ ᠬᠤᠳᠠ ᠶᠢᠨ ᠰᠠᠴᠤᠷᠠᠭ ᠤᠨ ᠦᠢᠯᠡᠳᠦᠯ ᠢ ᠪᠠᠳᠠᠷᠠᠭᠤᠯᠬᠤ ᠪᠦᠭᠡᠳ ᠡᠷᠬᠢᠨ ᠲᠣᠭᠤᠷᠢᠨ ᠤ ᠬᠤᠳᠠ ᠶᠢᠨ ᠬᠦᠭᠵᠢᠯᠲᠡ ᠶᠢ ᠳᠠᠶᠢᠴᠢᠯᠠᠬᠤ ᠪᠤᠯᠤᠨ᠎ᠠ᠃
     ᠳᠤᠮᠳᠠᠳᠤ ᠤᠯᠤᠰ ᠤᠨ ᠳᠡᠭᠡᠲᠦ ᠬᠤᠷᠳᠤᠴᠠᠲᠤ ᠲᠡᠮᠦᠷ ᠵᠠᠮ ᠤᠨ ᠲᠤᠤᠷ ᠤᠨ ᠤᠷᠲᠤᠪᠳᠤᠷ ᠪᠠ ᠤᠷᠲᠤ ᠬᠤᠭᠤᠴᠠᠭᠠᠨ ᠤ ᠲᠥᠯᠥᠪᠵᠢᠭᠦᠯᠭᠡ ᠶᠢᠨ ᠵᠢᠷᠤᠭ ︵ᠰᠦᠯᠵᠢᠶᠡᠨ ᠠᠴᠠ ᠢᠷᠡᠯᠲᠠᠢ᠂ ᠠᠯᠪᠠᠨ ᠤ ᠵᠢᠷᠤᠭ ᠪᠤᠰᠤ︶            6 ᠳ᠋ᠤᠭᠠᠷ ᠰᠠᠷ᠎ᠠ ᠶᠢᠨ 29᠎ ᠤ ᠡᠳᠦᠷ ᠬᠤᠷᠠᠯᠳᠤᠭᠰᠠᠨ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠪᠠᠶᠢᠩᠭᠤ ᠶᠢᠨ ᠬᠤᠷᠠᠯ ᠳᠡᠭᠡᠷ᠎ᠡ᠂ ︽ᠤᠷᠲᠤᠪᠲᠤᠷ ᠪᠠ ᠤᠷᠲᠤ ᠬᠤᠭᠤᠴᠠᠭᠠᠨ ᠤ ᠲᠡᠮᠦᠷ ᠵᠠᠮ ᠤᠨ ᠲᠣᠣᠷ ᠤᠨ ᠲᠥᠯᠥᠪᠵᠢᠭᠦᠯᠭᠡ︾᠎ ᠶᠢ ᠵᠠᠷᠴᠢᠮ ᠳᠡᠭᠡᠷ᠎ᠡ ᠪᠠᠨ ᠪᠠᠲᠤᠯᠠᠪᠠ᠃ ᠮᠠᠨ ᠤ ᠤᠯᠤᠰ ᠲᠠᠯᠠᠢ ᠳᠠᠭᠠᠤ ᠣᠷᠣᠨ᠂ ᠪᠡᠭᠡᠵᠢᠩ ᠱᠠᠩᠬᠠᠶ ᠵᠡᠷᠭᠡ ︽ ᠨᠠᠢᠮᠠᠨ ᠭᠤᠯᠳᠤ︾ ᠨᠡᠪᠲᠡᠷᠡᠬᠦ ᠵᠠᠮ ᠪᠤᠯᠤᠨ ᠬᠠᠭᠤᠷᠠᠶ ᠶᠢᠨ ᠬᠥᠭᠦᠷᠭᠡ᠂ ᠮᠥᠷᠡᠨ ᠳᠠᠭᠠᠤ ᠵᠡᠷᠭᠡ ︽ᠨᠠᠢᠮᠠᠨ ᠬᠥᠨᠳᠡᠯᠡᠨ︾ ᠨᠡᠪᠲᠡᠷᠡᠬᠦ ᠵᠠᠮ ᠢᠶᠠᠷ ᠭᠤᠣᠯ ᠪᠣᠯᠭᠠᠭᠰᠠᠨ᠂ ᠬᠤᠲᠠ ᠶᠢᠨ ᠬᠤᠭᠤᠷᠣᠨᠳᠣᠬᠢ ᠳᠡᠮᠦᠷ ᠵᠠᠮ ᠢᠶᠠᠷ ᠨᠥᠬᠦᠪᠥᠷᠢ ᠪᠣᠯᠭᠠᠭᠰᠠᠨ ᠳᠡᠭᠡᠲᠦ ᠬᠤᠷᠳᠤᠴᠠᠲᠤ ᠲᠡᠮᠦᠷ ᠵᠠᠮ ᠤᠨ ᠲᠣᠣᠷ ᠢ ᠴᠤᠭᠴᠠᠯᠠᠬᠤ ᠪᠠᠷ ᠪᠠᠶᠢᠨ᠎ᠠ᠃ ︽ ᠨᠠᠢᠮᠠᠨ ᠭᠤᠯᠳᠤ ᠨᠠᠢᠮᠠᠨ ᠬᠦᠨᠳᠡᠯᠡᠨ︾ ᠨᠡᠪᠲᠡᠷᠡᠯ ᠵᠠᠮ ᠨᠢ ᠬᠥᠷᠰᠢ ᠵᠡᠷᠭᠡᠯᠡᠳᠡᠭᠡ ᠲᠣᠮᠣ ᠳᠤᠮᠳᠠ ᠬᠤᠲᠠ ᠶᠢᠨ ᠬᠤᠭᠤᠷᠣᠨᠳᠣᠬᠢ 1-4 ᠴᠠᠭ ᠤᠨ ᠵᠠᠮ ᠬᠠᠷᠢᠯᠴᠠᠭᠠᠨ ᠤ ᠲᠤᠭᠤᠷᠢᠭ᠂ ᠬᠤᠳᠠ ᠶᠢᠨ ᠪᠥᠭᠡᠮᠨᠡᠷᠡᠯ ᠤᠨ ᠳᠣᠲᠣᠷᠠᠬᠢ 0.5-2 ᠴᠠᠭ ᠤᠨ ᠵᠠᠮ ᠬᠠᠷᠢᠯᠴᠠᠭᠠᠨ ᠤ ᠲᠤᠭᠤᠷᠢᠭ ᠢ ᠪᠡᠶᠡᠯᠡᠭᠦᠯᠬᠦ ᠪᠣᠯᠤᠨ᠎ᠠ᠃ ᠥᠪᠥᠷ ᠮᠣᠩᠭᠤᠯ ᠤᠨ ᠣᠯᠠᠨ ᠬᠤᠲᠠ ᠨᠢ ᠤᠯᠤᠰ ᠤᠨ ︽ᠨᠠᠢᠮᠠᠨ ᠭᠤᠯᠳᠤ ᠨᠠᠢᠮᠠᠨ ᠬᠦᠨᠳᠡᠯᠡᠨ︾᠎ ᠤ ᠭᠤᠣᠯ ᠰᠤᠳᠠᠯ ᠪᠤᠯᠵᠤ᠂ ᠵᠠᠷᠢᠮ ᠬᠤᠳᠠ ︵ᠵᠢᠱᠢᠶᠡᠯᠡᠪᠡᠯ᠄ ᠬᠥᠬᠡᠬᠤᠲᠠ︶᠎ ᠨᠢ ᠴᠢᠨᠠᠭᠰᠢᠯᠠᠭᠠᠳ ᠴᠢᠬᠤᠯᠠ ᠬᠡᠰᠡᠭ ᠴᠢᠭ᠋ ᠨᠢ ᠪᠤᠯᠤᠭᠰᠠᠨ ᠪᠠᠶᠢᠨ᠎ᠠ᠃            ᠨᠠᠢᠮᠠᠨ ᠭᠤᠯᠳᠤ ᠨᠡᠪᠲᠡᠷᠡᠯ ᠵᠠᠮ ᠤᠨ ᠲᠥᠯᠥᠪᠵᠢᠭᠦᠯᠭᠡ ᠳᠤ ᠬᠤᠯᠪᠣᠭᠳᠠᠬᠤ ᠥᠪᠥᠷ ᠮᠣᠩᠭᠤᠯ ᠤᠨ ᠵᠠᠮ ᠱᠤᠭᠤᠮ᠄            ᠳᠥᠷᠪᠡᠳᠦᠭᠡᠷ ᠭᠤᠯᠳᠤ ᠱᠤᠭᠤᠮ᠄ ᠬᠠᠷᠪᠢᠨ — ᠰᠢᠶᠠᠩᠭᠠᠩ ᠬᠦᠷᠬᠦ ᠶᠡᠭᠡ ᠨᠡᠪᠲᠡᠷᠡᠯ ᠵᠠᠮ       ᠡᠭᠦᠨ ᠳᠤ ᠬᠠᠷᠪᠢᠨ ᠠᠴᠠ ᠮᠦᠭᠳᠡᠨ ᠬᠦᠷᠬᠦ ᠳᠡᠭᠡᠲᠦ ᠬᠤᠷᠳᠤᠴᠠᠲᠤ ᠲᠡᠮᠦᠷ ᠵᠠᠮ ︵ᠨᠢᠭᠡᠨᠲᠡ ᠲᠡᠷᠭᠡ ᠨᠡᠪᠲᠡᠷᠡᠵᠡᠢ︶᠂ ᠪᠡᠭᠡᠵᠢᠩ ᠠᠴᠠ ᠮᠦᠭᠳᠡᠨ ᠬᠦᠷᠬᠦ ᠳᠡᠭᠡᠲᠦ ᠬᠤᠷᠳᠤᠴᠠᠲᠤ ᠲᠡᠮᠦᠷ ᠵᠠᠮ ︵ᠶᠠᠭ ᠪᠦᠳᠦᠭᠡᠨ ᠪᠠᠶᠢᠭᠤᠯᠵᠤ ᠪᠤᠢ︶᠂ ᠪᠡᠭᠡᠵᠢᠩ ᠠᠴᠠ ᠭᠤᠸᠠᠩᠵᠧᠦ ᠬᠦᠷᠬᠦ ᠳᠡᠭᠡᠲᠦ ᠬᠤᠷᠳᠤᠴᠠᠲᠤ ᠲᠡᠮᠦᠷ ᠵᠠᠮ ︵ᠨᠢᠭᠡᠨᠲᠡ ᠲᠡᠷᠭᠡ ᠨᠡᠪᠲᠡᠷᠡᠵᠡᠢ︶᠂ ᠭᠤᠸᠠᠩᠵᠧᠦ ᠠᠴᠠ ᠱᠧᠨᠵᠧᠨ ᠰᠢᠶᠠᠩᠭᠠᠩ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ︵ᠰᠢᠶᠠᠩᠭᠠᠩ ᠠᠴᠠ ᠱᠧᠨᠵᠧᠨ ᠬᠥᠷᠬᠦ ᠬᠡᠰᠡᠭ ᠢ ᠶᠠᠭ ᠪᠦᠳᠦᠭᠡᠨ ᠪᠠᠶᠢᠭᠤᠯᠵᠤ ᠪᠤᠢ︶ ᠪᠠᠭᠲᠠᠨ᠎ᠠ᠃ ᠡᠭᠦᠨ ᠳᠤ ᠪᠡᠭᠡᠵᠢᠩ ᠠᠴᠠ ᠮᠦᠭᠳᠡᠨ ᠬᠦᠷᠬᠦ ᠳᠡᠭᠡᠲᠦ ᠬᠤᠷᠳᠤᠴᠠᠲᠤ ᠲᠡᠮᠦᠷ ᠵᠠᠮ ᠨᠢ ᠤᠮᠠᠷᠠᠰᠢ ᠬᠤᠶᠠᠷ ᠰᠠᠯᠪᠤᠷᠢᠯᠠᠵᠤ ᠥᠪᠥᠷ ᠮᠣᠩᠭᠤᠯ ᠤᠨ ᠲᠦᠩᠯᠢᠶᠣᠤ ᠬᠤᠳᠠ᠂ ᠤᠯᠠᠭᠠᠨᠬᠠᠳᠠ ᠬᠤᠳᠠ ᠲᠠᠢ ᠵᠠᠯᠭᠠᠯᠳᠤᠵᠠᠢ᠃ ᠵᠢᠱᠢᠯᠲᠡ ᠪᠠᠷ 2019 ᠤᠨ ᠤ ᠡᠴᠦᠰ ᠪᠤᠯᠬᠤ ᠳᠤ᠂ ᠮᠦᠭᠳᠡᠨ ᠠᠴᠠ ᠳᠡᠭᠡᠲᠦ ᠬᠤᠷᠳᠤᠴᠠᠲᠤ ᠲᠡᠮᠦᠷ ᠵᠠᠮ ᠢᠶᠠᠷ ᠠᠶᠠᠯᠠᠪᠠᠯ 1.5 ᠴᠠᠭ ᠪᠤᠯᠪᠠᠯ ᠲᠦᠩᠯᠢᠶᠣᠤ ᠳᠤ ᠬᠦᠷᠴᠦ᠂ 2 ᠴᠠᠭ ᠪᠤᠯᠪᠠᠯ ᠤᠯᠠᠭᠠᠨᠬᠠᠳᠠ ᠳᠤ ᠬᠦᠷᠬᠦ ᠪᠤᠯᠤᠨ᠎ᠠ᠃      ᠣᠶᠢᠯᠠᠭᠠᠭᠰᠠᠨ ᠢᠶᠠᠷ᠂ ᠰᠢᠨ᠎ᠡ ᠪᠠᠷ ᠪᠠᠶᠢᠭᠤᠯᠬᠤ ᠲᠦᠩᠯᠢᠶᠣᠤ ᠠᠴᠠ ᠪᠡᠭᠡᠵᠢᠩ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠰᠢᠨ ᠮᠢᠨ ᠬᠤᠶᠢᠲᠤ ᠦᠷᠲᠡᠭᠡ ᠶᠢᠨ ᠠᠶᠠᠨᠴᠢᠨ ᠤ ᠲᠡᠭᠡᠭᠡᠪᠦᠷᠢ ᠶᠢᠨ ᠲᠤᠰᠬᠠᠶ ᠱᠤᠭᠤᠮ ᠨᠢ ᠬᠤᠶᠢᠨ᠎ᠠ ᠠᠴᠠ ᠲᠦᠩᠯᠢᠶᠣᠤ ᠬᠤᠳᠠ ᠠᠴᠠ ᠡᠬᠢᠯᠡᠵᠤ᠂ ᠡᠮᠦᠨᠡᠰᠢ ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠶᠢᠨ ᠭᠠᠨᠵᠤᠭ᠎ᠠ᠂ ᠯᠢᠶᠣᠤᠨᠢᠩ ᠮᠤᠵᠢ ᠶᠢᠨ ᠵᠠᠩ ᠡᠦ ᠪᠠᠷ ᠳᠠᠮᠵᠢᠨ ᠪᠠᠶᠢᠭᠤᠯᠵᠤ ᠪᠠᠶᠢᠭ᠎ᠠ ᠪᠡᠭᠡᠵᠢᠩ ᠠᠴᠠ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠰᠢᠨ ᠮᠢᠨ ᠬᠤᠶᠢᠲᠤ ᠦᠷᠳᠡᠭᠡ ᠳᠤ ᠨᠡᠶᠢᠯᠡᠵᠤ᠂ ᠵᠠᠮ ᠤᠨ ᠪᠦᠬᠦ ᠣᠷᠳᠣ ᠨᠢ 197km ᠪᠤᠯᠤᠨ᠎ᠠ᠃ ᠡᠭᠦᠨ ᠳᠤ᠂ ᠥᠪᠥᠷ ᠮᠣᠩᠭᠤᠯ ᠤᠨ ᠬᠢᠯᠢ ᠳᠤᠲᠤᠷ᠎ᠠ 92km ᠪᠠᠶᠢᠵᠤ᠂ ᠯᠢᠶᠣᠤᠨᠢᠩ ᠮᠤᠵᠢ ᠶᠢᠨ ᠬᠢᠯᠢ ᠳᠣᠲᠣᠷ᠎ᠠ 105km ᠪᠤᠢ᠃ ᠪᠦᠬᠦ ᠱᠤᠭᠤᠮ ᠳᠤ ᠲᠦᠩᠯᠢᠶᠣᠤ ᠦᠷᠲᠡᠭᠡ᠂ ᠵᠠᠩ ᠡᠦ ᠦᠷᠲᠡᠭᠡ᠂ ᠰᠢᠨ ᠮᠢᠨ ᠬᠤᠶᠢᠲᠤ ᠦᠷᠲᠡᠭᠡ ᠵᠡᠷᠭᠡ 4 ᠲᠡᠷᠭᠡᠨ ᠦᠷᠳᠡᠭᠡ ᠪᠠᠶᠢᠭᠤᠯᠵᠤ᠂ ᠪᠠᠷᠢᠯᠭ᠎ᠠ ᠶᠢᠨ ᠶᠡᠷᠦᠩᠬᠡᠶ ᠪᠡᠯᠡ ᠣᠷᠣᠭᠤᠯᠤᠯᠲᠠ ᠨᠢ 171.71 ᠳ᠋ᠦᠡᠭᠰᠢᠭᠤᠷ ᠲᠥᠭᠦᠷᠢᠭ ᠲᠤ ᠬᠦᠷᠴᠦ᠂ ᠬᠤᠷᠳᠤᠴᠠ ᠨᠢ ᠴᠠᠭ ᠲᠤ 250 ᠺᠢᠯᠣᠮᠧᠲᠷ ᠢᠶᠠᠷ ᠵᠢᠷᠤᠵᠤ ᠲᠦᠯᠦᠪᠯᠡᠵᠠᠢ᠃      ᠰᠢᠨ᠎ᠡ ᠪᠠᠷ ᠪᠠᠶᠢᠭᠤᠯᠤᠭᠰᠠᠨ ᠤᠯᠠᠭᠠᠨᠬᠠᠳᠠ ᠠᠴᠠ ᠪᠡᠭᠡᠵᠢᠩ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠬᠠᠷᠠᠴᠢᠨ ᠵᠡᠭᠦᠨ ᠥᠷᠲᠡᠭᠡᠨ ᠤ ᠠᠶᠠᠨᠴᠢᠨ ᠤ ᠲᠡᠭᠡᠭᠡᠪᠦᠷᠢ ᠶᠢᠨ ᠲᠤᠰᠬᠠᠶ ᠱᠤᠭᠤᠮ ᠨᠢ ᠬᠤᠶᠢᠨ᠎ᠠ ᠠᠴᠠ ᠤᠯᠠᠭᠠᠨᠬᠠᠳᠠ ᠬᠤᠳᠠ ᠠᠴᠠ ᠡᠬᠢᠯᠡᠵᠤ᠂ ᠡᠮᠦᠨᠡᠰᠢ ᠫᠢᠩ ᠵᠤᠸᠠᠩ᠂ ᠨᠢᠩᠴᠧᠩ᠂ ᠵᠢᠶᠠᠨ ᠫᠢᠩ ᠢ ᠳᠠᠭᠠᠷᠢᠵᠤ᠂ ᠪᠠᠶᠢᠭᠤᠯᠵᠤ ᠪᠠᠶᠢᠭ᠎ᠠ ᠪᠡᠭᠡᠵᠢᠩ ᠠᠴᠠ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠬᠠᠷᠠᠴᠢᠨ ᠵᠡᠭᠦᠨ ᠦᠷᠳᠡᠭᠡ ᠳᠤ ᠨᠡᠶᠢᠯᠡᠵᠤ᠂ ᠵᠠᠮ ᠤᠨ ᠪᠦᠬᠦ ᠣᠷᠳᠣ ᠨᠢ 157.4km ᠪᠤᠯᠤᠨ᠎ᠠ᠃ ᠡᠭᠦᠨ ᠳᠤ᠂ ᠥᠪᠥᠷ ᠮᠣᠩᠭᠤᠯ ᠤᠨ ᠬᠢᠯᠢ ᠳᠤᠲᠤᠷ᠎ᠠ102.6km ᠪᠠᠶᠢᠵᠤ᠂ ᠯᠢᠶᠣᠤᠨᠢᠩ ᠮᠤᠵᠢ ᠶᠢᠨ ᠬᠢᠯᠢ ᠳᠣᠲᠣᠷ᠎ᠠ 54.8km ᠪᠤᠢ᠃ ᠪᠦᠬᠦ ᠵᠠᠮ ᠱᠤᠭᠤᠮ ᠳᠤ ᠤᠯᠠᠭᠠᠨᠬᠠᠳᠠ ᠪᠠᠷᠠᠭᠤᠨ ᠦᠷᠲᠡᠭᠡ᠂ ᠫᠢᠩ ᠵᠤᠸᠠᠩ ᠪᠠᠷᠠᠭᠤᠨ ᠦᠷᠲᠡᠭᠡ᠂ ᠨᠢᠩᠴᠧᠩ ᠦᠷᠲᠡᠭᠡ᠂ ᠵᠢᠶᠠᠨ ᠫᠢᠩ ᠦᠷᠲᠡᠭᠡ᠂ ᠬᠠᠷᠠᠴᠢᠨ ᠵᠡᠭᠦᠨ ᠦᠷᠲᠡᠭᠡ ᠵᠡᠷᠭᠡ 5 ᠲᠡᠷᠭᠡᠨ ᠦᠷᠳᠡᠭᠡ ᠪᠠᠶᠢᠭᠤᠯᠵᠤ᠂ ᠪᠠᠷᠢᠯᠭ᠎ᠠ ᠶᠢᠨ ᠶᠡᠷᠦᠩᠬᠡᠶ ᠪᠡᠯᠡ ᠣᠷᠣᠭᠤᠯᠤᠯᠲᠠ ᠨᠢ 170.45 ᠳ᠋ᠦᠡᠭᠰᠢᠭᠤᠷ ᠲᠥᠭᠦᠷᠢᠭ ᠲᠤ ᠬᠦᠷᠴᠦ᠂ ᠬᠤᠷᠳᠤᠴᠠ ᠨᠢ ᠴᠠᠭ ᠲᠤ 250 ᠺᠢᠯᠣᠮᠧᠲᠷ ᠢᠶᠠᠷ ᠵᠢᠷᠤᠵᠤ ᠲᠦᠯᠦᠪᠯᠡᠵᠠᠢ᠃
     ᠪᠡᠭᠡᠵᠢᠩ ᠠᠴᠠ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠪᠦᠬᠦ ᠱᠤᠭᠤᠮ 2019 ᠣᠨ ᠳᠤ ᠲᠡᠷᠭᠡ ᠨᠡᠪᠲᠡᠷᠡᠬᠦ ᠪᠠᠷ ᠲᠥᠯᠥᠪᠯᠡᠵᠦ ᠪᠠᠶᠢᠨ᠎ᠠ᠃ ᠪᠡᠭᠡᠵᠢᠩ ᠠᠴᠠ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠯᠥᠨ ᠪᠤᠶᠢᠷ᠂ ᠬᠢᠩᠭᠠᠨ ᠠᠶᠢᠮᠠᠭ᠂ ᠲᠦᠩᠯᠢᠶᠣᠤ᠂ ᠤᠯᠠᠭᠠᠨᠬᠠᠳᠠ ᠶᠢᠨ ᠪᠡᠭᠡᠵᠢᠩ ᠪᠣᠯᠤᠨ ᠬᠥᠬᠡᠬᠤᠲᠠ ᠳᠤ ᠣᠷᠣᠬᠤ ᠳᠡᠭᠡᠳᠦ ᠬᠤᠷᠳᠤᠴᠠᠲᠤ ᠲᠡᠮᠦᠷ ᠵᠠᠮ ᠤᠨ ᠨᠡᠪᠲᠡᠷᠡᠯ ᠵᠠᠮ ᠢ ᠪᠦᠷᠢᠯᠳᠦᠭᠦᠯᠬᠦ ᠪᠥᠭᠡᠳ ᠥᠪᠥᠷ ᠮᠣᠩᠭᠤᠯ ᠤᠨ ᠵᠡᠭᠦᠨ ᠬᠡᠰᠡᠭ ᠤᠨ ᠭᠠᠵᠠᠷ ᠣᠷᠣᠨ ᠤ ᠠᠵᠤ ᠠᠬᠤᠶ ᠶᠢᠨ ᠲᠠᠯ᠎ᠠ ᠪᠠᠷ ᠵᠡᠭᠦᠨ ᠬᠤᠶᠢᠲᠤ ᠣᠷᠣᠨ ᠲᠠᠢ ᠠᠭᠤᠰᠤᠯᠴᠠᠬᠤ ᠠᠯᠬᠤᠴᠠ ᠶᠢ ᠲᠦᠷᠭᠡᠳᠬᠡᠬᠦ ᠪᠤᠯᠤᠨ᠎ᠠ᠃ ᠪᠡᠭᠡᠵᠢᠩ ᠠᠴᠠ ᠮᠦᠭᠳᠡᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠢ ᠬᠥᠬᠡᠬᠤᠲᠠ ᠠᠴᠠ ᠪᠡᠭᠡᠵᠢᠩ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠯᠤᠭ᠎ᠠ ᠵᠠᠯᠭᠠᠯᠳᠤᠬᠤ ᠪᠠᠷ ᠳᠠᠮᠵᠢᠭᠤᠯᠤᠨ᠂ ᠥᠪᠥᠷ ᠮᠣᠩᠭᠤᠯ ᠤᠨ ᠵᠡᠭᠦᠨ ᠪᠠᠷᠠᠭᠤᠨ ᠬᠡᠰᠡᠭ ᠤᠨ ᠳᠡᠭᠡᠳᠦ ᠬᠤᠷᠳᠤᠴᠠᠲᠤ ᠲᠡᠮᠦᠷ ᠵᠠᠮ ᠤᠨ ᠶᠡᠭᠡ ᠨᠡᠪᠲᠡᠷᠡᠯ ᠵᠠᠮ ᠤᠨ ᠭᠤᠣᠯ ᠵᠠᠮ ᠢ ᠪᠦᠷᠢᠯᠳᠦᠭᠦᠯᠵᠦ᠂ ᠥᠪᠡᠷᠲᠡᠭᠡᠨ ᠵᠠᠰᠠᠬᠤ ᠣᠷᠣᠨ ᠤ ᠢᠷᠡᠭᠡᠳᠦᠶ ᠶᠢᠨ ᠬᠥᠭᠵᠢᠯᠲᠡ ᠳᠤ ᠬᠦᠴᠦᠲᠡᠶ ᠲᠦᠰᠢᠭ ᠲᠤᠯᠭᠠᠭᠤᠷᠢ ᠪᠣᠯᠬᠤ ᠪᠣᠯᠣᠨ᠎ᠠ᠃            ᠲᠠᠪᠤᠳᠤᠭᠠᠷ ᠭᠤᠯᠳᠤ ᠱᠤᠭᠤᠮ᠄ ᠬᠥᠬᠡᠬᠤᠲᠠ ᠠᠴᠠ ᠨᠠᠨᠨᠢᠩ ᠬᠦᠷᠬᠦ ᠨᠡᠪᠲᠡᠷᠡᠯ ᠵᠠᠮ      ᠳᠡᠭᠡᠷᠡᠬᠢ ᠭᠠᠵᠠᠷ ᠤᠨ ᠵᠢᠷᠤᠭ ᠤᠨ ᠴᠢᠭᠯᠡᠯ ᠠᠴᠠ ᠦᠵᠡᠪᠡᠯ᠂ ᠶᠡᠭᠡ ᠲᠥᠯᠥᠪ ᠬᠥᠬᠡᠬᠤᠲᠠ ᠠᠴᠠ ᠲᠠᠶᠢᠶᠤᠸᠠᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ︵ᠳ᠋ᠠᠲ᠋ᠦ᠋ᠩ ᠠᠴᠠ ᠰᠢ ᠠᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠳ᠋ᠠᠲ᠋ᠦ᠋ᠩ ᠠᠴᠠ ᠲᠠᠶᠢᠶᠤᠸᠠᠨ ᠬᠦᠷᠬᠦ ᠬᠡᠰᠡᠭ︶᠎ ᠠᠴᠠ ᠡᠬᠢᠯᠡᠵᠦ᠂ ᠳᠠᠷᠠᠭ᠎ᠠ ᠨᠢ ᠲᠠᠶᠢᠶᠤᠸᠠᠨ ᠠᠴᠠ ᠵᠧᠩᠵᠧᠦ᠂ ᠵᠧᠩᠵᠧᠦ ᠠᠴᠠ ᠰᠢᠶᠠᠩᠶᠠᠩ ᠬᠦᠷᠬᠦ᠂ ᠳᠠᠷᠠᠭ᠎ᠠ ᠨᠢ ᠰᠢᠶᠠᠩᠶᠠᠩ ᠠᠴᠠ ᠴᠠᠩᠳᠧ ᠶᠢ ᠳᠠᠭᠠᠷᠢᠵᠤ᠂ ᠶᠦᠩ ᠵᠧᠦ ᠠᠴᠠ ᠨᠠᠨᠨᠢᠩ ᠳᠤ ᠬᠦᠷᠬᠦ ᠪᠣᠯᠣᠨ᠎ᠠ᠃      ᠡᠨᠡ ᠱᠤᠭᠤᠮ ᠤᠨ ᠪᠦᠲᠦᠭᠡᠨ ᠪᠠᠶᠢᠭᠤᠯᠤᠭᠠᠳᠤᠢ ᠬᠡᠰᠡᠭ ᠨᠡᠯᠢᠶᠡᠳ ᠤᠯᠠᠨ ᠪᠠᠶᠢᠵᠤ᠂ ᠣᠳᠣᠬᠠᠨ ᠳᠤ ᠭᠤᠣᠯᠳᠠᠭᠤ ᠳ᠋ᠠᠲ᠋ᠦ᠋ᠩ ᠠᠴᠠ ᠲᠠᠶᠢᠶᠤᠸᠠᠨ ᠬᠦᠷᠬᠦ ᠥᠨᠳᠥᠷ ᠬᠤᠷᠳᠤᠴᠠᠲᠤ ᠲᠡᠮᠦᠷ ᠵᠠᠮ ᠢ ᠪᠠᠶᠢᠭᠤᠯᠵᠤ᠂ ᠾᠧᠩᠶᠠᠩ ᠠᠴᠠ ᠯᠢᠦ ᠵᠸᠦ ᠬᠦᠷᠬᠦ ᠲᠡᠮᠦᠷ ᠵᠠᠮ ᠢ ᠠᠰᠢᠭᠯᠠᠵᠤ ᠪᠣᠯᠬᠤ ᠪᠥᠭᠡᠳ ᠪᠤᠰᠤᠳ ᠬᠡᠰᠡᠭ ᠢ ᠴᠥᠮ ᠰᠢᠨ᠎ᠡ ᠪᠠᠷ ᠪᠠᠶᠢᠭᠤᠯᠬᠤ ᠪᠣᠯᠣᠨ᠎ᠠ᠃            ᠵᠢᠷᠭᠤᠳᠤᠭᠠᠷ ᠭᠤᠯᠳᠤ ᠱᠤᠭᠤᠮ᠄ ᠬᠥᠬᠡᠬᠤᠲᠠ ᠠᠴᠠ ᠰᠠᠨ ᠶᠠ ᠬᠦᠷᠬᠦ ᠨᠡᠪᠲᠡᠷᠡᠯ ᠵᠠᠮ      ᠡᠨᠡ ᠨᠢ ᠮᠥᠨ ᠴᠦ ᠠᠷᠠᠳ ᠤᠨ ᠳᠤᠮᠳᠠ ᠠᠯᠳᠠᠷᠲᠠᠢ ᠪᠣᠭᠤᠲᠣ ᠠᠴᠠ ᠬᠠᠶᠢᠨᠠᠨ ᠬᠦᠷᠬᠦ ᠲᠡᠮᠦᠷ ᠵᠠᠮ ᠪᠣᠯᠣᠨ᠎ᠠ᠂ ᠭᠡᠪᠡᠴᠦ ᠪᠢᠳᠡ ᠬᠡᠷᠪᠡ ᠰᠢᠨᠬᠤᠸᠠ ᠬᠤᠷᠢᠶᠠᠨ ᠤ ᠨᠡᠶᠢᠲᠡᠯᠡᠭᠰᠡᠨ ᠭᠠᠵᠠᠷ ᠤᠨ ᠵᠢᠷᠤᠭ ᠢ ᠨᠠᠷᠢᠨ ᠠᠵᠢᠭᠯᠠᠪᠠᠯ᠂ ᠠᠯᠪᠠᠨ ᠤ ᠬᠡᠪᠯᠡᠯ ᠪᠠ ᠠᠷᠠᠳ ᠤᠨ ᠳᠤᠮᠳᠠᠬᠢ ᠬᠡᠪᠯᠡᠯ ᠤᠨ ᠢᠯᠭᠠᠭ᠎ᠠ ᠮᠠᠰᠢ ᠶᠡᠭᠡ ᠪᠠᠶᠢᠬᠤ ᠶᠢ ᠣᠯᠵᠤ ᠮᠡᠳᠡᠵᠦ ᠪᠣᠯᠣᠨ᠎ᠠ᠃ ᠰᠢᠨᠬᠤᠸᠠ ᠬᠤᠷᠢᠶᠠᠨ ᠤ ᠭᠠᠵᠠᠷ ᠤᠨ ᠵᠢᠷᠤᠭ ᠢ ᠦᠨᠳᠦᠰᠦᠯᠡᠪᠡᠯ᠂ ᠠᠯᠪᠠᠨ ᠤ ᠬᠡᠪᠯᠡᠯ ᠤᠨ ᠬᠥᠬᠡᠬᠤᠲᠠ ᠠᠴᠠ ᠰᠠᠨ ᠶᠠ ᠬᠦᠷᠬᠦ ᠶᠡᠭᠡ ᠨᠡᠪᠳᠡᠷᠡᠯ ᠵᠠᠮ ᠤᠨ ᠭᠤᠣᠯ ᠴᠢᠭᠯᠡᠯ ᠨᠢ ᠬᠥᠬᠡᠬᠤᠲᠠ ᠠᠴᠠ ᠪᠤᠭᠤᠲᠤ ᠶᠢ ᠳᠠᠭᠠᠷᠢᠵᠤ ᠲᠠᠶᠢᠶᠤᠸᠠᠨ ᠳᠤ ᠬᠦᠷᠴᠦ᠂ ᠳᠠᠷᠠᠭ᠎ᠠ ᠨᠢ ᠳ᠋ᠠᠲ᠋ᠦ᠋ᠩ ᠠᠴᠠ ᠰᠢ ᠠᠨ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠲᠠᠶᠢᠶᠤᠸᠠᠨ ᠠᠴᠠ ᠰᠢ ᠠᠨ ᠬᠦᠷᠬᠦ ᠬᠡᠰᠡᠭ ᠢᠶᠠᠷ ᠶᠠᠪᠤᠵᠤ᠂ ᠳᠠᠷᠠᠭ᠎ᠠ ᠨᠢ ᠰᠢ ᠠᠨ ᠠᠴᠠ ᠴᠦᠩᠴᠢᠩ ᠳᠤ ᠬᠦᠷᠴᠦ᠂ ᠴᠦᠩᠴᠢᠩ ᠠᠴᠠ ᠭᠦᠢᠶᠠᠩ ᠳᠤ ᠬᠦᠷᠴᠦ᠂ ᠭᠦᠢᠶᠠᠩ ᠠᠴᠠ ᠨᠠᠨᠨᠢᠩ ᠳᠤ ᠬᠦᠷᠴᠦ᠂ ᠨᠠᠨᠨᠢᠩ ᠠᠴᠠ ᠬᠠᠶᠢᠺᠸᠦ ᠶᠢ ᠳᠠᠭᠠᠷᠢᠨ ᠰᠠᠨ ᠶᠠ ᠬᠦᠷᠬᠦ ᠪᠠᠷ ᠶᠡᠭᠡ ᠲᠥᠯᠥᠪ ᠮᠠᠭᠠᠳᠯᠠᠵᠤ ᠪᠣᠯᠣᠨ᠎ᠠ᠃
     ᠠᠷᠠᠳ ᠤᠨ ᠳᠤᠮᠳᠠᠬᠢ ᠬᠡᠪᠯᠡᠯ ᠤᠨ ᠪᠣᠭᠤᠲᠣ ᠠᠴᠠ ᠬᠠᠶᠢᠨᠠᠨ ᠬᠦᠷᠬᠦ ᠲᠡᠮᠦᠷ ᠵᠠᠮ      ᠡᠨᠡᠬᠦ ᠶᠡᠭᠡ ᠨᠡᠪᠲᠡᠷᠡᠯ ᠵᠠᠮ ᠤᠨ ᠵᠠᠯᠭᠠᠯᠳᠤᠭᠤᠯᠤᠭᠰᠠᠨ ᠶᠡᠭᠡ ᠬᠤᠲᠠ ᠨᠡᠯᠢᠶᠡᠳ ᠠᠷᠪᠢᠨ ᠪᠣᠯᠬᠤᠷ ᠠᠷᠠᠳ ᠤᠨ ᠬᠦᠰᠡᠯ ᠱᠠᠭᠠᠷᠳᠠᠯᠭ᠎ᠠ ᠮᠠᠰᠢ ᠥᠨᠳᠥᠷ ᠪᠠᠶᠢᠵᠤ᠂ ᠮᠠᠰᠢ ᠤᠯᠠᠨ ᠵᠠᠮ ᠱᠤᠭᠤᠮ ᠢ ᠨᠢᠭᠡᠨᠲᠡ ᠪᠠᠶᠢᠭᠤᠯᠬᠤ ᠪᠠᠷ ᠡᠬᠢᠯᠡᠪᠡ᠃            ᠨᠠᠢᠮᠠᠨ ᠬᠥᠨᠳᠡᠯᠡᠨ ᠨᠡᠪᠲᠡᠷᠡᠯ ᠵᠠᠮ ᠤᠨ ᠲᠥᠯᠥᠪᠵᠢᠭᠦᠯᠭᠡ ᠳᠤ ᠬᠤᠯᠪᠣᠭᠳᠠᠬᠤ ᠥᠪᠥᠷ ᠮᠣᠩᠭᠤᠯ ᠤᠨ ᠵᠠᠮ ᠱᠤᠭᠤᠮ᠄      ᠨᠢᠭᠡᠳᠦᠭᠡᠷ ᠬᠥᠨᠳᠡᠯᠡᠨ ᠱᠤᠭᠤᠮ᠄ ᠪᠡᠭᠡᠵᠢᠩ ᠠᠴᠠ ᠯᠠᠨᠵᠧᠦ ᠬᠦᠷᠬᠦ ᠨᠡᠪᠲᠡᠷᠡᠯ ᠵᠠᠮ
     ᠪᠡᠭᠡᠵᠢᠩ ᠠᠴᠠ ᠬᠥᠬᠡᠬᠤᠲᠠ ᠢᠷᠭᠠᠢ ᠯᠠᠨᠵᠧᠦ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠤᠨ ᠲᠥᠯᠥᠪᠵᠢᠭᠦᠯᠭᠡ      ᠭᠤᠣᠯᠳᠠᠭᠤ ᠪᠡᠭᠡᠵᠢᠩ ᠠᠴᠠ ᠬᠥᠬᠡᠬᠤᠲᠠ ᠢᠷᠭᠠᠢ ᠯᠠᠨᠵᠧᠤ ᠬᠦᠷᠬᠦ ᠵᠠᠮ ᠱᠤᠭᠤᠮ ᠪᠠᠭᠲᠠᠨ᠎ᠠ ︵ᠳᠡᠭᠡᠷᠡᠬᠢ ᠵᠢᠷᠤᠭ ᠳᠠᠬᠢ ᠰᠤᠮᠤᠨ ᠦᠵᠦᠭᠦᠷ ᠤᠨ ᠵᠢᠭᠠᠵᠤ ᠪᠠᠶᠢᠭ᠎ᠠ ᠴᠢᠭᠯᠡᠯ︶᠃      ᠲᠤᠰ ᠵᠠᠮ ᠱᠤᠭᠤᠮ ᠤᠨ ᠥᠪᠥᠷ ᠮᠣᠩᠭᠤᠯ ᠳᠠᠬᠢ ᠬᠡᠰᠡᠭ ᠤᠨ ᠠᠬᠢᠴᠠ ᠨᠢ ᠭᠡᠪᠡᠯ᠄ ᠡᠨᠡ ᠵᠢᠯ ᠤᠨ 6 ᠳ᠋ᠤᠭᠠᠷ ᠰᠠᠷ᠎ᠠ ᠶᠢᠨ 28᠎ ᠤ ᠡᠳᠦᠷ᠂ ᠥᠪᠥᠷ ᠮᠣᠩᠭᠤᠯ ᠤᠨ ᠠᠩᠬᠠᠳᠠᠭᠴᠢ ᠥᠨᠳᠥᠷ ᠬᠤᠷᠳᠤᠴᠠᠲᠤ ᠲᠡᠮᠦᠷ ᠵᠠᠮ ᠤᠨ ᠴᠢᠭᠤᠯᠤᠯᠲᠤ ᠬᠠᠭᠠᠯᠭ᠎ᠠ ᠠᠴᠠ ᠬᠥᠬᠡᠬᠤᠲᠠ ᠬᠦᠷᠬᠦ ᠠᠶᠠᠨᠴᠢᠳ ᠤᠨ ᠲᠡᠭᠡᠭᠡᠪᠦᠷᠢ ᠶᠢᠨ ᠲᠤᠰᠬᠠᠶ ᠱᠤᠭᠤᠮ ᠤᠨ 30 ᠨᠦᠬᠡᠨ ᠵᠠᠮ ᠢ ᠪᠦᠬᠦᠨ ᠢ ᠨᠢ ᠨᠡᠪᠲᠡᠷᠡᠭᠦᠯᠪᠡ᠃      ᠴᠢᠭᠤᠯᠤᠯᠲᠤ ᠬᠠᠭᠠᠯᠭ᠎ᠠ ᠠᠴᠠ ᠬᠥᠬᠡᠬᠤᠲᠠ ᠬᠦᠷᠬᠦ ᠠᠶᠠᠨᠴᠢᠳ ᠤᠨ ᠲᠡᠭᠡᠭᠡᠪᠦᠷᠢ ᠶᠢᠨ ᠲᠤᠰᠬᠠᠶ ᠱᠤᠭᠤᠮ ᠪᠣᠯ ᠥᠪᠥᠷ ᠮᠣᠩᠭᠤᠯ ᠤᠨ ᠠᠩᠬᠠᠳᠠᠭᠴᠢ ᠳᠡᠭᠡᠳᠦ ᠬᠤᠷᠳᠤᠴᠠᠲᠤ ᠲᠡᠮᠦᠷ ᠵᠠᠮ ᠪᠣᠯᠣᠨ᠎ᠠ᠂ ᠥᠪᠥᠷ ᠮᠣᠩᠭᠤᠯ ᠤᠨ ᠬᠥᠬᠡᠬᠤᠲᠠ᠂ ᠤᠯᠠᠭᠠᠨᠴᠠᠪ ᠪᠣᠯᠤᠨ ᠾᠧᠪᠸᠢ ᠮᠤᠵᠢ ᠶᠢᠨ ᠴᠢᠭᠤᠯᠤᠯᠲᠤ ᠬᠠᠭᠠᠯᠭ᠎ᠠ ᠬᠤᠲᠠ ᠪᠠᠷ ᠥᠩᠭᠡᠷᠡᠨ᠎ᠡ᠂ ᠪᠦᠬᠦ ᠣᠷᠳᠣ ᠨᠢ 286.8 ᠺᠢᠯᠣᠮᠧᠲᠷ᠂ ᠲᠥᠯᠥᠪᠯᠡᠭᠰᠡᠨ ᠴᠠᠭ ᠤᠨ ᠬᠤᠷᠳᠤᠴᠠ ᠨᠢ 250 ᠺᠢᠯᠣᠮᠧᠲᠷ᠂ 2014 ᠣᠨ ᠤ 7 ᠳ᠋ᠤᠭᠠᠷ ᠰᠠᠷ᠎ᠠ ᠠᠴᠠ ᠠᠵᠢᠯ ᠡᠬᠢᠯᠡᠭᠦᠯᠦᠨ ᠪᠥᠳᠥᠭᠡᠨ ᠪᠠᠶᠢᠭᠤᠯᠵᠤ᠂ ᠠᠵᠢᠯ ᠤᠨ ᠬᠤᠭᠤᠴᠠᠭ᠎ᠠ ᠶᠢ 4 ᠵᠢᠯ ᠢᠶᠠᠷ ᠲᠥᠯᠥᠪᠯᠡᠵᠦ᠂ ᠪᠠᠶᠢᠭᠤᠯᠤᠭᠳᠠᠭᠰᠠᠨ ᠤ ᠳᠠᠷᠠᠭ᠎ᠠ ᠤᠳᠤ ᠶᠢᠨ ᠪᠠᠶᠢᠭᠤᠯᠵᠤ ᠪᠠᠶᠢᠭ᠎ᠠ ᠪᠡᠭᠡᠵᠢᠩ ᠠᠴᠠ ᠴᠢᠭᠤᠯᠤᠯᠲᠤ ᠬᠠᠭᠠᠯᠭ᠎ᠠ ᠬᠦᠷᠬᠦ ᠲᠡᠮᠦᠷ ᠵᠡᠮ ᠲᠠᠢ ᠵᠠᠯᠭᠠᠵᠤ᠂ ᠥᠪᠥᠷ ᠮᠣᠩᠭᠤᠯ ᠤᠨ ᠪᠠᠷᠠᠭᠤᠨ ᠬᠡᠰᠡᠭ ᠤᠨ ᠭᠠᠵᠠᠷ ᠣᠷᠣᠨ ᠠᠴᠠ ᠪᠡᠭᠡᠵᠢᠩ ᠳᠤ ᠣᠷᠣᠬᠤ ᠠᠶᠠᠨᠴᠢᠳ ᠤᠨ ᠲᠡᠭᠡᠭᠡᠪᠦᠷᠢ ᠶᠢᠨ ᠲᠦᠷᠭᠡᠨ ᠨᠡᠪᠲᠡᠷᠡᠯ ᠵᠠᠮ ᠢ ᠪᠦᠷᠢᠳᠦᠭᠦᠯᠬᠦ ᠪᠣᠯᠣᠨ᠎ᠠ᠃      ᠣᠷᠴᠢᠮᠬᠠᠨ᠂ ᠪᠡᠭᠡᠵᠢᠩ ᠠᠴᠠ ᠴᠢᠭᠤᠯᠤᠯᠲᠤ ᠬᠠᠭᠠᠯᠭ᠎ᠠ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠴᠦ ᠪᠦᠬᠦ ᠲᠠᠯ᠎ᠠ ᠪᠠᠷ ᠪᠦᠲᠦᠭᠡᠨ ᠪᠠᠶᠢᠭᠤᠯᠤᠯᠲᠠ ᠶᠢᠨ ᠠᠵᠢᠯ ᠢᠶᠠᠨ ᠡᠬᠢᠯᠡᠪᠡ᠃ ᠪᠦᠬᠦ ᠱᠤᠭᠤᠮ ᠢ 2019 ᠣᠨ ᠤ ᠵᠢᠯ ᠤᠨ ᠡᠴᠦᠰ ᠢᠶᠠᠷ ᠨᠡᠪᠲᠡᠷᠡᠭᠦᠯᠬᠦ ᠪᠠᠷ ᠵᠢᠱᠢᠵᠦ ᠪᠣᠢ᠂ ᠲᠤᠬᠠᠢ ᠶᠢᠨ ᠦᠶ᠎ᠡ ᠳᠤ᠂ ᠴᠢᠭᠤᠯᠤᠯᠳᠦ ᠬᠠᠭᠠᠯᠭ᠎ᠠ ᠠᠴᠠ ᠪᠡᠭᠡᠵᠢᠩ ᠬᠦᠷᠬᠦ ᠬᠠᠮᠤᠭ ᠤᠨ ᠲᠦᠷᠭᠡᠨ ᠴᠠᠭ ᠨᠢ ᠤᠤᠯ ᠤᠨ 3 ᠴᠠᠭ ᠪᠠᠶᠢᠭᠰᠠᠨ ᠠᠴᠠ ᠨᠢ 50 ᠮᠢᠨᠦ᠋ᠲ ᠣᠷᠴᠢᠮ ᠪᠣᠯᠵᠤ ᠪᠣᠭᠤᠨᠢᠰᠬᠠᠬᠤ ᠪᠣᠯᠣᠨ᠎ᠠ᠃ ᠪᠡᠭᠡᠵᠢᠩ ᠠᠴᠠ ᠴᠢᠭᠤᠯᠤᠯᠲᠤ ᠬᠠᠭᠠᠯᠭ᠎ᠠ ᠬᠦᠷᠬᠦ — ᠴᠢᠭᠤᠯᠤᠯᠲᠤ ᠬᠠᠭᠠᠯᠭ᠎ᠠ ᠠᠴᠠ ᠬᠥᠬᠡᠬᠤᠲᠠ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠢᠶᠠᠷ ᠳᠠᠮᠵᠢᠭᠤᠯᠤᠨ᠂ ᠥᠪᠥᠷ ᠮᠣᠩᠭᠤᠯᠴᠤᠳ ᠤᠨ ︽ᠭᠤᠷᠪᠠᠨ ᠴᠠᠭ ᠤᠨ ᠳᠣᠲᠣᠷ᠎ᠠ ᠪᠡᠭᠡᠵᠢᠩ ᠳᠤ ᠣᠷᠣᠬᠤ︾ ᠬᠦᠰᠡᠯ ᠢ ᠨᠢ ᠪᠡᠶᠡᠯᠡᠭᠦᠯᠬᠦ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号