7 ᠳ᠋ᠤᠭᠠᠷ ᠰᠠᠷ᠎ᠠ ᠶᠢᠨ 12 ᠤᠨ ᠡᠳᠦᠷ᠂ ᠤᠯᠤᠰ ᠤᠨ ᠭᠤᠣᠯᠳᠠᠯᠭ᠎ᠠ ᠲᠠᠢ ᠰᠤᠳᠤᠯᠤᠨ ᠨᠡᠭᠡᠭᠡᠬᠦ | ᠲᠥᠯᠥᠪᠯᠡᠭᠡ ᠶᠢᠨ ᠡᠯ᠎ᠡ ᠲᠤᠰᠬᠠᠶ ᠵᠦᠢᠯ ᠤᠨ ᠬᠢᠨᠠᠨ ᠲᠣᠭᠲᠠᠭᠠᠭᠰᠠᠨ ᠦᠷ᠎ᠡ ᠳ᠋ᠦᠩ ᠢ ᠵᠠᠯᠭᠠᠯᠳᠤᠭᠠᠪᠠᠷ | ᠨᠡᠶᠢᠲᠡᠯᠡᠵᠡᠢ᠂ ᠥᠪᠡᠷᠲᠡᠭᠡᠨ ᠵᠠᠰᠠᠬᠤ ᠣᠷᠣᠨ ᠤ ᠰᠢᠨᠵᠢᠯᠡᠬᠦ ᠤᠬᠠᠭᠠᠨ ᠮᠡᠷᠭᠡᠵᠢᠯ ᠤᠨ ᠲᠢᠩᠬᠢᠮ ᠤᠨ ᠵᠣᠬᠢᠶᠠᠨ | ᠪᠠᠶᠢᠭᠤᠯᠤᠨ ᠭᠤᠶᠤᠴᠢᠯᠠᠭᠰᠠᠨ ᠤᠯᠤᠰ ᠤᠨ ᠭᠤᠣᠯᠳᠠᠯᠭ᠎ᠠ ᠲᠠᠢ ᠰᠤᠳᠤᠯᠤᠨ ᠨᠡᠭᠡᠭᠡᠬᠦ ᠲᠤᠰᠬᠠᠶ ᠵᠦᠢᠯ ︽ᠨᠡᠶᠢᠲᠡᠯᠢᠭ | ᠬᠡᠪᠡᠷᠡᠭ ᠠᠮᠢ ᠠᠬᠤᠢ ᠶᠢ ᠵᠠᠰᠠᠵᠤ ᠬᠠᠮᠠᠭᠠᠯᠠᠬᠤ ᠰᠤᠳᠤᠯᠤᠯ︾ ᠤᠨ ᠬᠤᠶᠠᠷ ᠲᠦᠷᠦᠯ ᠵᠦᠢᠯ ᠨᠢ ᠬᠢᠨᠠᠨ | ᠲᠣᠭᠲᠠᠭᠠᠯᠲᠠ ᠳᠤ ᠣᠷᠣᠭᠰᠢᠲᠠᠢ ᠪᠠᠲᠤᠯᠠᠭᠳᠠᠪᠠ᠂ ᠡᠨᠡ ᠨᠢ ᠲᠤᠰ ᠲᠤᠰ ᠥᠪᠥᠷ ᠮᠣᠩᠭᠤᠯ ᠤᠨ ᠶᠡᠭᠡ | ᠰᠤᠷᠭᠠᠭᠤᠯᠢ ᠶᠢᠨ ᠲᠦᠷᠦᠭᠦᠯᠡᠨ ᠭᠤᠶᠤᠴᠢᠯᠠᠭᠰᠠᠨ ︽ᠡᠯᠡᠰᠦᠷᠬᠡᠭᠵᠢᠨ ᠮᠠᠭᠤᠵᠢᠷᠠᠭᠰᠠᠨ ᠪᠡᠯᠴᠢᠭᠡᠷ ᠢ ᠵᠠᠰᠠᠬᠤ | ᠮᠡᠷᠭᠡᠵᠢᠯ ᠵᠢᠴᠢ ᠵᠢᠱᠢᠶ᠎ᠡ ᠦᠵᠡᠭᠦᠯᠬᠦ︾ ᠲᠥᠷᠥᠯ ᠵᠦᠢᠯ ᠪᠣᠯᠣᠨ ᠥᠪᠥᠷ ᠮᠣᠩᠭᠤᠯ ᠤᠨ ᠲᠠᠷᠢᠶᠠᠯᠠᠩ ᠤᠨ ᠶᠡᠭᠡ | ᠰᠤᠷᠭᠠᠭᠤᠯᠢ ᠶᠢᠨ ᠲᠦᠷᠦᠭᠦᠯᠡᠨ ᠭᠤᠶᠤᠴᠢᠯᠠᠭᠰᠠᠨ ︽ᠥᠪᠥᠷ ᠮᠣᠩᠭᠤᠯ ᠭᠠᠩ ᠬᠠᠭᠤᠷᠠᠶ ᠴᠥᠯᠡᠷᠬᠡᠭ ᠣᠷᠣᠨ ᠤ | ᠡᠯᠡᠰᠦᠵᠢᠭᠰᠡᠨ ᠭᠠᠵᠠᠷ ᠰᠢᠷᠣᠶ ᠶᠢ ᠵᠠᠰᠠᠬᠤ ᠪᠠ ᠡᠯᠡᠰᠦᠨ ᠤ ᠠᠵᠤ ᠦᠢᠯᠡᠰ ᠤᠨ ᠮᠡᠷᠭᠡᠵᠢᠯ ᠢ ᠰᠤᠳᠤᠯᠤᠨ ᠨᠡᠭᠡᠭᠡᠬᠦ | ᠬᠢᠭᠡᠳ ᠵᠢᠱᠢᠶ᠎ᠡ ᠦᠵᠡᠭᠦᠯᠬᠦ︾ ᠲᠥᠷᠥᠯ ᠵᠦᠢᠯ ᠪᠣᠯᠣᠨ᠎ᠠ᠂ ᠡᠭᠦᠨ ᠳᠤ ᠤᠯᠤᠰ ᠤᠨ ᠲᠥᠷᠥᠯ ᠵᠦᠢᠯ ᠤᠨ ᠲᠤᠰᠬᠠᠶ | ᠵᠠᠷᠤᠳᠠᠯ 6200 ᠲᠦᠮᠡᠨ ᠲᠥᠭᠦᠷᠢᠭ ᠣᠯᠵᠠᠢ᠃ 2016 ᠣᠨ ᠪᠣᠯ ᠤᠯᠤᠰ ᠤᠨ ᠰᠢᠨᠵᠢᠯᠡᠬᠦ ᠤᠬᠠᠭᠠᠨ | ᠮᠡᠷᠭᠡᠵᠢᠯ ᠤᠨ ᠲᠥᠷᠥᠯ ᠵᠦᠢᠯ ᠤᠨ ᠬᠠᠮᠢᠶᠠᠷᠤᠯᠲᠠ ᠶᠢᠨ ᠥᠭᠡᠷᠡᠴᠢᠯᠡᠯᠲᠡ ᠶᠢ ᠬᠡᠷᠡᠭᠵᠢᠭᠦᠯᠬᠦ ᠠᠩᠬᠠᠳᠠᠭᠴᠢ ᠵᠢᠯ | ᠪᠣᠯᠣᠨ᠎ᠠ᠂ ᠤᠯᠤᠰ ᠤᠨ ᠭᠤᠣᠯᠳᠠᠯᠭ᠎ᠠ ᠲᠠᠢ ᠰᠤᠳᠤᠯᠤᠨ ᠨᠡᠭᠡᠭᠡᠬᠦ ᠲᠥᠯᠥᠪᠯᠡᠭᠡ ᠶᠢᠨ ᠲᠤᠰᠬᠠᠶ ᠵᠦᠢᠯ ᠤᠨ | ᠬᠡᠯᠪᠡᠷᠢ ᠶᠢ ᠠᠩᠬ᠎ᠠ ᠤᠳᠠᠭ᠎ᠠ ᠬᠡᠷᠡᠭᠯᠡᠨ ᠲᠦᠷᠦᠯ ᠵᠦᠢᠯ ᠭᠤᠶᠤᠴᠢᠯᠠᠬᠤ ᠶᠢ ᠵᠣᠬᠢᠶᠠᠨ ᠪᠠᠶᠢᠭᠤᠯᠪᠠ᠃ ᠤᠯᠤᠰ ᠤᠨ | ᠭᠤᠣᠯᠳᠠᠯᠭ᠎ᠠ ᠲᠠᠢ ᠰᠤᠳᠤᠯᠤᠨ ᠨᠡᠭᠡᠭᠡᠬᠦ ᠲᠥᠯᠥᠪᠯᠡᠭᠡ ᠪᠣᠯ ᠤᠯᠤᠰ ᠤᠨ ᠪᠤᠳᠣᠯᠭ᠎ᠠ ᠠᠷᠠᠳ ᠤᠨ ᠠᠮᠢᠳᠤᠷᠠᠯ ᠳᠤ | ᠬᠤᠯᠪᠣᠭᠳᠠᠬᠤ ᠤᠷᠲᠤ ᠬᠤᠭᠤᠴᠠᠭ᠎ᠠ ᠪᠠᠷ ᠤᠯᠠᠷᠢᠨ ᠬᠤᠪᠢᠰᠬᠤ ᠴᠢᠬᠤᠯᠠᠲᠠᠢ ᠴᠢᠬᠤᠯᠠ ᠶᠡᠭᠡ ᠨᠡᠶᠢᠭᠡᠮ ᠤᠨ | ᠨᠡᠶᠢᠲᠡ ᠶᠢᠨ ᠠᠰᠠᠷᠠᠮᠵᠢ ᠶᠢᠨ ᠴᠢᠨᠠᠷᠲᠠᠶ ᠰᠤᠳᠤᠯᠭᠠᠨ ᠪᠣᠯᠬᠤ ᠪᠦᠭᠡᠳ ᠠᠵᠤ ᠦᠢᠯᠡᠰ ᠤᠨ ᠭᠤᠣᠯᠯᠠᠬᠤ | ᠥᠷᠢᠰᠥᠯᠳᠦᠬᠦ ᠬᠦᠴᠦᠨ᠂ ᠪᠦᠬᠦᠯᠢ ᠴᠣᠭᠴᠠ ᠶᠢᠨ ᠪᠡᠶ᠎ᠡ ᠪᠠᠨ ᠳᠠᠭᠠᠭᠠᠵᠤ ᠰᠢᠨ᠎ᠡ ᠶᠢ ᠡᠭᠦᠳᠬᠦ ᠴᠢᠳᠠᠪᠤᠷᠢ ᠪᠣᠯᠣᠨ | ᠤᠯᠤᠰ ᠣᠷᠣᠨ ᠤ ᠠᠮᠤᠷ ᠲᠦᠪᠰᠢᠨ ᠤ ᠳᠤ ᠴᠢᠬᠤᠯᠠ ᠶᠡᠭᠡ ᠰᠢᠨᠵᠢᠯᠡᠬᠦ ᠤᠬᠠᠭᠠᠨ ᠤ ᠠᠰᠠᠭᠤᠳᠠᠯ᠂ ᠴᠢᠬᠤᠯᠠ ᠶᠡᠭᠡ | ᠨᠡᠶᠢᠲᠡᠴᠢ ᠴᠢᠨᠠᠷᠲᠠᠶ ᠵᠠᠩᠭᠢᠯᠠᠭ᠎ᠠ ᠶᠢᠨ ᠮᠡᠷᠭᠡᠵᠢᠯ ᠪᠣᠯᠣᠨ ᠦᠢᠯᠡᠳᠬᠦᠨ᠂ ᠣᠯᠠᠨ ᠤᠯᠤᠰ ᠤᠨ ᠴᠢᠬᠤᠯᠠ ᠶᠡᠭᠡ | ᠰᠢᠨᠵᠢᠯᠡᠬᠦ ᠤᠬᠠᠭᠠᠨ ᠮᠡᠷᠭᠡᠵᠢᠯ ᠤᠨ ᠬᠠᠮᠵᠢᠯᠴᠠᠭ᠎ᠠ ᠳᠤ ᠬᠤᠯᠪᠣᠭᠳᠠᠬᠤ ᠲᠤᠯᠠ ᠭᠤᠣᠯᠳᠠᠯᠭ᠎ᠠ ᠲᠠᠢ ᠲᠤᠰᠬᠠᠶ | ᠵᠦᠢᠯ ᠤᠨ ᠠᠷᠭ᠎ᠠ ᠬᠡᠯᠪᠡᠷᠢ ᠪᠠᠷ ᠵᠣᠬᠢᠶᠠᠨ ᠪᠠᠶᠢᠭᠤᠯᠵᠤ ᠬᠡᠷᠡᠭᠵᠢᠭᠦᠯᠳᠡᠭ ᠶᠤᠮ᠃ | |