ᠹᠦ᠋ ᠤᠷᠤᠭᠰᠠᠨ ᠡᠬᠢᠨ ᠤ ᠭᠠᠷᠠᠭ ᠲᠤ ᠥᠪᠥᠷ ᠮᠣᠩᠭᠤᠯ ᠳᠤ ᠪᠣᠷᠣᠭᠠᠨ ᠬᠤᠷ᠎ᠠ ᠡᠯᠪᠡᠭᠰᠢᠵᠦ 7 ᠳ᠋ᠤᠭᠠᠷ ᠰᠠᠷ᠎ᠠ ᠶᠢᠨ ᠬᠤᠷᠢᠳ ᠢᠶᠠᠷ ᠳᠠᠬᠢᠨ ᠨᠢᠭᠡ ᠤᠳᠠᠭ᠎ᠠ ᠶᠡᠭᠡ ᠬᠠᠯᠠᠭᠤᠨ ᠪᠣᠯᠣᠨ᠎ᠠ
ᠨᠡᠶᠢᠲᠡᠯᠡᠭᠰᠡᠨ ᠴᠠᠭ᠄
2016/7/22
      ᠬᠡᠮᠵᠢᠯᠲᠡ ᠠᠴᠠ ᠦᠵᠡᠪᠡᠯ᠂ 7 ᠳ᠋ᠤᠭᠠᠷ ᠰᠠᠷ᠎ᠠ ᠶᠢᠨ 18᠎ ᠤ ᠡᠳᠦᠷ ᠤᠨ 7 ᠴᠠᠭ ᠠᠴᠠ 19᠎ ᠤ ᠡᠳᠦᠷ ᠤᠨ 7 ᠴᠠᠭ ᠪᠣᠯᠲᠠᠯ᠎ᠠ᠂ ᠪᠦᠬᠦ ᠣᠷᠣᠨ ᠤ ᠨᠡᠶᠢᠳᠡ 694 ᠦᠷᠳᠡᠭᠡ ︵ᠥᠷᠲᠡᠭᠡᠨ ᠤ ᠶᠡᠷᠦᠩᠬᠡᠶ ᠲᠤᠭ᠎ᠠ ᠶᠢᠨ 37 %᠎ ᠶᠢ ᠡᠵᠡᠯᠡᠨ᠎ᠠ︶ ᠬᠤᠷ᠎ᠠ ᠪᠣᠷᠣᠭᠠᠨ ᠣᠷᠣᠵᠤ᠂ ᠭᠤᠣᠯᠳᠠᠭᠤ ᠠᠯᠠᠱᠠ ᠠᠶᠢᠮᠠᠭ ᠤᠨ ᠵᠡᠭᠦᠨ ᠡᠮᠦᠨ᠎ᠡ ᠬᠡᠰᠡᠭ᠂ ᠤᠷᠳᠤᠰ ᠬᠤᠳᠠ ᠶᠢᠨ ᠵᠡᠭᠦᠨ ᠬᠤᠶᠢᠲᠤ ᠬᠡᠰᠡᠭ ᠪᠠ ᠪᠤᠭᠤᠲᠤ ᠬᠤᠳᠠ ᠳᠤ ᠲᠥᠪᠯᠡᠷᠡᠪᠡ᠃ ᠡᠭᠦᠨ ᠎ ᠳᠤ᠂ ᠨᠡᠶᠢᠲᠡ 13 ᠥᠷᠲᠡᠭᠡ ᠶᠡᠭᠡ ᠪᠣᠷᠣᠭᠠᠨ ᠣᠷᠣᠵᠤ᠂ ᠲᠤᠨᠳᠠᠰᠤ ᠶᠢᠨ ᠬᠡᠮᠵᠢᠶ᠎ᠡ 25.2  ~ 44.6 ᠮᠢᠯᠢᠮᠧᠲᠷ ᠪᠣᠯᠪᠠ᠃ ᠵᠡᠭᠦᠨ ᠬᠤᠶᠢᠲᠤ ᠶᠢᠨ ᠬᠤᠶᠢᠯᠠᠷᠠᠭ᠎ᠠ ᠶᠢᠨ ᠳᠤᠤᠷ᠎ᠠ ᠤᠢᠢᠯ ᠤᠨ ᠨᠥᠯᠥᠭᠡ ᠪᠠᠷ᠂ 18᠎ ᠤ ᠡᠳᠦᠷ ᠠᠴᠠ ᠡᠬᠢᠯᠡᠨ᠂ ᠪᠣᠷᠣᠭᠠᠨ ᠣᠷᠣᠬᠤ ᠰᠢᠰᠲ᠋ᠧᠮ ᠪᠦᠬᠦ ᠣᠷᠣᠨ ᠢ ᠨᠥᠯᠥᠭᠡᠯᠡᠭᠰᠡᠨ ᠪᠥᠭᠡᠳ 21᠎ ᠤ ᠡᠳᠦᠷ ᠪᠣᠯᠲᠠᠯ᠎ᠠ ᠦᠷᠭᠦᠯᠵᠢᠯᠡᠪᠡ᠃ ᠴᠠᠭ ᠠᠭᠤᠷ ᠤᠨ ᠲᠤᠰᠬᠠᠶ ᠮᠡᠷᠭᠡᠵᠢᠯᠲᠡᠨ ᠬᠡᠯᠡᠬᠦ ᠪᠠᠷ᠂ ᠹᠦ᠋ ᠣᠷᠣᠭᠰᠠᠨ ᠡᠬᠢᠨ ᠤ ᠭᠠᠷᠠᠭ ᠲᠤ ᠮᠠᠨ ᠤ ᠣᠷᠣᠨ ᠳᠤ ᠪᠣᠷᠣᠭᠠᠨ ᠬᠤᠷ᠎ᠠ ᠡᠯᠪᠡᠭᠰᠢᠵᠦ᠂ ᠰᠡᠭᠦᠯᠴᠢ ᠶᠢᠨ ᠦᠶ᠎ᠡ ᠪᠠᠷ ᠳᠠᠬᠢᠨ ᠨᠢᠭᠡ ᠤᠳᠠᠭ᠎ᠠ ᠶᠡᠭᠡ ᠬᠠᠯᠠᠭᠤᠨ ᠪᠣᠯᠣᠨ᠎ᠠ ᠭᠡᠪᠡ᠃ ᠵᠢᠱᠢᠯᠲᠡ ᠪᠠᠷ 7 ᠳ᠋ᠤᠭᠠᠷ ᠰᠠᠷ᠎ᠠ ᠶᠢᠨ ᠰᠡᠭᠦᠯᠴᠢ ᠪᠠᠷ᠂ ᠮᠠᠨ ᠤ ᠣᠷᠣᠨ ᠤ ᠶᠡᠬᠡᠩᠬᠢ ᠭᠠᠵᠠᠷ ᠣᠷᠣᠨ ᠤ ᠠᠭᠠᠷ ᠤᠨ ᠳᠤᠯᠠᠭᠠᠨ ᠶᠡᠷᠦ ᠶᠢᠨ ᠵᠢᠯ ᠤᠨ ᠠᠳᠠᠯᠢ ᠬᠤᠭᠤᠴᠠᠭᠠᠨ ᠤ ᠎ ᠬᠢ ᠠᠴᠠ ᠥᠨᠳᠥᠷ ᠪᠣᠯᠵᠤ᠂ ᠪᠠᠷᠠᠭᠤᠨ ᠪᠡᠶ᠎ᠡ ᠶᠢᠨ ᠭᠠᠵᠠᠷ ᠣᠷᠣᠨ ᠤ ᠪᠠᠷᠠᠭᠤᠨᠰᠢᠬᠢ ᠬᠡᠰᠡᠭ ᠤᠨ ᠳᠤᠮᠳᠠᠴᠢ ᠠᠭᠠᠷ ᠤᠨ ᠳᠤᠯᠠᠭᠠᠨ 28 ~32 ᠼᠧᠯᠰ ᠲᠤ ᠬᠦᠷᠴᠦ᠂ ᠪᠠᠷᠠᠭᠤᠨ ᠪᠡᠶ᠎ᠡ ᠶᠢᠨ ᠭᠠᠵᠠᠷ ᠣᠷᠣᠨ ᠤ ᠵᠡᠭᠦᠨ ᠬᠡᠰᠡᠭ ᠪᠣᠯᠤᠨ ᠵᠡᠭᠦᠨ ᠪᠡᠶ᠎ᠡ ᠶᠢᠨ ᠭᠠᠵᠠᠷ ᠣᠷᠣᠨ ᠤ ᠵᠡᠭᠦᠨ ᠬᠡᠰᠡᠭ ᠤᠨ ᠳᠤᠮᠳᠠᠴᠢ ᠠᠭᠠᠷ ᠤᠨ ᠳᠤᠯᠠᠭᠠᠨ 24 ~ 28 ᠼᠧᠯᠰ ᠲᠤ ᠬᠦᠷᠴᠦ᠂ ᠪᠤᠰᠤᠳ ᠭᠠᠵᠠᠷ ᠣᠷᠣᠨ ᠤ ᠳᠤᠮᠳᠠᠴᠢ ᠠᠭᠠᠷ ᠤᠨ ᠳᠤᠯᠠᠭᠠᠨ 20 ~ 24 ᠼᠧᠯᠰ ᠲᠤ ᠬᠦᠷᠦᠨ᠎ᠡ᠃ ᠪᠠᠷᠠᠭᠤᠨ ᠪᠡᠶ᠎ᠡ ᠶᠢᠨ ᠭᠠᠵᠠᠷ ᠣᠷᠣᠨ ᠤ ᠪᠠᠷᠠᠭᠤᠨ ᠬᠤᠶᠢᠨᠠᠬᠢ ᠬᠡᠰᠡᠭ ᠪᠠ ᠵᠡᠭᠦᠨ ᠬᠤᠶᠢᠨᠠᠬᠢ ᠬᠡᠰᠡᠭ ᠤᠨ ᠠᠭᠠᠷ ᠤᠨ ᠳᠤᠯᠠᠭᠠᠨ ᠨᠢ ᠶᠡᠷᠦ ᠶᠢᠨ ᠵᠢᠯ ᠤᠨ ᠠᠳᠠᠯᠢ ᠬᠤᠭᠤᠴᠠᠭᠠᠨ ᠤ ᠬᠢ ᠠᠴᠠ 3 ᠼᠧᠯᠰ ᠥᠨᠳᠥᠷᠵᠢᠵᠦ᠂ ᠪᠤᠰᠤᠳ ᠶᠡᠬᠡᠩᠬᠢ ᠭᠠᠵᠠᠷ ᠣᠷᠣᠨ ᠤ ᠶᠡᠷᠦ ᠶᠢᠨ ᠵᠢᠯ ᠤᠨ ᠠᠳᠠᠯᠢ ᠬᠤᠭᠤᠴᠠᠭᠠᠨ ᠤ ᠬᠢ ᠠᠴᠠ  1 ~ 3 ᠼᠧᠯᠰ ᠥᠨᠳᠥᠷᠵᠢᠨ᠎ᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号