ᠣᠶᠢᠷ᠎ᠠ ᠳᠤ᠂ ᠵᠦᠩᠬᠤᠸᠠ ᠪᠦᠯᠦᠭᠯᠡᠯ ︽ᠳᠠᠬᠢᠨ ᠡᠭᠦᠰᠴᠦ ᠪᠣᠯᠬᠤ ᠨᠡᠷᠡᠨ ᠡᠨᠧᠷᠭᠢᠲᠦ ᠴᠠᠬᠢᠯᠭᠠᠨ ᠵᠠᠢ ᠪᠠ | ᠬᠠᠭᠠᠰ ᠳᠠᠮᠵᠢᠭᠤᠯᠤᠭᠴᠢ ᠬᠤᠷᠠᠮᠠᠯ ᠴᠠᠬᠢᠯᠭᠠᠨ ᠬᠡᠯᠬᠢᠶ᠎ᠡ ᠶᠢᠨ ᠳᠠᠩ ᠲᠠᠯᠠᠰᠲᠤ ᠴᠠᠬᠢᠭᠤᠷ ᠤᠨ ᠮᠠᠲ᠋ᠧᠷᠢᠶᠠᠯ ᠤᠨ ᠠᠵᠤ | ᠦᠢᠯᠡᠰᠴᠢᠯᠡᠯᠲᠡ ᠶᠢᠨ ᠢᠨᠵᠧᠨᠧᠷᠢᠩ ᠤᠨ ᠳᠥᠷᠪᠡᠳᠦᠭᠡᠷ ᠬᠤᠭᠤᠴᠠᠭᠠᠨ ᠤ ᠲᠥᠷᠥᠯ ᠵᠦᠢᠯ︾ ᠥᠪᠥᠷ ᠮᠣᠩᠭᠤᠯ ᠤᠨ | ᠬᠥᠬᠡᠬᠤᠲᠠ ᠶᠢᠨ ᠵᠢᠨᠴᠢᠶᠤᠥ ᠠᠵᠤ ᠠᠬᠤᠶ ᠮᠡᠷᠭᠡᠵᠢᠯ ᠨᠡᠭᠡᠭᠡᠨ ᠬᠥᠭᠵᠢᠭᠦᠯᠬᠦ ᠲᠤᠭᠤᠷᠢᠭ ᠲᠤ ᠡᠬᠢᠯᠡᠭᠦᠯᠦᠨ | ᠪᠠᠶᠢᠭᠤᠯᠪᠠ᠃ ᠲᠤᠰ ᠲᠦᠷᠦᠯ ᠵᠦᠢᠯ ᠤᠨ ᠲᠥᠯᠥᠪᠯᠡᠭᠰᠡᠨ ᠶᠡᠷᠦᠩᠬᠡᠶ ᠪᠡᠯᠡ ᠣᠷᠣᠭᠤᠯᠤᠯᠲᠠ ᠨᠢ 59.88 | ᠳ᠋ᠦᠩᠰᠢᠭᠤᠷ ᠲᠥᠭᠦᠷᠢᠭ ᠪᠠᠶᠢᠵᠦ᠂ 520 ᠮᠥ ᠭᠠᠵᠠᠷ ᠡᠵᠡᠯᠡᠵᠦ᠂ ᠪᠠᠷᠢᠯᠭ᠎ᠠ ᠶᠢᠨ ᠲᠠᠯᠠᠪᠠᠢ ᠨᠢ 13.5 ᠲᠦᠮᠡᠨ | ᠲᠡᠭᠰᠢ ᠳᠥᠷᠪᠡᠯᠵᠢᠨ ᠮᠧᠲᠷ᠂1120 ᠰᠠᠭᠤᠷᠢ ᠠᠵᠤ ᠦᠢᠯᠡᠳᠪᠦᠷᠢ ᠶᠢᠨ ᠲᠥᠬᠦᠭᠡᠷᠦᠮᠵᠢ ᠶᠢ ᠰᠢᠨ᠎ᠡ ᠪᠠᠷ | ᠤᠷᠤᠭᠤᠯᠤᠨ ᠠᠪᠴᠢᠷᠠᠵᠤ᠂ ᠡᠭᠴᠡ ᠲᠠᠲᠠᠭᠠᠰᠤᠲᠤ ᠦᠢᠯᠡᠳᠪᠦᠷᠢ ᠶᠢᠨ ᠲᠠᠰᠤᠭ᠂ DW ᠵᠦᠰᠦᠪᠦᠷᠢ ᠶᠢᠨ ᠲᠠᠰᠤᠭ᠂ | 110KVA ᠴᠠᠬᠢᠯᠭᠠᠨ ᠦᠷᠲᠡᠭᠡ᠂ ᠢᠯᠵᠠᠷᠠᠭᠤᠯᠤᠯ ᠤᠨ ᠲᠠᠰᠤᠭ᠂ ᠪᠣᠬᠢᠷ ᠤᠰᠤ ᠰᠢᠢᠳᠪᠦᠷᠢᠯᠡᠬᠦ ᠦᠷᠲᠡᠭᠡ | ᠵᠡᠷᠭᠡ ᠶᠢ ᠰᠢᠨ᠎ᠡ ᠪᠠᠷ ᠪᠠᠶᠢᠭᠤᠯᠵᠤ᠂ ᠲᠠᠩ ᠲᠠᠯᠠᠰᠲᠤ ᠮᠠᠲ᠋ᠧᠷᠢᠶᠠᠯ ᠦᠢᠯᠡᠳᠪᠦᠷᠢᠯᠡᠬᠦ ᠴᠢᠳᠠᠪᠤᠷᠢ ᠶᠢ ᠪᠠᠷᠤᠭ 6GW᠂ | ᠴᠠᠬᠢᠭᠤᠷ ᠤᠨ ᠲᠠᠩ ᠲᠠᠯᠠᠰᠲᠤ ᠵᠦᠰᠦᠮᠡᠯ ᠦᠢᠯᠡᠳᠪᠦᠷᠢᠯᠡᠬᠦ ᠴᠢᠳᠠᠪᠤᠷᠢ ᠶᠢ ᠪᠠᠷᠤᠭ 6GW ᠰᠢᠨ᠎ᠡ ᠪᠠᠷ | ᠨᠡᠮᠡᠭᠳᠡᠭᠦᠯᠵᠦ᠂ ᠦᠢᠯᠡᠳᠪᠦᠷᠢᠯᠡᠭᠰᠡᠨ ᠤ ᠳᠠᠷᠠᠭ᠎ᠠ 3000 ᠬᠥᠮᠦᠨ ᠳᠤ ᠠᠵᠢᠯ ᠤᠯᠭᠤᠵᠤ ᠴᠢᠳᠠᠨ᠎ᠠ᠃ ᠲᠦᠷᠦᠯ | ᠵᠦᠢᠯ ᠢ ᠪᠠᠶᠢᠭᠤᠯᠵᠤ ᠳᠠᠭᠤᠰᠤᠭᠰᠠᠨ ᠤ ᠳᠠᠷᠠᠭ᠎ᠠ᠂ ᠵᠦᠩᠬᠤᠸᠠ ᠭᠡᠷᠡᠯ ᠸᠣᠯᠲ ᠤᠨ ᠦᠢᠯᠡᠳᠪᠦᠷᠢᠯᠡᠬᠦ ᠴᠢᠳᠠᠪᠤᠷᠢ | ᠵᠢᠯ ᠳᠤ 8GW ᠬᠦᠷᠴᠦ᠂ ᠳᠡᠯᠡᠬᠡᠶ ᠳᠡᠭᠡᠷᠡᠬᠢ ᠬᠠᠮᠤᠭ ᠤᠨ ᠶᠡᠭᠡ ᠪᠦᠲᠦᠮᠵᠢᠲᠡᠶ ᠲᠠᠩ ᠲᠠᠯᠠᠰᠲᠤ ᠴᠠᠬᠢᠭᠤᠷ ᠤᠨ | ᠮᠠᠲ᠋ᠧᠷᠢᠶᠠᠯ ᠦᠢᠯᠡᠳᠪᠦᠷᠢᠯᠡᠬᠦ ᠲᠠᠰᠤᠭ ᠪᠤᠯᠬᠤ ᠮᠦᠷᠲᠡᠭᠡᠨ ᠮᠦᠨᠴᠦ ᠮᠠᠨ ᠤ ᠤᠯᠤᠰ ᠤᠨ ᠭᠡᠷᠡᠯ ᠸᠣᠯᠲ ᠤᠨ | ᠮᠠᠲ᠋ᠧᠷᠢᠶᠠᠯ ᠤᠨ ᠬᠦᠷᠢᠶᠡᠨ ᠳᠠᠬᠢ ᠠᠵᠤ ᠦᠢᠯᠡᠳᠪᠦᠷᠢ ᠶᠢᠨ 4.0 ᠶᠢ ᠲᠦᠷᠦᠭᠦᠯᠡᠨ ᠲᠤᠷᠰᠢᠭᠰᠠᠨ ᠠᠩᠬᠠᠳᠠᠭᠴᠢ | ᠲᠠᠰᠤᠭ ᠪᠤᠯᠤᠨ᠂ ᠮᠠᠨ ᠤ ᠤᠯᠤᠰ ᠤᠨ ᠭᠡᠷᠡᠯ ᠸᠤᠯᠲ ᠤᠨ ᠴᠠᠬᠢᠯᠭᠠᠨ ᠢ ᠡᠩ ᠤᠨ ᠦᠨ᠎ᠡ ᠪᠠᠷ ᠰᠦᠯᠵᠢᠶᠡᠨ ᠳᠤ | ᠭᠠᠷᠭᠠᠬᠤ ᠪᠠ ᠳᠤᠮᠳᠠᠳᠤ ᠤᠯᠤᠰ ᠤᠨ ᠦᠢᠯᠡᠳᠬᠦ 2025 ᠳᠤ ᠴᠢᠬᠤᠯᠠ ᠶᠡᠭᠡ ᠬᠤᠪᠢ ᠨᠡᠮᠡᠷᠢ ᠦᠵᠡᠭᠦᠯᠬᠦ | ᠪᠤᠯᠤᠨ᠎ᠠ᠃ |