ᠡᠨᠡ ᠵᠢᠯ ᠤᠨ ᠳᠡᠭᠡᠷ᠎ᠡ ᠬᠠᠭᠠᠰ ᠵᠢᠯ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ | ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢ ᠢᠳᠡᠪᠬᠢᠲᠡᠶ ᠲᠦᠯᠬᠢᠨ ᠠᠬᠢᠭᠤᠯᠵᠤ᠂ | ᠨᠡᠭᠦᠷᠡᠰᠦ᠂ ᠪᠣᠯᠣᠳ ᠲᠡᠮᠦᠷ ᠵᠡᠷᠭᠡ ᠦᠯᠡᠭᠦᠦ ᠦᠢᠯᠡᠳᠪᠦᠷᠢᠯᠡᠯ ᠤᠨ ᠴᠢᠳᠠᠪᠤᠷᠢ ᠶᠢᠨ ᠨᠡᠮᠡᠭᠳᠡᠬᠦ ᠬᠠᠨᠳᠤᠰᠢ ᠶᠢ | ᠬᠤᠷᠢᠭᠯᠠᠵᠤ᠂ ᠠᠵᠤ ᠠᠬᠤᠶᠢᠯᠠᠯ ᠤᠨ ᠥᠪᠡᠷ ᠤᠨ ᠦᠷᠳᠡᠭ ᠪᠠᠭᠤᠷᠠᠵᠦ᠂ ᠬᠠᠩᠭᠠᠯᠭ᠎ᠠ ᠶᠢᠨ ᠲᠠᠯ᠎ᠠ ᠶᠢᠨ | ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠢᠯᠡᠳᠲᠡ ᠦᠷ᠎ᠡ ᠪᠦᠲᠦᠮᠵᠢ ᠣᠯᠵᠠᠶ᠃ | ᠳᠡᠭᠡᠷ᠎ᠡ ᠬᠠᠭᠠᠰ ᠵᠢᠯ ᠤᠨ ᠲᠤᠭ᠎ᠠ ᠪᠦᠷᠢᠳᠬᠡᠯ ᠠᠴᠠ ᠦᠵᠡᠪᠡᠯ᠂ ᠨᠡᠭᠦᠷᠡᠰᠦᠨ ᠤ ᠭᠠᠷᠤᠯᠲᠠ ᠠᠳᠠᠯᠢ | ᠬᠤᠭᠤᠴᠠᠭᠠᠨ ᠤ ᠬᠢ ᠠᠴᠠ 10.4 % ᠪᠠᠷ ᠪᠠᠭᠤᠷᠠᠵᠤ᠂ ᠬᠡᠦᠷᠡᠰᠦ 16 % ᠪᠠᠷ ᠪᠠᠭᠤᠷᠠᠪᠠ᠃ ᠨᠡᠭᠦᠷᠡᠰᠦ ᠶᠢ | ᠭᠠᠷᠭᠠᠪᠠᠯ᠂ ᠪᠥᠬᠦ ᠣᠷᠣᠨ ᠪᠣᠯᠣᠳ ᠲᠡᠮᠦᠷ ᠦᠢᠯᠡᠳᠪᠦᠷᠢᠯᠡᠯ ᠤᠨ ᠴᠢᠳᠠᠪᠤᠷᠢ᠂ ᠭᠡᠷ ᠭᠠᠵᠠᠷ ᠬᠦᠷᠦᠩᠭᠡ | ᠶᠢᠨ ᠬᠠᠳᠠᠭᠠᠯᠠᠯᠲᠠ ᠶᠢ ᠬᠢᠵᠠᠭᠠᠷᠯᠠᠬᠤ ᠲᠠᠯ᠎ᠠ ᠪᠠᠷ ᠲᠣᠪᠣᠶᠢᠮ᠎ᠠ ᠠᠮᠵᠢᠯᠲᠠ ᠣᠯᠵᠠᠢ᠃ ᠰᠢᠷᠡᠮᠦ 0.8% ᠪᠠᠷ | ᠪᠠᠭᠤᠷᠠᠵᠤ᠂ ᠪᠦᠳᠦᠭᠦᠯᠢᠭ ᠪᠣᠯᠣᠳ 1.5 % ᠪᠠᠷ ᠪᠠᠭᠤᠷᠠᠨ᠂ ᠪᠦᠬᠦ ᠣᠷᠣᠨ ᠤ ᠲᠠᠸᠠᠷ ᠤᠨ ᠭᠡᠷ ᠪᠠᠶᠢᠰᠢᠩ ᠤᠨ | ᠪᠣᠷᠣᠯᠠᠭᠤᠯᠤᠭᠰᠠᠨ ᠲᠠᠯᠠᠪᠠᠶ ᠠᠳᠠᠯᠢ ᠬᠤᠭᠤᠴᠠᠭᠠᠨ ᠤ ᠬᠢ ᠠᠴᠠ 17 % ᠪᠠᠷ ᠨᠡᠮᠡᠭᠳᠡᠪᠡ᠃ ᠦᠢᠯᠡᠳᠪᠦᠷᠢᠯᠡᠬᠦ | ᠴᠢᠳᠠᠪᠤᠷᠢ ᠶᠢ ᠪᠠᠭᠠᠰᠬᠠᠬᠤ ᠶᠢ ᠡᠮᠬᠢ ᠵᠢᠷᠤᠮ ᠲᠠᠢ ᠪᠠᠷ ᠲᠦᠯᠬᠢᠨ ᠠᠬᠢᠭᠤᠯᠵᠤ᠂ ᠬᠠᠳᠠᠭᠠᠯᠠᠭᠳᠠᠴᠠ ᠶᠢ ᠪᠠᠭᠠᠰᠬᠠᠬᠤ | ᠠᠬᠢᠴᠠ ᠲᠦᠷᠭᠡᠰᠪᠡ᠃ ᠡᠯ᠎ᠡ ᠱᠠᠲᠤᠨ ᠤ ᠵᠠᠰᠠᠭ ᠤᠨ ᠣᠷᠳᠣᠨ ᠤ ᠭᠠᠶᠢᠯᠢ ᠬᠥᠩᠭᠡᠯᠡᠵᠦ ᠰᠦᠢᠳᠬᠡᠯ ᠬᠤᠷᠢᠶᠠᠬᠤ ᠶᠢ | ᠢᠯᠭᠠᠷᠠᠭᠤᠯᠬᠤ ᠡᠷᠴᠢᠮ ᠴᠦ ᠲᠠᠰᠤᠷᠠᠯᠲᠠ ᠦᠭᠡᠶ ᠴᠢᠩᠭᠠᠷᠠᠵᠤ᠂ ᠠᠵᠤ ᠠᠬᠤᠶᠢᠯᠠᠯ ᠤᠨ ᠡᠵᠡᠩᠨᠡᠯᠲᠡ ᠶᠢᠨ | ᠥᠪᠡᠷ ᠤᠨ ᠥᠷᠲᠡᠭ ᠨᠢ ᠠᠭᠠᠵᠢᠮ ᠢᠶᠠᠷ ᠳᠣᠷᠣᠭᠰᠢᠯᠠᠵᠠᠶ᠃ ᠨᠢᠭᠡᠳᠦᠭᠡᠷ ᠤᠯᠠᠷᠢᠯ ᠪᠠ ᠲᠦᠷᠦᠭᠦᠦ 5 ᠰᠠᠷ᠎ᠠ ᠳᠤ | ᠪᠦᠬᠦ ᠣᠷᠣᠨ ᠤ ᠬᠡᠪᠴᠢᠶᠡᠨ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠥᠪᠡᠷ ᠤᠨ | ᠥᠷᠲᠡᠭ ᠤᠨ ᠵᠠᠷᠤᠳᠠᠯ ᠤᠨ ᠠᠰᠢᠭ ᠣᠯᠵᠠᠪᠤᠷᠢ ᠨᠢ ᠲᠤᠰ ᠪᠦᠷᠢ 4.67 % ᠪᠠ 5.69 % ᠪᠣᠯᠵᠤ᠂ ᠢᠳᠡᠭ | ᠢᠳᠡᠭ ᠢᠶᠠᠷ ᠳᠡᠭᠡᠭᠰᠢᠯᠡᠬᠦ ᠬᠠᠨᠳᠤᠰᠢ ᠲᠠᠢ ᠪᠣᠯᠵᠤ᠂ ᠠᠵᠤ ᠠᠬᠤᠶᠢᠯᠠᠯ ᠤᠨ ᠨᠢᠭᠡᠴᠢ ᠶᠢᠨ ᠥᠪᠡᠷ ᠤᠨ ᠥᠷᠳᠡᠭ ᠤᠨ | ᠵᠠᠷᠤᠳᠠᠯ ᠤᠨ ᠣᠷᠣᠭᠤᠯᠤᠯᠲᠠ ᠶᠢᠨ ᠳᠠᠷᠠᠭᠠᠬᠢ ᠠᠰᠢᠭ ᠤᠯᠬᠤ ᠴᠢᠳᠠᠪᠤᠷᠢ ᠵᠣᠬᠢᠬᠤ ᠬᠡᠮᠵᠢᠶ᠎ᠡ ᠪᠠᠷ ᠨᠡᠮᠡᠭᠳᠡᠭᠰᠡᠨ ᠢ | ᠲᠤᠰᠬᠠᠪᠠ᠃ | | |