ᠡᠨᠡ ᠵᠢᠯ ᠤᠨ ᠳᠡᠭᠡᠳᠦ ᠬᠠᠭᠠᠰ ᠵᠢᠯ ᠳᠤ᠂ ᠮᠠᠨ ᠤ ᠣᠷᠣᠨ ᠤ ᠡ᠊ᠩ ᠤᠨ ᠤᠯᠠᠨ ᠨᠡᠶᠢᠲᠡ ᠶᠢᠨ ᠲᠥᠰᠦᠪ ᠤᠨ | ᠣᠷᠣᠯᠭ᠎ᠠ 1077.4 ᠳ᠋ᠦᠩᠰᠢᠭᠤᠷ ᠲᠥᠭᠦᠷᠢᠭ ᠲᠤ ᠬᠦᠷᠴᠦ᠂ ᠣᠨ ᠤ ᠲᠥᠰᠦᠪ ᠤᠨ 51.8 % ᠶᠢ | ᠪᠡᠶᠡᠯᠡᠭᠦᠯᠵᠦ 7.1 % ᠪᠠᠷ ᠨᠡᠮᠡᠭᠳᠡᠨ᠂ 71 ᠳ᠋ᠦᠩᠰᠢᠭᠤᠷ ᠲᠥᠭᠦᠷᠢᠭ ᠤᠨ ᠣᠷᠣᠯᠭ᠎ᠠ ᠨᠡᠮᠡᠭᠳᠡᠪᠡ᠃ ᠥᠪᠡᠷᠲᠡᠭᠡᠨ | ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠣᠭᠲᠠᠭᠠᠭᠰᠠᠨ ︽ᠴᠠᠭ ᠬᠤᠭᠤᠴᠠᠭ᠎ᠠ | ᠬᠠᠭᠠᠰᠯᠠᠬᠤ ᠳᠤ᠂ ᠡᠭᠦᠷᠭᠡ ᠪᠠᠨ ᠴᠦ ᠬᠠᠭᠠᠰᠯᠠᠭᠤᠯᠬᠤ︾ ᠬᠠᠷᠠᠯᠲᠠ ᠶᠢ ᠪᠡᠶᠡᠯᠡᠭᠦᠯᠦᠭᠰᠡᠨ ᠪᠠᠶᠢᠨ᠎ᠠ᠃ ᠳᠡᠭᠡᠳᠦ | ᠬᠠᠭᠠᠰ ᠵᠢᠯ ᠳᠤ᠂ ᠡ᠊ᠩ ᠤᠨ ᠤᠯᠠᠨ ᠨᠡᠶᠢᠲᠡ ᠶᠢᠨ ᠲᠥᠰᠦᠪ ᠤᠨ ᠣᠷᠣᠯᠭ᠎ᠠ ᠳᠤ ᠭᠠᠶᠢᠯᠢ ᠶᠢᠨ ᠣᠷᠣᠯᠭ᠎ᠠ 700.6 | ᠳ᠋ᠦᠩᠰᠢᠭᠤᠷ ᠲᠥᠭᠦᠷᠢᠭ ᠲᠤ ᠬᠦᠷᠴᠦ᠂ 4.3 % ᠪᠠᠷ ᠨᠡᠮᠡᠭᠳᠡᠪᠡ︔ ᠭᠠᠶᠢᠯᠢ ᠶᠢᠨ ᠪᠤᠰᠤ ᠣᠷᠣᠯᠭ᠎ᠠ 376.8 | ᠳ᠋ᠦᠩᠰᠢᠭᠤᠷ ᠲᠥᠭᠦᠷᠢᠭ ᠲᠤ ᠬᠦᠷᠴᠦ᠂ 12.5 % ᠪᠠᠷ ᠨᠡᠮᠡᠭᠳᠡᠵᠡᠶ᠃ ᠳᠡᠭᠡᠳᠦ ᠬᠠᠭᠠᠰ ᠵᠢᠯ ᠳᠤ᠂ ᠪᠦᠬᠦ | ᠣᠷᠣᠨ ᠤ ᠡᠩ ᠤᠨ ᠣᠯᠠᠨ ᠨᠡᠶᠢᠲᠡ ᠶᠢᠨ ᠲᠥᠰᠦᠪ ᠤᠨ ᠵᠠᠷᠤᠯᠭ᠎ᠠ 2133.5 ᠳ᠋ᠦᠩᠰᠢᠭᠤᠷ ᠲᠥᠭᠦᠷᠢᠭ ᠪᠠᠶᠢᠵᠤ᠂ | ᠲᠣᠬᠢᠷᠠᠭᠤᠯᠤᠭᠰᠠᠨ ᠲᠥᠯᠥᠪᠯᠡᠭᠡ ᠶᠢᠨ 49.5 % ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 1 9. | 9 % ᠪᠠᠷ ᠨᠡᠮᠡᠭᠳᠡᠵᠦ᠂ 354 ᠳ᠋ᠦᠩᠰᠢᠭᠤᠷ ᠲᠥᠭᠦᠷᠢᠭ ᠤᠨ ᠵᠠᠷᠤᠯᠭ᠎ᠠ ᠨᠡᠮᠡᠭᠳᠡᠪᠡ᠃ ᠳᠡᠭᠡᠳᠦ ᠬᠠᠭᠠᠰ ᠵᠢᠯ ᠳᠤ᠂ | ᠪᠦᠬᠦ ᠣᠷᠣᠨ ᠤ ᠨᠠᠢᠮᠠᠨ ᠵᠦᠢᠯ ᠤᠨ ᠵᠠᠷᠤᠯᠭ᠎ᠠ ᠠᠳᠠᠯᠢ ᠬᠤᠭᠤᠴᠠᠭᠠᠨ ᠤ ᠬᠢ ᠠᠴᠠ 19.2 % ᠢᠶᠠᠷ ᠨᠡᠮᠡᠭᠳᠡᠪᠡ︔ | ᠠᠷᠠᠳ ᠤᠨ ᠠᠮᠢᠳᠤᠷᠠᠯ ᠤᠨ ᠵᠠᠷᠤᠯᠭ᠎ᠠ 1227 ᠳ᠋ᠦᠩᠰᠢᠭᠤᠷ ᠲᠥᠭᠦᠷᠢᠭ ᠲᠤ ᠬᠦᠷᠴᠦ᠂ 17.7 % ᠪᠠᠷ | ᠨᠡᠮᠡᠭᠳᠡᠵᠦ᠂ ᠡ᠊ᠩ ᠤᠨ ᠣᠯᠠᠨ ᠨᠡᠶᠢᠲᠡ ᠶᠢᠨ ᠲᠥᠰᠦᠪ ᠤᠨ ᠵᠠᠷᠤᠯᠭ᠎ᠠ ᠶᠢᠨ 57.5 % ᠶᠢ ᠡᠵᠡᠯᠡᠪᠡ᠃ |