6 ᠳ᠋ᠤᠭᠠᠷ ᠰᠠᠷ᠎ᠠ ᠳᠤ᠂ ᠰᠣᠯᠢᠭ ᠤᠷᠤᠰᠬᠠᠯᠲᠤ ᠠᠭᠤᠷ ᠠᠮᠢᠰᠬᠤᠯ ᠪᠠᠶᠢᠨ ᠳᠠᠬᠢᠨ ᠡᠭᠦᠰᠴᠦ᠂ ᠪᠦᠬᠦ | ᠣᠷᠣᠨ ᠳᠤ ᠠᠳᠠᠯᠢ ᠪᠤᠰᠤ ᠬᠡᠮᠵᠢᠶᠡᠨ ᠤ ᠰᠢᠷᠦᠭᠦᠨ ᠪᠣᠷᠣᠭᠠᠨ᠂ ᠤᠰᠤ ᠦᠶᠡᠷ᠂ ᠮᠥᠨᠳᠥᠷ ᠵᠡᠷᠭᠡ ᠭᠠᠮᠰᠢᠭ | ᠭᠠᠷᠤᠭᠰᠠᠨ ᠤ ᠬᠠᠮᠲᠤ ᠤᠯᠠᠭᠠᠨᠬᠠᠳᠠ ᠬᠤᠳᠠ ᠵᠡᠷᠭᠡ ᠭᠠᠵᠠᠷ ᠤᠨ ᠭᠠᠩ ᠬᠠᠭᠰᠠᠷᠭᠠᠨ ᠨᠡᠯᠢᠶᠡᠳ ᠬᠦᠨᠳᠦᠷᠡᠵᠤ᠂ | ᠲᠠᠷᠢᠶᠠᠯᠠᠩ ᠮᠠᠯ ᠠᠵᠤ ᠠᠬᠤᠶ ᠶᠢᠨ ᠦᠢᠯᠡᠳᠪᠦᠷᠢᠯᠡᠯ ᠳᠤ ᠵᠣᠬᠢᠬᠤ ᠬᠤᠬᠢᠷᠠᠯ ᠤᠴᠠᠷᠠᠭᠤᠯᠪᠠ᠃ ᠥᠪᠥᠷ | ᠮᠣᠩᠭᠤᠯ ᠤᠨ ᠴᠠᠭ ᠠᠭᠤᠷ ᠤᠨ ᠮᠡᠳᠡᠭᠡᠨ ᠤ ᠲᠤᠭ᠎ᠠ ᠪᠠᠷᠢᠮᠲᠠ ᠶᠢᠨ ᠪᠦᠷᠢᠳᠬᠡᠯ ᠢ ᠦᠨᠳᠦᠰᠦᠯᠡᠪᠡᠯ᠂ ᠰᠢᠷᠦᠭᠦᠨ | ᠪᠣᠷᠣᠭᠠᠨ᠂ ᠤᠰᠤ ᠦᠶᠡᠷ᠂ ᠮᠥᠨᠳᠥᠷ᠂ ᠭᠠᠩ ᠬᠠᠭᠰᠠᠷᠭᠠᠨ ᠵᠡᠷᠭᠡ ᠨᠢ ᠵᠠᠭᠤᠨ ᠲᠦᠮᠡ ᠰᠢᠬᠠᠮ ᠬᠦᠮᠦᠨ ᠢ | ᠭᠠᠮᠰᠢᠭᠳᠠᠭᠤᠯᠵᠤ᠂ ᠭᠠᠮᠰᠢᠭᠳᠠᠭᠰᠠᠨ ᠲᠠᠷᠢᠮᠠᠯ ᠤᠨ ᠲᠠᠯᠠᠪᠠᠶ ᠨᠢ 208.77 ᠮᠢᠩᠭᠠᠨ hm2 ᠲᠤ ᠬᠦᠷᠴᠦ᠂ | ᠭᠠᠮᠰᠢᠭ ᠪᠤᠯᠤᠭᠰᠠᠨ ᠲᠠᠯᠠᠪᠠᠢ ᠨᠢ 163.46 ᠮᠢᠩᠭᠠᠨ hm2 ᠪᠠᠶᠢᠵᠤ᠂ ᠤᠴᠠᠷᠠᠭᠰᠠᠨ ᠠᠵᠤ ᠠᠬᠤᠶ ᠶᠢᠨ | ᠰᠢᠭᠤᠳ ᠬᠤᠬᠢᠷᠠᠯ ᠨᠢ 15 ᠳ᠋ᠦᠩᠰᠢᠭᠤᠷ ᠲᠥᠭᠦᠷᠢᠭ ᠲᠤ ᠬᠦᠷᠪᠡ᠃ | |