ᠷᠧᠨ ᠶᠠ ᠫᠢᠩ ᠴᠦᠭᠡᠨ ᠲᠤᠭᠠᠳᠦ ᠦᠨᠳᠦᠰᠦᠳᠡᠨ ᠤ ᠡᠲᠡᠭᠡᠳ ᠤᠨ ᠶᠠᠷᠢᠯᠴᠠᠬᠤ ᠳᠤᠭᠤᠶᠢᠯᠠᠩ ᠳᠤ ᠬᠦᠷᠴᠦ ᠬᠡᠰᠢᠭᠦᠳ ᠲᠠᠢ ᠬᠠᠮᠲᠦ ᠵᠠᠰᠠᠭ ᠤᠨ ᠤᠷᠳᠤᠨ ᠤ ᠠᠵᠢᠯ ᠤᠨ ᠢᠯᠡᠳᠬᠡᠯ ᠢ ᠶᠠᠷᠢᠯᠴᠠᠪᠠ
ᠨᠡᠶᠢᠲᠡᠯᠡᠭᠰᠡᠨ ᠴᠠᠭ᠄
2017/1/16
      1 ᠳ᠋ᠦ᠋ᠭᠡᠷ ᠰᠠᠷ᠎ᠠ ᠶᠢᠨ 14᠎ ᠤ ᠡᠳᠦᠷ ᠤᠨ ᠦᠲᠡ ᠶᠢᠨ ᠬᠤᠶᠢᠨ᠎ᠠ᠂ ᠦᠪᠡᠷᠲᠡᠭᠡᠨ ᠵᠠᠰᠬᠠᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠷᠧᠨ ᠶᠠ ᠫᠢᠩ ᠴᠦᠭᠡᠨ ᠲᠤᠭᠠᠳᠦ ᠦᠨᠳᠦᠰᠦᠳᠡᠨ ᠤ ᠡᠲᠡᠭᠡᠳ ᠤᠨ ᠶᠠᠷᠢᠯᠴᠠᠬᠤ ᠳᠤᠭᠤᠶᠢᠯᠠᠩ ᠳᠤ ᠬᠦᠷᠴᠦ᠂ ᠬᠡᠰᠢᠭᠦᠳ ᠲᠠᠢ ᠬᠠᠮᠲᠦ ᠵᠠᠰᠠᠭ ᠤᠨ ᠤᠷᠳᠤᠨ ᠤ ᠠᠵᠢᠯ ᠤᠨ ᠢᠯᠡᠳᠬᠡᠯ ᠢ ᠶᠠᠷᠢᠯᠴᠠᠪᠠ᠃      ᠶᠠᠷᠢᠯᠴᠠᠭᠠᠨ ᠤ ᠠᠬᠤᠢ ᠲᠠᠯᠠᠪᠠᠢ ᠳᠤ᠂ ᠬᠤᠷᠠᠯ ᠳᠤ ᠤᠷᠤᠯᠴᠠᠵᠤ ᠪᠠᠶᠢᠭ᠎ᠠ ᠭᠡᠰᠢᠬᠦᠳ ᠢᠳᠡᠪᠬᠢᠳᠠᠢ ᠪᠠᠷ ᠪᠤᠳᠤᠯ ᠰᠠᠨᠠᠯ ᠢᠶᠠᠨ ᠲᠠᠪᠰᠢᠬᠦᠯᠤᠨ᠎ᠠ᠃ ᠬᠡᠰᠢᠭᠦᠳ᠄ ︽ᠵᠠᠰᠠᠭ ᠤᠨ ᠤᠷᠳᠤᠨ ᠤ ᠠᠵᠢᠯ ᠤᠨ ᠢᠯᠡᠳᠭᠡᠯ ᠳᠠᠬᠢ ᠵᠦᠷᠢᠶᠡᠴᠢᠭᠦᠯᠦᠨ ᠲᠡᠮᠵᠢᠭᠦ ᠲᠦᠷᠦ ᠶᠢᠨ ᠪᠤᠳᠤᠯᠭ᠎ᠠ ᠶᠢ ᠨᠡᠶᠢᠳᠡᠪᠦᠷᠢᠵᠢᠭᠤᠯᠦᠨ᠂ ᠬᠦᠴᠦᠨ ᠴᠢᠳᠠᠯ ᠢᠶᠠᠨ ᠲᠦᠪᠯᠡᠷᠡᠭᠦᠯᠵᠤ᠂ ᠮᠠᠯᠵᠢᠬᠤ ᠬᠤᠰᠢᠭᠤ᠂ ᠬᠢᠯᠢ ᠶᠢᠨ ᠬᠤᠰᠢᠭᠤ ᠬᠤᠳᠠ᠂ ︿ᠭᠤᠷᠪᠠᠨ ᠴᠦᠭᠡᠨ ᠲᠤᠭᠠᠳᠦ ᠦᠨᠳᠦᠰᠦᠳᠡᠨ﹀᠎ ᠤ ᠦᠪᠡᠷᠳᠡᠭᠡᠨ ᠵᠠᠰᠠᠬᠤ ᠬᠤᠰᠢᠭᠤ᠂ ᠦᠨᠳᠦᠰᠦᠳᠡᠨ ᠤ ᠰᠢᠶᠠᠩ ᠪᠠ ᠪᠤᠰᠤᠳ ᠴᠦᠭᠡᠨ ᠲᠤᠭᠠᠳᠦ ᠦᠨᠳᠦᠰᠦᠳᠡᠨ ᠤ ᠲᠦᠪᠯᠡᠷᠡᠨ ᠰᠠᠭᠤᠭ᠎ᠠ ᠭᠠᠵᠠᠷ ᠤᠷᠤᠨ ᠤ ᠬᠦᠭᠵᠢᠯᠳᠡ ᠶᠢ ᠴᠢᠩᠭᠠᠳᠬᠠᠬᠤ ᠬᠡᠷᠡᠭᠳᠡᠢ ᠬᠡᠰᠡᠨ ᠲᠤᠷᠠᠳᠤᠯᠭ᠎ᠠ ᠨᠢ ᠴᠦᠭᠡᠨ ᠲᠤᠭᠠᠳᠦ ᠦᠨᠳᠦᠰᠦᠳᠡᠨ ᠤ ᠡᠳᠡᠭᠡᠳ ᠤᠨ ᠬᠡᠰᠢᠭᠦᠳ ᠢ ᠲᠦᠢᠯ ᠢᠶᠠᠷ ᠤᠷᠮᠠᠰᠢᠭᠤᠯᠤᠨ ᠵᠤᠷᠢᠬᠵᠢᠭᠤᠯᠤᠭᠰᠠᠨ ᠪᠠᠶᠢᠨ᠎ᠠ᠃ ︿ᠵᠠᠰᠠᠭ ᠤᠨ ᠤᠷᠳᠤᠨ ᠤ ᠠᠵᠢᠯ ᠤᠨ ᠢᠯᠡᠳᠭᠡᠯ﹀᠎ ᠨᠢ ᠦᠨᠡᠨ ᠠᠴᠠ ᠵᠦᠪ ᠢ ᠡᠷᠢᠵᠤ ᠪᠤᠳᠠᠳᠠᠢ ᠶᠢ ᠡᠷᠬᠢᠮᠯᠡᠨ᠂ ᠦᠪᠦᠷ ᠮᠤᠩᠭᠤᠯ ᠤᠨ ᠪᠤᠳᠠᠳᠤ ᠪᠠᠶᠢᠳᠠᠯ ᠲᠠᠢ ᠨᠡᠶᠢᠴᠡᠵᠤ᠂ ᠨᠢᠭᠡᠨ ᠬᠦᠮᠦᠰ ᠤᠨ ᠰᠡᠳᠬᠢᠯ ᠢ ᠨᠢᠬᠳᠠᠷᠠᠭᠤᠯᠵᠦ ᠪᠦᠯᠬᠦᠮᠳᠡᠭᠦᠯᠦᠨ ᠲᠠᠪᠰᠢᠭᠤᠯᠬᠤ ᠰᠠᠶᠢᠨ ᠮᠡᠳᠡᠭᠦᠯᠦᠯᠳᠡ ᠪᠤᠯᠵᠠᠢ︾ ᠭᠡᠵᠤ ᠰᠡᠨᠠᠯ ᠨᠢᠭᠡᠳᠠᠢ ᠦᠵᠡᠵᠡᠭᠡᠪᠠ᠃      ᠷᠧᠨ ᠶᠠ ᠫᠢᠩ ᠵᠢᠭᠠᠵᠤ ᠭᠠᠷᠭᠠᠬᠰᠠᠨ ᠨᠢ᠂ ᠳᠡᠷᠢᠭᠦᠯᠡᠭᠴᠢ ᠪᠦ᠋ ᠰᠢᠶᠤᠤ ᠯᠢᠨ ᠤ ᠦᠪᠡᠷᠲᠡᠭᠡᠨ ᠵᠠᠰᠬᠠᠤ ᠤᠷᠤᠨ ᠤ ᠵᠠᠰᠠᠭ ᠤᠨ ᠤᠷᠳᠤᠨ ᠢ ᠲᠦᠯᠦᠭᠡᠯᠡᠨ ᠬᠢᠭᠰᠡᠨ ︽ᠵᠠᠰᠠᠭ ᠤᠨ ᠤᠷᠳᠤᠨ ᠤ ᠠᠵᠢᠯ ᠤᠨ ᠢᠯᠡᠳᠬᠡᠯ︾᠎ ᠳᠤ ᠡᠬᠢᠨ ᠠᠴᠠ ᠨᠢ ᠠᠳᠠᠭ ᠲᠤᠨᠢ ᠲᠤᠯᠳᠠᠯ᠎ᠠ ︽ᠲᠦᠷᠪᠡ ᠶᠢ ᠲᠤᠤᠱᠯᠠᠭᠤᠯᠬᠤ︾᠂ ᠲᠠᠷᠤᠢ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠠ ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶ᠎ᠠ ᠶᠢᠨ ᠭᠤᠷᠪᠠ᠂ ᠳᠥᠷᠪᠡ᠂ ᠲᠠᠪᠤ᠂ ᠵᠢᠷᠭᠤᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ᠂ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ ᠨᠤᠭᠤᠳ ᠤᠨ ᠵᠤᠷᠢᠭ ᠰᠠᠨᠠᠭ᠎ᠠ ᠪᠠ ᠲᠦᠷᠦ ᠶᠢ ᠵᠠᠰᠠᠵᠤ ᠵᠠᠰᠠᠭ ᠢ ᠡᠷᠬᠢᠯᠡᠭᠦ ᠰᠢᠨ᠎ᠠ ᠣᠨᠤᠯᠵᠢᠬᠤᠨ ᠰᠢᠨ᠎ᠡ ᠦᠵᠡᠯ ᠰᠠᠨᠠᠭ᠎ᠠ ᠰᠢᠨ᠎ᠠ ᠪᠠᠶᠢᠯᠳᠤᠬᠤ ᠪᠤᠳᠤᠯᠭ᠎ᠠ ᠶᠢ ᠬᠦᠨᠵᠡᠭᠡᠢ ᠲᠤᠤᠱᠯᠠᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠠᠷᠪᠠᠳᠤᠭᠠᠷ ᠬᠤᠭᠤᠴᠠᠭᠠᠨ ᠤ ᠬᠤᠶᠠᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠬᠢᠨᠠᠮᠠᠭᠠᠢ ᠲᠤᠤᠱᠯᠠᠭᠤᠯᠬᠤ ᠪᠤᠯᠤᠨ᠎ᠠ᠃ ᠦᠪᠡᠷᠳᠡᠭᠡᠨ ᠵᠠᠰᠠᠬᠤ ᠤᠷᠤᠨ ᠤ ᠠᠷᠪᠠᠳᠤᠭᠠᠷ ᠤᠳᠠᠭ᠎ᠠ ᠶᠢᠨ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠠᠴᠠ ᠪᠦᠬᠦ ᠤᠷᠤᠨ ᠤ ᠬᠤᠶᠢᠰᠢᠳᠡ ᠶᠢᠨ ᠨᠢᠭᠡ ᠬᠡᠰᠡᠭ ᠬᠤᠭᠤᠴᠠᠭᠠᠨ ᠤ ᠬᠦᠭᠵᠢᠯᠳᠡ ᠶᠢᠨ ᠠᠤᠭ᠎ᠠ ᠲᠦᠰᠦᠪ ᠢ ᠵᠢᠷᠤᠬᠯᠠᠵᠤ᠂ ︽ᠵᠠᠰᠠᠭ ᠤᠨ ᠤᠷᠳᠤᠨ ᠤ ᠠᠵᠢᠯ ᠤᠨ ᠢᠯᠡᠳᠭᠡᠯ︾ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠮᠡᠳᠡᠭᠦᠯᠦᠯᠳᠡ ᠲᠠᠢ ᠠᠪᠤᠴᠠᠯᠳᠦᠵᠤ᠂ ᠬᠦᠭᠵᠢᠯᠳᠡ ᠶᠢᠨ ᠠᠤᠭ᠎ᠠ ᠲᠦᠰᠦᠪ ᠤᠨ ︽ᠪᠠᠷᠢᠯᠭ᠎ᠠ ᠶᠢᠨ ᠵᠢᠷᠤᠭ︾ ᠪᠠ ︽ᠵᠠᠮ ᠱᠤᠭᠤᠮ ᠤᠨ ᠵᠢᠷᠤᠭ︾ ᠪᠤᠯᠵᠠᠢ᠃ ᠬᠡᠰᠢᠭᠦᠳ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠰᠤᠯᠠ ᠤᠷᠤᠯᠴᠠᠵᠤ ᠪᠠᠶᠢᠳᠠᠯ ᠢ ᠣᠶᠢᠯᠭᠠᠨ ᠲᠦᠷᠦ ᠶᠢᠨ ᠶᠠᠪᠤᠳᠠᠯ ᠢ ᠣᠶᠢᠯᠭᠠᠬᠤ᠂ ᠲᠦᠷᠦ ᠶᠢᠨ ᠶᠠᠪᠤᠳᠠᠯ ᠳᠤ ᠤᠷᠤᠯᠴᠠᠨ ᠲᠦᠷᠦ ᠶᠢᠨ ᠶᠠᠪᠤᠳᠠᠯ ᠢ ᠵᠦᠪᠯᠡᠭᠦ ᠵᠠᠪᠰᠢᠶᠠᠨ ᠢᠶᠠᠨ ᠨᠡᠨᠳᠢᠩᠨᠡᠨ᠂ ᠲᠤᠰᠢᠶᠠᠯ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠭᠡᠵᠤ᠂ ᠠᠷᠭ᠎ᠠ ᠪᠤᠳᠤᠯᠭ᠎ᠠ ᠪᠠᠨ ᠢᠳᠡᠪᠬᠢᠳᠡᠢ ᠲᠡᠪᠰᠢᠭᠦᠯᠭᠦ ᠬᠡᠷᠡᠭᠳᠡᠢ ᠬᠡᠪᠡ      ᠷᠧᠨ ᠶᠠ ᠫᠢᠩ ᠵᠢᠭᠠᠵᠤ ᠭᠠᠷᠭᠠᠬᠰᠠᠨ ᠨᠢ᠂ ︽ᠵᠠᠰᠠᠭ ᠤᠨ ᠤᠷᠳᠤᠨ ᠤ ᠠᠵᠢᠯ ᠤᠨ ᠢᠯᠡᠳᠭᠡᠯ︾᠎ ᠳᠤ ︽ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠦᠢᠯᠡᠰ ᠤᠨ ᠰᠢᠨ᠎ᠡ ᠪᠠᠶᠢᠳᠠᠯ ᠢ ᠴᠢᠷᠮᠠᠶᠢᠨ ᠨᠡᠭᠡᠭᠡᠨ᠎ᠡ︾ ᠬᠡᠵᠤ ᠲᠤᠰᠠᠭᠠᠷ ᠨᠢᠭᠡᠨ ᠴᠢᠬᠤᠯᠠ ᠠᠵᠢᠯ ᠪᠤᠯᠭᠠᠨ ᠲᠤᠷᠠᠳᠤᠬᠰᠠᠨ ᠨᠢ᠂ ᠦᠪᠦᠷ ᠮᠤᠩᠭᠤᠯ ᠤᠨ ᠤᠨᠴᠠᠯᠢᠭ ᠪᠠ ᠤᠷᠤᠨ ᠤ ᠪᠠᠶᠢᠳᠠᠯ ᠲᠠᠢ ᠨᠡᠶᠢᠴᠡᠨ᠎ᠡ᠃ ᠪᠦᠯᠬᠦᠮᠳᠡᠯ ᠪᠤᠯ ᠳᠠᠷᠤᠢ ᠡᠶ᠎ᠡ ᠵᠤᠬᠢᠴᠠᠩᠭᠤᠢ᠂ ᠳᠠᠪᠰᠢᠯᠲᠠ ᠪᠤᠯ ᠳᠠᠷᠤᠢ ᠬᠦᠭᠵᠢᠯᠲᠡ ᠪᠤᠯᠤᠨ᠎ᠠ᠃ ᠰᠢᠨ᠎ᠡ ᠳᠤᠮᠳᠠᠳᠦ ᠤᠯᠤᠰ ᠤᠨ ᠠᠩᠬᠠᠳᠠᠬᠴᠢ ᠮᠤᠵᠢ ᠶᠢᠨ ᠳᠡᠰ ᠤᠨ ᠴᠦᠭᠡᠨ ᠲᠤᠭᠠᠳᠦ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠪᠤᠯᠤᠬᠰᠠᠨ ᠤ ᠬᠤᠪᠢ ᠳᠤ᠂ ᠤᠷᠳᠦ ᠬᠤᠭᠤᠴᠠᠭᠠᠨ ᠤ ᠲᠤᠷᠰᠢ᠂ ᠮᠠᠨ ᠤ ᠤᠷᠤᠨ ᠤᠯᠤᠰ ᠤᠨ ᠪᠠᠭ᠎ᠠ ᠪᠤᠰᠤ ᠬᠠᠷᠠᠭᠠᠯᠵᠠᠯ ᠪᠠ ᠳᠡᠮᠵᠢᠯᠭᠡ ᠶᠢ ᠬᠦᠷᠳᠡᠵᠤ᠂ ᠦᠪᠡᠷᠲᠡᠭᠡᠨ ᠵᠠᠰᠠᠬᠤ ᠤᠷᠤᠨ ᠠᠴᠠ ᠪᠠᠰᠠ ᠪᠤᠶᠢᠲᠠ ᠪᠦᠭᠯᠡᠬᠦᠦ ᠬᠤᠴᠤᠷᠤᠩᠭᠤᠢ ᠭᠠᠵᠠᠷ ᠤᠷᠤᠨ ᠪᠠ ᠴᠦᠬᠡᠨ ᠲᠤᠭᠠᠲᠦ ᠦᠨᠳᠦᠰᠦᠲᠡᠨ ᠲᠦᠪᠯᠡᠷᠡᠨ ᠰᠠᠭᠤᠭ᠎ᠠ ᠭᠠᠵᠠᠷ ᠤᠷᠤᠨ ᠲᠡᠰᠢ ᠨᠡᠩ ᠢᠯᠡᠭᠦᠦ ᠬᠡᠯᠪᠠᠶᠢᠯᠭᠡᠨ᠂ ᠵᠦᠷᠢᠶᠡᠴᠡᠭᠦᠯᠦᠨ ᠳᠡᠮᠵᠢᠬᠦ ᠲᠦᠷᠦ ᠶᠢᠨ ᠪᠤᠳᠤᠯᠭ᠎ᠠ ᠪᠠᠷ ᠵᠦᠷᠢᠶ᠎ᠠ ᠶᠢ ᠪᠠᠭᠠᠰᠬᠠᠪᠠ ᠬᠡᠵᠡᠢ᠃      ᠭᠡᠰᠢᠬᠦᠳ ᠤᠨ ᠬᠠᠯᠠᠮᠰᠢᠯ ᠪᠤᠯᠭᠠᠨ ᠶᠠᠷᠢᠯᠴᠠᠬᠰᠠᠨ ᠶᠠᠳᠠᠭᠤ ᠠᠴᠠ ᠠᠩᠬᠢᠵᠢᠷᠠᠭᠤᠯᠬᠤ ᠠᠰᠠᠭᠤᠳᠠᠯ ᠳᠤ ᠴᠢᠭᠯᠡᠭᠦᠯᠦᠨ᠂ ᠷᠧᠨ ᠶᠠ ᠫᠢᠩ ᠴᠢᠬᠤᠯᠠᠴᠢᠯᠠᠬᠰᠠᠨ ᠨᠢ᠂ ᠤᠳᠤᠬᠠᠨ ᠳᠤ ᠪᠦᠬᠦ ᠤᠷᠤᠨ ᠤ ᠳᠡᠭᠡᠷ᠎ᠡ ᠳᠤᠤᠷ᠎ᠡ ᠱᠠᠲᠦ ᠬᠤᠯᠪᠤᠭᠠᠯᠠᠨ ᠪᠦᠬᠦ ᠬᠦᠴᠤᠨ ᠢᠶᠠᠷ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠲᠤᠯᠬᠤ ᠳᠠᠶᠢᠯᠠᠯᠳᠤᠭᠠᠨ ᠬᠢᠵᠤ ᠂ ᠪᠦᠬᠦ ᠤᠷᠤᠨ ᠤ ᠠᠷᠠᠳ ᠲᠦᠮᠡᠨ ᠢ ᠲᠠᠶᠢᠴᠢᠯᠠᠨ ᠬᠠᠮᠲᠤᠪᠡᠷ ᠴᠢᠨᠡᠭᠡᠯᠢᠭ ᠨᠡᠶᠢᠭᠡᠮ ᠢ ᠪᠦᠬᠦ ᠲᠠᠯ᠎ᠡ ᠪᠠᠷ ᠪᠡᠶᠡᠯᠡᠬᠦᠯᠭᠦ ᠪᠠᠷ ᠴᠢᠷᠮᠠᠶᠢᠵᠤ ᠪᠤᠢ᠃ ᠮᠠᠨ ᠤ ᠤᠷᠤᠨ ᠤ ᠶᠠᠳᠠᠭᠤ ᠬᠦᠴᠢᠷᠳᠡᠯᠲᠡᠢ ᠬᠦᠮᠦᠨ ᠠᠮᠠ ᠶᠢᠨ ᠲᠤᠭ᠎ᠠ ᠴᠦᠭᠡᠨ᠂ ᠡᠵᠡᠯᠡᠬᠦ ᠬᠠᠷᠢᠴᠠᠯ ᠨᠢ ᠪᠠᠭ᠎ᠠ ᠪᠠᠶᠢᠳᠠᠭ᠂ ᠭᠡᠲᠡᠯ ᠎ᠡ ᠶᠠᠳᠠᠭᠤ ᠠᠴᠠ ᠠᠩᠬᠢᠵᠢᠷᠠᠭᠤᠯᠬᠤ ᠬᠦᠴᠢᠷᠳᠡᠯ ᠮᠦᠩᠭᠦ ᠲᠦᠪᠡᠭᠳᠡᠢ ᠪᠠᠶᠢᠵᠤ᠂ ᠴᠢᠨᠠᠬᠰᠢᠳᠠ ᠬᠦᠴᠢᠷ ᠢ ᠲᠤᠭᠤᠯᠤᠨ ᠪᠡᠷᠭᠡ ᠶᠢ ᠳᠠᠪᠠᠭ᠋ᠤ ᠴᠢᠬᠤᠯᠠᠲᠠᠢ᠃ ᠡᠨᠡᠬᠦ ᠳᠤᠲᠠᠭᠤᠳᠠᠯ ᠢ ᠨᠦᠬᠦᠪᠦᠷᠢᠯᠡᠬᠦ ᠳᠤ᠂ ᠵᠠᠪᠠᠯ ᠤᠨᠢᠨ ᠳᠡᠭᠡᠷ᠎ᠡ ᠨᠢ ᠶᠠᠳᠠᠭᠤ ᠶᠢ ᠳᠡᠳᠬᠦᠵᠦ᠂ ᠬᠡᠮᠡᠷᠯᠢᠭ ᠳᠡᠭᠡᠷ᠎ᠡ ᠴᠡᠴᠡᠭ ᠬᠠᠳᠬᠤᠬᠤ ᠪᠢᠰᠢ᠂ ᠬᠠᠷᠢᠨ ᠳᠠᠭᠠᠷᠠᠬᠰᠠᠨ ᠲᠡᠭᠡᠷ᠎ᠡ ᠨᠢ ᠳᠠᠬᠤ ᠬᠦᠷᠭᠡᠵᠤ᠂ ᠪᠡᠯᠡ ᠮᠦᠩᠭᠦ ᠶᠢ ᠦᠨᠡᠨᠬᠦ ᠶᠠᠳᠠᠭᠤ ᠬᠦᠴᠢᠷᠳᠡᠯᠲᠡᠢ ᠬᠦᠮᠦᠰ ᠤᠨ ᠪᠡᠶ᠎ᠡ ᠳᠡᠭᠡᠷ ᠎ᠡ ᠬᠡᠷᠡᠭᠯᠡᠨ᠂ ᠶᠠᠳᠠᠭᠤ ᠬᠦᠴᠢᠷᠳᠡᠯᠲᠡᠢ ᠤᠯᠠᠨ ᠲᠦᠮᠡᠨ ᠤ ᠲᠤᠬᠲᠠᠬᠰᠠᠨ ᠴᠠᠭ ᠲᠠᠭᠠᠨ ᠴᠢᠨᠡᠬᠡᠯᠢᠭ ᠨᠡᠶᠢᠭᠡᠮ ᠢ ᠪᠦᠬᠦ ᠲᠠᠯ᠎ᠡ ᠪᠠᠷ ᠪᠡᠶᠡᠯᠡᠬᠦᠯᠬᠦ ᠶᠢ ᠪᠠᠲᠤᠯᠠᠬᠤ ᠬᠡᠷᠡᠭᠲᠡᠢ ᠭᠡᠵᠡᠢ᠃      ᠷᠧᠨ ᠶᠠ ᠫᠢᠩ ᠴᠢᠬᠤᠯᠠᠴᠢᠯᠠᠬᠰᠠᠨ ᠨᠢ᠂ ᠡᠨᠡ ᠵᠢᠯ ᠪᠤᠯ ᠦᠪᠡᠷᠳᠡᠭᠡᠨ ᠵᠠᠰᠠᠬᠤ ᠤᠷᠤᠨ ᠤ ᠠᠷᠪᠠᠳᠤᠭᠠᠷ ᠤᠳᠠᠭ᠎ᠠ ᠶᠢᠨ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠬᠤ ︽ᠨᠠᠶᠢᠳᠠᠪᠤᠷᠢᠵᠢᠭᠤᠯᠬᠤ ᠤᠨ︾ ᠪᠤᠯᠤᠨ᠎ᠠ᠂ ᠮᠦᠨ ᠴᠦ ᠦᠪᠡᠷᠲᠡᠭᠡᠨ ᠵᠠᠰᠠᠬᠤ ᠤᠷᠤᠨ ᠤ ᠲᠤᠰ ᠬᠤᠭᠤᠴᠠᠭᠠᠨ ᠤ ᠤᠯᠤᠰ ᠲᠦᠷᠦ ᠶᠢᠨ ᠵᠦᠪᠯᠡᠯᠬᠡᠨ ᠤ ᠲᠤᠰᠢᠶᠠᠯ ᠬᠠᠷᠢᠭᠤᠴᠠᠯᠭ᠎ᠠ ᠪᠠᠨ ᠬᠦᠢᠴᠡᠳᠭᠡᠬᠦ ︽ᠰᠡᠬᠦᠯ ᠬᠤᠷᠢᠶᠠᠬᠤ ᠵᠢᠯ︾ ᠪᠤᠯᠤᠨ᠎ᠠ᠃ ᠬᠡᠰᠢᠭᠦᠳ ᠪᠤᠯ ᠤᠯᠤᠰ ᠲᠦᠷᠦ ᠶᠢᠨ ᠵᠦᠪᠯᠡᠯᠬᠡᠨ ᠤ ᠲᠤᠰᠢᠶᠠᠯ ᠬᠠᠷᠢᠭᠤᠴᠠᠯᠭ᠎ᠠ ᠪᠠᠨ ᠬᠦᠢᠴᠡᠳᠭᠡᠬᠦ ᠭᠤᠤᠯ ᠴᠤᠬᠴᠠ ᠪᠠᠶᠢᠵᠦ᠂ ᠬᠡᠰᠢᠬᠦᠨ ᠤ ᠤᠬᠠᠮᠰᠠᠷ ᠢᠶᠠᠨ ᠴᠢᠩᠭᠠᠳᠬᠠᠵᠤ᠂ ᠬᠡᠰᠢᠬᠦᠨ ᠤ ᠡᠭᠦᠷᠭᠡ ᠴᠢᠳᠠᠪᠬᠢ ᠪᠠᠨ ᠢᠯᠡᠷᠡᠬᠦᠯᠦᠨ᠂ ᠲᠤᠰᠢᠶᠠᠯ ᠬᠠᠷᠢᠭᠤᠴᠠᠯᠭ᠎ᠠ ᠪᠠᠨ ᠨᠡᠩ ᠰᠠᠶᠢᠳᠤᠷ ᠬᠦᠢᠴᠡᠳᠭᠡᠵᠦ᠂ ᠦᠪᠡᠷᠲᠡᠭᠡᠨ ᠵᠠᠰᠠᠬᠤ ᠤᠷᠤᠨ ᠤ ᠡᠯ᠎ᠡ ᠲᠦᠷᠦᠯ ᠤᠨ ᠦᠢᠯᠡᠰ ᠤᠨ ᠬᠦᠭᠵᠢᠯᠲᠡ ᠳᠤ ᠬᠦᠴᠦ ᠨᠡᠮᠡᠷᠢᠯᠡᠭᠦ ᠬᠡᠷᠡᠭᠲᠡᠢ ᠭᠡᠵᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号