2016 ᠤᠨ ᠤ 12 ᠳ᠋ᠤᠭᠠᠷ ᠰᠠᠷ᠎ᠠ ᠶᠢᠨ 29 ᠤ ᠦᠳᠡ ᠶᠢᠨ ᠬᠤᠶᠢᠢᠨᠡ᠂ ᠦᠪᠡᠷᠳᠡᠬᠡᠨ ᠵᠠᠰᠠᠬᠤ ᠤᠷᠤᠨ | ᠤ ᠲᠤᠳᠤᠭᠠᠳᠤ ᠶᠢ ᠬᠠᠮᠠᠭᠠᠯᠠᠬᠤ ᠲᠢᠩᠬᠢᠮ 2016 ᠤᠨ ᠤ ︽ᠦᠨᠡᠬᠡᠨ ᠠᠪᠠ ᠶᠢᠨ ᠠᠵᠢᠯᠯᠠᠭ᠎ᠠ︾ ᠶᠢᠨ ᠦᠷ᠎ᠡ | ᠪᠦᠳᠦᠬᠡᠯ ᠤᠨ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ᠂ ᠮᠠᠨ ᠤ ᠤᠷᠤᠨ ᠤ ᠡᠯ᠎ᠡ ᠱᠠᠳᠤᠨ ᠤ ᠲᠤᠳᠤᠭᠠᠳᠤ ᠶᠢ | ᠬᠠᠮᠠᠭᠠᠯᠠᠬᠤ ᠪᠠᠶᠢᠭᠤᠯᠤᠯᠭ᠎ᠠ ᠶᠢᠨ 2016 ᠤᠨ ᠤ ︽ᠦᠨᠡᠬᠡᠨ ᠠᠪᠠ ᠶᠢᠨ ᠠᠵᠢᠯᠯᠠᠭ᠎ᠠ︾ ᠶᠢᠨ ᠪᠠᠶᠢᠢᠯᠳᠤᠭᠠᠨ ᠤ | ᠦᠷ᠎ᠡ ᠪᠦᠳᠦᠬᠡᠯ ᠢ ᠵᠠᠷᠯᠠᠨ ᠨᠡᠶᠢᠢᠳᠡᠯᠡᠪᠡ᠃ | ᠡᠨᠡ ᠵᠢᠯ ᠤᠨ ︽ᠦᠨᠡᠬᠡᠨ ᠠᠪᠠ ᠶᠢᠨ ᠠᠵᠢᠯᠯᠠᠭ᠎ᠠ︾ ᠳᠤ ᠮᠠᠨ ᠤ ᠤᠷᠤᠨ ᠤ ᠡᠯ᠎ᠡ ᠱᠠᠳᠤᠨ ᠤ | ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠲᠦᠪ ᠤᠨ ᠢᠯᠵᠢᠷᠠᠯ ᠢ ᠡᠰᠡᠷᠬᠦᠴᠡᠬᠦ ᠶᠢ ᠵᠤᠬᠢᠴᠠᠭᠤᠯᠬᠤ | ᠤᠳᠤᠷᠢᠳᠬᠤ ᠲᠤᠭᠤᠶᠢᠢᠯᠠᠩ ᠪᠤᠯᠤᠨ ᠲᠤᠳᠤᠭᠠᠳᠤ ᠶᠢ ᠬᠠᠮᠠᠭᠠᠯᠠᠬᠤ ᠶᠠᠮᠤᠨ ᠤ ᠰᠢᠢᠳᠪᠦᠷᠢᠳᠦ ᠪᠤᠳᠤᠯᠭ᠎ᠠ | ᠪᠠᠶᠢᠷᠢᠯᠠᠭᠤᠯᠤᠯᠳᠠ ᠶᠢ ᠬᠢᠨᠠᠮᠠᠭᠠᠢ ᠨᠠᠶᠢᠢᠳᠠᠪᠤᠷᠢᠵᠢᠭᠤᠯᠵᠣ᠂ ᠤᠳᠤᠬᠠᠨ ᠪᠤᠯᠳᠠᠯ᠎ᠠ ᠪᠦᠬᠦ ᠤᠷᠤᠨ ᠢᠶᠠᠷ ᠢᠶᠠᠨ ᠨᠡᠶᠢᠳᠡ | ᠡᠯ᠎ᠡ ᠲᠦᠷᠦᠯ ᠤᠨ ᠭᠠᠳᠠᠭᠠᠳᠤ ᠳᠤ ᠤᠷᠭᠤᠨ ᠲᠤᠳᠠᠭᠠᠬᠰᠠᠨ 6 ᠬᠦᠮᠦᠨ ᠢ ᠪᠠᠷᠢᠪᠴᠢᠯᠠᠪᠠ᠂ ᠡᠬᠦᠨ ᠳᠤ 2 ᠬᠦᠮᠦᠨ | ᠢ ᠨᠢ ᠰᠢᠯᠵᠢᠬᠦᠯᠦᠨ ᠲᠤᠰᠢᠶᠠᠯᠭᠠᠵᠤ᠂ 1 ᠬᠦᠮᠦᠨ ᠢ ᠪᠠᠷᠢᠪᠴᠢᠯᠠᠵᠤ᠂ 3 ᠬᠦᠮᠦᠨ ᠢ ᠢᠳᠬᠠᠨ ᠪᠤᠴᠠᠭᠠᠪᠠ᠃ | ᠤᠶᠢᠢᠷ᠎ᠠ ᠳᠤ᠂ ᠮᠠᠨ ᠤ ᠤᠷᠤᠨ ᠤ ᠤᠯᠠᠭᠠᠨ ᠵᠠᠷᠯᠠᠯᠳᠤ ᠪᠠᠷᠢᠪᠴᠢᠯᠠᠬᠤ ᠶᠢ ᠵᠠᠷᠯᠠᠭᠰᠠᠨ ᠣᠷᠭᠤᠨ ᠳᠣᠳᠠᠭᠠᠭᠰᠠᠨ | ᠰᠡᠵᠢᠭᠳᠡᠨ ᠢ ᠨᠡᠬᠡᠮᠵᠢᠯᠡᠬᠦ ᠠᠵᠢᠯ ᠴᠢᠬᠤᠯᠠ ᠰᠢᠪᠳᠤᠯᠤᠯᠳᠠ ᠲᠠᠢ ᠪᠤᠯᠵᠠᠢ᠃ ᠮᠠᠨ ᠤ ᠣᠷᠣᠨ ᠳᠤ ᠨᠣᠳᠣᠭᠳᠠᠢ | ᠭᠠᠳᠠᠭᠠᠳᠤ ᠳᠤ ᠤᠷᠭᠤᠨ ᠲᠤᠳᠠᠭᠠᠬᠰᠠᠨ ᠣᠯᠠᠭᠠᠨ ᠵᠠᠷᠯᠠᠯᠳᠣ ᠰᠡᠵᠢᠭᠳᠡᠨ ᠯᠢ ᠤᠪᠤᠬᠳᠤ ᠶᠢ ᠣᠷᠣᠰ ᠤᠨ ᠬᠠᠮᠢᠶ᠎ᠠ | ᠪᠦᠬᠦᠢ ᠰᠠᠯᠠᠭ᠎ᠠ ᠮᠦᠴᠢᠷ ᠮᠠᠨ ᠤ ᠣᠷᠣᠨ ᠳᠤ ᠰᠢᠯᠵᠢᠬᠦᠯᠦᠨ ᠦᠭᠭᠦᠭᠰᠡᠨ ᠨᠢ᠂ ᠲᠤᠳᠤᠭᠠᠳᠤ ᠶᠢ ᠬᠠᠮᠠᠭᠠᠯᠠᠬᠤ | ᠶᠠᠮᠤᠨ ︽ᠦᠨᠡᠬᠡᠨ ᠠᠪᠠ ᠶᠢᠨ ᠠᠵᠢᠯᠯᠠᠭ᠎ᠠ︾ ᠶᠢ ᠦᠷᠨᠢᠭᠦᠯᠦᠭᠰᠡᠨ ᠠᠴᠠ ᠨᠠᠰᠢ ᠣᠷᠣᠰ ᠤᠨ ᠬᠢᠨ ᠤ ᠮᠠᠨ ᠤ | ᠤᠯᠤᠰ ᠲᠤ ᠰᠢᠯᠵᠢᠭᠦᠯᠦᠨ ᠦᠭᠭᠦᠭᠰᠡᠨ ᠠᠩᠬᠠᠳᠠᠭᠴᠢ ᠭᠠᠳᠠᠭᠠᠳᠤ ᠳᠤ ᠤᠷᠭᠤᠨ ᠲᠤᠳᠠᠭᠠᠬᠰᠠᠨ ᠠᠵᠤ ᠠᠬᠤᠢ ᠶᠢᠨ | ᠶᠠᠯ᠎ᠠ ᠶᠢᠨ ᠰᠡᠵᠢᠭᠳᠡᠨ ᠪᠤᠯᠤᠨ᠎ᠠ᠃ ᠪᠠᠰᠠ ᠳᠣᠰᠢᠶᠠᠯ ᠤᠨ ᠶᠠᠯᠠᠳᠤ ᠬᠡᠷᠡᠭ ᠲᠤ ᠬᠤᠯᠪᠤᠬᠳᠠᠬᠰᠠᠨ ᠭᠠᠳᠠᠭᠠᠳᠤ ᠳᠤ | ᠤᠷᠭᠤᠨ ᠲᠤᠳᠠᠭᠠᠬᠰᠠᠨ ᠰᠡᠵᠢᠭᠳᠡᠨ ᠸᠠᠩ ᠤᠪᠤᠬᠳᠤ ᠶᠢ ᠢᠰᠫᠠᠨᠢ ᠠᠴᠠ ᠰᠢᠯᠵᠢᠬᠦᠯᠦᠨ ᠲᠤᠰᠢᠶᠠᠯᠭᠠᠵᠤ | ᠤᠯᠤᠰ ᠲᠠᠭᠠᠨ ᠠᠪᠴᠢᠷᠠᠬᠰᠠᠨ ᠬᠡᠷᠡᠭ ᠨᠢ ᠲᠤᠳᠤᠭᠠᠳᠤ ᠶᠢ ᠬᠠᠮᠠᠭᠠᠯᠠᠬᠤ ᠶᠠᠮᠤᠨ ᠤ 2016 ᠤᠨ ᠤ ︽ᠦᠨᠡᠬᠡᠨ | ᠠᠪᠠ ᠶᠢᠨ ᠠᠵᠢᠯᠯᠠᠭ᠎ᠠ︾ ᠶᠢᠨ ᠠᠷᠪᠠᠨ ᠨᠡᠶᠢᠳᠡᠯᠢᠭ ᠬᠡᠷᠡᠭ ᠤᠨ ᠨᠢᠭᠡ ᠪᠠᠷ ᠦᠨᠡᠯᠡᠭᠳᠡᠵᠡᠢ᠃ ᠤᠶᠢᠯᠠᠭᠠᠬᠰᠠᠨ ᠢᠶᠠᠷ᠂ | 2016 ᠤᠨ ᠤ ︽ᠦᠨᠡᠬᠡᠨ ᠠᠪᠠ ᠶᠢᠨ ᠠᠵᠢᠯᠯᠠᠭ᠎ᠠ︾ ᠳᠤ ᠲᠤᠳᠤᠭᠠᠳᠤ ᠶᠢ ᠬᠠᠮᠠᠭᠠᠯᠠᠬᠤ ᠲᠢᠩᠬᠢᠮ ᠤᠨ | ᠠᠵᠢᠯᠯᠠᠭ᠎ᠠ ᠶᠢᠨ ᠠᠯᠪᠠᠨ ᠬᠡᠷ ᠪᠤᠯᠤᠨ ᠡᠯ᠎ᠡ ᠭᠠᠵᠠᠷ ᠤᠨ ᠠᠵᠢᠯᠯᠠᠭ᠎ᠠ ᠶᠢᠨ ᠠᠯᠪᠠᠨ ᠬᠡᠷ ᠡᠷᠬᠡ ᠲᠤᠰᠢᠶᠠᠯ ᠤᠨ | ᠦᠢᠯᠡᠳᠦᠯ ᠢᠶᠠᠨ ᠬᠦᠢᠴᠡᠳ ᠪᠠᠳᠠᠷᠠᠭᠤᠯᠤᠨ᠂ ᠤᠯᠠᠨ ᠵᠦᠢᠯ ᠤᠨ ᠬᠠᠮᠵᠢᠯᠴᠠᠭᠠᠨ ᠤ ᠠᠷᠭ᠎ᠠ ᠬᠡᠮᠵᠢᠶ᠎ᠡ ᠠᠪᠴᠠᠢ᠃ | ᠨᠢᠬᠡ ᠳᠤ᠂ ᠲᠤᠳᠤᠭᠠᠳᠤ ᠶᠢ ᠬᠠᠮᠠᠭᠠᠯᠠᠬᠤ ᠶᠠᠮᠤᠨ ᠤ ᠠᠵᠢᠯᠯᠠᠭ᠎ᠠ ᠶᠢᠨ ᠠᠯᠪᠠᠨ ᠬᠡᠷ ᠯᠦᠭᠡ ᠶᠢᠨ ᠬᠠᠮᠵᠢᠯᠴᠠᠭ᠎ᠠ ᠪᠠᠨ | ᠴᠢᠩᠭᠠᠳᠬᠠᠵᠠᠢ᠃ ᠬᠤᠶᠠᠷ ᠲᠤ᠂ ᠠᠵᠢᠯᠯᠠᠭ᠎ᠠ ᠶᠢᠨ ᠨᠢᠬᠡᠳᠦᠬᠡᠷ ᠹᠷᠤᠨᠲ ᠯᠦᠭᠡ ᠶᠢᠨ ᠬᠠᠮᠵᠢᠯᠴᠠᠭ᠎ᠠ ᠪᠠᠨ | ᠴᠢᠩᠭᠠᠳᠬᠠᠵᠠᠢ᠃ ᠭᠤᠷᠪᠠ ᠳᠤ᠂ ᠪᠦᠷᠢᠯᠳᠦᠬᠦᠨ ᠨᠢᠬᠡᠴᠡ ᠯᠦᠭᠡ ᠶᠢᠨ ᠬᠠᠮᠵᠢᠯᠴᠠᠭ᠎ᠠ ᠪᠠᠨ ᠴᠢᠩᠭᠠᠳᠬᠠᠵᠠᠢ᠃ | ᠲᠦᠷᠪᠡ ᠳᠤ᠂ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠪᠤᠯᠤᠨ ᠪᠠᠶᠢᠴᠠᠭᠠᠬᠤ ᠪᠠᠶᠢᠭᠤᠯᠭ᠎ᠠ ᠯᠤᠭ᠎ᠠ ᠶᠢᠨ | ᠬᠠᠮᠵᠢᠯᠴᠠᠭ᠎ᠠ ᠪᠠᠨ ᠴᠢᠩᠭᠠᠳᠬᠠᠵᠠᠢ᠃ ᠲᠠᠪᠤ ᠳᠤ᠂ ᠤᠷᠭᠤᠨ ᠲᠤᠳᠠᠭᠠᠬᠰᠠᠳ ᠤᠨ ᠰᠠᠳᠤᠨ ᠲᠦᠷᠦᠯ ᠨᠠᠶᠢᠢᠵᠢ | ᠨᠦᠬᠦᠳ ᠯᠦᠭᠡ ᠶᠢᠨ ᠬᠠᠮᠵᠢᠯᠴᠠᠭ᠎ᠠ ᠪᠠᠨ ᠴᠢᠩᠭᠠᠳᠬᠠᠵᠠᠢ᠃ | ᠲᠤᠳᠤᠭᠠᠳᠤ ᠶᠢ ᠬᠠᠮᠠᠭᠠᠯᠠᠬᠤ ᠲᠢᠩᠬᠢᠮ ᠲᠠᠷᠠᠭᠠᠴᠢ ᠶᠢᠨ ᠠᠯᠬᠤᠮ ᠳᠤ᠂ ᠲᠤᠳᠤᠭᠠᠳᠤ ᠶᠢ ᠬᠠᠮᠠᠭᠠᠯᠠᠬᠤ ᠶᠠᠮᠤᠨ | ᠤ ᠭᠠᠳᠠᠭᠠᠳᠣ ᠳᠤ ᠤᠷᠭᠤᠨ ᠲᠤᠳᠠᠭᠠᠬᠰᠠᠳ ᠢ ᠨᠡᠬᠡᠮᠵᠢᠯᠡᠨ ᠪᠤᠵᠠᠷ ᠡᠳ᠋ ᠢ ᠨᠡᠬᠡᠮᠵᠢᠯᠡᠨ ᠠᠪᠴᠢᠷᠠᠬᠤ ᠠᠵᠢᠯ ᠢ ︽ | ᠪᠠᠶᠢᠩᠭᠤᠵᠢᠭᠤᠯᠬᠤ᠂ ᠨᠠᠷᠢᠯᠢᠬᠵᠢᠭᠤᠯᠬᠤ᠂ ᠲᠤᠰᠬᠠᠶᠢᠢᠵᠢᠭᠤᠯᠬᠤ︾ ᠪᠠᠶᠢᠢᠷᠢᠯᠠᠭᠤᠯᠤᠯᠳᠠ ᠶᠤᠰᠤᠭᠠᠷ ᠪᠤᠳᠠᠳᠠᠢ | ᠪᠠᠶᠢᠳᠠᠯ ᠲᠠᠢ ᠤᠶᠠᠯᠳᠤᠭᠤᠯᠤᠨ᠂ ᠭᠠᠳᠠᠭᠠᠳᠣ ᠳᠤ ᠤᠷᠭᠤᠨ ᠲᠤᠳᠠᠭᠠᠬᠰᠠᠳ ᠢ ᠨᠡᠬᠡᠮᠵᠢᠯᠡᠬᠦ ᠠᠵᠢᠯ ᠢ ᠬᠦᠴᠦᠯᠡᠨ | ᠠᠬᠢᠭᠤᠯᠵᠤ᠂ ᠨᠢᠬᠡᠨᠳᠡ ᠪᠠᠷᠢᠪᠴᠢᠯᠠᠬᠰᠠᠨ ᠭᠠᠳᠠᠭᠠᠳᠣ ᠳᠤ ᠤᠷᠭᠤᠨ ᠲᠤᠳᠠᠭᠠᠬᠰᠠᠳ ᠤᠨ ᠪᠤᠵᠠᠷ ᠡᠳ᠋ ᠢ ᠨᠡᠬᠡᠮᠵᠢᠯᠡᠨ | ᠠᠪᠴᠢᠷᠠᠬᠤ ᠪᠤᠯᠤᠨ ᠨᠡᠬᠡᠮᠵᠢᠯᠡᠨ ᠵᠠᠭᠠᠯᠳᠤᠬᠤ ᠠᠵᠢᠯ ᠢ ᠰᠠᠶᠢᠢᠳᠤᠷ ᠬᠢᠵᠦ᠂ ᠪᠠᠷᠢᠪᠴᠢᠯᠠᠭᠠᠳᠤᠢ ᠭᠠᠳᠠᠭᠠᠳᠣ ᠳᠤ | ᠤᠷᠭᠤᠨ ᠲᠤᠳᠠᠭᠠᠬᠰᠠᠳ ᠢ ᠦᠷᠬᠦᠯᠵᠢᠯᠡᠨ ᠨᠡᠬᠡᠮᠵᠢᠯᠡᠨ ᠪᠠᠷᠢᠪᠴᠢᠯᠠᠬᠤ ᠪᠤᠯᠤᠨ᠎ᠠ᠃ |