| ᠰᠤᠷᠪᠤᠯᠵᠢᠯᠠᠭᠴᠢ ᠬᠥᠬᠡᠬᠤᠲᠠ ᠲᠡᠮᠦᠷ ᠵᠠᠮ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ 1 ᠳ᠋ᠦ᠋ᠭᠡᠷ | ᠰᠠᠷ᠎ᠠ ᠶᠢᠨ 3 ᠤ ᠡᠳᠦᠷ ᠪᠣᠯᠲᠠᠯ᠎ᠠ᠂ ᠪᠢᠯᠧᠲ ᠤᠷᠢᠳᠴᠢᠯᠠᠨ ᠬᠤᠳᠠᠯᠳᠤᠬᠤ ᠬᠤᠭᠤᠴᠠᠭᠠᠨ ᠳᠤ ︵1 ᠳ᠋ᠦ᠋ᠭᠡᠷ | ᠰᠠᠷ᠎ᠠ ᠶᠢᠨ 13 ᠤ ᠡᠳᠦᠷ ᠠᠴᠠ 1 ᠳ᠋ᠦ᠋ᠭᠡᠷ ᠰᠠᠷ᠎ᠠ ᠶᠢᠨ 31 ᠤ ᠡᠳᠦᠷ ᠪᠣᠯᠲᠠᠯ᠎ᠠ︶ ᠬᠥᠬᠡᠬᠤᠲᠠ ᠲᠡᠮᠥᠷ ᠵᠠᠮ ᠤᠨ | ᠲᠣᠪᠴᠢᠶ᠎ᠠ ᠴᠠᠭᠠᠨ ᠰᠠᠷ᠎ᠠ ᠶᠢᠨ ᠲᠡᠭᠡᠭᠡᠪᠦᠷᠢ ᠶᠢᠨ ᠭᠠᠯᠲᠤ ᠲᠡᠷᠭᠡᠨ ᠪᠢᠯᠧᠲ ᠢ 26.5 ᠲᠦᠮᠡ ᠬᠤᠳᠠᠯᠳᠤᠭᠰᠠᠨ | ᠪᠠᠶᠢᠨ᠎ᠠ᠃ | ᠲᠡᠮᠦᠷ ᠵᠠᠮ ᠤᠨ ᠰᠠᠯᠠᠭ᠎ᠠ ᠮᠥᠴᠢᠷ ᠠᠴᠠ ᠥᠷᠭᠡᠨ ᠣᠯᠠᠨ ᠠᠶᠠᠨᠴᠢᠳ ᠲᠤ ᠰᠠᠨᠠᠭᠤᠯᠬᠤ ᠨᠢ᠄ ᠴᠠᠭᠠᠨ | ᠰᠠᠷ᠎ᠠ ᠶᠢᠨ ᠲᠡᠭᠡᠭᠡᠪᠦᠷᠢ ᠶᠢᠨ ᠬᠤᠭᠤᠴᠠᠭᠠᠨ ᠳᠤ᠂ ᠬᠡᠰᠡᠭ ᠵᠠᠮ ᠱᠤᠭᠤᠮ ᠤᠨ ᠲᠡᠷᠭᠡᠨ ᠪᠢᠯᠧᠲ ᠬᠤᠪᠣᠷ ᠪᠣᠯᠣᠭᠰᠠᠨ | ᠪᠠᠶᠢᠨ᠎ᠠ᠃ ᠬᠡᠷᠪᠡ ᠰᠢᠭᠤᠳ ᠬᠦᠷᠬᠦ ᠲᠡᠷᠭᠡᠨ ᠪᠢᠯᠧᠲ ᠬᠤᠳᠠᠯᠳᠤᠨ ᠠᠪᠴᠤ ᠳᠡᠶᠢᠯᠦᠭᠰᠡᠨ ᠦᠭᠡᠢ ᠪᠣᠯ᠂ ᠲᠡᠷᠭᠡ | ᠰᠣᠯᠢᠬᠤ ᠥᠷᠲᠡᠭᠡ ᠰᠤᠩᠭᠤᠨ᠂ ᠲᠡᠷᠭᠡ ᠰᠣᠯᠢᠨ ᠠᠶᠠᠯᠠᠵᠤ ᠪᠣᠯᠣᠨ᠎ᠠ᠃ ᠵᠢᠱᠢᠶᠡᠯᠡᠪᠡᠯ ᠬᠥᠬᠡᠬᠤᠲᠠ ᠠᠴᠠ ᠬᠠᠷᠪᠢᠨ᠂ | ᠴᠢᠴᠢᠬᠠᠷ᠂ ᠮᠠᠨᠵᠤᠤᠷ ᠵᠡᠷᠭᠡ ᠭᠠᠵᠠᠷ ᠲᠤ ᠬᠦᠷᠪᠡᠯ᠂ ᠪᠡᠭᠡᠵᠢᠩ ᠠᠴᠠ ᠥᠨᠳᠥᠷ ᠬᠤᠷᠳᠤᠴᠠᠲᠤ ᠭᠠᠯᠲᠤ ᠲᠡᠷᠭᠡ | ᠰᠣᠯᠢᠨ ᠰᠠᠭᠤᠵᠤ᠂ ᠬᠠᠷᠪᠢᠨ ᠠᠴᠠ ᠲᠠᠬᠢᠵᠤ ᠪᠤᠰᠤᠳ ᠦᠨᠳᠦᠷ ᠬᠤᠷᠳᠤᠴᠠᠲᠤ ᠭᠠᠯᠲᠤ ᠲᠡᠷᠭᠡ ᠪᠤᠶᠤ ᠶᠡᠷᠦ ᠶᠢᠨ | ᠭᠠᠯᠲᠤ ᠲᠡᠷᠭᠡ ᠰᠣᠯᠢᠵᠤ ᠰᠠᠭᠤᠭᠠᠳ᠂ ᠭᠡᠷ ᠲᠡᠭᠡᠨ ᠬᠠᠷᠢᠬᠤ ᠵᠠᠮ ᠱᠤᠭᠤᠮ ᠢᠶᠠᠨ ᠵᠣᠬᠢᠴᠠᠭᠤᠯᠵᠤ ᠪᠣᠯᠣᠨ᠎ᠠ᠃ | ᠵᠠᠷᠢᠮ ᠬᠤᠲᠠ ᠨᠢ ᠬᠤᠶᠠᠷ ᠡᠰᠡᠬᠦᠯ᠎ᠡ ᠨᠡᠩ ᠣᠯᠠᠨ ᠭᠠᠯᠲᠤ ᠲᠡᠷᠭᠡᠨ ᠥᠷᠲᠡᠭᠡ ᠪᠠᠶᠢᠳᠠᠭ ᠪᠣᠯᠬᠤᠷ ᠲᠡᠷᠭᠡ ᠰᠣᠯᠢᠵᠤ | ᠰᠠᠭᠤᠬᠤ ᠲᠡᠷᠭᠡᠨ ᠥᠷᠲᠡᠭᠡ ᠨᠢ ᠨᠢᠭᠡᠳᠦᠯᠲᠡᠶ ᠪᠠᠶᠢᠬᠤ ᠡᠰᠡᠬᠦ ᠶᠢ ᠠᠩᠬᠠᠷᠬᠤ ᠶᠢᠨ ᠬᠠᠮᠲᠤ ᠲᠡᠷᠭᠡ ᠰᠣᠯᠢᠵᠤ | ᠰᠠᠭᠤᠬᠤ ᠴᠠᠭ ᠢᠶᠠᠨ ᠭᠦᠢᠴᠡᠳ ᠦᠯᠡᠳᠡᠭᠡᠵᠦ ᠰᠠᠭᠠᠲᠠᠭᠠᠬᠤ ᠠᠴᠠ ᠬᠢᠴᠢᠶᠡᠬᠦ ᠬᠡᠷᠡᠭᠲᠡᠶ᠃ | |