2016 ᠣᠨ ︵2015 ᠣᠨ ᠤ 12 ᠳ᠋ᠤᠭᠠᠷ ᠰᠠᠷ᠎ᠠ — 2016 ᠣᠨ ᠤ11 ᠳ᠋ᠦ᠋ᠭᠡᠷ ᠰᠠᠷ᠎ᠠ︶ ᠳᠤ᠂ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠡᠯ᠎ᠡ ᠵᠦᠢᠯ ᠤᠨ ᠴᠠᠭ ᠠᠭᠤᠷ ᠤᠨ ᠭᠠᠮᠰᠢᠭ ᠣᠯᠠᠨᠲᠠ | ᠡᠭᠦᠰᠴᠦ᠂ ᠨᠡᠶᠢᠲᠡ 11 ᠬᠥᠮᠦᠨ ᠠᠳᠡᠵᠦ᠂ 125.6 ᠳ᠋ᠦᠩᠰᠢᠭᠤᠷ ᠲᠥᠭᠦᠷᠢᠭ ᠤᠨ ᠰᠢᠭᠤᠳ ᠠᠵᠤ | ᠠᠬᠤᠶ ᠶᠢᠨ ᠬᠤᠬᠢᠷᠠᠯ ᠤᠴᠠᠷᠠᠭᠤᠯᠪᠠ᠃ ᠥᠪᠥᠷ ᠮᠣᠩᠭᠤᠯ ᠤᠨ ᠴᠠᠭ ᠠᠭᠤᠷ ᠤᠨ ᠲᠣᠪᠴᠢᠶ᠎ᠠ ᠶᠢᠨ | ᠮᠠᠲ᠋ᠧᠷᠢᠶᠠᠯ ᠠᠴᠠ ᠦᠵᠡᠪᠡᠯ᠂ 2016 ᠣᠨ ᠳᠤ ᠪᠦᠬᠦ ᠣᠷᠣᠨ ᠳᠤ ᠠᠳᠠᠯᠢ ᠪᠤᠰᠤ ᠬᠡᠮᠵᠢᠶ᠎ᠡ ᠶᠢᠨ ᠭᠠᠩ | ᠬᠠᠭᠰᠠᠷᠠᠭᠠᠨ᠂ ᠰᠢᠷᠦᠭᠦᠨ ᠪᠣᠷᠤᠭ᠎ᠠ ᠦᠶᠡᠷ ᠤᠰᠤᠲᠤᠯ᠂ ᠠᠶᠤᠩᠭ᠎ᠠ ᠴᠠᠬᠢᠯᠭᠠᠨ᠂ ᠮᠥᠨᠳᠥᠷ᠂ ᠶᠡᠭᠡ ᠰᠠᠯᠬᠢ ᠡᠯᠡᠰᠦ | ᠲᠣᠭᠤᠰᠣ᠂ ᠬᠢᠷᠠᠭᠤ᠂ ᠴᠠᠰᠤ ᠵᠤᠳ ᠵᠡᠷᠭᠡ ᠤᠯᠠᠨ ᠵᠦᠢᠯ ᠤᠨ ᠴᠠᠭ ᠠᠭᠤᠷ ᠤᠨ ᠭᠠᠮᠰᠢᠭ ᠡᠭᠦᠰᠴᠡᠢ᠃ ᠪᠦᠷᠢᠨ | ᠪᠤᠰᠤ ᠪᠦᠷᠢᠳᠬᠡᠯ ᠢ ᠦᠨᠳᠦᠰᠦᠯᠡᠪᠡᠯ᠂ ᠪᠦᠬᠦ ᠵᠢᠯ ᠪᠦᠬᠦ ᠣᠷᠣᠨ ᠳᠤ ᠨᠡᠶᠢᠢᠳᠡ 154.4 ᠲᠦᠮᠡᠨ ᠬᠥᠮᠦᠨ | ᠭᠠᠮᠰᠢᠭᠳᠠᠵᠤ᠂ ᠭᠠᠮᠰᠢᠭ ᠠᠴᠠ ᠪᠣᠯᠵᠤ 11 ᠬᠥᠮᠦᠨ ᠠᠳᠡᠪᠡ᠃ ᠪᠠᠷᠤᠭ 786 ᠮᠢᠩᠭᠠᠨ ᠾᠧᠺᠲ᠋ᠠᠷ ᠲᠠᠷᠢᠮᠠᠯ | ᠭᠠᠮᠰᠢᠭᠳᠠᠵᠤ᠂ 160 ᠮᠢᠩᠭᠠᠨ ᠾᠧᠺᠲ᠋ᠠᠷ ᠬᠤᠷᠢᠶᠠᠯᠲᠠ ᠠᠯᠳᠠᠵᠤ᠂ 125.6 ᠳ᠋ᠦᠩᠰᠢᠭᠤᠷ ᠲᠥᠭᠦᠷᠢᠭ ᠤᠨ | ᠰᠢᠭᠤᠳ ᠠᠵᠤ ᠠᠬᠤᠶ ᠶᠢᠨ ᠬᠤᠬᠢᠷᠠᠯ ᠤᠴᠠᠷᠠᠭᠤᠯᠪᠠ᠃ ᠥᠪᠥᠷ ᠮᠣᠩᠭᠤᠯ ᠤᠨ ᠴᠠᠭ ᠠᠭᠤᠷ ᠤᠨ ᠲᠣᠪᠴᠢᠶ᠎ᠠ ᠶᠢᠨ | ᠵᠢᠱᠢᠯᠲᠡ ᠪᠠᠷ᠂ 2017 ᠣᠨ ᠤ 1 ᠳ᠋ᠦ᠋ᠭᠡᠷ ᠰᠠᠷ᠎ᠠ ᠶᠢᠨ ᠰᠢᠨᠡᠳ ᠢᠶᠠᠷ᠂ ᠪᠦᠬᠦ ᠣᠷᠣᠨ ᠢ ᠨᠥᠯᠥᠭᠡᠯᠡᠬᠦ ᠬᠦᠢᠲᠡᠨ | ᠠᠭᠤᠷ ᠠᠮᠢᠰᠬᠤᠯ ᠤᠨ ᠬᠦᠴᠦᠨ ᠨᠢ ᠨᠡᠯᠢᠶᠡᠳ ᠪᠠᠭᠤᠷᠠᠶ᠂ ᠶᠡᠬᠡᠩᠬᠢ ᠬᠡᠰᠡᠭ ᠭᠠᠵᠠᠷ ᠣᠷᠣᠨ ᠤ ᠠᠭᠠᠷ ᠤᠨ | ᠳᠤᠯᠠᠭᠠᠨ ᠨᠢ ᠶᠡᠷᠦ ᠶᠢᠨ ᠵᠢᠯ ᠤᠨ ᠠᠳᠠᠯᠢ ᠬᠤᠭᠤᠴᠠᠭᠠᠨ ᠤ ᠬᠢ ᠠᠴᠠ 3 ᠼᠧᠯᠰ ᠭᠷᠠᠳᠦ᠋ᠰ ᠠᠴᠠ ᠳᠡᠭᠡᠭᠰᠢ ᠪᠠᠶᠢᠵᠤ᠂ | ᠣᠯᠠᠩᠬᠢ ᠭᠠᠵᠠᠷ ᠣᠷᠣᠨ ᠤ ᠲᠤᠨᠳᠠᠰᠤᠨ ᠤ ᠬᠡᠮᠵᠢᠶ᠎ᠡ ᠨᠢ 5 ᠮᠢᠯᠢᠮᠧᠲᠷ ᠠᠴᠠ ᠳᠣᠭᠤᠭᠰᠢ ᠪᠠᠶᠢᠵᠤ᠂ ᠡᠩ ᠤᠨ ᠵᠢᠯ | ᠲᠠᠢ ᠣᠶᠢᠷᠠᠳᠬᠤ ᠪᠣᠶᠣ ᠪᠠᠭ᠎ᠠ ᠰᠢᠭ᠋ ᠪᠣᠯᠣᠨ᠎ᠠ᠃ |