ᠬᠦᠢᠲᠡᠨ ᠠᠭᠤᠷ ᠠᠮᠢᠰᠬᠤᠯ ᠤᠨ ᠨᠥᠯᠥᠭᠡ ᠪᠠᠷ᠂ 1 ᠳ᠋ᠦ᠋ᠭᠡᠷ ᠰᠠᠷ᠎ᠠ ᠶᠢᠨ 5 ᠤ ᠰᠥᠨᠢ ᠠᠴᠠ ᠡᠬᠢᠯᠡᠨ ᠪᠦᠬᠦ | ᠣᠷᠣᠨ ᠳᠤ ᠪᠠᠰᠠ ᠨᠢᠭᠡ ᠤᠳᠠᠭ᠎ᠠ ᠴᠠᠰᠤ ᠣᠷᠣᠨ ᠬᠦᠢᠲᠡᠷᠡᠵᠦ᠂ ᠶᠡᠬᠡᠩᠬᠢ ᠬᠡᠰᠡᠭ ᠭᠠᠵᠠᠷ ᠣᠷᠣᠨ ᠤ ᠠᠭᠠᠷ ᠤᠨ | ᠳᠤᠯᠠᠭᠠᠨ ᠤ ᠬᠡᠮᠵᠢᠶ᠎ᠡ 6 ~ 8 ᠼᠧᠯᠰ ᠳᠣᠷᠣᠭᠰᠢᠯᠠᠨ᠂ ᠬᠡᠰᠡᠭ ᠭᠠᠵᠠᠷ ᠲᠤ ᠳᠤᠯᠠᠭᠠᠨ ᠤ ᠬᠡᠮᠵᠢᠶ᠎ᠡ 8 ~ 10 | ᠼᠧᠯᠰ ᠳᠣᠷᠣᠭᠰᠢᠯᠠᠬᠤ ᠪᠣᠯᠣᠨ᠎ᠠ᠃ | ᠣᠶᠢᠯᠠᠭᠠᠭᠰᠠᠨ ᠢᠶᠠᠷ᠂ ᠭᠤᠣᠯᠳᠠᠭᠤ ᠪᠠᠷᠠᠭᠤᠨ ᠬᠡᠰᠡᠭ ᠤᠨ ᠵᠡᠭᠦᠨ ᠪᠡᠶ᠎ᠡ᠂ ᠳᠤᠮᠳᠠ ᠪᠡᠶ᠎ᠡ ᠪᠣᠯᠤᠨ ᠵᠡᠭᠦᠨ | ᠪᠡᠶ᠎ᠡ ᠶᠢᠨ ᠪᠠᠷᠠᠭᠤᠨ ᠭᠠᠵᠠᠷ ᠣᠷᠣᠨ ᠢᠶᠠᠷ ᠴᠠᠰᠤ ᠣᠷᠣᠵᠤ᠂ ᠡᠭᠦᠨ ᠳᠤ᠂ ᠤᠷᠳᠤᠰ ᠬᠤᠳᠠ ᠶᠢᠨ ᠵᠡᠭᠦᠨ ᠪᠡᠶ᠎ᠡ᠂ | ᠪᠤᠭᠤᠲᠤ ᠬᠤᠳᠠ᠂ ᠬᠥᠬᠡᠬᠤᠲᠠ᠂ ᠤᠯᠠᠭᠠᠨᠴᠠᠪ ᠬᠤᠲᠠ᠂ ᠰᠢᠯᠢ ᠶᠢᠨ ᠭᠤᠣᠯ ᠠᠶᠢᠮᠠᠭ ᠤᠨ ᠳᠤᠮᠳᠠ ᠪᠡᠶ᠎ᠡ ᠪᠣᠯᠤᠨ | ᠡᠮᠦᠨ᠎ᠡ ᠪᠡᠶ᠎ᠡ᠂ ᠤᠯᠠᠭᠠᠨᠬᠠᠳᠠ ᠬᠤᠲᠠ ᠶᠢᠨ ᠪᠠᠷᠠᠭᠤᠨ ᠡᠮᠦᠨ᠎ᠡ ᠪᠡᠶ᠎ᠡ ᠪᠠᠷ 0.1 ~ 2.4 ᠮᠢᠯᠢᠮᠧᠲᠷ ᠴᠠᠰᠤ | ᠣᠷᠣᠵᠤ᠂ ᠤᠷᠳᠤᠰ ᠬᠤᠳᠠ ᠶᠢᠨ ᠵᠡᠭᠦᠨ ᠬᠤᠶᠢᠲᠤ ᠪᠡᠶ᠎ᠡ᠂ ᠬᠥᠬᠡᠬᠤᠲᠠ ᠶᠢᠨ ᠡᠮᠦᠨ᠎ᠡ ᠪᠡᠶ᠎ᠡ᠂ ᠤᠯᠠᠭᠠᠨᠴᠠᠪ | ᠬᠤᠲᠠ ᠶᠢᠨ ᠪᠠᠷᠠᠭᠤᠨ ᠡᠮᠦᠨ᠎ᠡ ᠪᠡᠶ᠎ᠡ ᠳᠤ 2.5 ᠮᠢᠯᠢᠮᠧᠲᠷ ᠳᠤᠮᠳᠠ ᠵᠡᠷᠭᠡ ᠶᠢᠨ ᠴᠠᠰᠤ ᠲᠠᠢ᠃ ᠪᠠᠷᠠᠭᠤᠨ | ᠬᠡᠰᠡᠭ ᠤᠨ ᠵᠡᠭᠦᠨ ᠪᠡᠶ᠎ᠡ ᠪᠣᠯᠣᠨ ᠵᠡᠭᠦᠨ ᠬᠡᠰᠡᠭ ᠤᠨ ᠪᠠᠷᠠᠭᠤᠨ ᠪᠡᠶ᠎ᠡ ᠶᠢᠨ ᠭᠠᠵᠠᠷ ᠣᠷᠣᠨ ᠤ ᠠᠭᠠᠷ ᠤᠨ | ᠳᠤᠯᠠᠭᠠᠨ ᠤ ᠬᠡᠮᠵᠢᠶ᠎ᠡ ᠨᠢ 6 ~ 8 ᠼᠧᠯᠰ ᠳᠣᠷᠣᠭᠰᠢᠯᠠᠨ᠂ ᠳᠤᠮᠳᠠ ᠪᠡᠶ᠎ᠡ ᠶᠢᠨ ᠡᠮᠦᠨᠡᠭᠦᠷ ᠭᠠᠵᠠᠷ ᠣᠷᠣᠨ ᠤ | ᠠᠭᠠᠷ ᠤᠨ ᠳᠤᠯᠠᠭᠠᠨ 8 ~ 10 ᠼᠧᠯᠰ ᠳᠣᠷᠣᠭᠰᠢᠯᠠᠨ᠎ᠠ᠃ | ᠡᠭᠦᠨ ᠠᠴᠠ ᠭᠠᠳᠠᠨ᠎ᠠ᠂ 1 ᠳ᠋ᠦ᠋ᠭᠡᠷ ᠰᠠᠷ᠎ᠠ ᠶᠢᠨ ᠠᠭᠤᠷ ᠠᠮᠢᠰᠬᠤᠯ ᠤᠨ ᠪᠠᠶᠢᠳᠠᠯ ᠢ ᠦᠨᠳᠦᠰᠦᠯᠡᠨ | ᠵᠢᠱᠢᠭᠰᠡᠨ ᠢᠶᠠᠷ᠂ ᠳᠤᠮᠳᠠᠴᠢ ᠠᠭᠠᠷ ᠤᠨ ᠳᠤᠯᠠᠭᠠᠨ ᠬᠥᠯᠥᠨ ᠪᠤᠶᠢᠷ ᠬᠤᠳᠠ ᠶᠢᠨ ᠵᠡᠭᠦᠨ ᠬᠤᠶᠢᠲᠤ ᠪᠡᠶ᠎ᠡ ᠪᠠᠷ | ᠶᠡᠷᠦ ᠶᠢᠨ ᠵᠢᠯ ᠲᠠᠢ ᠬᠠᠷᠢᠴᠠᠭᠤᠯᠪᠠᠯ 0~1 ᠼᠧᠯᠰ ᠬᠦᠢᠲᠡᠷᠡᠬᠦ ᠶᠢ ᠭᠠᠷᠭᠠᠪᠠᠯ᠂ ᠪᠤᠰᠤᠳ ᠭᠠᠵᠠᠷ ᠣᠷᠣᠨ ᠢᠶᠠᠷ | 0~2 ᠼᠧᠯᠰ ᠳᠤᠯᠠᠭᠠᠷᠠᠨᠠ︔ ᠲᠤᠨᠳᠠᠰᠤᠨ ᠤ ᠬᠡᠮᠵᠢᠶ᠎ᠡ ᠨᠢ ᠬᠥᠯᠥᠨ ᠪᠤᠶᠢᠷ ᠬᠤᠲᠠ ᠶᠢᠨ ᠬᠤᠶᠢᠲᠤ ᠪᠡᠶ᠎ᠡ ᠪᠠᠷ | ᠶᠡᠷᠦ ᠶᠢᠨ ᠵᠢᠯ ᠲᠠᠢ ᠬᠠᠷᠢᠴᠠᠭᠤᠯᠪᠠᠯ 0~2 ᠬᠤᠪᠢ ᠨᠡᠮᠡᠭᠳᠡᠵᠦ᠂ ᠪᠤᠰᠤᠳ ᠭᠠᠵᠠᠷ ᠣᠷᠣᠨ ᠢᠶᠠᠷ ᠶᠡᠷᠦ ᠶᠢᠨ | ᠵᠢᠯ ᠠᠴᠠ 0~5 ᠬᠤᠪᠢ ᠪᠠᠭᠠᠰᠤᠨ᠎ᠠ︔ ᠲᠤᠰ ᠰᠠᠷ᠎ᠠ ᠶᠢᠨ ᠳᠤᠮᠳᠠᠴᠢ᠂ ᠰᠡᠭᠦᠯᠴᠢ ᠪᠠᠷ ᠪᠠᠰᠠ 2 ᠤᠳᠠᠭ᠎ᠠ ᠴᠠᠰᠤ | ᠣᠷᠣᠬᠤ ᠪᠠ 3 ᠤᠳᠠᠭ᠎ᠠ ᠶᠢᠨ ᠳᠤᠯᠠᠭᠠᠨ ᠤ ᠬᠡᠮᠵᠢᠶ᠎ᠡ ᠳᠣᠷᠣᠭᠰᠢᠯᠠᠨ᠎ᠠ᠃ |