ᠭᠠᠶᠢᠯᠢ ᠬᠥᠩᠭᠡᠯᠡᠵᠦ ᠰᠦᠢᠳᠬᠡᠯ ᠪᠠᠭᠤᠷᠠᠭᠤᠯᠬᠤ ᠶᠢ ᠬᠡᠷᠡᠭᠵᠢᠭᠦᠯᠵᠦ ᠠᠵᠤ ᠠᠬᠤᠶᠢᠯᠠᠯ ᠤᠨ ᠳᠠᠷᠤᠭᠠᠰᠤ ᠶᠢ ᠬᠥᠩᠭᠡᠷᠡᠭᠦᠯᠦᠨ ᠬᠦᠯᠢᠶᠡᠰᠦ ᠶᠢ ᠲᠠᠶᠢᠯᠪᠠ
ᠨᠡᠶᠢᠲᠡᠯᠡᠭᠰᠡᠨ ᠴᠠᠭ᠄
2017/11/14
      2013 ᠣᠨ ᠠᠴᠠ ᠨᠠᠰᠢ᠂ ᠤᠯᠤᠰ ᠤᠨ ᠭᠠᠶᠢᠯᠢ ᠰᠦᠢᠳᠬᠡᠯ ᠤᠨ ᠥᠭᠡᠷᠡᠴᠢᠯᠡᠯᠲᠡ ᠨᠢ ᠭᠠᠶᠢᠯᠢ ᠬᠥᠩᠭᠡᠯᠡᠵᠦ ᠰᠦᠢᠳᠬᠡᠯ ᠪᠠᠭᠤᠷᠠᠭᠤᠯᠬᠤ ᠪᠠᠷ ᠭᠤᠣᠯ ᠦᠨᠳᠦᠰᠦᠨ ᠬᠥᠭ ᠠᠶᠠᠰ ᠪᠣᠯᠭᠠᠵᠤ᠂ ᠪᠣᠳᠠᠲᠤ ᠴᠣᠭᠴᠠ ᠶᠢᠨ ᠠᠵᠤ ᠠᠬᠤᠶ ᠶᠢ ᠳᠡᠮᠵᠢᠬᠦ ᠢᠯᠠᠩᠭᠤᠶ᠎ᠠ ᠵᠢᠵᠢᠭ ᠪᠢᠴᠢᠯ ᠠᠵᠤ ᠠᠬᠤᠶᠢᠯᠠᠯ ᠪᠠ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠬᠡᠯᠪᠡᠷᠢ ᠶᠢᠨ ᠠᠵᠤ ᠠᠬᠤᠶᠢᠯᠠᠯ ᠤᠨ ᠬᠥᠭᠵᠢᠯᠲᠡ ᠶᠢ ᠳᠡᠮᠵᠢᠬᠦ ᠲᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠶᠢ ᠠᠯᠢ ᠤᠯᠠᠨ ᠨᠡᠶᠢᠲᠡᠯᠡᠵᠦ᠂ ᠬᠠᠩᠭᠠᠯᠭ᠎ᠠ ᠶᠢᠨ ᠲᠠᠯ᠎ᠠ ᠳᠠᠬᠢ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢ ᠪᠦᠲᠦᠮᠵᠢᠲᠡᠶ ᠠᠬᠢᠭᠤᠯᠵᠤ  ᠂ ᠠᠵᠤ ᠠᠬᠤᠶ ᠶᠢᠨ ᠨᠡᠮᠡᠭᠳᠡᠯ ᠤᠨ ᠳᠣᠲᠣᠭᠠᠳᠤ ᠬᠥᠳᠡᠯᠭᠡᠬᠦ ᠬᠦᠴᠦᠨ ᠢ ᠪᠤᠶᠢᠵᠢᠭᠤᠯᠵᠤ᠂ ᠠᠵᠤ ᠠᠬᠤᠶᠢᠯᠠᠯ ᠤᠨ ᠳᠠᠷᠤᠭᠠᠰᠤ ᠶᠢ ᠬᠥᠩᠭᠡᠷᠡᠭᠦᠯᠵᠦ᠂ ᠠᠵᠤ ᠠᠬᠤᠶ ᠨᠡᠶᠢᠭᠡᠮ ᠤᠨ ᠬᠥᠭᠵᠢᠯᠲᠡ ᠶᠢ ᠠᠬᠢᠭᠤᠯᠪᠠ᠃      ᠨᠢᠭᠡ᠂ ᠲᠦᠭᠡᠮᠡᠯ ᠬᠠᠷᠠᠭᠠᠯᠵᠠᠯ ᠦᠵᠡᠭᠦᠯᠬᠦ ᠴᠢᠨᠠᠷᠲᠠᠶ ᠭᠠᠶᠢᠯᠢ ᠬᠥᠩᠭᠡᠯᠡᠵᠦ ᠰᠦᠢᠳᠬᠡᠯ ᠪᠠᠭᠤᠷᠠᠭᠤᠯᠤᠨ ᠠᠵᠤ ᠠᠬᠤᠶᠢᠯᠠᠯ ᠳᠤ ᠪᠦᠬᠦ ᠲᠠᠯ᠎ᠠ ᠪᠠᠷ ᠠᠰᠢᠭ ᠬᠦᠷᠲᠡᠭᠦᠯᠪᠡ      ᠠᠵᠤ ᠠᠬᠤᠶ ᠶᠢᠨ ᠬᠥᠭᠵᠢᠯᠲᠡ ᠶᠢᠨ ᠰᠢᠨ᠎ᠡ ᠬᠡᠪ ᠪᠠᠶᠢᠳᠠᠯ ᠳᠣᠣᠷᠠᠬᠢ ᠲᠦᠪᠡᠭ ᠪᠤᠳᠤᠯᠢᠶᠠᠨᠲᠠᠶ ᠪᠠᠶᠢᠳᠠᠯ ᠪᠠ ᠣᠯᠠᠨ ᠬᠡᠴᠡᠭᠦᠦ ᠰᠣᠩᠭᠤᠯᠲᠠ ᠵᠢᠴᠢ ᠡᠳ᠋ ᠤᠨ ᠵᠠᠰᠠᠭ ᠤᠨ ᠣᠷᠣᠯᠭ᠎ᠠ ᠶᠢᠨ ᠨᠡᠮᠡᠭᠳᠡᠯ ᠠᠯᠭᠤᠷᠯᠠᠭᠰᠠᠨ᠂ ᠵᠠᠷᠤᠯᠭ᠎ᠠ ᠦᠷᠭᠦᠯᠵᠢᠯᠡᠨ  ᠲᠣᠭᠲᠠᠪᠤᠷᠢᠲᠠᠢ ᠨᠡᠮᠡᠭᠳᠡᠬᠦ ᠬᠠᠨᠳᠤᠰᠢ ᠶᠢᠨ ᠴᠢᠨᠠᠷᠲᠠᠶ ᠬᠤᠪᠢᠷᠠᠯᠲᠠ ᠳᠤ ᠬᠠᠨᠳᠤᠭᠤᠯᠤᠨ᠂ ᠡᠵᠡᠩᠨᠡᠯᠲᠡ ᠶᠢᠨ ᠭᠠᠶᠢᠯᠢ ᠶᠢ ᠦᠷᠲᠡᠭ ᠨᠡᠮᠡᠭᠳᠡᠯ ᠤᠨ ᠭᠠᠶᠢᠯᠢ ᠪᠣᠯᠭᠠᠬᠤ ᠥᠭᠡᠷᠡᠴᠢᠯᠡᠯᠲᠡ ᠶᠢ ᠪᠠᠭᠲᠠᠭᠠᠭᠰᠠᠨ᠂ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ  ᠰᠢᠰᠲ᠋ᠧᠮᠵᠢ ᠶᠢ ᠲᠡᠭᠦᠯᠳᠡᠷᠵᠢᠭᠦᠯᠬᠦ᠂ ᠰᠦᠢᠳᠬᠡᠯ ᠬᠤᠷᠢᠶᠠᠬᠤ ᠰᠠᠭᠤᠷᠢ ᠮᠥᠩᠭᠦ ᠶᠢ ᠢᠯᠭᠠᠷᠠᠭᠤᠯᠤᠨ ᠵᠢᠷᠤᠮᠵᠢᠭᠤᠯᠬᠤ ᠵᠡᠷᠭᠡ ᠲᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠶᠢ ᠨᠡᠶᠢᠲᠡᠯᠡᠪᠡ᠃ ᠢᠯᠠᠩᠭᠤᠶ᠎ᠠ ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠎ ᠶᠢ ᠬᠠᠩᠭᠠᠯᠭ᠎ᠠ ᠶᠢᠨ ᠲᠠᠯ᠎ᠠ ᠳᠠᠬᠢ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢᠨ ᠴᠢᠬᠤᠯᠠ ᠠᠭᠤᠯᠭ᠎ᠠ ᠪᠣᠯᠭᠠᠵᠤ᠂ ᠡᠭᠦᠪᠡᠷ ᠠᠵᠤ ᠠᠬᠤᠶᠢᠯᠠᠯ ᠤᠨ ᠭᠠᠶᠢᠯᠢ ᠶᠢ ᠬᠥᠩᠭᠡᠯᠡᠬᠦ ᠪᠠ ᠳᠠᠷᠤᠭᠠᠰᠤ ᠶᠢ ᠨᠢ ᠬᠥᠩᠭᠡᠷᠡᠭᠦᠯᠵᠦ᠂ ᠠᠵᠤ ᠠᠬᠤᠶᠢᠯᠠᠯ ᠤᠨ ᠴᠢᠳᠠᠯ ᠢᠶᠠᠨ ᠬᠠᠳᠡᠭᠠᠯᠡᠡ ᠰᠢᠨ᠎ᠡ ᠶᠢ ᠡᠭᠦᠳᠬᠦ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠤᠳᠠᠭᠠᠨ ᠳᠠᠭᠠᠭᠠᠮᠠᠭᠠᠶ ᠬᠥᠳᠡᠯᠭᠡᠭᠴᠢ ᠬᠦᠴᠦᠨ ᠢ ᠬᠤᠷᠠᠮᠳᠤᠭᠤᠯᠪᠠ᠃      ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠨᠢ ᠲᠦᠭᠡᠮᠡᠯ ᠬᠠᠷᠠᠭᠠᠯᠵᠠᠯ ᠦᠵᠡᠭᠦᠯᠬᠦ ᠴᠢᠨᠠᠷᠲᠠᠶ ᠭᠠᠶᠢᠯᠢ ᠬᠥᠩᠭᠡᠯᠡᠬᠦ ᠲᠦᠷᠦ ᠶᠢᠨ ᠪᠤᠳᠤᠯᠭ᠎ᠠ ᠶᠢᠨ ᠲᠥᠯᠥᠭᠡᠯᠡᠭᠴᠢ ᠪᠣᠯᠤᠭᠰᠠᠨ ᠤ ᠬᠤᠪᠢ ᠳᠤ᠂ ᠣᠶᠢᠷ᠎ᠠ ᠶᠢᠨ ᠵᠢᠯ ᠳᠠᠬᠢ ᠮᠠᠨ ᠤ ᠤᠯᠤᠰ ᠤᠨ ᠬᠡᠷᠡᠭᠵᠢᠭᠦᠯᠦᠭᠰᠡᠨ ᠭᠠᠶᠢᠯᠢ ᠬᠥᠩᠭᠡᠯᠡᠬᠦ ᠬᠡᠪᠴᠢᠶ᠎ᠡ ᠪᠠᠷ ᠬᠠᠮᠤᠭ ᠤᠨ ᠶᠡᠭᠡ ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠪᠣᠯᠣᠨ᠎ᠠ᠂ ᠮᠥᠨ ᠴᠤ ᠲᠤᠰ ᠬᠤᠭᠤᠴᠠᠭᠠᠨ ᠤ ᠵᠠᠰᠠᠭ ᠤᠨ ᠣᠷᠳᠣᠨ ᠠᠴᠠ ᠡᠳ᠋ ᠤᠨ ᠵᠠᠰᠠᠭ ᠭᠠᠶᠢᠯᠢ ᠶᠢᠨ ᠪᠠᠶᠢᠭᠤᠯᠤᠯ ᠤᠨ ᠥᠭᠡᠷᠡᠴᠢᠯᠡᠯᠲᠡ ᠶᠢ ᠲᠦᠯᠬᠢᠨ ᠠᠬᠢᠭᠤᠯᠬᠤ ᠶᠢᠨ ᠴᠢᠬᠤᠯᠠ ᠠᠭᠤᠯᠭ᠎ᠠ ᠪᠣᠯᠣᠨ᠎ᠠ᠃ 2013 ᠣᠨ ᠤ 8 ᠳ᠋ᠤᠭᠠᠷ ᠰᠠᠷ᠎ᠠ ᠳᠤ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠦᠢᠯᠡᠰ ᠪᠠ ᠬᠡᠰᠡᠭ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠲᠤ ᠡᠵᠡᠩᠨᠡᠯᠲᠡ ᠶᠢᠨ ᠭᠠᠶᠢᠯᠢ ᠎ ᠶᠢ ᠦᠷᠲᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠲᠤᠷᠰᠢᠯᠲᠠ ᠶᠢ ᠬᠡᠷᠡᠭᠵᠢᠭᠦᠯᠦᠭᠰᠡᠨ ᠰᠠᠭᠤᠷᠢᠨ ᠳᠡᠭᠡᠷ᠎ᠡ᠂ ᠲᠤᠷᠰᠢᠯᠲᠠ ᠬᠢᠬᠦ ᠭᠠᠵᠠᠷ ᠣᠷᠣᠨ ᠢ ᠪᠥᠬᠦ ᠤᠯᠤᠰ ᠤᠨ ᠬᠡᠪᠴᠢᠶᠡᠨ ᠳᠤ ᠬᠦᠷᠭᠡᠵᠦ᠂ ᠡᠵᠡᠩᠨᠡᠯᠲᠡ ᠶᠢᠨ ᠭᠠᠶᠢᠯᠢ ᠶᠢ ᠦᠷᠲᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠲᠤᠷᠰᠢᠯᠲᠠ ᠶᠢ ᠪᠦᠬᠦ ᠲᠠᠯ᠎ᠠ ᠪᠠᠷ ᠬᠡᠷᠡᠭᠵᠢᠭᠦᠯᠬᠦ ᠠᠴᠠ ᠡᠮᠦᠨ᠎ᠡ᠂ ᠲᠤᠷᠰᠢᠯᠲᠠ ᠶᠢᠨ ᠠᠵᠢᠯ ᠲᠦᠷᠦᠯ ᠤᠨ ᠬᠦᠷᠢᠶ᠎ᠡ ᠬᠡᠪᠴᠢᠶ᠎ᠡ ᠨᠢᠭᠡᠨᠲᠡ ︽3 + 7︾ ᠠᠵᠢᠯ ᠲᠥᠷᠥᠯ ᠢ ᠬᠠᠮᠤᠷᠪᠠ᠃ 2016 ᠣᠨ ᠤ 5 ᠳ᠋ᠤᠭᠠᠷ ᠰᠠᠷ᠎ᠠ ᠶᠢᠨ 1᠎ ᠤ ᠡᠳᠦᠷ ᠡᠵᠡᠩᠨᠡᠯᠲᠡ ᠶᠢᠨ ᠭᠠᠶᠢᠯᠢ ᠶᠢ ᠥᠷᠲᠡᠭ ᠨᠡᠮᠡᠭᠳᠡᠯ ᠤᠨ ᠭᠠᠶᠢᠯᠢ ᠪᠣᠯᠭᠠᠬᠤ ᠥᠭᠡᠷᠡᠴᠢᠯᠡᠯᠲᠡ ᠶᠢ ᠪᠦᠬᠦ ᠲᠠᠯ᠎ᠠ ᠪᠠᠷ ᠳᠡᠯᠭᠡᠷᠡᠭᠦᠯᠵᠦ᠂ ᠪᠠᠷᠢᠯᠭ᠎ᠠ ᠶᠢᠨ ᠦᠢᠯᠡᠰ᠂ ᠭᠡᠷ ᠪᠠᠶᠢᠰᠢᠩ ᠭᠠᠵᠠᠷ ᠬᠥᠷᠥᠩᠭᠡ ᠶᠢᠨ ᠠᠵᠤ ᠦᠢᠯᠡᠰ᠂ ᠮᠥᠩᠭᠦᠨ ᠭᠦᠢᠯᠭᠡᠭᠡᠨ ᠤ ᠦᠢᠯᠡᠰ ᠪᠣᠯᠤᠨ ᠠᠮᠢᠳᠤᠷᠠᠯ ᠤᠨ ᠦᠢᠯᠡᠴᠢᠯᠡᠭᠡᠨ ᠤ ᠦᠢᠯᠡᠰ ᠵᠡᠷᠭᠡ 4 ᠶᠡᠭᠡ ᠠᠵᠢᠯ ᠲᠥᠷᠥᠯ ᠢ ᠪᠠᠰᠠ ᠲᠤᠷᠰᠢᠯᠲᠠ ᠶᠢᠨ ᠴᠢᠬ ᠤᠨ ᠬᠡᠪᠴᠢᠶᠡᠨ ᠳᠤ ᠣᠷᠣᠭᠤᠯᠪᠠ᠃      ︽ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ︾ ᠲᠤᠷᠰᠢᠯᠲᠠ ᠶᠢᠨ ᠴᠢᠬ ᠤᠨ ᠥᠭᠡᠷᠡᠴᠢᠯᠡᠯᠲᠡ ᠶᠢᠨ ᠭᠠᠶᠢᠯᠢ ᠬᠥᠩᠭᠡᠯᠡᠬᠦ ᠶᠢᠨ ᠢᠷᠡᠯᠲᠡ ᠨᠢ ᠭᠤᠣᠯᠳᠠᠭᠤ ᠳᠤᠤᠷᠠᠬᠢ ᠭᠤᠷᠪᠠᠨ ᠲᠠᠯ᠎ᠠ ᠳᠤ ᠪᠣᠢ᠂ ᠨᠢᠭᠡ ᠳᠤ ᠬᠦᠷᠢᠶ᠎ᠡ ᠬᠡᠪᠴᠢᠶ᠎ᠡ ᠶᠢ ᠥᠷᠭᠡᠳᠬᠡᠬᠦ᠂ ᠬᠤᠶᠠᠷ ᠲᠤ ᠬᠡᠯᠪᠡᠷᠢ ᠶᠢ ᠨᠢ ᠬᠤᠪᠢᠷᠠᠭᠤᠯᠬᠤ᠂ ᠭᠤᠷᠪᠠ ᠳᠤ᠂ ᠭᠠᠶᠢᠯᠢ ᠶᠢᠨ ᠲᠦᠷᠢᠮ ᠢ ᠰᠣᠯᠢᠵᠤ ᠬᠤᠪᠢᠷᠠᠭᠤᠯᠬᠤ ᠪᠣᠯᠣᠨ᠎ᠠ᠃ ᠬᠦᠷᠢᠶ᠎ᠡ ᠬᠡᠪᠴᠢᠶ᠎ᠡ ᠶᠢ ᠨᠢ ᠥᠷᠭᠡᠳᠬᠡᠵᠦ ᠭᠠᠶᠢᠯᠢ ᠬᠥᠩᠭᠡᠯᠡᠬᠦ ᠭᠡᠳᠡᠭ ᠪᠣᠯ ᠦᠷᠳᠡᠭ ᠨᠡᠮᠡᠭᠳᠡᠯ ᠤᠨ ᠭᠠᠶᠢᠯᠢ ᠶᠢ ᠲᠤᠯᠭᠠᠨ ᠰᠠᠭᠤᠯᠭᠠᠬᠤ ᠬᠦᠷᠢᠶ᠎ᠡ ᠬᠡᠪᠴᠢᠶ᠎ᠡ ᠶᠢ ᠥᠷᠭᠡᠳᠬᠡᠬᠦ ᠠᠴᠠ ᠪᠣᠯᠤᠭᠰᠠᠨ ᠭᠠᠶᠢᠯᠢ ᠶᠢᠨ ᠬᠥᠩᠭᠡᠯᠡᠯᠲᠡ ᠶᠢ ᠵᠢᠭᠠᠨ᠎ᠠ᠃ ︽ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ︾ ᠲᠤᠷᠰᠢᠯᠲᠠ ᠶᠢ ᠪᠥᠬᠦ ᠲᠠᠯ᠎ᠠ ᠪᠠᠷ ᠬᠡᠷᠡᠭᠵᠢᠭᠦᠯᠦᠭᠰᠡᠨ ᠤ ᠳᠠᠷᠠᠭ᠎ᠠ᠂ ᠦᠷᠳᠡᠭ ᠨᠡᠮᠡᠭᠳᠡᠯ ᠤᠨ ᠭᠠᠶᠢᠯᠢ ᠲᠠᠲᠠᠪᠤᠷᠢᠯᠠᠬᠤ ᠬᠡᠪᠴᠢᠶ᠎ᠡ ᠶᠢ ᠬᠠᠮᠤᠭ ᠤᠨ ᠶᠡᠭᠡ ᠬᠡᠮᠵᠢᠶᠡᠨ ᠳᠤ ᠬᠦᠷᠦᠭᠦᠯᠵᠦ ᠲᠤᠯᠭᠠᠨ ᠰᠠᠭᠤᠯᠭᠠᠬᠤ ᠬᠡᠪᠴᠢᠶᠡᠨ ᠳᠤ ᠵᠣᠬᠢᠴᠠᠩᠭᠤᠶ ᠪᠠᠷ ᠥᠷᠭᠡᠲᠦᠭᠰᠡᠨ ᠠᠴᠠ᠂ ᠤᠤᠯ ᠤᠨ ᠥᠷᠲᠡᠭ ᠨᠡᠮᠡᠭᠳᠡᠯ ᠤᠨ ᠭᠠᠶᠢᠯᠢ ᠶᠢᠨ ᠭᠠᠶᠢᠯᠢ ᠲᠤᠰᠢᠶᠠᠭᠴᠢ ᠶᠢᠨ ᠭᠠᠶᠢᠯᠢ ᠶᠢ ᠵᠣᠬᠢᠴᠠᠩᠭᠤᠶ ᠪᠠᠷ ᠪᠠᠭᠤᠷᠠᠭᠤᠯᠪᠠ᠃ ᠬᠡᠯᠪᠡᠷᠢ ᠶᠢ ᠬᠤᠪᠢᠷᠠᠭᠤᠯᠤᠨ ᠭᠠᠶᠢᠯᠢ ᠬᠥᠩᠭᠡᠯᠡᠬᠦ ᠭᠡᠳᠡᠭ ᠪᠣᠯ ᠬᠡᠷᠡᠭᠯᠡᠭᠡᠨ ᠤ ᠬᠡᠯᠪᠡᠷᠢ ᠶᠢᠨ ᠥᠷᠲᠡᠭ ᠨᠡᠮᠡᠭᠳᠡᠯ ᠤᠨ ᠭᠠᠶᠢᠯᠢ ᠲᠡᠰᠢ ᠬᠤᠪᠢᠷᠠᠭᠤᠯᠬᠤ ᠶᠠᠪᠤᠴᠠ ᠳᠤᠮᠳᠠ ᠪᠡᠶᠡᠯᠡᠭᠳᠡᠳᠡᠭ ᠭᠠᠶᠢᠯᠢ ᠶᠢᠨ ᠬᠥᠩᠭᠡᠯᠡᠯᠲᠡ ᠶᠢ ᠵᠢᠭᠠᠨ᠎ᠠ᠃ ᠮᠠᠨ ᠤ ᠤᠯᠤᠰ 1994 ᠣᠨ ᠳᠤ ᠦᠷᠳᠡᠭ ᠨᠡᠮᠡᠭᠳᠡᠯ ᠤᠨ ᠭᠠᠶᠢᠯᠢ ᠶᠢ ᠡᠬᠢᠯᠡᠵᠦ ᠲᠠᠲᠠᠪᠤᠷᠢᠯᠠᠬᠤ ᠦᠶ᠎ᠡ ᠳᠤ ᠦᠢᠯᠡᠳᠪᠦᠷᠢᠯᠡᠯ ᠤᠨ ᠬᠡᠯᠪᠡᠷᠢ ᠶᠢᠨ ᠥᠷᠲᠡᠭ ᠨᠡᠮᠡᠭᠳᠡᠯ ᠤᠨ ᠭᠠᠶᠢᠯᠢ ᠶᠢ ᠬᠡᠷᠡᠭᠵᠢᠭᠦᠯᠵᠦ᠂ ᠲᠤᠬᠠᠶᠢᠯᠠᠪᠠᠯ ᠠᠵᠤ ᠠᠬᠤᠶᠢᠯᠠᠯ ᠤᠨ ᠲᠣᠭᠲᠠᠮᠠᠯ ᠬᠦ᠋ᠷᠦᠩᠭᠡ ᠶᠢᠨ ᠪᠡᠯᠡ ᠣᠷᠣᠭᠤᠯᠤᠯᠲᠠ ᠶᠢᠨ ᠣᠷᠣᠯᠭ᠎ᠠ ᠶᠢᠨ ᠵᠦᠢᠯᠡᠰ ᠤᠨ ᠭᠠᠶᠢᠯᠢ ᠶᠢ ᠲᠤᠯᠭᠠᠨ ᠰᠠᠭᠤᠯᠭᠠᠬᠤ ᠶᠢ ᠵᠥᠪᠰᠢᠶᠡᠷᠡᠬᠦ ᠦᠬᠡᠢ᠃ 2008 ᠣᠨ ᠠᠴᠠ ᠨᠠᠰᠢ ᠲᠥᠬᠦᠭᠡᠷᠦᠮᠵᠢ ᠶᠢᠨ ᠲᠦᠷᠦᠯ ᠤᠨ ᠲᠣᠭᠲᠠᠮᠠᠯ ᠪᠡᠯᠡ ᠬᠦ᠋ᠷᠦᠩᠭᠡ ᠶᠢᠨ ᠣᠷᠣᠯᠭ᠎ᠠ ᠶᠢᠨ ᠵᠦᠢᠯᠡᠰ ᠤᠨ ᠭᠠᠶᠢᠯᠢ ᠶᠢ ᠲᠤᠯᠭᠠᠨ ᠰᠠᠭᠤᠯᠭᠠᠬᠤ ᠬᠡᠪᠴᠢᠶᠡᠨ ᠳᠤ ᠠᠯᠬᠤᠮ ᠠᠯᠬᠤᠮ ᠢᠶᠠᠷ ᠣᠷᠣᠭᠤᠯᠵᠤ᠂ 2016 ᠣᠨ ᠤ 5 ᠳ᠋ᠤᠭᠠᠷ ᠰᠠᠷ᠎ᠠ ᠶᠢᠨ 1᠎ ᠤ ᠡᠳᠦᠷ ᠲᠤ ︽ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ︾ ᠲᠤᠷᠰᠢᠯᠲᠠ ᠶᠢᠨ  ᠥᠭᠡᠷᠡᠴᠢᠯᠡᠯᠲᠡ ᠶᠢ ᠪᠥᠬᠦ ᠲᠠᠯ᠎ᠠ ᠪᠠᠷ ᠬᠡᠷᠡᠭᠵᠢᠭᠦᠯᠦᠭᠰᠡᠨ ᠤ ᠳᠠᠷᠠᠭ᠎ᠠ᠂ ᠥᠯᠥ ᠬᠥᠳᠡᠯᠬᠦ ᠬᠥᠷᠥᠩᠭᠡ ᠶᠢᠨ ᠦᠢᠯᠡᠰ ᠢ ᠦᠷᠳᠡᠭ ᠨᠡᠮᠡᠭᠳᠡᠯ ᠤᠨ ᠭᠠᠶᠢᠯᠢ ᠲᠠᠲᠠᠪᠤᠷᠢᠯᠠᠬᠤ ᠬᠦᠷᠢᠶ᠎ᠡ ᠬᠡᠪᠴᠢᠶᠡᠨ ᠳᠤ ᠣᠷᠣᠭᠤᠯᠬᠤ ᠶᠢ ᠳᠠᠭᠠᠯᠳᠤᠭᠤᠯᠤᠨ ᠥᠯᠥ ᠬᠥᠳᠡᠯᠬᠦ ᠬᠥᠷᠥᠩᠭᠡ ᠶᠢᠨ ᠲᠦᠷᠦᠯ ᠤᠨ ᠲᠣᠭᠲᠠᠮᠠᠯ ᠪᠡᠯᠡ ᠬᠦ᠋ᠷᠦᠩᠭᠡ ᠶᠢᠨ ᠣᠷᠣᠯᠭ᠎ᠠ ᠶᠢᠨ ᠵᠦᠢᠯᠡᠰ ᠤᠨ ᠭᠠᠶᠢᠯᠢ ᠶᠢ ᠲᠤᠯᠭᠠᠨ ᠰᠠᠭᠤᠯᠭᠠᠬᠤ ᠬᠡᠪᠴᠢᠶᠡᠨ ᠳᠤ ᠣᠷᠣᠭᠤᠯᠤᠭᠰᠠᠨ ᠠᠴᠠ ᠤᠢᠷᠳᠡᠭ ᠨᠡᠮᠡᠭᠳᠡᠯ ᠤᠨ ᠭᠠᠶᠢᠯᠢ ᠶᠢ ᠦᠢᠯᠡᠳᠪᠦᠷᠢᠯᠡᠯ ᠤᠨ ᠬᠡᠯᠪᠡᠷᠢ ᠠᠴᠠ ᠬᠡᠷᠡᠭᠯᠡᠭᠡᠨ ᠤ ᠬᠡᠯᠪᠡᠷᠢ ᠲᠡᠰᠢ ᠪᠠᠨ ᠲᠦᠢᠯᠪᠤᠷᠢᠲᠠᠶ ᠬᠤᠪᠢᠷᠠᠭᠤᠯᠬᠤ ᠶᠢ ᠪᠡᠶᠡᠯᠡᠭᠦᠯᠪᠡ᠃ ᠲᠣᠭᠲᠠᠮᠠᠯ ᠪᠡᠯᠡ ᠬᠦ᠋ᠷᠦᠩᠭᠡ ᠶᠢᠨ ᠣᠷᠣᠯᠭ᠎ᠠ ᠶᠢᠨ ᠵᠦᠢᠯᠡᠰ ᠤᠨ ᠭᠠᠶᠢᠯᠢ ᠶᠢ ᠪᠦᠬᠦᠨ ᠢ ᠲᠤᠯᠭᠠᠨ ᠰᠠᠭᠤᠯᠭᠠᠬᠤ ᠬᠡᠪᠴᠢᠶᠡᠨ ᠳᠤ ᠣᠷᠣᠭᠤᠯᠬᠤ ᠶᠢ ᠳᠠᠭᠠᠯᠳᠤᠨ᠂ ᠤᠢᠷᠳᠡᠭ ᠨᠡᠮᠡᠭᠳᠡᠯ ᠤᠨ ᠭᠠᠶᠢᠯᠢ ᠶᠢᠨ ᠭᠠᠶᠢᠯᠢ ᠶᠢᠨ ᠰᠠᠭᠤᠷᠢ ᠪᠠᠭᠠᠰᠴᠤ᠂ ᠬᠡᠯᠪᠡᠷᠢ ᠶᠢ ᠬᠤᠪᠢᠷᠠᠭᠤᠯᠤᠨ ᠭᠠᠶᠢᠯᠢ  ᠬᠥᠩᠭᠡᠯᠡᠭᠰᠡᠨ ᠦᠷ᠎ᠡ ᠳ᠋ᠦᠩ ᠢ ᠢᠯᠡᠷᠡᠭᠦᠯᠪᠡ᠃ ᠭᠤᠷᠪᠠ ᠳᠤ ᠭᠠᠶᠢᠯᠢ ᠶᠢᠨ ᠲᠦᠷᠢᠮ ᠤᠨ ᠬᠤᠪᠢᠷᠠᠯᠲᠠ ᠪᠠᠷ ᠭᠠᠶᠢᠯᠢ ᠬᠥᠩᠭᠡᠯᠡᠬᠦ᠃ ᠭᠠᠶᠢᠯᠢ ᠶᠢᠨ ᠲᠦᠷᠢᠮ ᠤᠨ ᠬᠤᠪᠢᠷᠠᠯᠲᠠ ᠪᠠᠷ ᠭᠠᠶᠢᠯᠢ ᠬᠥᠩᠭᠡᠯᠡᠬᠦ ᠭᠡᠳᠡᠭ ᠪᠣᠯ ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠲᠤᠷᠰᠢᠯᠲᠠ ᠳᠤ ᠭᠠᠶᠢᠯᠢ ᠶᠢᠨ ᠲᠦᠷᠢᠮ ᠤᠨ ᠬᠤᠪᠢᠷᠠᠯᠲᠠ ᠠᠴᠠ ᠪᠣᠯᠣᠭᠰᠠᠨ ᠭᠠᠶᠢᠯᠢ ᠲᠤᠰᠢᠶᠠᠭᠴᠢ ᠶᠢᠨ ᠭᠠᠶᠢᠯᠢ ᠶᠢᠨ ᠬᠥᠩᠭᠡᠯᠡᠯᠲᠡ ᠶᠢ ᠵᠢᠭᠠᠨ᠎ᠠ᠃ ᠲᠣᠰ ᠤᠳᠠᠭᠠᠨ ᠤ ᠥᠭᠡᠷᠡᠴᠢᠯᠡᠯᠲᠡ ᠶᠢ ᠤᠷᠤᠭᠰᠢᠲᠠᠶ ᠶᠠᠪᠤᠭᠳᠠᠭᠤᠯᠵᠤ᠂ ᠠᠵᠤ ᠠᠬᠤᠶ ᠶᠢᠨ ᠬᠥᠭᠵᠢᠯᠲᠡ ᠶᠢ ᠳᠡᠮᠵᠢᠬᠦ ᠶᠢᠨ ᠲᠤᠰᠠᠳᠠ᠂ ︽ᠪᠣᠶ ᠪᠥᠬᠦᠶ ᠠᠵᠢᠯ ᠲᠥᠷᠥᠯ ᠤᠨ ᠭᠠᠶᠢᠯᠢ ᠶᠢᠨ ᠡᠭᠦᠷᠭᠡᠯᠡᠯ ᠢ ᠬᠠᠰᠤᠭᠳᠠᠭᠤᠯᠬᠤ ᠠᠴᠠ ᠪᠢᠰᠢ ᠨᠡᠮᠡᠭᠳᠡᠭᠦᠯᠬᠦ ᠦᠭᠡᠶ ᠪᠠᠶᠢᠬᠤ ᠶᠢ ᠪᠠᠲᠤᠯᠠᠬᠤ︾ ᠪᠣᠯ ᠡᠨᠡ ᠤᠳᠠᠭᠠᠨ ᠤ ᠥᠭᠡᠷᠡᠴᠢᠯᠡᠯᠲᠡ ᠶᠢᠨ ᠴᠢᠬᠤᠯᠠ ᠬᠠᠷᠠᠯᠲᠠ ᠶᠢᠨ ᠨᠢᠭᠡ ᠮᠥᠨ᠃ ᠡᠶᠢᠮᠦ ᠠᠴᠠ᠂ ᠭᠠᠶᠢᠯᠢ ᠶᠢᠨ ᠨᠤᠷᠮ᠎ᠠ ᠶᠢ ᠲᠥᠯᠥᠪᠯᠡᠬᠦ ᠳᠤ᠂ ᠦᠢᠯᠡᠴᠢᠯᠡᠭᠡᠨ ᠤ ᠦᠢᠯᠡᠰ ᠤᠨ ᠥᠪᠡᠷ ᠤᠨ ᠥᠷᠲᠡᠭ ᠤᠨ ᠣᠷᠣᠭᠤᠯᠤᠯᠲᠠ ᠶᠢᠨ ᠣᠨᠴᠠᠯᠢᠭ ᠢ ᠭᠦᠢᠴᠡᠳ ᠪᠣᠳᠣᠯᠬᠢᠯᠠᠵᠤ᠂ ᠵᠣᠬᠢᠴᠠᠩᠭᠤᠶ ᠪᠠᠷ ᠬᠤᠶᠠᠷ ᠳᠡᠰ ᠤᠨ ᠳᠣᠣᠷ᠎ᠠ ᠭᠠᠶᠢᠯᠢ ᠶᠢᠨ ᠨᠤᠷᠮ᠎ᠠ ︵6% ᠪᠠ 11%᠎ ︶᠎ ᠶᠢ ᠲᠣᠬᠢᠷᠠᠭᠤᠯᠵᠤ᠂ ᠡᠭᠦᠨ ᠤ ᠬᠠᠮᠲᠤ ︽ᠰᠢᠯᠵᠢᠯᠲᠡ ᠶᠢᠨ ᠦᠶ᠎ᠡ ᠶᠢᠨ︾ ᠲᠦᠷᠦ ᠶᠢᠨ ᠪᠤᠳᠤᠯᠭ᠎ᠠ ᠵᠡᠷᠭᠡ ᠤᠯᠠᠨ ᠵᠦᠢᠯ ᠤᠨ ᠠᠷᠭ᠎ᠠ ᠬᠡᠯᠪᠡᠷᠢ ᠪᠠᠷ ᠬᠠᠪᠰᠤᠷᠤᠮᠵᠢ ᠪᠣᠯᠭᠠᠵᠤ᠂ ᠶᠡᠷᠦᠩᠬᠡᠶ ᠳᠤᠨᠢ ᠭᠠᠶᠢᠯᠢ ᠬᠥᠩᠭᠡᠯᠡᠬᠦ ᠶᠢ ᠪᠡᠶᠡᠯᠡᠭᠦᠯᠪᠡ᠃      ᠭᠠᠶᠢᠯᠢ ᠲᠤᠰᠢᠶᠠᠭᠴᠢ ᠶᠢᠨ ᠬᠤᠪᠢ ᠠᠴᠠ ᠠᠪᠴᠤ ᠦᠵᠡᠪᠡᠯ᠂ ᠦᠢᠯᠡᠳᠬᠦ ᠦᠢᠯᠡᠰ ᠢ ᠪᠠᠭᠲᠠᠭᠠᠭᠰᠠᠨ ᠤᠤᠯ ᠤᠨ ᠥᠷᠲᠡᠭ ᠨᠡᠮᠡᠭᠳᠡᠯ ᠤᠨ ᠭᠠᠶᠢᠯᠢ ᠲᠤᠰᠢᠶᠠᠭᠴᠢ ︽ᠬᠦᠷᠢᠶ᠎ᠡ ᠬᠡᠪᠴᠢᠶ᠎ᠡ ᠶᠢ ᠨᠢ ᠥᠷᠭᠡᠳᠬᠡᠬᠦ︾ ᠪᠠ ︽ᠬᠡᠯᠪᠡᠷᠢ ᠶᠢ ᠨᠢ ᠬᠤᠪᠢᠷᠠᠭᠤᠯᠬᠤ︾᠎ ᠠᠴᠠ ᠠᠰᠢᠭ ᠬᠦᠷᠲᠡᠵᠦ᠂ ᠲᠤᠰ ᠤᠳᠠᠭᠠᠨ ᠤ ︽ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ︾ ᠲᠤᠷᠰᠢᠯᠲᠠ ᠳᠠᠬᠢ ᠬᠠᠮᠤᠭ ᠤᠨ ᠰᠢᠭᠤᠳ ᠠᠰᠢᠭ ᠬᠦᠷᠲᠡᠭᠴᠢ ᠪᠣᠯᠵᠤ᠂ ᠦᠷᠲᠡᠭ ᠨᠡᠮᠡᠭᠳᠡᠯ ᠤᠨ ᠭᠠᠶᠢᠯᠢ ᠶᠢᠨ ᠡᠭᠦᠷᠭᠡᠯᠡᠯ ᠨᠢ ᠬᠠᠰᠤᠭᠳᠠᠬᠤ ᠠᠴᠠ ᠪᠢᠰᠢ ᠨᠡᠮᠡᠭᠳᠡᠬᠦ ᠦᠭᠡᠢ ᠶᠤᠮ︔ ᠲᠤᠷᠰᠢᠯᠲᠠ ᠶᠢᠨ ᠬᠡᠪᠴᠢᠶᠡᠨ ᠳᠤ ᠤᠷᠤᠭᠰᠠᠨ ᠭᠠᠶᠢᠯᠢ ᠲᠤᠰᠢᠶᠠᠭᠴᠢ ᠳᠣᠲᠣᠷᠠᠬᠢ ᠡᠩ ᠤᠨ ᠭᠠᠶᠢᠯᠢ ᠲᠤᠰᠢᠶᠠᠭᠴᠢ ᠳᠤ ᠠᠪᠴᠤ ᠬᠡᠯᠡᠪᠡᠯ᠂ ᠲᠡᠭᠦᠨ ᠤ ᠭᠠᠶᠢᠯᠢ ᠬᠠᠰᠤᠭᠳᠠᠬᠤ ᠬᠡᠮᠵᠢᠶ᠎ᠡ ᠨᠢ ᠣᠷᠣᠭᠤᠯᠤᠯᠲᠠ ᠭᠠᠷᠭᠠᠯᠲᠠ ᠶᠢᠨ ᠬᠠᠷᠢᠴᠠᠯ᠂ ᠭᠠᠷᠭᠠᠯᠲᠠ ︵ᠦᠢᠯᠡᠴᠢᠯᠡᠭᠡ︶ ᠪᠠ ᠣᠷᠣᠭᠤᠯᠤᠯᠲᠠ ᠳᠤ ᠲᠣᠬᠢᠷᠠᠬᠤ ᠭᠠᠶᠢᠯᠢ ᠶᠢᠨ ᠨᠤᠷᠮ᠎ᠠ ᠵᠢᠴᠢ ᠲᠡᠭᠦᠨ ᠤ ᠬᠠᠩᠭᠠᠯᠭ᠎ᠠ ᠶᠢᠨ ᠬᠤᠳᠠᠯᠳᠤᠭᠠᠴᠢᠨ ᠤ ᠥᠷᠲᠡᠭ ᠨᠡᠮᠡᠭᠳᠡᠯ ᠤᠨ ᠭᠠᠶᠢᠯᠢ ᠲᠤᠰᠢᠶᠠᠭᠴᠢ ᠶᠢᠨ ᠲᠥᠷᠥᠯ ᠬᠡᠯᠪᠡᠷᠢ ᠵᠡᠷᠭᠡ ᠬᠦᠴᠦᠨ ᠵᠦᠢᠯ ᠠᠴᠠ ᠰᠢᠢᠳᠪᠦᠷᠢᠯᠡᠭᠳᠡᠨ᠎ᠡ᠃ ᠵᠢᠵᠢᠭ ᠪᠢᠴᠢᠯ ᠠᠵᠤ ᠠᠬᠤᠶᠢᠯᠠᠯ ᠳᠤ ᠠᠪᠴᠤ ᠬᠡᠯᠡᠪᠡᠯ᠂ ᠡᠵᠡᠩᠨᠡᠯᠲᠡ ᠶᠢᠨ ᠭᠠᠶᠢᠯᠢ ᠶᠢ ᠥᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠲᠤᠷᠰᠢᠯᠲᠠ ᠶᠢᠨ ᠲᠥᠷᠥ ᠶᠢᠨ ᠪᠣᠳᠣᠯᠭ᠎ᠠ ᠳᠤ ᠲᠣᠳᠣᠷᠬᠠᠶᠢᠯᠠᠭᠰᠠᠨ ᠨᠢ᠂ ᠵᠢᠯ ᠤᠨ ᠪᠣᠷᠣᠯᠠᠭᠤᠯᠤᠯᠲᠠ ᠶᠢᠨ ᠬᠡᠮᠵᠢᠶ᠎ᠡ ᠨᠢ 500 ᠲᠦᠮᠡᠨ ᠲᠥᠭᠦᠷᠢᠭ ᠠᠴᠠ ᠳᠣᠷᠣᠭᠰᠢᠬᠢ ᠪᠠᠭ᠎ᠠ ᠬᠡᠪᠴᠢᠶᠡᠵᠢᠯ ᠤᠨ ᠭᠠᠶᠢᠯᠢ ᠲᠤᠰᠢᠶᠠᠭᠴᠢ ᠳᠤ ᠲᠦᠬᠦᠮ ᠭᠠᠶᠢᠯᠢ ᠪᠤᠳᠤᠬᠤ ᠠᠷᠭ᠎ᠠ ᠶᠢ ᠬᠡᠷᠡᠭᠵᠢᠭᠦᠯᠦᠨ᠎ᠡ᠃ ᠶᠡᠭᠡ ᠬᠡᠮᠵᠢᠶᠡᠨ ᠤ ᠦᠢᠯᠡᠴᠢᠯᠡᠭᠡᠨ ᠤ ᠦᠢᠯᠡᠰ ᠤᠨ ᠠᠵᠤ ᠠᠬᠤᠶᠢᠯᠠᠯ ᠨᠢ  ᠪᠦᠷ ᠪᠠᠭ᠎ᠠ ᠬᠡᠪᠴᠢᠶᠡᠵᠢᠯ ᠤᠨ ᠭᠠᠶᠢᠯᠢ ᠲᠤᠰᠢᠶᠠᠭᠴᠢ ᠳᠤ ᠬᠠᠷᠢᠶᠠᠯᠠᠭᠳᠠᠬᠤ ᠪᠣᠯᠬᠤᠷ᠂ ᠡᠵᠡᠩᠨᠡᠯᠲᠡ ᠶᠢᠨ ᠭᠠᠶᠢᠯᠢ ᠶᠢᠨ ᠳᠤᠤᠷ᠎ᠠ 5%᠎ ᠶᠢᠨ ᠭᠠᠶᠢᠯᠢ ᠶᠢᠨ ᠨᠤᠷᠮ᠎ᠠ ᠪᠠ ᠭᠠᠶᠢᠯᠢ ᠪᠠᠭᠲᠠᠭᠠᠭᠰᠠᠨ ᠦᠨ᠎ᠡ ᠪᠠᠷ ᠲᠣᠰᠢᠶᠠᠪᠠᠰᠤ ᠵᠣᠬᠢᠬᠤ ᠡᠵᠡᠩᠨᠡᠯᠲᠡ ᠶᠢᠨ ᠭᠠᠶᠢᠯᠢ ᠶᠢᠨ ᠲᠤᠭ᠎ᠠ ᠶᠢ ᠪᠣᠳᠣᠵᠤ ᠪᠠᠶᠢᠭᠰᠠᠨ ᠢ 3%᠎ ᠶᠢᠨ ᠲᠠᠲᠠᠪᠤᠷᠢᠯᠠᠬᠤ ᠨᠤᠷᠮ᠎ᠠ ᠪᠠ ᠭᠠᠶᠢᠯᠢ ᠪᠠᠭᠲᠠᠭᠠᠭᠰᠠᠨ ᠦᠨ᠎ᠡ ᠦᠭᠡᠢ ᠪᠠᠷ ᠪᠤᠳᠤᠭᠠᠳ ᠲᠣᠰᠢᠶᠠᠪᠠᠰᠤ ᠵᠣᠬᠢᠬᠤ ᠦᠷᠳᠡᠭ ᠨᠡᠮᠡᠭᠳᠡᠯ ᠤᠨ ᠭᠠᠶᠢᠯᠢ ᠶᠢᠨ ᠲᠤᠭ᠎ᠠ ᠶᠢ ᠪᠣᠳᠣᠬᠤ ᠪᠣᠯᠭᠠᠨ ᠥᠭᠡᠷᠡᠴᠢᠯᠡᠪᠡ᠃ ᠥᠷᠲᠡᠭ ᠨᠡᠮᠡᠭᠳᠡᠯ ᠤᠨ ᠭᠠᠶᠢᠯᠢ ᠶᠢᠨ ᠨᠥᠬᠦᠴᠡᠯ ᠳᠣᠣᠷ᠎ᠠ ᠭᠠᠶᠢᠯᠢ ᠶᠢᠨ ᠨᠤᠷᠮ᠎ᠠ᠂ ᠭᠠᠶᠢᠯᠢ ᠶᠢᠨ ᠰᠠᠭᠤᠷᠢ ᠨᠢ ᠵᠡᠷᠭᠡᠪᠡᠷ ᠪᠠᠭᠤᠷᠠᠵᠤ᠂ ᠬᠠᠷᠠᠭᠠᠯᠵᠠᠯ ᠨᠢ ᠬᠠᠮᠤᠭ ᠤᠨ ᠢᠯᠡᠷᠬᠡᠢ ᠪᠠᠶᠢᠵᠤ᠂ ᠡᠳᠡᠭᠡᠷ ᠪᠠᠭ᠎ᠠ ᠬᠡᠪᠴᠢᠶᠡᠵᠢᠯ ᠤᠨ ᠭᠠᠶᠢᠯᠢ ᠲᠤᠰᠢᠶᠠᠭᠴᠢ ᠶᠢᠨ ᠭᠠᠶᠢᠯᠢ ᠶᠢᠨ ᠡᠭᠦᠷᠭᠡᠯᠡᠯ ᠨᠢ 40% ᠰᠢᠬᠠᠮ ᠢᠶᠠᠷ ᠪᠠᠭᠤᠷᠠᠪᠠ᠃ ᠡᠶᠢᠮᠦ ᠠᠴᠠ᠂ ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠭᠰᠡᠨ ᠤ ᠲᠡᠷᠠᠭ᠎ᠠ ᠣᠯᠠᠩᠬᠢ ᠵᠢᠵᠢᠭ ᠪᠢᠴᠢᠯ ᠠᠵᠤ ᠠᠬᠤᠶᠢᠯᠠᠯ ᠤᠨ ᠭᠠᠶᠢᠯᠢ ᠶᠢ ᠬᠥᠩᠭᠡᠷᠡᠭᠦᠯᠬᠦ ᠶᠢ ᠪᠡᠶᠡᠯᠡᠭᠦᠯᠪᠡ᠃ ᠪᠦᠷᠢᠳᠬᠡᠯ ᠢ ᠦᠨᠳᠦᠰᠦᠯᠡᠪᠡᠯ᠂ ᠣᠳᠣᠬᠠᠨ ᠪᠣᠯᠲᠠᠯ᠎ᠠ ᠵᠥᠪᠬᠡᠨ ︽ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ︾᠎ ᠶᠢ ᠪᠦᠬᠦ ᠲᠠᠯ᠎ᠠ ᠪᠠᠷ ᠬᠡᠷᠡᠭᠵᠢᠭᠦᠯᠦᠭᠰᠡᠨ ᠠᠴᠠ ᠨᠢᠭᠡᠨᠲᠡ ᠨᠡᠶᠢᠲᠡ 1.7 ᠲᠦᠮᠡᠨ ᠳ᠋ᠦ᠋ᠩᠰᠢᠭᠤᠷ ᠲᠥᠭᠦᠷᠢᠭ ᠤᠨ ᠭᠠᠶᠢᠯᠢ ᠎ ᠶᠢ ᠬᠥᠩᠭᠡᠯᠡᠪᠡ᠃      ᠬᠤᠶᠠᠷ᠂ ᠵᠢᠵᠢᠭ ᠪᠢᠴᠢᠯ ᠠᠵᠤ ᠠᠬᠤᠶᠢᠯᠠᠯ ᠪᠤᠯ ᠭᠠᠶᠢᠯᠢ ᠬᠦᠡᠭᠭᠡᠯᠡᠵᠤ ᠰᠦᠢᠳᠭᠡᠯ ᠪᠠᠭᠤᠷᠠᠭᠤᠯᠬᠤ ᠶᠢᠨ ᠭᠤᠤᠯᠳᠠᠯᠭ᠎ᠠ ᠪᠤᠯᠤᠨ᠎ᠠ      ᠵᠢᠵᠢᠭ ᠪᠢᠴᠢᠯ ᠠᠵᠤ ᠠᠬᠤᠶᠢᠯᠠᠯ ᠨᠢ ᠠᠵᠢᠯ ᠤᠯᠭᠤᠯᠲᠠ ᠶᠢ ᠯᠤᠲᠤ ᠶᠡᠭᠡ ᠪᠠᠷ ᠬᠦᠯᠢᠶᠡᠨ ᠠᠪᠴᠤ ᠳᠡᠶᠢᠯᠬᠦ ᠪᠤᠯᠬᠤᠷ᠂ ᠲᠡᠷᠡ ᠨᠢ ᠳᠤᠮᠳᠠᠲᠤ ᠤᠯᠤᠰ ᠤᠨ ᠠᠵᠤ ᠠᠬᠤᠢ ᠶᠢᠨ ᠠᠮᠢᠵᠢᠷᠠᠯ ᠤᠨ ᠬᠦᠴᠦᠨ ᠬᠢᠭᠡᠳ ᠬᠦᠭᠵᠢᠯ ᠴᠡᠴᠡᠭᠯᠡᠯ ᠲᠠᠢ ᠬᠤᠯᠪᠤᠭᠳᠠᠵᠤ᠂ ᠳᠤᠮᠳᠠᠲᠤ ᠤᠯᠤᠰ ᠤᠨ ᠠᠵᠤ ᠠᠬᠤᠢ ᠶᠢᠨ ᠰᠢᠨ᠎ᠡ ᠬᠦᠳᠡᠯᠭᠡᠭᠦᠷ ᠪᠤᠯᠤᠨ᠎ᠠ᠃      ᠤᠶᠢᠷ᠎ᠠ ᠶᠢᠨ ᠵᠢᠯ ᠤᠳ ᠲᠤ᠂ ᠵᠢᠵᠢᠭ ᠪᠢᠴᠢᠯ ᠠᠵᠤ ᠠᠬᠤᠶᠢᠯᠠᠯ ᠤᠨ ᠬᠦᠭᠵᠢᠯᠲᠡ ᠶᠢ ᠳᠡᠮᠵᠢᠬᠦ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠬᠦᠯᠬᠦ ᠲᠦᠷᠦ ᠶᠢᠨ ᠪᠤᠳᠤᠯᠭ᠎ᠠ ᠨᠢ ᠭᠠᠶᠢᠯᠢ ᠲᠠᠲᠠᠪᠤᠷᠢ ᠶᠢᠨ ᠲᠦᠷᠦ ᠶᠢᠨ ᠪᠤᠳᠤᠯᠭ᠎ᠠ ᠶᠢᠨ ᠭᠤᠤᠯᠳᠠᠯᠭ᠎ᠠ ᠪᠤᠯᠤᠨ᠎ᠠ᠃ ᠤᠳᠤ ᠪᠤᠯᠲᠠᠯ᠎ᠠ᠂ ᠤᠯᠤᠰ ᠠᠴᠠ 80 ᠭᠠᠷᠤᠢ ᠵᠦᠢᠯ ᠤᠨ ᠬᠠᠷᠠᠭᠠᠯᠵᠠᠯ ᠦᠵᠡᠬᠦᠯᠬᠦ ᠭᠠᠶᠢᠯᠢ ᠲᠠᠲᠠᠪᠤᠷᠢ ᠶᠢᠨ ᠲᠦᠷᠦ ᠶᠢᠨ ᠪᠤᠳᠤᠯᠭ᠎ᠠ ᠶᠢ ᠨᠡᠶᠢᠲᠡᠯᠡᠪᠡ᠂ ᠢᠯᠠᠩᠭᠤᠶ᠎ᠠ 2013 ᠤᠨ ᠠᠴᠠ ᠨᠠᠰᠢ᠂ 70 ᠭᠠᠷᠤᠢ ᠵᠦᠢᠯ ᠤᠨ ᠬᠠᠷᠠᠭᠠᠯᠵᠠᠯ ᠦᠵᠡᠭᠦᠯᠬᠦ ᠭᠠᠶᠢᠯᠢ ᠲᠠᠲᠠᠪᠤᠷᠢ ᠶᠢᠨ ᠲᠦᠷᠦ ᠶᠢᠨ ᠪᠤᠳᠤᠯᠭ᠎ᠠ ᠶᠢ ᠰᠢᠨ᠎ᠡ ᠪᠠᠷ ᠨᠡᠶᠢᠲᠡᠯᠡᠵᠤ᠂ ᠠᠵᠤ ᠠᠬᠤᠶᠢᠯᠠᠯ ᠤᠨ ᠠᠮᠢ ᠨᠠᠰᠤᠨ ᠤ ᠦᠶᠡᠯᠡᠯ ᠤᠨ ᠬᠤᠭᠤᠴᠠᠭ᠎ᠠ ᠶᠢ ᠪᠦᠬᠦᠨ ᠢ ᠪᠦᠷᠬᠦᠭᠰᠡᠨ ᠪᠠᠶᠢᠨ᠎ᠠ᠃      ᠵᠢᠵᠢᠭ ᠪᠢᠴᠢᠯ ᠠᠵᠤ ᠠᠬᠤᠶᠢᠯᠠᠯ ᠢ ᠲᠤᠰᠠᠯᠠᠨ ᠳᠡᠮᠵᠢᠬᠦ ᠭᠠᠶᠢᠯᠢ ᠲᠠᠲᠠᠪᠤᠷᠢ ᠶᠢᠨ ᠬᠠᠷᠠᠭᠠᠯᠵᠠᠯᠲᠤ ᠲᠦᠷᠦ ᠶᠢᠨ ᠪᠤᠳᠤᠯᠭ᠎ᠠ ᠶᠢᠨ ᠬᠡᠪᠴᠢᠶ᠎ᠡ ᠲᠠᠰᠤᠷᠠᠯᠲᠠ ᠦᠭᠡᠢ ᠦᠷᠭᠡᠳᠴᠤ᠂ ᠦᠷᠳᠡᠭ ᠨᠡᠮᠡᠭᠳᠡᠯ ᠤᠨ ᠭᠠᠶᠢᠯᠢ ᠪᠤᠯᠤᠨ ᠡᠵᠡᠩᠨᠡᠯᠲᠡ ᠶᠢᠨ ᠭᠠᠶᠢᠯᠢ ᠠᠴᠠ ᠲᠦᠷ ᠬᠡᠯᠲᠦᠷᠢᠭᠦᠯᠦᠭᠰᠡᠨ ᠰᠠᠷ᠎ᠠ ᠶᠢᠨ ᠪᠣᠷᠣᠯᠠᠭᠤᠯᠤᠯᠲᠠ ᠶᠢᠨ ᠲᠤᠭ᠎ᠠ ᠪᠤᠶᠤ ᠡᠵᠡᠩᠨᠡᠯᠲᠡ ᠶᠢᠨ ᠲᠤᠭ᠎ᠠ 2 ᠲᠦᠮᠡᠨ ᠲᠥᠭᠦᠷᠢᠭ ᠪᠠᠶᠢᠭᠰᠠᠨ ᠠᠴᠠ ᠪᠠᠨ ᠳᠡᠭᠡᠭᠰᠢᠯᠡᠭᠡᠳ 3 ᠲᠦᠮᠡᠨ ᠲᠥᠭᠦᠷᠢᠭ ᠲᠤ ᠬᠦᠷᠴᠦ᠂ ᠠᠯᠢ ᠤᠯᠠᠨ ᠵᠢᠵᠢᠭ ᠪᠢᠴᠢᠯ ᠠᠵᠤ ᠠᠬᠤᠶᠢᠯᠠᠯ ᠪᠤᠯᠤᠨ ᠬᠤᠪᠢ ᠶᠢᠨ ᠠᠵᠤ ᠦᠢᠯᠡᠳᠪᠦᠷᠢ ᠬᠤᠳᠠᠯᠳᠤᠭᠠᠨ ᠤ ᠡᠷᠦᠭᠡ ᠳᠤ ᠠᠰᠢᠭ ᠬᠦᠷᠲᠡᠭᠡᠭᠰᠡᠨ ᠪᠠᠶᠢᠨ᠎ᠠ︔ 2010 ᠣᠨ ᠠᠴᠠ ᠡᠬᠢᠯᠡᠨ᠂ ᠤᠨ ᠤ ᠭᠠᠶᠢᠯᠢ ᠲᠤᠰᠢᠶᠠᠪᠠᠰᠤ ᠵᠤᠬᠢᠬᠤ ᠤᠯᠵᠠᠪᠤᠷᠢ ᠶᠢᠨ ᠲᠤᠭ᠎ᠠ ᠨᠢ 3 ᠲᠦᠮᠡᠨ ᠲᠥᠭᠦᠷᠢᠭ ᠠᠴᠠ ᠳᠤᠤᠷ᠎ᠠ ᠪᠤᠯᠬᠤ ᠵᠢᠵᠢᠭ ᠬᠡᠯᠪᠡᠷᠢ ᠶᠢᠨ ᠪᠢᠴᠢᠯ ᠤᠯᠵᠠᠪᠤᠷᠢ ᠲᠠᠢ ᠠᠵᠤ ᠠᠬᠤᠶᠢᠯᠠᠯ ᠤᠨ ᠣᠯᠤᠭᠰᠠᠨ ᠠᠰᠢᠭ ᠤᠷᠤᠯᠭ᠎ᠠ ᠶᠢ 50%᠎ ᠪᠠᠷ ᠭᠠᠶᠢᠯᠢ ᠲᠤᠰᠢᠶᠠᠪᠠᠰᠤ ᠵᠤᠬᠢᠬᠤ ᠤᠯᠵᠠᠪᠤᠷᠢ ᠶᠢᠨ ᠲᠤᠭ᠎ᠠ ᠳᠤ ᠪᠤᠳᠤᠵᠤ ᠤᠷᠤᠭᠤᠯᠤᠨ᠂ ᠪᠣᠳᠠᠲᠠᠶ ᠭᠠᠶᠢᠯᠢ ᠶᠢᠨ ᠡᠭᠦᠷᠭᠡᠯᠡᠯ ᠢ 10% ᠪᠤᠯᠭᠠᠪᠠ᠃ ᠡᠭᠦᠨ ᠠᠴᠠ ᠬᠤᠶᠢᠰᠢ᠂ ᠲᠥᠷᠥ ᠶᠢᠨ ᠶᠠᠪᠤᠳᠠᠯ ᠤᠨ ᠬᠤᠷᠢᠶ᠎ᠠ ᠳᠦᠷᠦ ᠶᠢᠨ ᠪᠤᠳᠤᠯᠭ᠎ᠠ ᠶᠢᠨ ᠬᠡᠷᠡᠭᠯᠡᠭᠳᠡᠬᠦ ᠬᠡᠪᠴᠢᠶ᠎ᠡ ᠶᠢ ᠲᠠᠰᠤᠷᠠᠯᠲᠠ ᠦᠭᠡᠢ ᠥᠷᠭᠡᠳᠬᠡᠵᠦ᠂ ᠠᠰᠢᠭ ᠤᠷᠤᠯᠭ᠎ᠠ ᠶᠢᠨ ᠭᠠᠶᠢᠯᠢ ᠶᠢ ᠬᠠᠭᠠᠰ ᠢᠶᠠᠷ ᠬᠠᠰᠤᠵᠤ ᠲᠠᠲᠠᠪᠤᠷᠢᠯᠠᠬᠤ ᠵᠢᠵᠢᠭ ᠬᠡᠯᠪᠡᠷᠢ ᠶᠢᠨ ᠪᠢᠴᠢᠯ ᠤᠯᠵᠠᠪᠤᠷᠢ ᠲᠠᠢ ᠠᠵᠤ ᠠᠬᠤᠶᠢᠯᠠᠯ ᠤᠨ ᠤᠨ ᠤ ᠭᠠᠶᠢᠯᠢ ᠲᠤᠰᠢᠶᠠᠪᠠᠰᠤ ᠵᠤᠬᠢᠬᠤ ᠤᠯᠵᠠᠪᠤᠷᠢ ᠶᠢᠨ ᠲᠤᠭ᠎ᠠ ᠶᠢᠨ ᠳᠡᠭᠡᠳᠦ ᠬᠢᠵᠠᠭᠠᠷ ᠢ ᠠᠯᠬᠤᠮ ᠠᠯᠬᠤᠮ ᠢᠶᠠᠷ ᠳᠡᠭᠡᠭᠰᠢᠯᠡᠭᠦᠯᠦᠭᠡᠳ 6 ᠲᠦᠮᠡᠨ ᠲᠦᠭᠦᠷᠢᠭ᠂ 10 ᠲᠦᠮᠡᠨ ᠲᠥᠭᠦᠷᠢᠭ᠂ 20 ᠲᠦᠮᠡᠨ ᠲᠥᠭᠦᠷᠢᠭ᠂ 30 ᠲᠦᠮᠡᠨ ᠲᠥᠭᠦᠷᠢᠭ᠂ 50 ᠲᠦᠮᠡᠨ ᠲᠥᠭᠦᠷᠢᠭ ᠲᠤ ᠬᠦᠷᠦᠬᠦᠯᠪᠡ᠃      ᠤᠳᠤ ᠪᠠᠶᠢᠭ᠎ᠠ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠠᠵᠢᠯ ᠢ ᠴᠢᠩᠭ᠎ᠠ ᠠᠳᠬᠤᠬᠤ ᠶᠢᠨ ᠬᠠᠮᠲᠤ ᠭᠠᠶᠢᠯᠢ ᠬᠥᠩᠭᠡᠯᠡᠬᠦ᠂ ᠬᠠᠳᠠᠭᠠᠯᠠᠮᠵᠢ ᠶᠢᠨ ᠪᠡᠯᠡᠳᠭᠡᠯ ᠮᠦᠡᠭᠭᠦ ᠶᠢᠨ ᠨᠤᠷᠮ᠎ᠠ ᠶᠢ ᠬᠠᠨᠳᠤᠯᠭ᠎ᠠ ᠲᠠᠢ ᠪᠠᠷ ᠪᠠᠭᠤᠷᠠᠭᠤᠯᠬᠤ ᠵᠡᠷᠭᠡ ᠠᠷᠭ᠎ᠠ ᠠᠪᠴᠢᠯ ᠢᠶᠠᠷ᠂ ᠣᠶᠢᠷ᠎ᠠ ᠶᠢᠨ ᠬᠤᠭᠤᠴᠠᠭᠠᠨ ᠳᠤ ᠵᠢᠵᠢᠭ ᠪᠢᠴᠢᠯ ᠠᠵᠤ ᠠᠬᠤᠶᠢᠯᠠᠯ ᠤᠨ ᠪᠡᠯᠡ ᠲᠣᠬᠢᠷᠠᠭᠤᠯᠬᠤ ᠳᠤ ᠬᠦᠴᠢᠷᠲᠡᠶ᠂ ᠪᠡᠯᠡ ᠲᠤᠬᠢᠷᠠᠭᠤᠯᠬᠤ ᠳᠤ ᠦᠨᠡᠲᠡᠶ ᠪᠠᠶᠢᠭ᠎ᠠ ᠠᠰᠠᠭᠤᠳᠠᠯ ᠳᠤ ᠴᠢᠭᠯᠡᠭᠦᠯᠦᠨ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢ ᠤᠷᠮᠠᠰᠢᠭᠤᠯᠤᠨ ᠵᠤᠷᠢᠭᠵᠢᠭᠤᠯᠵᠤ ᠪᠠᠶᠢᠭᠠᠳ ᠵᠢᠵᠢᠭ ᠪᠢᠴᠢᠯ ᠠᠵᠤ ᠠᠬᠤᠶᠢᠯᠠᠯ ᠳᠤ ᠦᠵᠡᠭᠦᠯᠬᠦ ᠳᠡᠮᠵᠢᠯᠭᠡ ᠶᠢᠨ ᠡᠷᠴᠢᠮ ᠢ ᠤᠯᠠᠮ ᠨᠢᠭᠡ ᠠᠯᠬᠤᠮ ᠴᠢᠩᠭᠠᠷᠠᠭᠤᠯᠪᠠ᠃ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠬᠦᠦ ᠮᠥᠩᠭᠦ ᠶᠢᠨ ᠣᠷᠣᠯᠭ᠎ᠠ ᠠᠴᠠ ᠦᠷᠳᠡᠭ ᠨᠡᠮᠡᠭᠳᠡᠯ ᠤᠨ ᠭᠠᠶᠢᠯᠢ ᠲᠠᠲᠠᠪᠤᠷᠢᠯᠠᠬᠤ ᠦᠭᠡᠢ ᠲᠥᠷᠥ ᠶᠢᠨ ᠪᠤᠳᠤᠯᠭ᠎ᠠ ᠶᠢᠨ ᠬᠡᠪᠴᠢᠶ᠎ᠡ ᠶᠢ ᠲᠠᠷᠢᠶᠠᠴᠢᠨ ᠡᠷᠦᠬᠡ ᠠᠴᠠ ᠵᠢᠵᠢᠭ ᠬᠡᠯᠪᠡᠷᠢ᠂ ᠪᠢᠴᠢᠯ ᠬᠡᠯᠪᠡᠷᠢ ᠶᠢᠨ ᠠᠵᠤ ᠠᠬᠤᠶᠢᠯᠠᠯ ᠵᠢᠴᠢ ᠬᠤᠪᠢ ᠶᠢᠨ ᠠᠵᠤ ᠦᠢᠯᠡᠳᠪᠦᠷᠢ ᠬᠤᠳᠠᠯᠳᠤᠭᠠᠨ ᠤ ᠡᠷᠦᠬᠡ ᠬᠦᠷᠲᠡᠯ᠎ᠡ ᠦᠷᠭᠡᠳᠭᠡᠵᠤ᠂ ᠭᠠᠶᠢᠯᠢ ᠠᠴᠠ ᠬᠡᠯᠲᠦᠷᠢᠭᠦᠯᠬᠦ ᠲᠦᠷᠦ ᠶᠢᠨ ᠪᠤᠳᠤᠯᠭ᠎ᠠ ᠶᠢ ᠡᠳ᠋ᠯᠡᠬᠦ ᠪᠠᠭ᠎ᠠ ᠲᠣᠭᠠᠨ ᠤ ᠵᠢᠭᠡᠯᠡᠯᠭᠡ ᠶᠢᠨ ᠲᠤᠭ᠎ᠠ ᠬᠡᠮᠵᠢᠶᠡᠨ ᠤ ᠬᠠᠮᠤᠭ ᠳᠡᠭᠡᠲᠦ ᠬᠢᠵᠠᠭᠠᠷ ᠢ ᠲᠠᠩ ᠡᠷᠥᠭᠡ ᠳᠤ ᠢᠲᠡᠭᠡᠮᠵᠢ ᠤᠯᠭᠤᠬᠤ ᠬᠡᠮᠵᠢᠶ᠎ᠡ ᠶᠢ 10 ᠲᠦᠮᠡᠨ ᠲᠥᠭᠦᠷᠢᠭ ᠪᠠᠶᠢᠭᠰᠠᠨ ᠠᠴᠠ ᠦᠷᠭᠡᠳᠭᠡᠭᠡᠳ 100 ᠲᠦᠮᠡᠨ ᠲᠥᠭᠦᠷᠢᠭ ᠲᠤ ᠬᠦᠷᠦᠬᠦᠯᠪᠡ ᠃ ᠵᠢᠵᠢᠭ ᠪᠢᠴᠢᠯ ᠠᠵᠤ ᠠᠬᠤᠶᠢᠯᠠᠯ ᠤᠨ ᠵᠢᠭᠡᠯᠡᠯᠭᠡ ᠶᠢᠨ ᠭᠡᠷ᠎ᠡ ᠶᠢ ᠲᠡᠮᠳᠡᠭᠲᠦ ᠶᠢᠨ ᠭᠠᠶᠢᠯᠢ ᠲᠠᠲᠠᠪᠤᠷᠢᠯᠠᠬᠤ ᠠᠴᠠ ᠬᠡᠯᠲᠦᠷᠢᠬᠦᠯᠬᠦ ᠪᠠ ᠰᠠᠷ᠎ᠠ ᠶᠢᠨ ᠪᠣᠷᠣᠯᠠᠭᠤᠯᠤᠯᠲᠠ ᠶᠢᠨ ᠲᠤᠭ᠎ᠠ ᠨᠢ 3 ᠲᠦᠮᠡᠨ ᠲᠥᠭᠦᠷᠢᠭ ᠢ ᠳᠠᠪᠠᠭ᠋ᠤ ᠦᠭᠡᠢ ᠵᠢᠵᠢᠭ ᠪᠢᠴᠢᠯ ᠠᠵᠤ ᠠᠬᠤᠶᠢᠯᠠᠯ ᠢ ᠥᠷᠲᠡᠭ ᠨᠡᠮᠡᠭᠳᠡᠯ ᠤᠨ ᠭᠠᠶᠢᠯᠢ ᠲᠠᠲᠠᠪᠤᠷᠢᠯᠠᠬᠤ ᠠᠴᠠ ᠬᠡᠯᠲᠦᠷᠢᠬᠦᠯᠬᠦ ᠵᠡᠷᠭᠡ ᠬᠤᠶᠠᠷ ᠵᠦᠢᠯ ᠤᠨ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠤᠨ ᠬᠤᠭᠤᠴᠠᠭ᠎ᠠ ᠶᠢ 2020 ᠣᠨ ᠪᠣᠯᠲᠠᠯ᠎ᠠ ᠤᠷᠲᠤᠳᠬᠠᠪᠠ᠃      ᠰᠢᠨᠵᠢᠯᠡᠬᠦ ᠤᠬᠠᠭᠠᠨ ᠮᠡᠷᠭᠡᠵᠢᠯ ᠤᠨ ᠬᠡᠯᠪᠡᠷᠢ ᠶᠢᠨ ᠵᠢᠵᠢᠭ ᠪᠢᠴᠢᠯ ᠠᠵᠤ ᠠᠬᠤᠶᠢᠯᠠᠯ ᠪᠣᠯ ᠵᠠᠬ᠎ᠠ ᠳᠡᠯᠭᠡᠭᠦᠷ ᠤᠨ ᠠᠵᠤ ᠠᠬᠤᠶ ᠶᠢᠨ ᠬᠥᠭᠵᠢᠯᠲᠡ ᠶᠢᠨ ᠬᠠᠮᠤᠭ ᠤᠨ ᠠᠮᠢᠳᠤᠯᠢᠭ ︽ᠡᠰ︾ ᠮᠥᠨ᠂ ᠲᠡᠭᠦᠨ ᠤ ᠪᠡᠶ᠎ᠡ ᠪᠠᠨ ᠳᠠᠭᠠᠭᠠᠵᠤ ᠰᠢᠨ᠎ᠡ ᠶᠢ ᠡᠭᠦᠳᠬᠦ ᠶᠢ ᠠᠬᠢᠭᠤᠯᠤᠨ᠂ ᠪᠦᠭᠦ ᠨᠡᠶᠢᠭᠡᠮ ᠤᠨ ᠠᠳᠠᠯ ᠦᠢᠯᠡᠰ ᠴᠤᠭᠴᠠᠯᠠᠵᠤ ᠡᠭᠦᠳᠦᠨ ᠪᠦᠲᠦᠭᠡᠬᠦ ᠶᠢ ᠲᠦᠯᠬᠢᠨ ᠠᠬᠢᠭᠤᠯᠬᠤ ᠦᠢᠯᠡᠳᠦᠯ ᠨᠢ ᠳᠤᠪᠤᠶᠢᠮ᠎ᠠ ᠪᠠᠶᠢᠵᠤ᠂ ᠵᠣᠬᠢᠴᠠᠬᠤ ᠴᠢᠳᠠᠪᠤᠷᠢ ᠪᠠᠷ ᠴᠢᠩᠭ᠎ᠠ ᠮᠦᠷᠲᠡᠭᠡᠨ ᠦᠰᠦᠨ ᠪᠤᠶᠢᠵᠢᠬᠤ ᠣᠷᠣᠨ ᠵᠠᠶ ᠪᠠᠷ ᠶᠡᠭᠡ ᠪᠠᠶᠢᠳᠠᠭ ᠶᠤᠮ᠃ ᠰᠢᠨᠵᠢᠯᠡᠬᠦ ᠤᠬᠠᠭᠠᠨ ᠮᠡᠷᠭᠡᠵᠢᠯ ᠤᠨ ᠬᠡᠯᠪᠡᠷᠢ ᠶᠢᠨ ᠵᠢᠵᠢᠭ ᠪᠢᠴᠢᠯ ᠠᠵᠤ ᠠᠬᠤᠶᠢᠯᠠᠯ ᠨᠢ ᠵᠢᠵᠢᠭ ᠪᠢᠴᠢᠯ ᠠᠵᠤ ᠠᠬᠤᠶᠢᠯᠠᠯ ᠤᠨ ᠲᠦᠷᠤ ᠶᠢᠨ ᠪᠤᠳᠤᠯᠭ᠎ᠠ ᠶᠢᠨ ᠬᠠᠷᠠᠭᠠᠯᠵᠠᠯ ᠢ ᠬᠦᠷᠲᠡᠵᠤ ᠳᠡᠶᠢᠯᠬᠦ ᠪᠠᠷ ᠪᠠᠷᠠᠬᠤ ᠦᠭᠡᠶ᠂ ᠪᠠᠰᠠ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠲᠠᠯ᠎ᠠ ᠪᠠᠷ ᠬᠢ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠲᠤᠰᠬᠠᠶ ᠲᠦᠷᠦ ᠶᠢᠨ ᠪᠤᠳᠤᠯᠭ᠎ᠠ ᠶᠢ ᠬᠦᠷᠲᠡᠵᠤ ᠪᠣᠯᠤᠨ᠎ᠠ᠃ ᠤᠳᠤᠬᠠᠨ ᠳᠤ᠂ ᠤᠯᠤᠰ ᠠᠴᠠ ᠳᠡᠭᠡᠳᠦ ᠰᠢᠨᠵᠢᠯᠡᠬᠦ ᠤᠬᠠᠭᠠᠨ ᠮᠡᠷᠭᠡᠵᠢᠯ ᠤᠨ ᠰᠤᠳᠤᠯᠤᠨ ᠨᠡᠭᠡᠭᠡᠯᠲᠡ ᠪᠤᠯᠤᠨ ᠠᠵᠤ ᠦᠢᠯᠡᠰᠵᠢᠯᠲᠡ ᠶᠢ ᠳᠡᠮᠵᠢᠬᠦ ᠪᠠᠷ ᠭᠤᠣᠯ ᠪᠤᠯᠭᠠᠭᠰᠠᠨ᠂ ᠠᠳᠠᠯ ᠦᠢᠯᠡᠰ ᠴᠣᠭᠴᠠᠯᠠᠬᠤ ᠪᠡᠯᠡ ᠣᠷᠣᠭᠤᠯᠤᠯᠲᠠ᠂ ᠰᠢᠨ᠎ᠡ ᠶᠢ ᠡᠭᠦᠳᠬᠦ ᠭᠤᠤᠯ ᠴᠣᠭᠴᠠ᠂ ᠰᠤᠳᠤᠯᠤᠨ ᠨᠡᠭᠡᠭᠡᠬᠦ ᠠᠵᠢᠯᠯᠠᠭ᠎ᠠ᠂ ᠦᠷ᠎ᠡ ᠪᠦᠲᠦᠭᠡᠯ ᠤᠨ ᠤᠯᠠᠷᠢᠭᠤᠯᠤᠯᠲᠠ ᠵᠡᠷᠭᠡ ᠰᠢᠨ᠎ᠡ ᠶᠢ ᠡᠭᠦᠳᠬᠦ ᠪᠦᠬᠦ ᠬᠡᠯᠬᠢᠶ᠎ᠡ ᠶᠢ ᠬᠠᠮᠤᠷᠤᠭᠰᠠᠨ ᠪᠠ ᠳᠣᠣᠷ᠎ᠠ ᠭᠠᠶᠢᠯᠢ ᠶᠢᠨ ᠨᠤᠷᠮ᠎ᠠ ᠪᠠᠷ ᠲᠠᠲᠠᠪᠤᠷᠢᠯᠠᠬᠤ᠂ ᠭᠠᠶᠢᠯᠢ ᠶᠢ ᠬᠥᠩᠭᠡᠯᠡᠵᠦ ᠬᠡᠯᠲᠦᠷᠢᠭᠦᠯᠬᠦ ᠵᠡᠷᠭᠡ ᠰᠢᠭᠤᠳ ᠬᠠᠷᠠᠭᠠᠯᠵᠠᠯ ᠦᠵᠡᠭᠦᠯᠬᠦ ᠪᠠ ᠨᠡᠮᠡᠨ ᠪᠤᠳᠤᠵᠤ ᠰᠠᠭᠤᠳᠬᠠᠨ ᠠᠪᠬᠤ᠂ ᠡᠯᠡᠭᠳᠡᠯ ᠪᠤᠳᠤᠬᠤ ᠬᠤᠭᠤᠴᠠᠭ᠎ᠠ ᠶᠢ ᠤᠬᠤᠷ ᠪᠤᠯᠭᠠᠬᠤ᠂ ᠭᠠᠶᠢᠯᠢ ᠲᠤᠰᠢᠶᠠᠬᠤ ᠠᠴᠠ ᠡᠮᠦᠨ᠎ᠡ ᠲᠤᠯᠭᠠᠨ ᠰᠠᠭᠤᠳᠬᠠᠬᠤ᠂ ᠭᠠᠶᠢᠯᠢ ᠲᠤᠰᠢᠶᠠᠬᠤ ᠶᠢ ᠬᠤᠶᠢᠰᠢᠯᠠᠭᠤᠯᠬᠤ ᠵᠡᠷᠭᠡ ᠳᠠᠮ ᠢᠶᠠᠷ ᠬᠠᠷᠠᠭᠠᠯᠵᠠᠯ ᠦᠵᠡᠭᠦᠯᠬᠦ ᠠᠷᠭ᠎ᠠ ᠮᠠᠶ᠋ᠢᠭ ᠢ ᠬᠠᠷᠢᠯᠴᠠᠨ ᠤᠶᠠᠯᠳᠤᠭᠤᠯᠤᠭᠰᠠᠨ ᠰᠢᠨ᠎ᠡ ᠶᠢ ᠡᠭᠦᠳᠬᠦ ᠬᠦᠭᠵᠢᠯᠲᠡ ᠶᠢ ᠳᠡᠮᠵᠢᠬᠦ ᠲᠦᠭᠡᠮᠡᠯ ᠬᠠᠷᠠᠭᠠᠯᠵᠠᠯ ᠤᠨ ᠴᠢᠨᠠᠷᠲᠠᠶ ᠭᠠᠶᠢᠯᠢ ᠲᠠᠲᠠᠪᠤᠷᠢ ᠶᠢᠨ ᠬᠠᠷᠠᠭᠠᠯᠵᠠᠯᠲᠤ ᠲᠦᠷᠦ ᠶᠢᠨ ᠪᠤᠳᠤᠯᠭ᠎ᠠ ᠶᠢᠨ ᠰᠢᠰᠲ᠋ᠧᠮᠵᠢ ᠶᠢ ᠲᠠᠰᠤᠷᠠᠯᠲᠠ ᠦᠭᠡᠢ ᠪᠦᠷᠢᠨᠰᠢᠬᠦᠯᠵᠤ ᠪᠤᠢ᠃ ᠡᠭᠦᠨ ᠳᠤ᠄ ᠲᠣᠭᠲᠠᠮᠠᠯ ᠬᠥᠷᠥᠩᠭᠡ ᠶᠢᠨ ᠡᠯᠡᠭᠳᠡᠯ ᠢ ᠪᠤᠳᠤᠬᠤ ᠬᠤᠭᠤᠴᠠᠭ᠎ᠠ ᠶᠢ ᠤᠬᠤᠷ ᠪᠤᠯᠭᠠᠬᠤ ᠲᠥᠷᠥ ᠶᠢᠨ ᠪᠣᠳᠣᠯᠭ᠎ᠠ ᠶᠢ ᠪᠦᠷᠢᠨᠰᠢᠬᠦᠯᠵᠤ᠂ ᠲᠤᠨᠤᠭ ᠲᠥᠬᠦᠭᠡᠷᠦᠮᠵᠢ ᠶᠢ ᠰᠢᠨᠡᠴᠢᠯᠡᠬᠦ ᠶᠢ ᠵᠤᠷᠢᠭᠵᠢᠭᠤᠯᠬᠤ︔ ᠠᠵᠤ ᠠᠬᠤᠶᠢᠯᠠᠯ ᠢ ᠲᠠᠬᠢᠨ ᠵᠣᠬᠢᠶᠠᠨ ᠪᠠᠶᠢᠭᠤᠯᠬᠤ ᠳᠤ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠲᠥᠷᠥ ᠶᠢᠨ ᠪᠤᠳᠤᠯᠭ᠎ᠠ ᠶᠢᠨ ᠡᠷᠴᠢᠮ ᠢᠶᠠᠨ ᠴᠢᠩᠭᠠᠷᠠᠭᠤᠯᠬᠤ︔ ᠵᠦᠡᠭ ᠭᠤᠸᠠᠨ ᠼᠦᠨ ᠤ ᠤᠯᠤᠰ ᠤᠨ ᠪᠡᠶ᠎ᠡ ᠪᠠᠨ ᠳᠠᠭᠠᠭᠠᠵᠤ ᠰᠢᠨ᠎ᠡ ᠶᠢ ᠡᠭᠦᠳᠬᠦ ᠵᠢᠱᠢᠶ᠎ᠡ ᠦᠵᠡᠭᠦᠯᠬᠦ ᠲᠤᠭᠤᠷᠢᠭ ᠤᠨ ᠭᠠᠶᠢᠯᠢ ᠲᠠᠲᠠᠪᠤᠷᠢ ᠶᠢᠨ ᠲᠤᠷᠰᠢᠯᠲᠠ ᠶᠢᠨ ᠲᠦᠷᠦ ᠶᠢᠨ ᠪᠤᠳᠤᠯᠭ᠎ᠠ ᠶᠢ ᠪᠦᠬᠦ ᠤᠯᠤᠰ ᠤᠨ ᠬᠡᠪᠴᠢᠶᠡᠨ ᠳᠤ ᠳᠡᠯᠭᠡᠷᠡᠭᠦᠯᠦᠨ ᠬᠡᠷᠡᠭᠵᠢᠬᠦᠯᠬᠦ︔ ᠨᠡᠮᠡᠨ ᠪᠤᠳᠤᠵᠤ ᠰᠠᠭᠤᠳᠬᠠᠨ ᠠᠪᠬᠤ ᠶᠢ ᠵᠦᠪᠰᠢᠶᠡᠷᠡᠬᠦ ᠰᠤᠳᠤᠯᠤᠨ ᠨᠡᠭᠡᠭᠡᠬᠦ ᠵᠠᠷᠤᠳᠠᠯ ᠤᠨ ᠬᠦᠷᠢᠶ᠎ᠡ ᠬᠡᠪᠴᠢᠶ᠎ᠡ ᠶᠢ ᠤᠯᠠᠮ ᠨᠢᠭᠡ ᠠᠯᠬᠤᠮ ᠥᠷᠭᠡᠳᠬᠡᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠬᠡᠯᠪᠡᠷᠢ ᠶᠢᠨ ᠳᠤᠮᠳᠠ ᠵᠢᠵᠢᠭ ᠠᠵᠤ ᠠᠬᠤᠶᠢᠯᠠᠯ ᠤᠨ ᠨᠡᠮᠡᠨ ᠪᠤᠳᠤᠵᠤ ᠰᠠᠭᠤᠳᠬᠠᠨ ᠠᠪᠬᠤ ᠬᠠᠷᠢᠴᠠᠯ ᠢ ᠳᠡᠭᠡᠭᠰᠢᠯᠡᠭᠦᠯᠬᠦ︔ ᠰᠲ᠋ᠣᠺ ᠤᠨ ᠡᠷᠬᠡ ᠪᠠᠷ ᠤᠷᠮᠠᠰᠢᠭᠤᠯᠬᠤ ᠪᠠ ᠮᠡᠷᠭᠡᠵᠢᠯ ᠢᠶᠠᠷ ᠬᠤᠪᠢ ᠣᠷᠣᠭᠤᠯᠬᠤ ᠳᠤ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠲᠥᠷᠥ ᠶᠢᠨ ᠪᠤᠳᠤᠯᠭ᠎ᠠ ᠶᠢ ᠪᠦᠷᠢᠨᠰᠢᠬᠦᠯᠵᠤ᠂ ᠲᠡᠰᠭᠡᠨ ᠭᠠᠶᠢᠯᠢ ᠲᠤᠰᠢᠶᠠᠬᠤ ᠶᠢ ᠵᠥᠪᠰᠢᠶᠡᠷᠡᠬᠦ︔ ᠨᠡᠪᠴᠢᠯᠡᠬᠦᠯᠦᠭᠦᠷ ᠲᠤ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠲᠦᠷᠦ ᠶᠢᠨ ᠪᠤᠳᠤᠯᠭ᠎ᠠ ᠶᠢᠨ ᠬᠡᠷᠡᠭᠯᠡᠭᠳᠡᠬᠦ ᠨᠥᠬᠦᠴᠡᠯ ᠢ ᠤᠯᠠᠮ ᠨᠢᠭᠡ ᠠᠯᠬᠤᠮ ᠠᠭᠤᠵᠢᠭᠤ ᠲᠠᠯᠪᠢᠬᠤ ᠵᠡᠷᠭᠡ ᠪᠠᠭᠲᠠᠨ᠎ᠠ᠃      ᠵᠢᠵᠢᠭ ᠪᠢᠴᠢᠯ ᠠᠵᠤ ᠠᠬᠤᠶᠢᠯᠠᠯ ᠤᠨ ᠭᠠᠶᠢᠯᠢ ᠰᠦᠢᠳᠬᠡᠯ ᠤᠨ ᠬᠠᠷᠠᠭᠠᠯᠵᠠᠯ ᠦᠵᠡᠭᠦᠯᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠪᠤᠳᠠᠲᠠᠶᠢᠵᠢᠭᠤᠯᠤᠭᠰᠠᠨ ᠨᠢ ᠲᠡᠭᠦᠨ ᠤ ᠬᠢ ᠠᠵᠢᠯ ᠣᠯᠭᠤᠯᠲᠠ ᠶᠢ ᠠᠬᠢᠭᠤᠯᠤᠨ ᠠᠳᠠᠯ ᠦᠢᠯᠡᠰ ᠴᠣᠭᠴᠠᠯᠠᠬᠤ ᠶᠢ ᠬᠥᠲᠥᠯᠥᠨ ᠵᠢᠯᠤᠭᠤᠳᠬᠤ ᠬᠥᠰᠢᠭᠦᠷᠭᠡ ᠶᠢᠨ ᠦᠶᠯᠡᠳᠦᠯ ᠢ ᠬᠦᠢᠴᠡᠳ ᠪᠠᠳᠠᠷᠠᠭᠤᠯᠵᠤ᠂ ᠵᠢᠵᠢᠭ ᠪᠢᠴᠢᠯ ᠠᠵᠤ ᠠᠬᠤᠶᠢᠯᠠᠯ ᠤᠨ ᠭᠠᠶᠢᠯᠢ ᠰᠦᠢᠳᠬᠡᠯ ᠤᠨ ᠡᠭᠦᠷᠭᠡᠯᠡᠯ ᠢ ᠦᠨᠡᠨ ᠬᠦ ᠬᠥᠩᠭᠡᠷᠡᠭᠦᠯᠵᠦ᠂ ᠵᠢᠵᠢᠭ ᠪᠢᠴᠢᠯ ᠠᠵᠤ ᠠᠬᠤᠶᠢᠯᠠᠯ ᠤᠨ ᠬᠥᠭᠵᠢᠯᠲᠡ ᠶᠢᠨ ᠪᠣᠳᠠᠲᠤ ᠬᠦᠴᠦᠨ ᠢ ᠪᠤᠵᠠᠭᠠᠶᠢᠷᠠᠭᠤᠯᠵᠤ ᠂ ᠵᠢᠵᠢᠭ ᠪᠢᠴᠢᠯ ᠠᠵᠤ ᠠᠬᠤᠶᠢᠯᠠᠯ ᠤᠨ ᠬᠥᠭᠵᠢᠯᠲᠡ ᠶᠢᠨ ᠠᠮᠢᠵᠢᠷᠠᠯ ᠤᠨ ᠬᠦᠴᠦᠨ ᠢ ᠨᠡᠮᠡᠭᠳᠡᠭᠦᠯᠪᠡ᠃ ᠲᠤᠭ᠎ᠠ ᠪᠠᠷᠢᠮᠲᠠ ᠠᠴᠠ ᠮᠡᠳᠡᠬᠦ ᠨᠢ᠂ 2012 ᠤᠨ ᠠᠴᠠ 2016 ᠤᠨ ᠪᠤᠯᠲᠠᠯ᠎ᠠ᠂ ᠵᠢᠵᠢᠭ ᠪᠢᠴᠢᠯ ᠠᠵᠤ ᠠᠬᠤᠶᠢᠯᠠᠯ ᠤᠨ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠲᠦᠷᠦ ᠶᠢᠨ ᠪᠤᠳᠤᠯᠭ᠎ᠠ ᠶᠢᠨ ᠠᠰᠢᠭ ᠲᠤᠰᠠ ᠶᠢ ᠬᠦᠷᠲᠡᠭᠰᠡᠨ ᠬᠡᠪᠴᠢᠶ᠎ᠡ ᠲᠠᠰᠤᠷᠠᠯᠲᠠ ᠦᠭᠡᠢ ᠦᠷᠭᠡᠳᠭᠡᠭᠰᠡᠨ ᠠᠴᠠ᠂ ᠵᠢᠵᠢᠭ ᠬᠡᠯᠪᠡᠷᠢ ᠶᠢᠨ ᠪᠢᠴᠢᠯ ᠤᠯᠵᠠᠪᠤᠷᠢ ᠲᠠᠢ ᠠᠵᠤ ᠠᠬᠤᠶᠢᠯᠠᠯ ᠠᠴᠠ ᠪᠠᠷᠤᠭ 1500 ᠲᠦᠮᠡᠨ ᠡᠷᠦᠬᠡ ᠭᠠᠶᠢᠯᠢ ᠲᠠᠲᠠᠪᠤᠷᠢ ᠶᠢᠨ ᠬᠠᠷᠠᠭᠠᠯᠵᠠᠯ ᠬᠦᠷᠲᠡᠵᠤ᠂ ᠬᠦᠡᠭᠭᠡᠯᠡᠨ ᠬᠡᠯᠲᠦᠷᠢᠭᠦᠯᠦᠭᠰᠡᠨ ᠠᠰᠢᠭ ᠣᠷᠣᠯᠭ᠎ᠠ ᠶᠢᠨ ᠭᠠᠶᠢᠯᠢ ᠨᠢ 700 ᠳ᠋ᠦᠩᠰᠢᠭᠤᠷ ᠲᠥᠭᠦᠷᠢᠭ ᠤᠷᠴᠢᠮ ᠳᠤ ᠬᠦᠷᠴᠦ᠂ ᠤᠶᠢᠷ᠎ᠠ ᠶᠢᠨ ᠭᠤᠷᠪᠠᠨ ᠵᠢᠯ ᠤᠨ ᠲᠤᠷᠰᠢᠬᠢ ᠬᠦᠡᠭᠭᠡᠯᠡᠨ ᠬᠡᠯᠲᠦᠷᠢᠭᠦᠯᠦᠭᠰᠡᠨ ᠭᠠᠶᠢᠯᠢ ᠶᠢᠨ ᠲᠤᠭᠠᠨ ᠤ ᠵᠢᠯ ᠤᠨ ᠳᠤᠮᠳᠠᠴᠢ ᠨᠡᠮᠡᠭᠳᠡᠯ ᠤᠨ ᠨᠣᠷᠮ᠎ᠠ ᠨᠢ 38%᠎ ᠳᠤ ᠬᠦᠷᠦᠭᠰᠡᠨ ᠪᠠᠶᠢᠨ᠎ᠠ᠃
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ