ᠥᠪᠦᠷ ᠮᠣᠩᠭᠤᠯ ᠶᠠᠳᠠᠭᠤ ᠬᠦᠴᠢᠷᠳᠡᠯᠲᠡᠶ ᠭᠠᠵᠠᠷ ᠣᠷᠣᠨ ᠤ ᠨᠠᠰᠤᠵᠢᠯ ᠤᠨ ᠠᠰᠠᠷᠠᠮᠵᠢ ᠶᠢᠨ ᠰᠠᠭᠤᠷᠢ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2017/11/27
      ︽13·5︾᠎ ᠶᠢᠨ ᠬᠤᠭᠤᠴᠠᠭᠠᠨ ᠳᠤ᠂ ᠥᠪᠥᠷ ᠮᠣᠩᠭᠤᠯ ᠤᠯᠤᠰ ᠤᠨ ᠲᠠᠰ ᠤᠨ ᠶᠠᠳᠠᠭᠤ ᠬᠦᠴᠢᠷᠳᠡᠯᠲᠡᠶ ᠬᠤᠰᠢᠭᠤ ᠰᠢᠶᠠᠨ᠂ ᠬᠢᠯᠢ ᠶᠢᠨ ᠬᠤᠰᠢᠭᠤ ᠰᠢᠶᠠᠨ᠂ ᠮᠠᠯᠵᠢᠬᠤ ᠲᠠᠷᠢᠶᠠᠯᠠᠬᠤ ᠣᠷᠣᠨ ᠵᠡᠷᠭᠡ ᠭᠤᠣᠯᠳᠠᠯᠭ᠎ᠠ ᠲᠠᠢ ᠭᠠᠵᠠᠷ ᠣᠷᠣᠨ ᠤ ᠨᠠᠰᠤᠵᠢᠯ ᠤᠨ ᠠᠰᠠᠷᠠᠮᠵᠢ ᠶᠢᠨ ᠰᠠᠭᠤᠷᠢ ᠪᠡᠯᠡᠳᠬᠡᠮᠵᠢ ᠶᠢᠨ ᠪᠥᠳᠥᠭᠡᠨ ᠪᠠᠶᠢᠭᠤᠯᠤᠯᠲᠠ ᠶᠢ ᠭᠤᠣᠯᠴᠢᠯᠠᠨ ᠴᠢᠩᠭᠠᠳᠬᠠᠬᠤ ᠪᠠᠷ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤᠯᠤᠰ ᠤᠨ ᠲᠠᠰ ᠤᠨ ᠶᠠᠳᠠᠭᠤ ᠬᠦᠴᠢᠷᠳᠡᠯᠲᠡᠢ 31 ᠬᠤᠰᠢᠭᠤ ᠰᠢᠶᠠᠨ ︵ᠬᠤᠲᠠ︶ ᠪᠣᠯᠤᠨ ᠣᠷᠣᠨ ᠤ ᠲᠠᠰ ᠤᠨ ᠶᠠᠳᠠᠭᠤ ᠬᠦᠴᠢᠷᠳᠡᠯᠲᠡᠢ 26 ᠬᠤᠰᠢᠭᠤ ᠰᠢᠶᠠᠨ ︵ᠬᠤᠳᠠ︶᠎ ᠤ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠪᠡᠯᠡᠳᠬᠡᠮᠵᠢ ᠶᠢᠨ ᠪᠥᠳᠥᠭᠡᠨ ᠪᠠᠶᠢᠭᠤᠯᠤᠯᠲᠠ ᠶᠢᠨ ᠬᠢᠷᠢ ᠲᠥᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠲᠡᠳᠡᠭᠡᠷ ᠭᠠᠵᠠᠷ ᠣᠷᠣᠨ ᠢ ᠬᠥᠲᠥᠯᠥᠨ ᠵᠢᠯᠣᠭᠤᠳᠴᠤ ᠪᠠᠶᠢᠭᠠᠳ ᠤᠯᠤᠰ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ᠂ ᠠᠷᠠᠳ ᠤᠨ ᠶᠠᠪᠤᠳᠠᠯ ᠤᠨ ᠶᠠᠮᠤᠨ ᠤ ᠨᠠᠰᠤᠲᠠᠨ ᠢ ᠠᠰᠠᠷᠠᠨ ᠰᠣᠪᠢᠯᠠᠬᠤ ᠬᠦᠷᠢᠶᠡᠯᠡᠩ ︵ᠨᠡᠶᠢᠭᠡᠮ ᠤᠨ ᠠᠰᠠᠷᠠᠮᠵᠢ ᠶᠢᠨ ᠬᠦᠷᠢᠶᠡᠯᠡᠩ︶ ᠪᠣᠯᠤᠨ ᠨᠠᠰᠤᠲᠠᠶᠢᠴᠤᠳ ᠢ ᠡᠳᠦᠷ ᠲᠣᠲᠣᠮ ᠬᠠᠷᠠᠭᠠᠯᠵᠠᠬᠤ ᠲᠥᠪ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠭᠤᠶᠤᠴᠢᠯᠠᠵᠤ᠂ ᠠᠳᠠᠯᠢ ᠨᠥᠬᠦᠴᠡᠯ ᠳᠣᠲᠣᠷ᠎ᠠ ᠶᠠᠳᠠᠭᠤ ᠬᠦᠴᠢᠷᠳᠡᠯᠲᠡᠢ ᠬᠤᠰᠢᠭᠤ ᠰᠢᠶᠠᠨ ︵ᠬᠤᠲᠠ︶᠎ ᠢ ᠵᠣᠭᠤᠰ ᠮᠦᠩᠭᠦ ᠪᠠᠷ ᠳᠡᠮᠵᠢᠭᠦᠯᠬᠦ ᠪᠠᠷ ᠤᠷᠢᠳᠠᠪᠠᠷ ᠲᠠᠨᠢᠯᠴᠠᠭᠤᠯᠵᠤ᠂ ᠥᠪᠡᠷᠲᠡᠭᠡᠨ ᠵᠠᠰᠠᠬᠤ ᠣᠷᠣᠨ ᠤ ᠠᠰᠠᠷᠠᠮᠵᠢ ᠶᠢᠨ ᠦᠢᠯᠡᠰ ᠤᠨ ᠱᠠᠩᠨᠠᠯᠲᠤ ᠰᠤᠭᠤᠯᠠᠭ᠎ᠠ ᠶᠢᠨ ᠨᠡᠶᠢᠲᠡ ᠶᠢᠨ ᠠᠰᠠᠷᠠᠮᠵᠢ ᠶᠢᠨ ᠮᠥᠩᠭᠦ ᠶᠢ ︽ᠱᠠᠩᠨᠠᠯ ᠢᠶᠠᠷ ᠨᠥᠬᠦᠪᠥᠷᠢ ᠶᠢ ᠣᠷᠣᠯᠠᠭᠤᠯᠬᠤ︾ ᠠᠷᠭ᠎ᠠ ᠮᠠᠶ᠋ᠢᠭ ᠢᠶᠠᠷ ᠳᠠᠮᠵᠢᠨ᠂ ᠶᠠᠳᠠᠭᠤ ᠬᠦᠴᠢᠷᠳᠡᠯᠲᠡᠶ ᠬᠤᠰᠢᠭᠤ ᠰᠢᠶᠠᠨ ᠤ ᠪᠡᠯᠡ ᠮᠦᠩᠭᠦᠨ ᠤ ᠳᠡᠮᠵᠢᠯᠭᠡ ᠶᠢᠨ ᠲᠥᠷᠥᠯ ᠵᠦᠢᠯ ᠢᠶᠠᠷ ᠠᠰ ᠲᠤᠨᠢ ᠪᠠᠶᠢᠭᠤᠯᠬᠤ᠂ ᠭᠤᠣᠯᠳᠠᠯᠭ᠎ᠠ ᠲᠠᠢ ᠲᠤᠰᠠᠯᠠᠮᠵᠢ ᠦᠵᠡᠭᠦᠯᠬᠦ ᠪᠣᠯᠣᠨ᠎ᠠ᠃      ᠣᠳᠥ᠂ ᠥᠪᠥᠷ ᠮᠣᠩᠭᠤᠯ ᠳᠤ ᠨᠡᠶᠢᠲᠡ 19 ᠬᠢᠯᠢ ᠶᠢᠨ ᠬᠤᠰᠢᠭᠤ ᠰᠢᠶᠠᠨ ᠪᠠᠶᠢᠨ᠎ᠠ᠃ ᠦᠪᠦᠷ ᠮᠣᠩᠭᠤᠯ ᠪᠡᠯᠡᠳᠬᠡᠮᠵᠢ ᠪᠠᠷ ᠳᠤᠲᠠᠮᠠᠭ ᠬᠢᠯᠢ ᠶᠢᠨ ᠬᠤᠰᠢᠭᠤ ᠰᠢᠶᠠᠨ ᠤ ᠨᠡᠶᠢᠭᠡᠮ ᠤᠨ ᠠᠰᠠᠷᠠᠮᠵᠢ ᠶᠢᠨ ᠬᠦᠷᠢᠶᠡᠯᠡᠩ᠂ ᠠᠰᠠᠷᠠᠨ ᠰᠣᠪᠢᠯᠠᠬᠤ ᠬᠦᠷᠢᠶᠡᠯᠡᠩ᠂ ᠨᠡᠶᠢᠭᠡᠮ ᠲᠣᠭᠤᠷᠢᠭ ᠤᠨ ᠡᠳᠦᠷ ᠲᠣᠲᠣᠮ ᠤᠨ ᠬᠠᠷᠠᠭᠠᠯᠵᠠᠬᠤ ᠲᠥᠪ᠂ ᠠᠷᠠᠳ ᠲᠤ ᠳᠥᠭᠦᠮ ᠦᠵᠡᠭᠦᠯᠦᠨ ᠨᠠᠰᠤᠲᠠᠳ ᠲᠤ ᠦᠢᠯᠡᠴᠢᠯᠡᠬᠦ ᠲᠥᠪ᠂ ᠨᠢᠭᠦᠯᠡᠰᠦᠩᠭᠦᠶ ᠦᠢᠯᠡᠰ ᠤᠨ ᠭᠡᠳᠤ ᠳᠡᠯᠭᠡᠭᠦᠷ ᠵᠡᠷᠭᠡ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠪᠠᠶᠢᠭᠤᠯᠤᠮᠵᠢ ᠶᠢ ᠬᠦᠲᠦᠯᠦᠨ ᠵᠢᠯᠣᠭᠤᠳᠴᠤ ᠪᠠᠶᠢᠭᠠᠳ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠪᠠᠶᠢᠭᠤᠯᠤᠮᠵᠢ ᠶᠢᠨ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠶᠢᠨ ᠲᠥᠯᠥᠪᠵᠢᠭᠦᠯᠭᠡ ᠶᠢ ᠨᠢ ᠰᠢᠨᠵᠢᠯᠡᠬᠦ ᠤᠬᠠᠭᠠᠨᠴᠢ ᠪᠠᠷ ᠲᠣᠭᠲᠠᠭᠠᠨ ᠥᠭᠴᠦ᠂ ᠬᠠᠮᠢᠶ᠎ᠠ ᠪᠥᠬᠦᠢ ᠪᠥᠳᠥᠭᠡᠨ ᠪᠠᠶᠢᠭᠤᠯᠤᠯᠲᠠ ᠶᠢᠨ ᠭᠠᠷᠳᠠᠮ ᠢ ᠨᠢ ᠵᠢᠷᠤᠮᠵᠢᠭᠤᠨ ᠭᠦᠢᠴᠡᠳᠬᠡᠨ ᠥᠭᠴᠦ᠂ ᠪᠡᠯᠡ ᠮᠥᠩᠭᠦ ᠶᠢᠨ ᠲᠠᠯ᠎ᠠ ᠪᠠᠷ ᠭᠤᠣᠯᠳᠠᠯᠭ᠎ᠠ ᠲᠠᠢ ᠬᠠᠷᠠᠭᠠᠯᠵᠠᠯ ᠦᠵᠡᠭᠦᠯᠬᠦ ᠶᠢᠨ ᠬᠠᠮᠲᠤ ᠬᠠᠮᠢᠶ᠎ᠠ ᠪᠦᠬᠦᠢ ᠲᠦᠷᠦ ᠶᠢᠨ ᠪᠣᠳᠣᠯᠭ᠎ᠠ ᠶᠢᠨ ᠳᠡᠮᠵᠢᠯᠭᠡ ᠣᠯᠭᠤᠨ᠎ᠠ᠃ ᠮᠠᠯᠵᠢᠬᠤ ᠲᠠᠷᠢᠶᠠᠯᠠᠬᠤ ᠣᠷᠣᠨ ᠤ ᠨᠠᠰᠤᠵᠢᠯ ᠤᠨ ᠠᠰᠠᠷᠠᠮᠵᠢ ᠶᠢᠨ ᠲᠠᠯ᠎ᠠ ᠪᠠᠷ᠂ ᠥᠪᠥᠷ ᠮᠣᠩᠭᠤᠯ ᠪᠠᠰᠠ ᠮᠠᠯᠵᠢᠬᠤ ᠬᠤᠰᠢᠭᠤ ᠶᠢᠨ ᠦᠲᠡᠭᠦᠰ ᠤᠨ ᠥᠷᠭᠦᠭᠡ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ︽ᠲᠥᠪᠯᠡᠷᠡᠨ ᠰᠠᠭᠤᠷᠢᠰᠢᠭᠤᠯᠬᠤ᠂ ᠡᠷᠤᠭᠡ ᠬᠤᠪᠢᠶᠠᠨ ᠠᠮᠢᠳᠤᠷᠠᠬᠤ᠂ ᠨᠠᠰᠤᠲᠠᠨ ᠢᠶᠠᠨ ᠠᠰᠠᠷᠠᠵᠤ ᠨᠢᠯᠬᠠᠰ ᠢᠶᠠᠨ ᠬᠥᠮᠦᠵᠢᠭᠦᠯᠬᠦ᠂ ᠤᠯᠠᠨ ᠡᠰᠢᠵᠢᠭᠦᠯᠦᠨ ᠡᠵᠡᠩᠨᠡᠬᠦ︾ ᠠᠷᠭ᠎ᠠ ᠬᠡᠯᠪᠡᠷᠢ ᠶᠢ ᠠᠪᠴᠤ᠂ ᠦᠪᠡᠷᠮᠢᠴᠡ ᠣᠨᠴᠠᠯᠢᠭ ᠪᠦᠬᠦᠢ ᠨᠠᠰᠤᠵᠢᠯ ᠤᠨ ᠠᠰᠠᠷᠠᠮᠵᠢ᠂ ᠵᠠᠰᠠᠭ ᠤᠨ ᠣᠷᠳᠣᠨ ᠤ ᠦᠢᠯᠡᠴᠢᠯᠡᠭᠡ ᠬᠤᠳᠠᠯᠳᠤᠨ ᠠᠪᠬᠤ ᠶᠠᠪᠤᠳᠠᠯ ᠢᠶᠠᠷ ᠭᠤᠣᠯᠳᠠᠯᠭ᠎ᠠ ᠪᠣᠯᠭᠠᠵᠤ᠂ ᠮᠠᠯᠵᠢᠬᠤ ᠣᠷᠣᠨ ᠤ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠯᠬᠢᠨ ᠠᠬᠢᠭᠤᠯᠤᠨ᠎ᠠ᠃ ᠣᠳᠣ᠂ ᠥᠪᠥᠷ ᠮᠣᠩᠭᠤᠯ ᠳᠤ ᠨᠡᠶᠢᠲᠡ 3193 ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠪᠠᠶᠢᠵᠤ᠂ 70%᠎ ᠶᠢᠨ ᠨᠠᠰᠤᠵᠢᠯ ᠤᠨ ᠠᠰᠠᠷᠠᠮᠵᠢ ᠶᠢᠨ ᠬᠦᠷᠢᠶᠡᠯᠡᠩ ᠎ ᠨᠢ ᠳᠣᠲᠣᠭᠠᠳᠤ ᠳᠠᠭᠠᠨ ᠡᠮᠨᠡᠯᠭᠡ᠂ ᠡᠭᠦᠳᠡᠨ ᠡᠮᠨᠡᠯᠭᠡ ᠶᠢᠨ ᠭᠠᠵᠠᠷ ᠪᠠᠶᠢᠭᠤᠯᠬᠤ ᠪᠠ ᠡᠮᠴᠢᠯᠡᠭᠡᠨ ᠶᠢᠨ ᠪᠠᠶᠢᠭᠤᠯᠤᠮᠵᠢ ᠎ ᠯᠦᠭᠡ ᠭᠡᠷ᠎ᠡ ᠲᠣᠭᠲᠠᠬᠤ ᠵᠡᠷᠭᠡ ᠤᠯᠠᠨ ᠵᠦᠢᠯ ᠤᠨ ᠬᠡᠯᠪᠡᠷᠢ ᠪᠠᠷ ᠬᠦᠷᠢᠶᠡᠯᠡᠩ ᠳᠤ ᠰᠠᠭᠤᠭ᠎ᠠ ᠨᠠᠰᠤᠲᠠᠳ ᠲᠤ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡ ᠬᠠᠩᠭᠠᠭᠠᠳ᠂ ᠨᠠᠰᠤᠵᠢᠯ ᠤᠨ ᠠᠰᠠᠷᠠᠮᠵᠢ ᠶᠢᠨ ᠰᠠᠭᠤᠷᠢ ᠪᠡᠯᠡᠳᠬᠡᠮᠵᠢ ᠶᠢᠨ ᠬᠢᠷᠢ ᠲᠥᠪᠰᠢᠨ ᠮᠡᠳᠡᠭᠳᠡᠬᠦ᠋ᠢᠴᠡ ᠳᠡᠭᠡᠭᠰᠢᠯᠡᠵᠦ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号