| ᠰᠤᠷᠪᠤᠯᠵᠢᠯᠠᠭᠰᠠᠨ ᠴᠠᠭ᠄ | 2017 ᠣᠨ ᠤ 9 ᠳ᠋ᠦ᠋ᠭᠡᠷ ᠰᠠᠷ᠎ᠠ ᠶᠢᠨ 13 ᠤ ᠡᠳᠦᠷ ᠤᠨ ᠦᠳᠡ ᠶᠢᠨ ᠬᠤᠶᠢᠨᠠᠬᠢ 3 ᠴᠠᠭ ᠲᠤ | ᠰᠤᠷᠪᠤᠯᠵᠢᠯᠠᠭᠰᠠᠨ ᠵᠣᠴᠢᠨ᠄ | ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠳᠡᠳ᠋ ᠡᠷᠬᠢᠯᠡᠭᠴᠢ | ᠸᠠᠩ ᠶᠢᠨ ᠪᠦᠦ | ᠰᠤᠷᠪᠤᠯᠵᠢᠯᠠᠭ᠎ᠠ ᠶᠢᠨ ᠲᠣᠪᠴᠢ ᠲᠠᠨᠢᠯᠴᠠᠭᠤᠯᠭ᠎ᠠ᠄ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ︽ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ︿13 · 5﹀ ᠶᠢᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ︾ ᠶᠢ | ᠨᠡᠶᠢᠲᠡᠯᠡᠨ ᠬᠡᠷᠡᠭᠵᠢᠭᠦᠯᠪᠡ᠃ ᠥᠨᠥᠳᠦᠷ᠂ ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ | ᠵᠥᠪᠯᠡᠯ ᠤᠨ ᠳᠡᠳ᠋ ᠡᠷᠬᠢᠯᠡᠭᠴᠢ ᠸᠠᠩ ᠶᠢᠨ ᠪᠦᠦ ᠨᠥᠬᠦᠷ ︽ᠳᠤᠮᠳᠠᠳᠤ ᠤᠯᠤᠰ · ᠥᠪᠥᠷ ᠮᠣᠩᠭᠤᠯ︾ ᠰᠦᠯᠵᠢᠶ᠎ᠡ | ᠶᠢᠨ ᠰᠦᠯᠵᠢᠶᠡᠨ ᠰᠤᠷᠪᠤᠯᠵᠢᠯᠠᠭ᠎ᠠ ᠶᠢᠨ ᠪᠤᠯᠤᠩ ᠳᠤ ᠰᠠᠭᠠᠲᠠᠵᠤ᠂ ᠮᠠᠨ ᠤ ᠣᠷᠣᠨ ᠤ ︽13 · 5︾ ᠶᠢᠨ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢᠨ ᠬᠠᠮᠢᠶ᠎ᠠ ᠪᠦᠬᠦᠢ ᠠᠭᠤᠯᠭ᠎ᠠ ᠶᠢᠨ ᠲᠤᠬᠠᠶ | ᠣᠯᠠᠨ ᠲᠠᠢ ᠰᠦᠯᠵᠢᠶᠡᠨ ᠳᠤ ᠵᠣᠭᠤᠭ ᠳᠡᠯᠭᠡᠬᠦ ᠪᠣᠯᠤᠨ᠎ᠠ᠃ ᠰᠦᠯᠵᠢᠶᠡᠨ ᠠᠨᠳᠠ ᠨᠠᠷ ᠤᠨ ᠢᠳᠡᠪᠬᠢᠲᠡᠶ | ᠣᠷᠣᠯᠴᠠᠬᠤ ᠶᠢ ᠪᠠᠶᠠᠷᠯᠠᠨ ᠤᠭᠲᠤᠶ᠎ᠠ︕ | | ᠰᠤᠷᠪᠤᠯᠵᠢᠯᠠᠭ᠎ᠠ ᠶᠢᠨ ᠪᠣᠳᠠᠲᠤ ᠲᠡᠮᠳᠡᠭᠯᠡᠯ | | ᠬᠥᠲᠥᠯᠥᠭᠴᠢ᠄ | ᠰᠦᠯᠵᠢᠶᠡᠨ ᠠᠨᠳᠠ ᠨᠠᠷ ᠰᠠᠶᠢᠨ ᠪᠠᠶᠢᠵᠠᠭᠠᠨ᠎ᠠ ᠦᠦ︕ ᠲᠣᠰ ᠬᠤᠭᠤᠴᠠᠭᠠᠨ ᠤ ︽ᠳᠤᠮᠳᠠᠳᠤ ᠤᠯᠤᠰ · | ᠥᠪᠥᠷ ᠮᠣᠩᠭᠤᠯ︾ ᠰᠦᠯᠵᠢᠶ᠎ᠡ ᠶᠢᠨ ᠰᠦᠯᠵᠢᠶᠡᠨ ᠰᠤᠷᠪᠤᠯᠵᠢᠯᠠᠭ᠎ᠠ ᠶᠢᠨ ᠪᠤᠯᠤᠩ ᠢ ᠬᠦᠯᠢᠶᠡᠨ ᠰᠣᠨᠢᠷᠬᠠᠭᠰᠠᠨ ᠳᠤ | ᠪᠠᠶᠠᠷᠯᠠᠯ᠎ᠠ᠃ ︽13 · 5︾ ᠶᠢᠨ ᠲᠥᠯᠥᠪᠵᠢᠭᠦᠯᠭᠡ ᠶᠢᠨ ᠬᠤᠭᠤᠴᠠᠭ᠎ᠠ ᠪᠣᠯ ᠮᠠᠨ ᠤ ᠣᠷᠣᠨ ᠤ ᠴᠢᠨᠡᠭᠡᠯᠢᠭ | ᠨᠡᠶᠢᠭᠡᠮ ᠢ ᠪᠥᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠣᠯᠬᠤ ᠱᠠᠲᠦ ᠂ ᠪᠠᠰᠠ ᠴᠦ ᠠᠷᠭ᠎ᠠ | ᠬᠡᠯᠪᠡᠷᠢ ᠪᠠᠨ ᠬᠤᠪᠢᠷᠠᠭᠤᠯᠵᠤ ᠪᠦᠲᠦᠴᠡ ᠪᠠᠨ ᠲᠣᠬᠢᠷᠠᠭᠤᠯᠬᠤ ᠵᠠᠩᠭᠢᠯᠠᠭ᠎ᠠ ᠶᠢᠨ ᠬᠤᠭᠤᠴᠠᠭ᠎ᠠ᠃ ᠦᠢᠯᠡᠴᠢᠯᠡᠭᠡᠨ ᠤ | ᠦᠢᠯᠡᠰ ᠢ ᠲᠦᠷᠭᠡᠪᠴᠢᠯᠡᠨ ᠬᠥᠭᠵᠢᠭᠦᠯᠬᠦ ᠨᠢ ᠮᠠᠨ ᠤ ᠣᠷᠣᠨ ᠤ ᠲᠣᠭᠲᠠᠭᠤᠨ ᠢᠶᠠᠷ ᠨᠡᠮᠡᠭᠳᠡᠭᠦᠯᠬᠦ᠂ ᠪᠦᠲᠦᠴᠡ ᠶᠢ | ᠲᠣᠬᠢᠷᠠᠭᠤᠯᠬᠤ᠂ ᠠᠷᠠᠳ ᠤᠨ ᠠᠮᠢᠳᠤᠷᠠᠯ ᠳᠤ ᠠᠰᠢᠭ ᠬᠦᠷᠲᠡᠭᠡᠬᠦ᠂ ᠲᠦᠭᠰᠢᠭᠦᠷᠢ ᠶᠢ ᠰᠡᠷᠭᠡᠶᠢᠯᠡᠬᠦ᠂ ᠠᠵᠤ | ᠦᠢᠯᠡᠰ ᠤᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠬᠦ ᠶᠢ ᠠᠬᠢᠭᠤᠯᠬᠤ ᠳᠤ ᠴᠥᠮ ᠴᠢᠬᠤᠯᠠ ᠠᠴᠢ | ᠬᠤᠯᠪᠣᠭᠳᠠᠯ ᠲᠠᠢ ᠶᠤᠮ᠃ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠨᠡᠶᠢᠲᠡᠯᠡᠭᠰᠡᠨ ︽ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿13 · 5﹀ ᠶᠢᠨ ᠦᠢᠯᠡᠴᠢᠯᠡᠭᠡᠨ ᠤ ᠦᠢᠯᠡᠰ ᠤᠨ | ᠬᠥᠭᠵᠢᠯᠲᠡ ᠶᠢᠨ ᠲᠥᠯᠥᠪᠵᠢᠭᠦᠯᠭᠡ︾ ᠨᠢ ᠮᠠᠨ ᠤ ᠣᠷᠣᠨ ᠤ ᠬᠤᠶᠢᠰᠢᠲᠠ ᠶᠢᠨ ᠲᠠᠪᠤᠨ ᠵᠢᠯ ᠤᠨ ᠲᠤᠷᠰᠢᠬᠢ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠳᠤ ᠴᠢᠬᠤᠯᠠ ᠵᠢᠯᠣᠭᠤᠳᠬᠤ ᠠᠴᠢ ᠬᠤᠯᠪᠣᠭᠳᠠᠯ ᠲᠠᠢ ᠶᠤᠮ᠃ | ᠥᠨᠥᠳᠦᠷ ᠪᠢᠳᠡ ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠳᠡᠳ᠋ | ᠡᠷᠬᠢᠯᠡᠭᠴᠢ ᠸᠠᠩ ᠶᠢᠨ ᠪᠦᠦ ᠨᠥᠬᠦᠷ ᠢ ᠤᠷᠢᠵᠤ ᠮᠠᠨ ᠤ ᠣᠷᠣᠨ ᠤ ︽13 · 5︾ ᠶᠢᠨ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢᠨ ᠬᠠᠮᠢᠶ᠎ᠠ ᠪᠥᠬᠦᠢ ᠠᠭᠤᠯᠭ᠎ᠠ ᠶᠢ ᠣᠯᠠᠨ ᠲᠠᠢ ᠰᠦᠯᠵᠢᠶᠡᠨ ᠳᠤ | ᠰᠠᠨᠠᠯ ᠰᠣᠯᠢᠯᠴᠠᠬᠤ ᠪᠣᠯᠣᠭᠰᠠᠨ ᠳᠤ ᠮᠠᠰᠢ ᠪᠠᠶᠠᠷᠲᠠᠢ ᠪᠠᠶᠢᠨ᠎ᠠ᠃ ᠸᠠᠩ ᠡᠷᠬᠢᠯᠡᠭᠴᠢ ᠡ᠂ ᠲᠠᠨ ᠢ ᠪᠠᠶᠠᠷᠯᠠᠨ | ᠤᠭᠲᠤᠶ᠎ᠠ︕ | ᠸᠠᠩ ᠶᠢᠨ ᠪᠦᠦ᠄ | ᠬᠥᠲᠥᠯᠥᠭᠴᠢ ᠰᠠᠶᠢᠨ ᠪᠠᠶᠢᠨ᠎ᠠ ᠦᠦ᠂ ᠰᠦᠯᠵᠢᠶᠡᠨ ᠠᠨᠳᠠ ᠨᠠᠷ ᠰᠠᠶᠢᠨ ᠪᠠᠶᠢᠵᠠᠭᠠᠨ᠎ᠠ ᠦᠦ︕ ᠲᠠ | ᠪᠦᠬᠦᠨ ᠲᠠᠢ ᠰᠠᠨᠠᠯ ᠢᠶᠠᠨ ᠰᠣᠯᠢᠯᠴᠠᠬᠤ ᠪᠣᠯᠣᠭᠰᠠᠨ ᠳᠤ ᠪᠠᠶᠠᠷᠲᠠᠶᠢᠬᠠᠨ ᠪᠠᠶᠢᠨ᠎ᠠ᠃ ᠡᠨᠡ ᠬᠦ ᠲᠣᠬᠢᠶᠠᠯ ᠢ ᠠᠰᠢᠭᠯᠠᠨ᠂ | ᠪᠢ ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠪᠣᠯᠤᠨ ᠥᠪᠡᠷᠲᠡᠭᠡᠨ | ᠵᠠᠰᠠᠬᠤ ᠣᠷᠣᠨ ᠤ ᠭᠤᠷᠪᠠᠳᠤᠭᠠᠷ ᠠᠵᠤ ᠦᠢᠯᠡᠰ ᠤᠨ ᠠᠵᠢᠯ ᠤᠨ ᠤᠳᠤᠷᠢᠳᠬᠤ ᠳᠤᠭᠤᠶᠢᠯᠠᠩ ᠤᠨ ᠡᠯ᠎ᠡ | ᠪᠦᠷᠢᠯᠳᠦᠬᠦᠨ ᠨᠢᠭᠡᠴᠡ ᠶᠢᠨ ᠡᠮᠦᠨ᠎ᠡ ᠠᠴᠠ ᠮᠠᠨ ᠤ ᠣᠷᠣᠨ ᠤ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ | ᠠᠵᠢᠯ ᠢ ᠳᠡᠮᠵᠢᠵᠤ᠂ ᠬᠠᠯᠠᠮᠵᠢᠯᠠᠭᠰᠠᠭᠠᠷ ᠢᠷᠡᠭᠰᠡᠨ ᠥᠷᠭᠡᠨ ᠣᠯᠠᠨ ᠰᠦᠯᠵᠢᠶᠡᠨ ᠠᠨᠳᠠ ᠳᠠᠭᠠᠨ ᠴᠢᠩ | ᠰᠡᠳᠬᠢᠯ ᠤᠨ ᠲᠠᠯᠠᠷᠬᠠᠯ ᠢᠶᠠᠨ ᠳᠡᠪᠰᠢᠭᠦᠯᠦᠶ᠎ᠡ᠃ | ᠬᠥᠲᠥᠯᠥᠭᠴᠢ᠄ | ᠸᠠᠩ ᠡᠷᠬᠢᠯᠡᠭᠴᠢ ᠡ᠂ ᠤᠢᠢᠷ᠎ᠠ ᠶᠢᠨ ᠬᠡᠳᠦᠨ ᠵᠢᠯ ᠳᠤ᠂ ᠤᠯᠤᠰ ᠪᠣᠯᠤᠨ ᠥᠪᠡᠷᠲᠡᠭᠡᠨ ᠵᠠᠰᠠᠬᠤ ᠣᠷᠣᠨ | ᠠᠴᠠ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠢᠯ ᠢᠶᠠᠷ ᠴᠢᠬᠤᠯᠠᠴᠢᠯᠠᠨ ᠦᠵᠡᠵᠦ᠂ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢ ᠠᠬᠢᠭᠤᠯᠬᠤ ᠲᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠶᠢ ᠠᠯᠢ ᠤᠯᠠᠨ | ᠨᠡᠶᠢᠲᠡᠯᠡᠵᠤ᠂ ᠮᠠᠨ ᠤ ᠣᠷᠣᠨ ᠤ ᠦᠢᠯᠡᠴᠢᠯᠡᠭᠡᠨ ᠤ ᠦᠢᠯᠡᠰ ᠬᠥᠭᠵᠢᠯᠲᠡ ᠶᠢᠨ ᠰᠢᠨ᠎ᠡ ᠱᠠᠲᠤᠨ ᠳᠤ ᠣᠷᠣᠪᠠ᠃ | ᠨᠡᠶᠢᠭᠡᠮ ᠤᠨ ᠡᠯ᠎ᠡ ᠡᠲᠡᠭᠡᠳ ᠤᠨ ᠬᠢᠨ ᠮᠠᠨ ᠤ ᠣᠷᠣᠨ ᠤ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ | ᠮᠠᠰᠢ ᠠᠩᠬᠠᠷᠴᠤ ᠪᠠᠶᠢᠳᠠᠭ᠂ ᠣᠶᠢᠷ᠎ᠠ ᠶᠢᠨ ᠬᠤᠭᠤᠴᠠᠭᠠᠨ ᠳᠤ ︽13 · 5︾ ᠶᠢᠨ ᠦᠢᠯᠡᠴᠢᠯᠡᠭᠡᠨ ᠤ ᠦᠢᠯᠡᠰ | ᠤᠨ ᠬᠥᠭᠵᠢᠯᠲᠡ ᠶᠢᠨ ᠲᠥᠯᠥᠪᠵᠢᠭᠦᠯᠭᠡ ᠶᠢ ᠨᠡᠶᠢᠲᠡᠯᠡᠭᠰᠡᠨ ᠨᠢ ᠶᠠᠮᠠᠷ ᠠᠬᠤᠶ ᠪᠠᠶᠢᠳᠠᠯ ᠲᠠᠢ ᠪᠣᠢ︖ | ᠸᠠᠩ ᠶᠢᠨ ᠪᠦᠦ᠄ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠮᠠᠨ ᠤ ᠣᠷᠣᠨ ᠦᠢᠯᠡᠴᠢᠯᠡᠭᠡᠨ ᠤ ᠦᠢᠯᠡᠰ ᠤᠨ | ᠬᠥᠭᠵᠢᠯᠲᠡ ᠶᠢ ᠲᠦᠷᠭᠡᠳᠬᠡᠬᠦ ᠶᠠᠪᠤᠳᠠᠯ ᠢ ᠪᠠᠶᠢᠯᠳᠤᠬᠤ ᠪᠤᠳᠦᠯᠭ᠎ᠠ ᠶᠢᠨ ᠭᠤᠣᠯᠳᠠᠯᠭᠠᠲᠤ ᠡᠭᠦᠷᠭᠡ ᠪᠣᠯᠭᠠᠨ᠂ | ᠲᠦᠷᠦ ᠶᠢᠨ ᠪᠤᠳᠤᠯᠭ᠎ᠠ ᠢᠶᠠᠷ ᠠᠬᠢᠭᠤᠯᠬᠤ ᠡᠷᠴᠢᠮ ᠢᠶᠠᠨ ᠲᠠᠰᠤᠷᠠᠯᠲᠠ ᠦᠭᠡᠢ ᠴᠢᠩᠭᠠᠷᠠᠭᠤᠯᠵᠤ᠂ ᠤᠷᠢᠳ | ᠬᠤᠵᠢᠳ ︽ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠷᠭᠡᠳᠬᠡᠬᠦ ᠲᠤᠬᠠᠶ ᠲᠦᠷᠤ ᠶᠢᠨ ᠪᠤᠳᠤᠯᠭ᠎ᠠ ᠶᠢᠨ | ᠲᠣᠭᠲᠠᠭᠠᠯ ᠤᠳ︾᠂ ︽ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠷᠭᠡᠳᠬᠡᠨ ᠠᠬᠢᠭᠤᠯᠬᠤ ᠵᠢᠯᠣᠭᠤᠳᠬᠤ | ᠰᠠᠨᠠᠯ︾᠂ ︽ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠷᠭᠡᠳᠬᠡᠵᠦ | ᠠᠵᠤ ᠦᠢᠯᠡᠰ ᠤᠨ ᠪᠦᠲᠦᠴᠡ ᠳᠤ ᠲᠣᠬᠢᠷᠠᠭᠤᠯᠤᠯᠲᠠ ᠬᠢᠵᠦ ᠳᠡᠰ ᠳᠡᠪᠰᠢᠭᠦᠯᠬᠦ ᠶᠢ ᠠᠬᠢᠭᠤᠯᠬᠤ ᠲᠤᠬᠠᠶ | ᠬᠡᠷᠡᠭᠵᠢᠭᠦᠯᠬᠦ ᠰᠠᠨᠠᠯ︾᠂ ︽ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠭᠤᠷᠪᠠᠨ ᠵᠢᠯ ᠤᠨ ᠠᠵᠢᠯᠯᠠᠭᠠᠨ ᠤ | ᠲᠥᠯᠥᠪᠯᠡᠭᠡ ︵2015 — 2017 ᠣᠨ︶︾ ᠵᠡᠷᠭᠡ ᠲᠦᠷᠦ ᠶᠢᠨ ᠪᠤᠳᠤᠯᠭ᠎ᠠ ᠶᠢᠨ ᠴᠢᠨᠠᠷᠲᠠᠶ ᠪᠢᠴᠢᠭ | ᠮᠠᠲ᠋ᠧᠷᠢᠶᠠᠯ ᠵᠢᠴᠢ ᠵᠢᠭᠤᠯᠴᠢᠯᠠᠯ᠂ ᠮᠥᠩᠭᠦᠨ ᠭᠦᠢᠯᠭᠡᠭᠡ᠂ ᠡᠯᠧᠺᠲᠷᠣᠨ ᠬᠤᠳᠠᠯᠳᠤᠭ᠎ᠠ᠂ ᠰᠣᠶᠣᠯ ᠤᠨ ᠪᠦᠲᠦᠭᠡᠯᠴᠢ | ᠲᠥᠰᠥᠪᠯᠡᠯ᠂ ᠡᠷᠡᠭᠦᠯ ᠮᠡᠨᠳᠦ᠂ ᠨᠠᠰᠤᠵᠢᠯ ᠤᠨ ᠠᠰᠠᠷᠠᠮᠵᠢ ᠵᠡᠷᠭᠡ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ | ᠠᠬᠢᠭᠤᠯᠬᠤ ᠠᠯᠢ ᠤᠯᠠᠨ ᠲᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠨ ᠨᠡᠶᠢᠲᠡᠯᠡᠵᠦ᠂ ᠮᠠᠨ ᠤ | ᠣᠷᠣᠨ ᠤ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠬᠤᠷᠳᠤᠴᠠ ᠮᠡᠳᠡᠭᠳᠡᠬᠦ᠋ᠢᠴᠡ ᠲᠦᠷᠭᠡᠰᠦᠨ᠂ | ᠬᠡᠪᠴᠢᠶ᠎ᠡ ᠨᠢ ᠦᠳᠲᠡᠷ ᠶᠡᠬᠡᠰᠴᠦ᠂ ᠦᠢᠯᠡᠴᠢᠯᠡᠭᠡᠨ ᠤ ᠦᠢᠯᠡᠰ ᠤᠨ ᠭᠤᠷᠪᠠᠳᠤᠭᠠᠷ ᠠᠵᠤ ᠦᠢᠯᠡᠰ ᠲᠤ ᠡᠵᠡᠯᠡᠬᠦ | ᠬᠠᠷᠢᠴᠠᠯ ᠨᠢ ︽13 · 5︾ ᠶᠢᠨ ᠡᠬᠢᠨ ᠤ ᠬᠤᠭᠤᠴᠠᠭᠠᠨ ᠳᠠᠬᠢ 36.1% ᠠᠴᠠ 2015 ᠣᠨ ᠳᠤ 40% | ᠪᠣᠯᠣᠨ ᠳᠡᠭᠡᠭᠰᠢᠯᠡᠵᠦ᠂ ᠵᠢᠯ ᠪᠦᠷᠢ ᠳᠤᠮᠳᠠᠴᠢ ᠪᠠᠷ 8.9% ᠪᠠᠷ ᠨᠡᠮᠡᠭᠳᠡᠨ᠂ ᠦᠢᠯᠡᠴᠢᠯᠡᠭᠡᠨ ᠤ ᠦᠢᠯᠡᠰ ᠤᠨ | ᠲᠣᠭᠲᠠᠮᠠᠯ ᠬᠦ᠋ᠷᠦᠩᠭᠡ ᠳᠤ ᠪᠡᠯᠡ ᠣᠷᠣᠭᠤᠯᠬᠤ ᠬᠡᠪᠴᠢᠶ᠎ᠡ 6200 ᠳ᠋ᠦᠩᠰᠢᠭᠤᠷ ᠲᠥᠭᠦᠷᠢᠭ ᠢ ᠳᠠᠪᠠᠵᠤ᠂ ᠪᠦᠬᠦ | ᠪᠡᠯᠡ ᠣᠷᠣᠭᠤᠯᠤᠯᠲᠠ ᠶᠢᠨ 45.5% ᠶᠢ ᠡᠵᠡᠯᠡᠨ᠂ ᠦᠢᠯᠡᠴᠢᠯᠡᠭᠡᠨ ᠤ ᠦᠢᠯᠡᠰ ᠨᠢ ᠰᠢᠨ᠎ᠡ ᠬᠡᠪ ᠪᠠᠶᠢᠳᠠᠯ ᠳᠤ | ᠠᠵᠤ ᠠᠬᠤᠶ ᠶᠢᠨ ᠨᠡᠮᠡᠭᠳᠡᠯ ᠢ ᠬᠥᠲᠥᠯᠥᠨ ᠳᠠᠶᠢᠴᠢᠯᠠᠬᠤ ᠰᠢᠨ᠎ᠡ ᠬᠥᠳᠡᠯᠭᠡᠭᠦᠷ ᠪᠠ ᠡᠳ᠋ ᠤᠨ ᠵᠠᠰᠠᠭ ᠤᠨ | ᠣᠷᠣᠯᠭ᠎ᠠ ᠪᠠ ᠠᠵᠢᠯ ᠣᠯᠭᠤᠯᠲᠠ ᠶᠢ ᠨᠡᠮᠡᠭᠳᠡᠭᠦᠯᠬᠦ ᠭᠤᠣᠯ ᠬᠦᠴᠦᠨ ᠪᠣᠯᠪᠠ᠃ ᠵᠢᠭᠤᠯᠴᠢᠯᠠᠯ᠂ ᠮᠥᠩᠭᠦᠨ | ᠭᠦᠢᠯᠭᠡᠭᠡ᠂ ᠪᠠᠷᠠᠭᠠᠨ ᠤ ᠭᠦᠢᠯᠭᠡᠭᠡ᠂ ᠮᠡᠳᠡᠭᠡ ᠵᠠᠩᠭᠢ᠂ ᠭᠡᠷ ᠤᠨ ᠠᠳᠠᠯ ᠠᠬᠤᠢ᠂ ᠡᠷᠡᠭᠦᠯ ᠮᠡᠨᠳᠦ᠂ ᠨᠠᠰᠤᠵᠢᠯ ᠤᠨ | ᠠᠰᠠᠷᠠᠮᠵᠢ ᠵᠡᠷᠭᠡ ᠰᠢᠨ᠎ᠡ ᠪᠠᠷ ᠬᠥᠭᠵᠢᠭᠰᠡᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠨᠢ ᠠᠵᠤ ᠠᠬᠤᠶ ᠶᠢᠨ | ᠰᠢᠨ᠎ᠡ ᠨᠡᠮᠡᠭᠳᠡᠯ ᠴᠢᠭ᠋᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢᠨ ᠴᠢᠬᠤᠯᠠ | ᠲᠦᠯᠬᠢᠴᠡ ᠬᠦᠴᠦᠨ ᠪᠣᠯᠵᠠᠢ᠃ ᠭᠡᠪᠡᠴᠦ ᠪᠦᠬᠦ ᠲᠠᠯ᠎ᠠ ᠠᠴᠠ ᠦᠵᠡᠪᠡᠯ᠂ ᠮᠠᠨ ᠤ ᠣᠷᠣᠨ ᠤ ᠦᠢᠯᠡᠴᠢᠯᠡᠭᠡᠨ ᠤ | ᠦᠢᠯᠡᠰ ᠢ ᠪᠦᠬᠦ ᠤᠯᠤᠰ ᠪᠣᠯᠤᠨ ᠬᠥᠭᠵᠢᠭᠰᠡᠨ ᠮᠤᠵᠢ ᠬᠤᠲᠠ ᠲᠤᠭᠤᠷᠢᠭ ᠯᠤᠭ᠎ᠠ ᠬᠠᠷᠢᠴᠠᠭᠤᠯᠪᠠᠯ᠂ ᠬᠥᠭᠵᠢᠯᠲᠡ | ᠨᠢ ᠬᠠᠷᠢᠴᠠᠩᠭᠤᠶ ᠪᠠᠷ ᠬᠤᠴᠣᠷᠤᠩᠭᠤᠶ ᠪᠠᠶᠢᠵᠤ᠂ ᠮᠥᠨ ᠬᠦ ᠵᠣᠬᠢᠬᠤ ᠵᠥᠷᠢᠶ᠎ᠡ ᠣᠷᠣᠰᠢᠨ᠂ ᠭᠤᠤᠯᠳᠠᠭᠤ | ᠦᠢᠯᠡᠴᠢᠯᠡᠭᠡᠨ ᠤ ᠦᠢᠯᠡᠰ ᠤᠨ ᠡᠵᠡᠯᠡᠬᠦ ᠬᠠᠷᠢᠴᠠᠯ ᠪᠠᠭ᠎ᠠ᠂ ᠳᠣᠲᠣᠭᠠᠳᠤ ᠪᠦᠲᠦᠴᠡ ᠶᠢ ᠤᠯᠠᠮ ᠨᠢᠭᠡ ᠠᠯᠬᠤᠮ | ᠰᠢᠯᠢᠳᠡᠭᠵᠢᠭᠦᠯᠵᠦ᠂ ᠲᠦᠷᠦ ᠶᠢᠨ ᠪᠤᠳᠤᠯᠭ᠎ᠠ ᠶᠢᠨ ᠰᠢᠰᠲ᠋ᠧᠮᠵᠢ ᠶᠢ ᠦᠷᠭᠦᠯᠵᠢᠯᠡᠨ ᠪᠦᠷᠢᠨᠰᠢᠭᠦᠯᠬᠦ ᠵᠡᠷᠭᠡ ᠳᠤ | ᠢᠯᠡᠷᠡᠵᠦ ᠪᠣᠢ᠃ ᠭᠡᠪᠡᠴᠦ ᠵᠥᠷᠢᠶ᠎ᠡ ᠢᠯᠭᠠᠭ᠎ᠠ ᠪᠣᠯ ᠬᠥᠭᠵᠢᠯᠲᠡ ᠶᠢᠨ ᠲᠠᠯᠳᠠ ᠬᠦᠴᠦᠨ᠂ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢ ᠲᠦᠷᠭᠡᠳᠬᠡᠵᠦ᠂ ᠦᠢᠯᠡᠴᠢᠯᠡᠭᠡᠨ ᠤ ᠦᠢᠯᠡᠰ ᠤᠨ ᠬᠤᠪᠢ ᠶᠢᠨ ᠵᠢᠩ ᠢ ᠤᠯᠠᠮ ᠨᠢᠭᠡ | ᠠᠯᠬᠤᠮ ᠨᠡᠮᠡᠭᠳᠡᠭᠦᠯᠬᠦ ᠪᠣᠯ ᠮᠠᠨ ᠤ ᠣᠷᠣᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠪᠤᠰᠤᠳᠴᠢ ᠬᠡᠷᠡᠭᠴᠡᠭᠡ | ᠱᠠᠭᠠᠷᠳᠠᠯᠭ᠎ᠠ ᠪᠠ ᠪᠣᠳᠠᠲᠤ ᠰᠣᠩᠭᠤᠯᠲᠠ ᠮᠥᠨ᠂ ᠮᠠᠨ ᠤ ᠣᠷᠣᠨ ᠤ ᠦᠢᠯᠡᠴᠢᠯᠡᠭᠡᠨ ᠤ ᠦᠢᠯᠡᠰ ᠤᠨ | ᠬᠥᠭᠵᠢᠯᠲᠡ ᠨᠢ ᠲᠦᠷᠭᠡᠨ ᠬᠥᠭᠵᠢᠬᠦ ᠰᠠᠭᠤᠷᠢ ᠪᠠᠨ ᠨᠢᠭᠡᠨᠲᠡ ᠪᠦᠷᠢᠯᠳᠦᠭᠦᠯᠪᠠ᠂ ᠨᠡᠩ ᠲᠦᠷᠭᠡᠨ ᠬᠥᠭᠵᠢᠯᠲᠡ ᠶᠢ | ᠪᠡᠶᠡᠯᠡᠭᠦᠯᠵᠦ᠂ ᠨᠡᠩ ᠶᠡᠭᠡ ᠬᠤᠪᠢ ᠨᠡᠮᠡᠷᠢ ᠭᠠᠷᠭᠠᠬᠤ ᠴᠢᠬᠤᠯᠠᠲᠠᠢ ᠪᠣᠯᠣᠭᠰᠠᠨ ᠭᠡᠳᠡᠭ ᠲᠤ ᠪᠢᠳᠡ ᠰᠡᠷᠭᠡᠭ ᠢᠶᠠᠷ | ᠲᠠᠨᠢᠬᠤ ᠬᠡᠷᠡᠭᠲᠡᠢ᠃ ᠡᠶᠢᠮᠦᠷᠬᠦ ᠠᠬᠤᠶ ᠪᠠᠶᠢᠳᠠᠯ ᠳᠣᠣᠷ᠎ᠠ᠂ ᠬᠤᠶᠢᠰᠢᠳᠠ ᠶᠢᠨ ᠲᠠᠪᠤᠨ ᠵᠢᠯ ᠳᠠᠬᠢ ᠮᠠᠨ ᠤ ᠣᠷᠣᠨ ᠤ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠪᠦᠬᠦ ᠲᠠᠯ᠎ᠠ ᠪᠠᠷ ᠲᠥᠯᠥᠪᠵᠢᠭᠦᠯᠵᠦ᠂ ᠤᠳᠤ ᠦᠶ᠎ᠡ ᠶᠢᠨ | ᠦᠢᠯᠡᠳᠬᠦ ᠦᠢᠯᠡᠰ ᠲᠠᠢ ᠠᠭᠤᠰᠤᠯᠴᠠᠭᠰᠠᠨ᠂ ᠤᠳᠤ ᠦᠶ᠎ᠡ ᠶᠢᠨ ᠲᠠᠷᠢᠶᠠᠯᠠᠩ ᠮᠠᠯ ᠠᠵᠤ ᠠᠬᠤᠶ ᠲᠠᠢ ᠢᠵᠢ | ᠪᠦᠷᠢᠳᠦᠭᠰᠡᠨ᠂ ᠰᠢᠨ᠎ᠡ ᠬᠡᠯᠪᠡᠷᠢ ᠶᠢᠨ ᠬᠤᠳᠠ ᠪᠠᠯᠭᠠᠰᠤᠵᠢᠯᠳᠠ ᠲᠠᠢ ᠵᠣᠬᠢᠴᠠᠭᠰᠠᠨ᠂ ᠠᠷᠠᠳ ᠤᠨ ᠠᠮᠢᠳᠤᠷᠠᠯ ᠢ | ᠪᠠᠲᠤᠯᠠᠨ ᠰᠠᠶᠢᠵᠢᠷᠠᠭᠤᠯᠬᠤ ᠲᠠᠢ ᠲᠣᠬᠢᠷᠠᠯᠴᠠᠭᠰᠠᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠰᠢᠨ᠎ᠡ | ᠪᠠᠶᠢᠷᠢᠰᠢᠯ ᠢ ᠴᠣᠭᠴᠠᠯᠠᠵᠤ᠂ ᠬᠥᠭᠵᠢᠭᠰᠡᠨ ᠭᠠᠵᠠᠷ ᠣᠷᠣᠨ ᠯᠤᠭ᠎ᠠ ᠶᠢᠨ ᠵᠥᠷᠢᠶ᠎ᠡ ᠶᠢ ᠠᠯᠬᠤᠮ ᠠᠯᠬᠤᠮ ᠢᠶᠠᠷ | ᠪᠠᠭᠠᠰᠬᠠᠬᠤ ᠶᠢᠨ ᠲᠤᠯᠠᠳᠠ ︽ᠥᠪᠡᠷᠲᠡᠭᠡᠨ ᠵᠠᠰᠠᠬᠤ ᠣᠷᠣᠨ ᠤ ︿13 · 5﹀ ᠶᠢᠨ ᠲᠤᠰᠬᠠᠶ ᠵᠦᠢᠯ ᠤᠨ | ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠠᠵᠢᠯ ᠢ ᠲᠦᠷᠭᠡᠳᠬᠡᠨ ᠠᠬᠢᠭᠤᠯᠬᠤ ᠲᠤᠬᠠᠶ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ︾ ᠤᠨ | ᠱᠠᠭᠠᠷᠳᠠᠯᠭ᠎ᠠ ᠶᠣᠰᠣᠭᠠᠷ ᠲᠤᠰ ︽ᠲᠥᠯᠥᠪᠵᠢᠭᠦᠯᠭᠡ︾ ᠶᠢ ᠵᠣᠬᠢᠶᠠᠨ ᠪᠠᠶᠢᠭᠤᠯᠵᠤ ᠨᠠᠶᠢᠷᠠᠭᠤᠯᠤᠨ ᠵᠣᠬᠢᠶᠠᠪᠠ᠃ | ᠬᠥᠲᠥᠯᠥᠭᠴᠢ᠄ | ︽13·5︾ ᠶᠢᠨ ᠰᠡᠭᠦᠯᠴᠢ ᠶᠢᠨ ᠬᠤᠭᠤᠴᠠᠭ᠎ᠠ ᠪᠤᠯᠲᠠᠯ᠎ᠠ᠂ ᠮᠠᠨ ᠤ ᠣᠷᠣᠨ ᠦᠢᠯᠡᠴᠢᠯᠡᠭᠡᠨ ᠤ ᠦᠢᠯᠡᠰ | ᠬᠦᠭᠵᠢᠭᠡᠳ ᠶᠠᠮᠠᠷ ᠬᠢᠷᠢ ᠬᠡᠮᠵᠢᠶᠡᠨ ᠳᠤ ᠬᠦᠷᠳᠡᠭ ᠪᠤᠯ︖ | ᠸᠠᠩ ᠶᠢᠨ ᠪᠦᠦ᠄ | ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠦᠢᠯᠡᠴᠢᠯᠡᠭᠡᠨ ᠤ ᠦᠢᠯᠡᠰ ᠤᠨ | ᠬᠥᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠤ ᠪᠤᠢ᠃ ᠯᠢ ᠵᠢᠶ ᠾᠧᠩ ᠱᠦᠵᠢ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢᠨ ᠲᠤᠬᠠᠶ ᠤᠯᠠᠨᠲᠠ ᠴᠣᠬᠤᠯᠠᠪᠤᠷᠢ ᠭᠠᠷᠭᠠᠵᠤ᠂ ᠲᠡᠷᠢᠭᠦᠯᠡᠭᠴᠢ ᠪᠦ᠋ ᠰᠢᠶᠤᠤ ᠯᠢᠨ᠂ | ᠪᠠᠶᠢᠩᠭᠤ ᠶᠢᠨ ᠳᠡᠳ᠋ ᠲᠡᠷᠢᠭᠦᠯᠡᠭᠴᠢ ᠵᠠᠩ ᠵᠢᠶᠠᠨ ᠮᠢᠨ ᠵᠡᠷᠭᠡ ᠥᠪᠡᠷᠲᠡᠭᠡᠨ ᠵᠠᠰᠠᠬᠤ ᠣᠷᠣᠨ ᠤ ᠭᠤᠣᠯ | ᠤᠳᠤᠷᠢᠳᠤᠯᠭ᠎ᠠ ᠨᠠᠷ ᠣᠳᠣᠬᠠᠨ ᠤ ᠭᠤᠣᠯᠳᠠᠯᠭ᠎ᠠ ᠲᠠᠢ ᠠᠵᠢᠯ ᠢ ᠤᠯᠠᠨᠲᠠ ᠰᠤᠳᠤᠯᠤᠨ ᠪᠠᠶᠢᠷᠢᠯᠠᠭᠤᠯᠪᠠ᠂ | ᠬᠤᠶᠢᠰᠢᠳᠠ ᠶᠢᠨ ᠲᠠᠪᠤᠨ ᠵᠢᠯ ᠳᠤ᠂ ᠮᠠᠨ ᠤ ᠣᠷᠣᠨ ᠤ ᠦᠶᠯᠡᠴᠢᠯᠡᠭᠡᠨ ᠤ ᠦᠶᠯᠡᠰ ᠣᠯᠳᠠᠬᠤᠶ᠎ᠠ ᠪᠡᠷᠬᠡ | ᠬᠥᠭᠵᠢᠯᠲᠡ ᠶᠢᠨ ᠠᠵᠠ ᠲᠣᠬᠢᠶᠠᠯ ᠢ ᠤᠭᠲᠤᠬᠤ ᠪᠤᠯᠤᠨ᠎ᠠ ᠬᠡᠵᠤ ᠬᠡᠯᠡᠵᠤ ᠪᠤᠯᠤᠮᠠᠷ ᠶᠤᠮ᠃ ᠪᠢᠳᠡ ︽ᠥᠪᠡᠷᠲᠡᠭᠡᠨ | ᠵᠠᠰᠠᠬᠤ ᠣᠷᠣᠨ ᠤ ︿13 · 5﹀ ᠶᠢᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ︾ ᠶᠢ | ᠲᠣᠭᠲᠠᠭᠠᠬᠤ ᠳᠤ ᠪᠠᠨ᠂ ᠬᠤᠶᠢᠰᠢᠳᠠ ᠶᠢᠨ ᠲᠠᠪᠤᠨ ᠵᠢᠯ ᠤᠨ ᠦᠢᠯᠡᠴᠢᠯᠡᠭᠡᠨ ᠤ ᠦᠢᠯᠡᠰ ᠤᠨ ᠬᠠᠷᠠᠯᠲᠠᠲᠤ ᠡᠭᠦᠷᠭᠡ | ᠪᠣᠯᠤᠨ ᠠᠵᠢᠯ ᠤᠨ ᠭᠤᠣᠯᠳᠠᠯᠭ᠎ᠠ ᠶᠢ ᠲᠤᠲᠤᠷᠬᠠᠶᠢᠯᠠᠪᠠ᠂ ᠲᠤᠬᠠᠶᠢᠯᠠᠪᠠᠯ ᠥᠪᠡᠷᠲᠡᠭᠡᠨ ᠵᠠᠰᠠᠬᠤ ᠣᠷᠣᠨ ᠤ ᠡᠯ᠎ᠡ | ᠰᠠᠯᠠᠭ᠎ᠠ ᠮᠥᠴᠢᠷ᠂ ᠡᠯ᠎ᠡ ᠠᠶᠢᠮᠠᠭ ᠬᠤᠳᠠ ᠪᠣᠯᠤᠨ ᠨᠡᠶᠢᠭᠡᠮ ᠤᠨ ᠡᠯ᠎ᠡ ᠡᠲᠡᠭᠡᠳ ᠤᠨ ᠴᠥᠬᠦᠷᠡᠰᠢ ᠦᠭᠡᠢ | ᠴᠢᠷᠮᠠᠶᠢᠯᠭ᠎ᠠ ᠪᠠᠷ ᠳᠠᠮᠵᠢᠨ᠂ ᠭᠠᠵᠠᠷ ᠣᠷᠣᠨ ᠤ ᠦᠢᠯᠡᠳᠪᠦᠷᠢᠯᠡᠯ ᠤᠨ ᠪᠥᠬᠦ ᠦᠷᠳᠡᠭ ᠲᠠᠬᠢ ᠦᠢᠯᠡᠴᠢᠯᠡᠭᠡᠨ ᠤ | ᠦᠢᠯᠡᠰ ᠤᠨ ᠨᠡᠮᠡᠭᠳᠡᠯ ᠦᠷᠳᠡᠭ ᠤᠨ ᠡᠵᠡᠯᠡᠬᠦ ᠬᠤᠪᠢ ᠶᠢᠨ ᠵᠢᠩ ᠢ 45% ᠶᠢᠨ ᠤᠷᠴᠢᠮ ᠬᠦᠷᠦᠬᠦᠯᠬᠦ ᠪᠠᠷ | ᠴᠢᠷᠮᠠᠶᠢᠵᠤ᠂ ᠵᠢᠯ ᠤᠨ ᠨᠡᠮᠡᠭᠳᠡᠯ ᠤᠨ ᠬᠤᠷᠳᠤᠴᠠ ᠶᠢ 8% ᠠᠴᠠ ᠳᠠᠪᠠᠭᠤᠯᠤᠨ᠂ ᠦᠢᠯᠡᠴᠢᠯᠡᠭᠡᠨ ᠤ ᠦᠢᠯᠡᠰ ᠤᠨ | ᠳᠣᠲᠣᠭᠠᠳᠤ ᠪᠦᠲᠦᠴᠡ ᠶᠢ ᠤᠯᠠᠮ ᠰᠢᠯᠢᠳᠡᠭᠵᠢᠵᠦ᠂ ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ ᠦᠢᠯᠡᠰ | ᠬᠢᠭᠡᠳ ᠦᠢᠯᠡᠳᠬᠦ ᠦᠢᠯᠡᠰ ᠠᠭᠤᠰᠤᠯᠴᠠᠵᠤ ᠦᠢᠯᠡᠳᠦᠯᠴᠡᠬᠦ ᠨᠢ ᠬᠦᠨᠵᠡᠭᠡᠶᠢᠷᠡᠵᠤ᠂ ᠰᠠᠭᠤᠭᠠᠯᠢ ᠠᠷᠠᠳ ᠤᠨ ᠤᠯᠠᠨ | ᠳᠡᠰ ᠳᠠᠪᠬᠤᠷᠭ᠎ᠠ ᠪᠠ ᠤᠯᠠᠨ ᠶᠠᠩᠵᠤᠲᠤ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠬᠤ ᠠᠮᠢᠳᠤᠷᠠᠯ ᠤᠨ ᠴᠢᠨᠠᠷᠲᠠᠶ | ᠦᠢᠯᠡᠴᠢᠯᠡᠭᠡᠨ ᠤ ᠦᠢᠯᠡᠰ ᠤᠨ ᠴᠢᠳᠠᠪᠤᠷᠢ ᠶᠢ ᠳᠡᠭᠡᠭᠰᠢᠯᠡᠭᠦᠯᠦᠨ᠂ ᠨᠢᠭᠡ ᠪᠦᠯᠦᠭ ᠲᠤᠯᠭᠠᠭᠤᠷᠢ ᠠᠵᠤ ᠦᠢᠯᠡᠰ | ᠪᠤᠯᠤᠨ ᠲᠤᠮᠤ ᠠᠵᠤ ᠠᠬᠤᠶᠢᠯᠠᠯ ᠲᠤᠮᠤ ᠪᠦᠯᠦᠭᠯᠡᠯ ᠢ ᠪᠤᠶᠢᠵᠢᠭᠤᠯᠵᠤ᠂ ᠠᠵᠤ ᠠᠬᠤᠶ ᠶᠢᠨ ᠬᠡᠯᠪᠡᠷᠢ ᠪᠠᠨ | ᠬᠤᠪᠢᠷᠠᠭᠤᠯᠬᠤ ᠪᠠ ᠬᠥᠭᠵᠢᠯᠲᠡ ᠶᠢᠨ ᠠᠷᠭ᠎ᠠ ᠬᠡᠯᠪᠡᠷᠢ ᠶᠢ ᠬᠤᠪᠢᠷᠠᠭᠤᠯᠬᠤ ᠳᠠᠬᠢ ᠦᠢᠯᠡᠴᠢᠯᠡᠭᠡᠨ ᠤ ᠦᠢᠯᠡᠰ ᠤᠨ | ᠲᠤᠯᠭᠠᠭᠤᠷᠢᠯᠠᠬᠤ ᠦᠢᠯᠡᠳᠦᠯ ᠢ ᠢᠯᠡᠳᠲᠡ ᠴᠢᠩᠭᠠᠷᠠᠭᠤᠯᠬᠤ ᠪᠤᠯᠤᠨ᠎ᠠ᠃ | ᠬᠥᠲᠥᠯᠥᠭᠴᠢ᠄ | ᠡᠮᠦᠨ᠎ᠡ ᠳᠤᠷᠠᠳᠤᠭᠰᠠᠨ ᠬᠠᠷᠠᠯᠲᠠ ᠶᠢ ᠪᠡᠶᠡᠯᠡᠬᠦᠯᠬᠦ ᠶᠢᠨ ᠲᠥᠯᠥᠭᠡ᠂ ᠮᠠᠨ ᠤ ᠣᠷᠣᠨ ᠠᠯᠢ ᠠᠯᠢ ᠬᠦᠷᠢᠶ᠎ᠡ | ᠴᠠᠷᠠᠭ᠎ᠠ ᠶᠢ ᠭᠤᠣᠯᠳᠠᠯᠭ᠎ᠠ ᠲᠠᠢ ᠬᠦᠭᠵᠢᠬᠦᠯᠬᠦ ᠪᠠᠷ ᠪᠠᠶᠢᠭ᠎ᠠ ᠪᠤᠢ︖ | ᠸᠠᠩ ᠶᠢᠨ ᠪᠦᠦ᠄ | ᠮᠠᠨ ᠤ ᠣᠷᠣᠨ ᠤ ᠪᠣᠳᠠᠲᠠᠶ ᠲᠠᠢ ᠤᠶᠠᠯᠳᠤᠭᠤᠯᠤᠨ᠂ ᠪᠢᠳᠡ ᠦᠢᠯᠡᠳᠪᠦᠷᠢᠯᠡᠯ ᠤᠨ ᠴᠢᠨᠠᠷᠲᠠᠶ | ᠦᠢᠯᠡᠴᠢᠯᠡᠭᠡᠨ ᠤ ᠦᠢᠯᠡᠰ ᠢ ᠭᠤᠣᠯᠳᠠᠯᠭ᠎ᠠ ᠲᠠᠢ ᠬᠦᠭᠵᠢᠬᠦᠯᠬᠦ᠂ ᠠᠮᠢᠳᠤᠷᠠᠯ ᠤᠨ ᠴᠢᠨᠠᠷᠲᠠᠶ ᠦᠢᠯᠡᠴᠢᠯᠡᠭᠡᠨ ᠤ | ᠦᠢᠯᠡᠰ ᠢ ᠲᠦᠷᠭᠡᠳᠭᠡᠨ ᠬᠦᠭᠵᠢᠬᠦᠯᠬᠦ᠂ ᠢᠨᠲ᠋ᠧᠷ ᠰᠦᠯᠵᠢᠶᠡᠨ ᠤ ᠦᠢᠯᠡᠰ ᠢ ᠢᠳᠡᠪᠬᠢᠲᠡᠶ ᠬᠦᠭᠵᠢᠬᠦᠯᠬᠦ᠂ | ᠮᠥᠩᠭᠦᠨ ᠭᠦᠢᠯᠭᠡᠭᠡᠨ ᠤ ᠦᠢᠯᠡᠰ ᠲᠤ ᠰᠢᠨ᠎ᠡ ᠶᠢ ᠡᠭᠦᠳᠦᠨ ᠬᠥᠭᠵᠢᠭᠦᠯᠬᠦ ᠵᠡᠷᠭᠡ ᠳᠦᠷᠪᠡᠨ ᠶᠡᠭᠡ ᠬᠦᠷᠢᠶ᠎ᠡ | ᠴᠠᠷᠠᠭ᠎ᠠ ᠶᠢ ᠭᠤᠤᠯᠳᠠᠯᠭ᠎ᠠ ᠲᠠᠢ ᠬᠦᠭᠵᠢᠬᠦᠯᠬᠦ ᠪᠠᠷ ᠳᠤᠷᠠᠳᠴᠠᠢ᠃ ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ | ᠦᠢᠯᠡᠰ ᠤᠨ ᠲᠠᠯ᠎ᠠ ᠪᠠᠷ᠂ ︽ᠲᠠᠪᠤᠨ ᠶᠡᠭᠡ ᠰᠠᠭᠤᠷᠢᠨ ᠭᠠᠵᠠᠷ︾ ᠤᠨ ᠪᠥᠲᠥᠭᠡᠨ ᠪᠠᠶᠢᠭᠤᠯᠤᠯᠲᠠ ᠶᠢᠨ | ᠲᠤᠭᠤᠷᠢᠨ ᠳᠤ᠂ ᠠᠵᠤ ᠦᠢᠯᠡᠰ ᠤᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠭᠦᠯᠬᠦ ᠬᠡᠷᠡᠭᠴᠡᠭᠡ ᠱᠠᠭᠠᠷᠳᠠᠯᠭ᠎ᠠ ᠪᠠᠷ | ᠤᠳᠤᠷᠢᠳᠤᠮᠵᠢ ᠪᠣᠯᠭᠠᠨ᠂ ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ ᠦᠢᠯᠡᠰ ᠢ ᠲᠤᠰᠬᠠᠶᠢᠵᠢᠬᠤ ᠪᠠ | ᠦᠷᠳᠡᠭ ᠤᠨ ᠬᠡᠯᠬᠢᠶᠡᠨ ᠤ ᠳᠡᠭᠡᠲᠦ ᠦᠵᠦᠬᠦᠷ ᠲᠡᠰᠢ ᠦᠷᠬᠦᠯᠵᠢᠯᠡᠬᠦᠯᠬᠦ ᠶᠢ ᠠᠬᠢᠭᠤᠯᠵᠤ᠂ ᠦᠢᠯᠡᠳᠬᠦ ᠦᠢᠯᠡᠰ | ᠬᠢᠭᠡᠳ ᠦᠢᠯᠡᠴᠢᠯᠡᠭᠡᠨ ᠤ ᠦᠢᠯᠡᠰ ᠢ ᠠᠭᠤᠰᠤᠯᠴᠠᠭᠤᠯᠤᠨ ᠬᠦᠭᠵᠢᠬᠦᠯᠬᠦ ᠬᠠᠨᠳᠤᠰᠢ ᠶᠢ ᠳᠠᠭᠠᠭᠤᠯᠤᠨ᠂ ᠦᠢᠯᠡᠳᠬᠦ | ᠦᠢᠯᠡᠰ ᠢ ᠦᠢᠯᠡᠳᠪᠦᠷᠢᠯᠡᠬᠦ ᠬᠡᠯᠪᠡᠷᠢ ᠠᠴᠠ ᠦᠢᠯᠡᠳᠪᠦᠷᠢᠯᠡᠵᠤ ᠦᠢᠯᠡᠴᠢᠯᠡᠬᠦ ᠬᠡᠯᠪᠡᠷᠢ ᠲᠡᠰᠢ ᠬᠤᠪᠢᠷᠠᠭᠤᠯᠬᠤ ᠶᠢ | ᠠᠬᠢᠭᠤᠯᠵᠤ᠂ ᠤᠳᠤ ᠦᠶ᠎ᠡ ᠶᠢᠨ ᠪᠠᠷᠠᠭᠠᠨ ᠤ ᠬᠦᠢᠯᠬᠡᠬᠡ᠂ ᠰᠢᠨᠵᠢᠯᠡᠬᠦ ᠤᠬᠠᠭᠠᠨ ᠮᠡᠷᠭᠡᠵᠢᠯ ᠤᠨ ᠦᠢᠯᠡᠴᠢᠯᠡᠭᠡ᠂ | ᠮᠡᠳᠡᠭᠡ ᠵᠠᠩᠭᠢ ᠶᠢᠨ ᠮᠡᠷᠭᠡᠵᠢᠯ ᠤᠨ ᠦᠢᠯᠡᠴᠢᠯᠡᠭᠡ᠂ ᠰᠢᠯᠭᠠᠨ ᠪᠠᠶᠢᠴᠠᠭᠠᠵᠤ ᠭᠡᠷᠡᠴᠢᠯᠡᠬᠦ ᠦᠢᠯᠡᠴᠢᠯᠡᠭᠡ᠂ ᠪᠡᠯᠡ | ᠲᠤᠬᠢᠷᠠᠭᠤᠯᠵᠤ ᠳᠦᠷᠢᠶᠡᠰᠦᠯᠡᠭᠦᠯᠬᠦ᠂ ᠡᠯᠧᠺᠲᠷᠣᠨ ᠬᠤᠳᠠᠯᠳᠤᠭᠠᠨ ᠤ ᠶᠠᠪᠤᠳᠠᠯ᠂ ᠦᠢᠯᠡᠴᠢᠯᠡᠭᠡᠨ ᠤ ᠭᠠᠳᠠᠭᠰᠢ | ᠳᠠᠭᠠᠭᠠᠴᠢᠯᠠᠯᠲᠠ᠂ ᠡᠨᠧᠷᠭᠢ ᠠᠷᠪᠢᠯᠠᠵᠤ ᠣᠷᠴᠢᠨ ᠲᠤᠭᠤᠷᠢᠨ ᠢ ᠬᠠᠮᠠᠭᠠᠯᠠᠬᠤ ᠦᠢᠯᠡᠴᠢᠯᠡᠭᠡ᠂ ᠬᠤᠳᠠᠯᠳᠤᠭᠠᠨ ᠤ | ᠶᠠᠪᠤᠳᠠᠯ ᠤᠨ ᠦᠢᠯᠡᠴᠢᠯᠡᠭᠡ᠂ ᠬᠤᠳᠠᠯᠳᠤᠭᠰᠠᠨ ᠤ ᠳᠠᠷᠠᠭᠠᠬᠢ ᠦᠢᠯᠡᠴᠢᠯᠡᠭᠡ᠂ ᠬᠥᠮᠦᠨ ᠤ ᠬᠦᠴᠦᠨ ᠤ ᠡᠬᠢ | ᠪᠠᠶᠠᠯᠢᠭ ᠤᠨ ᠦᠢᠯᠡᠴᠢᠯᠡᠭᠡ᠂ ᠲᠠᠷᠢᠶᠠᠯᠠᠩ ᠮᠠᠯ ᠠᠵᠤ ᠠᠬᠤᠶ ᠶᠢᠨ ᠦᠢᠯᠡᠳᠪᠦᠷᠢᠯᠡᠯ ᠤᠨ ᠦᠢᠯᠡᠴᠢᠯᠡᠭᠡ ᠵᠡᠷᠭᠡ 12 | ᠲᠤᠮᠤ ᠦᠢᠯᠡᠰ ᠢ ᠭᠤᠣᠯᠳᠠᠯᠭ᠎ᠠ ᠲᠠᠢ ᠬᠦᠭᠵᠢᠬᠦᠯᠬᠦ ᠬᠡᠷᠡᠭᠲᠠᠢ ᠬᠡᠵᠤ ᠳᠤᠷᠠᠳᠪᠠ᠃ ᠠᠮᠢᠳᠤᠷᠠᠯ ᠤᠨ ᠴᠢᠨᠠᠷᠲᠠᠶ | ᠦᠢᠯᠡᠴᠢᠯᠡᠭᠡᠨ ᠤ ᠦᠢᠯᠡᠰ ᠤᠨ ᠲᠠᠯ᠎ᠠ ᠪᠠᠷ᠂ ᠬᠤᠳᠠ ᠪᠠᠯᠭᠠᠰᠤᠵᠢᠯᠳᠡ ᠪᠠ ᠰᠢᠨ᠎ᠡ ᠬᠥᠳᠡᠭᠡ ᠲᠣᠰᠬᠤᠨ ᠮᠠᠯᠵᠢᠬᠤ | ᠣᠷᠣᠨ ᠤ ᠪᠠᠶᠢᠭᠤᠯᠤᠯᠲᠠ ᠶᠢᠨ ᠲᠤᠭᠤᠷᠢᠨ ᠳᠤ᠂ ᠠᠷᠠᠳ ᠲᠦᠮᠡᠨ ᠤ ᠬᠡᠷᠡᠭᠯᠡᠭᠡ ᠶᠢ ᠲᠡᠰ ᠳᠡᠪᠰᠢᠬᠦᠯᠬᠦ ᠬᠡᠷᠡᠭᠴᠡᠭᠡ | ᠱᠠᠭᠠᠷᠳᠠᠯᠭ᠎ᠠ ᠶᠢ ᠬᠠᠩᠭᠠᠬᠤ ᠪᠠᠷ ᠤᠳᠤᠷᠢᠳᠤᠮᠵᠢ ᠪᠤᠯᠭᠠᠨ᠂ ᠬᠡᠷᠡᠭᠯᠡᠭᠡ ᠶᠢᠨ ᠦᠪᠡᠷᠮᠢᠴᠡ ᠰᠢᠨᠵᠢ᠂ ᠤᠯᠠᠨ | ᠶᠠᠩᠵᠤᠲᠤ ᠰᠢᠨᠵᠢ ᠶᠢ ᠡᠵᠡᠮᠰᠢᠵᠤ᠂ ᠤᠯᠠᠮᠵᠢᠯᠠᠯᠲᠤ ᠦᠢᠯᠡᠴᠢᠯᠡᠭᠡᠨ ᠤ ᠦᠢᠯᠡᠰ ᠤᠨ ᠡᠵᠡᠩᠨᠡᠯᠲᠡ ᠶᠢᠨ ᠪᠠᠶᠢᠳᠠᠯ ᠢ | ᠪᠠᠬᠢᠵᠢᠬᠦᠯᠦᠨ᠂ ᠰᠢᠨ᠎ᠡ ᠬᠡᠯᠪᠡᠷᠢ ᠶᠢᠨ ᠦᠢᠯᠡᠴᠢᠯᠡᠭᠡᠨ ᠤ ᠬᠦᠷᠢᠶ᠎ᠡ ᠴᠠᠷᠠᠭ᠎ᠠ ᠶᠢ ᠥᠷᠭᠡᠳᠬᠡᠵᠦ᠂ ᠠᠮᠢᠳᠤᠷᠠᠯ ᠤᠨ | ᠴᠢᠨᠠᠷᠲᠠᠶ ᠦᠢᠯᠡᠴᠢᠯᠡᠭᠡᠨ ᠤ ᠦᠢᠯᠡᠰ ᠤᠨ ᠳᠥᠭᠦᠮ ᠲᠦᠳᠡᠵᠢᠬᠦᠯᠬᠦ᠂ ᠨᠠᠷᠢᠯᠢᠭᠵᠢᠭᠤᠯᠬᠤ᠂ ᠴᠢᠨᠠᠷᠯᠢᠭᠵᠢᠭᠤᠯᠬᠤ | ᠬᠦᠭᠵᠢᠯᠲᠡ ᠶᠢ ᠠᠬᠢᠭᠤᠯᠤᠨ᠂ ᠵᠢᠭᠤᠯᠴᠢᠯᠠᠯ᠂ ᠠᠷᠠᠯᠵᠢᠶ᠎ᠠ ᠬᠤᠳᠠᠯᠳᠤᠭᠠᠨ ᠤ ᠬᠦᠢᠯᠭᠡᠭᠡ᠂ ᠭᠡᠷ ᠪᠠᠶᠢᠰᠢᠩ | ᠭᠠᠵᠠᠷ ᠬᠥᠷᠥᠩᠭᠡ ᠶᠢᠨ ᠦᠢᠯᠡᠰ᠂ ᠰᠣᠶᠣᠯ ᠤᠨ ᠦᠢᠯᠡᠰ᠂ ᠪᠡᠶ᠎ᠡ ᠶᠢᠨ ᠲᠠᠮᠢᠷ ᠤᠨ ᠦᠢᠯᠡᠰ᠂ ᠰᠠᠭᠤᠭᠠᠯᠢ ᠠᠷᠠᠳ | ᠪᠤᠯᠤᠨ ᠭᠡᠷ ᠪᠦᠯᠢ ᠶᠢᠨ ᠦᠢᠯᠡᠴᠢᠯᠡᠭᠡ᠂ ᠡᠷᠡᠭᠦᠯ ᠮᠡᠨᠳᠦ ᠶᠢᠨ ᠦᠢᠯᠡᠴᠢᠯᠡᠭᠡ᠂ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡ ᠵᠡᠷᠭᠡ 8 ᠶᠡᠭᠡ ᠦᠢᠯᠡᠰ ᠢ ᠭᠤᠣᠯᠳᠠᠯᠭ᠎ᠠ ᠲᠠᠢ ᠬᠦᠭᠵᠢᠬᠦᠯᠬᠦ ᠬᠡᠷᠡᠭᠲᠠᠢ ᠬᠡᠵᠤ ᠳᠤᠷᠠᠳᠪᠠ᠃ ᠢᠨᠲ᠋ᠧᠷ | ᠰᠦᠯᠵᠢᠶᠡᠨ ᠤ ᠦᠢᠯᠡᠰ ᠤᠨ ᠲᠠᠯ᠎ᠠ ᠪᠠᠷ᠂ ︽ᠢᠨᠲ᠋ᠧᠷ ᠰᠦᠯᠵᠢᠶ᠎ᠡ +︾ ᠬᠥᠭᠵᠢᠯᠲᠡ ᠶᠢᠨ ᠬᠠᠨᠳᠤᠰᠢ ᠶᠢ ᠲᠠᠭᠠᠵᠤ᠂ | ᠮᠠᠨ ᠤ ᠣᠷᠣᠨ ᠤ ᠡᠭᠦᠯᠡᠨ ᠪᠤᠳᠤᠯᠲᠠ ᠶᠢᠨ ᠳ᠋ᠠᠶᠢᠲ᠋ᠠ ᠶᠢᠨ ᠲᠥᠪ ᠤᠨ ᠤᠷᠤᠨ ᠪᠠᠶᠢᠷᠢᠰᠢᠯ ᠪᠣᠯᠤᠨ | ᠬᠡᠪᠴᠢᠶᠡᠵᠢᠯ ᠤᠨ ᠳᠠᠪᠠᠭᠤᠯᠢᠭ ᠢ ᠪᠠᠳᠠᠷᠠᠭᠤᠯᠤᠨ᠂ ᠢᠨᠲ᠋ᠧᠷ ᠰᠦᠯᠵᠢᠶ᠎ᠡ ᠬᠢᠭᠡᠳ ᠠᠵᠤ ᠠᠬᠤᠶ ᠨᠡᠶᠢᠭᠡᠮ ᠤᠨ ᠡᠯ᠎ᠡ | ᠬᠦᠷᠢᠶ᠎ᠡ ᠴᠠᠷᠠᠭ᠎ᠠ ᠲᠠᠢ ᠠᠭᠤᠰᠤᠯᠴᠠᠭᠤᠯᠬᠤ ᠥᠷᠭᠡᠴᠡ ᠪᠠ ᠭᠦᠨᠴᠡ ᠶᠢ ᠶᠡᠬᠡᠪᠡᠷ ᠥᠷᠭᠡᠳᠬᠡᠵᠦ᠂ ᠡᠭᠦᠯᠡᠨ | ᠪᠤᠳᠤᠯᠲᠠ᠂ ᠲᠤᠮᠤ ᠳ᠋ᠠᠶᠢᠲ᠋ᠠ᠂ ᠪᠤᠳᠠᠰᠯᠢᠭ ᠬᠤᠯᠪᠤᠭᠠᠲᠤ ᠰᠦᠯᠵᠢᠶᠡᠨ ᠤ ᠦᠢᠯᠡᠰ ᠢ ᠲᠦᠷᠭᠡᠳᠭᠡᠨ ᠬᠦᠭᠵᠢᠬᠦᠯᠵᠤ᠂ | ᠮᠡᠳᠡᠭᠡ ᠵᠠᠩᠭᠢ ᠶᠢᠨ ᠰᠠᠭᠤᠷᠢ ᠪᠡᠯᠡᠳᠭᠡᠮᠵᠢ ᠶᠢᠨ ᠪᠠᠶᠢᠭᠤᠯᠤᠯᠲᠠ ᠶᠢ ᠴᠢᠩᠭᠠᠳᠬᠠᠬᠤ᠂ ︽ᠢᠨᠲ᠋ᠧᠷ ᠰᠦᠯᠵᠢᠶ᠎ᠡ +︾ | ᠦᠢᠯᠡᠰ ᠢ ᠶᠡᠬᠡᠪᠡᠷ ᠬᠦᠭᠵᠢᠬᠦᠯᠬᠦ᠂ ᠡᠭᠦᠯᠡᠨ ᠪᠤᠳᠤᠯᠲᠠ ᠶᠢᠨ ᠲᠣᠮᠣ ᠳ᠋ᠠᠶᠢᠲ᠋ᠠ ᠶᠢᠨ ᠦᠶᠯᠡᠰ ᠢ ᠲᠦᠷᠭᠡᠳᠭᠡᠨ | ᠬᠦᠭᠵᠢᠬᠦᠯᠬᠦ᠂ ᠪᠤᠳᠠᠰᠯᠢᠭ ᠬᠤᠯᠪᠤᠭᠠᠲᠤ ᠰᠦᠯᠵᠢᠶᠡᠨ ᠤ ᠦᠢᠯᠡᠰ ᠢ ᠢᠳᠡᠪᠬᠢᠲᠡᠶ ᠬᠦᠭᠵᠢᠬᠦᠯᠬᠦ ᠵᠡᠷᠭᠡ ᠶᠢ | ᠪᠠᠭᠲᠠᠭᠠᠭᠰᠠᠨ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠰᠢᠨ᠎ᠡ ᠳᠠᠪᠠᠭᠤᠯᠢᠭ ᠲᠠᠯ᠎ᠠ ᠪᠤᠯᠤᠨ ᠰᠢᠨ᠎ᠡ | ᠬᠥᠳᠡᠯᠭᠡᠭᠴᠢ ᠬᠦᠴᠦᠨ ᠢ ᠴᠤᠭᠴᠠᠯᠠᠬᠤ ᠬᠡᠷᠡᠭᠲᠠᠢ ᠬᠡᠵᠤ ᠳᠤᠷᠠᠳᠪᠠ᠃ ᠮᠥᠩᠭᠦᠨ ᠭᠦᠢᠯᠭᠡᠭᠡᠨ ᠤ ᠦᠢᠯᠡᠰ ᠤᠨ | ᠲᠠᠯ᠎ᠠ ᠪᠠᠷ᠂ ᠮᠥᠩᠭᠦᠨ ᠭᠦᠢᠯᠭᠡᠭᠡᠨ ᠤ ᠦᠢᠯᠡᠰ ᠤᠨ ᠬᠡᠪᠴᠢᠶ᠎ᠡ ᠶᠢ ᠦᠷᠭᠡᠳᠭᠡᠬᠦ᠂ ᠮᠥᠩᠭᠦᠨ ᠭᠦᠢᠯᠭᠡᠭᠡᠨ ᠤ | ᠦᠢᠯᠡᠴᠢᠯᠡᠭᠡ ᠳᠤ ᠰᠢᠨ᠎ᠡ ᠶᠢ ᠡᠭᠦᠳᠬᠦ ᠶᠢ ᠴᠢᠩᠭᠠᠳᠬᠠᠬᠤ᠂ ᠮᠥᠩᠭᠦᠨ ᠭᠦᠢᠯᠭᠡᠭᠡᠨ ᠤ ᠦᠢᠯᠡᠴᠢᠯᠡᠭᠡ ᠶᠢᠨ ᠪᠣᠳᠠᠲᠤ | ᠴᠤᠭᠴᠠᠲᠤ ᠠᠵᠤ ᠠᠬᠤᠶ ᠶᠢᠨ ᠴᠢᠳᠠᠪᠤᠷᠢ ᠶᠢ ᠳᠡᠭᠡᠭᠰᠢᠯᠡᠭᠦᠯᠬᠦ ᠪᠠᠷ ᠬᠠᠷᠠᠯᠲᠠ ᠪᠤᠯᠭᠠᠨ᠂ ᠲᠦᠷᠦᠯ ᠢᠯᠭᠠᠯ ᠢᠶᠠᠷ | ᠪᠦᠷᠢᠨ ᠬᠦᠢᠴᠡᠳ᠂ ᠦᠢᠯᠡᠴᠢᠯᠡᠭᠡ ᠪᠠᠷ ᠥᠨᠳᠥᠷ ᠪᠦᠲᠦᠮᠵᠢᠲᠡᠶ᠂ ᠠᠮᠤᠷ ᠲᠦᠪᠰᠢᠨ ᠪᠦᠭᠡᠳ ᠲᠤᠭᠲᠠᠪᠤᠷᠢᠲᠠᠢ᠂ | ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠤᠯᠠᠨ ᠲᠡᠰ ᠳᠠᠪᠬᠤᠷᠭ᠎ᠠ ᠶᠢᠨ ᠬᠡᠷᠡᠭᠴᠡᠭᠡ ᠱᠠᠭᠠᠷᠳᠠᠯᠭ᠎ᠠ ᠳᠤ | ᠵᠤᠬᠢᠴᠠᠭᠰᠠᠨ ᠮᠥᠩᠭᠦᠨ ᠭᠦᠢᠯᠭᠡᠭᠡᠨ ᠤ ᠦᠢᠯᠡᠴᠢᠯᠡᠭᠡᠨ ᠤ ᠰᠢᠰᠲ᠋ᠧᠮᠵᠢ ᠶᠢ ᠬᠦᠴᠦᠯᠡᠨ ᠪᠠᠶᠢᠭᠤᠯᠬᠤ ᠬᠡᠷᠡᠭᠲᠠᠢ᠃ | ᠡᠭᠦᠨ ᠳᠤ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠰᠢᠰᠲ᠋ᠧᠮᠵᠢ ᠶᠢ ᠲᠡᠭᠦᠯᠳᠡᠷᠵᠢᠬᠦᠯᠬᠦ᠂ ᠤᠯᠠᠨ ᠳᠡᠰ | ᠳᠠᠪᠬᠤᠷᠭ᠎ᠠ ᠲᠠᠢ ᠬᠦᠷᠦᠩᠭᠡ ᠶᠢᠨ ᠵᠠᠬ᠎ᠠ ᠳᠡᠯᠭᠡᠭᠦᠷ ᠢ ᠪᠠᠶᠢᠭᠤᠯᠬᠤ᠂ ᠨᠡᠶᠢᠳᠡᠮ ᠠᠰᠢᠭ ᠬᠦᠷᠲᠡᠭᠡᠬᠦ ᠮᠥᠩᠭᠦᠨ | ᠭᠦᠢᠯᠭᠡᠭᠡᠨ ᠤ ᠦᠢᠯᠡᠴᠢᠯᠡᠭᠡᠨ ᠤ ᠰᠢᠰᠲ᠋ᠧᠮᠵᠢ ᠶᠢ ᠪᠠᠶᠢᠭᠤᠯᠬᠤ᠂ ᠮᠥᠩᠭᠦᠨ ᠭᠦᠢᠯᠭᠡᠭᠡᠨ ᠤ ᠦᠢᠯᠡᠴᠢᠯᠡᠭᠡ ᠳᠤ | ᠰᠢᠨ᠎ᠡ ᠶᠢ ᠡᠭᠦᠳᠬᠦ ᠶᠢ ᠠᠬᠢᠭᠤᠯᠬᠤ ᠵᠡᠷᠭᠡ ᠪᠠᠷ ᠭᠤᠤᠯᠳᠠᠯᠭ᠎ᠠ ᠪᠤᠯᠭᠠᠨ᠎ᠠ ᠬᠡᠵᠤ ᠳᠤᠷᠠᠳᠪᠠ᠃ | ᠬᠥᠲᠥᠯᠥᠭᠴᠢ᠄ | ᠸᠠᠩ ᠡᠷᠬᠢᠯᠡᠭᠴᠢ ᠡ᠂ ᠲᠠᠷᠠᠭᠠᠴᠢ ᠶᠢᠨ ᠠᠯᠬᠤᠮ ᠳᠤ ᠦᠢᠯᠡᠴᠢᠯᠡᠭᠡᠨ ᠤ ᠦᠢᠯᠡᠰ ᠢ ᠪᠠᠷᠢᠮᠵᠢᠶᠠᠵᠢᠭᠤᠯᠬᠤ᠂ | ᠲᠦᠷᠦᠯ ᠲᠡᠮᠲᠡᠭᠵᠢᠭᠦᠯᠬᠦ᠂ ᠪᠦᠭᠡᠭᠡᠨᠡᠷᠡᠨ ᠬᠦᠭᠵᠢᠭᠦᠯᠬᠦ ᠶᠢ ᠬᠡᠷᠬᠢᠨ ᠠᠬᠢᠭᠤᠯᠬᠤ ᠪᠠᠷ ᠪᠠᠶᠢᠭ᠎ᠠ ᠪᠤᠢ︖ | ᠸᠠᠩ ᠶᠢᠨ ᠪᠦᠦ᠄ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠶᠠᠰᠤ ᠴᠢᠨᠠᠷ ᠪᠣᠯᠤᠨ ᠬᠢᠷᠢ ᠬᠡᠮᠵᠢᠶ᠎ᠡ ᠶᠢ ᠪᠦᠬᠦ ᠲᠠᠯ᠎ᠠ ᠪᠠᠷ | ᠳᠡᠭᠡᠭᠰᠢᠯᠡᠭᠦᠯᠬᠦ ᠶᠢᠨ ᠲᠦᠯᠦᠭᠡ᠂ ᠳᠠᠷᠠᠭᠠᠴᠢ ᠶᠢᠨ ᠠᠯᠬᠤᠮ ᠳᠤ ᠪᠢᠳᠡ ᠰᠢᠨ᠎ᠡ ᠶᠢ ᠡᠭᠦᠳᠬᠦ ᠰᠢᠰᠲ᠋ᠧᠮᠵᠢ ᠶᠢᠨ | ᠪᠠᠶᠢᠭᠤᠯᠤᠯᠲᠠ᠂ ᠶᠠᠰᠤ ᠴᠢᠨᠠᠷ ᠤᠨ ᠲᠦᠷᠦᠯ ᠲᠡᠮᠳᠡᠭᠲᠦ ᠶᠢᠨ ᠪᠠᠶᠢᠭᠤᠯᠤᠯᠲᠠ᠂ ᠪᠠᠷᠢᠮᠵᠢᠶᠠᠵᠢᠭᠤᠯᠬᠤ ᠪᠠᠶᠢᠭᠤᠯᠤᠯᠲᠠ᠂ | ᠭᠤᠤᠯᠳᠠᠯᠭᠠᠲᠤ ᠠᠵᠤ ᠠᠬᠤᠶᠢᠯᠠᠯ ᠢ ᠪᠤᠶᠢᠵᠢᠭᠤᠯᠬᠤ᠂ ᠪᠦᠭᠡᠭᠡᠨᠡᠷᠡᠭᠰᠡᠨ ᠣᠷᠣᠨ ᠤ ᠪᠠᠶᠢᠭᠤᠯᠤᠯᠲᠠ᠂ | ᠭᠤᠤᠯᠳᠠᠯᠭᠠᠲᠤ ᠲᠥᠷᠥᠯ ᠵᠦᠢᠯ ᠤᠨ ᠪᠠᠶᠢᠭᠤᠯᠤᠯᠲᠠ ᠵᠡᠷᠭᠡ ᠵᠢᠷᠭᠤᠭᠠᠨ ᠶᠡᠭᠡ ᠢᠨᠵᠧᠨᠧᠷᠢᠩ ᠢ ᠭᠤᠤᠯᠳᠠᠯᠭ᠎ᠠ ᠲᠠᠢ | ᠬᠡᠷᠡᠭᠵᠢᠭᠦᠯᠦᠨ᠎ᠡ᠃ ᠰᠢᠨ᠎ᠡ ᠶᠢ ᠡᠭᠦᠳᠬᠦ ᠰᠢᠰᠲ᠋ᠧᠮᠵᠢᠲᠤ ᠢᠨᠵᠧᠨᠧᠷᠢᠩ ᠤᠨ ᠲᠠᠯ᠎ᠠ ᠪᠠᠷ᠂ ᠵᠠᠰᠠᠭ ᠤᠨ ᠣᠷᠳᠣᠨ ᠤ | ᠪᠡᠯᠡ ᠣᠷᠣᠭᠤᠯᠤᠯᠲᠠ ᠶᠢ ᠲᠣᠭᠲᠠᠭᠤᠨ ᠢᠶᠠᠷ ᠨᠡᠮᠡᠭᠳᠡᠭᠦᠯᠬᠦ ᠲᠣᠭᠲᠠᠴᠠ ᠶᠢ ᠪᠠᠶᠢᠭᠤᠯᠵᠤ᠂ ᠨᠡᠶᠢᠭᠡᠮ ᠤᠨ | ᠬᠦᠷᠦᠩᠭᠡ ᠶᠢᠨ ᠤᠷᠤᠭᠤᠯᠤᠯᠲᠠ ᠶᠢ ᠬᠥᠲᠥᠯᠥᠨ ᠵᠢᠯᠣᠭᠤᠳᠴᠤ᠂ ᠦᠢᠯᠡᠴᠢᠯᠡᠭᠡᠨ ᠤ ᠦᠢᠯᠡᠰ ᠤᠨ ᠰᠢᠨ᠎ᠡ ᠶᠢ | ᠡᠭᠦᠳᠬᠦ ᠰᠢᠰᠲ᠋ᠧᠮᠵᠢ ᠶᠢᠨ ᠪᠠᠶᠢᠭᠤᠯᠤᠯᠲᠠ ᠶᠢ ᠴᠢᠩᠭᠠᠳᠬᠠᠨ᠎ᠠ ᠭᠡᠵᠦ ᠳᠤᠷᠠᠳᠪᠠ᠃ ᠶᠠᠰᠤ ᠴᠢᠨᠠᠷ ᠤᠨ ᠲᠦᠷᠦᠯ | ᠲᠡᠮᠳᠡᠭᠲᠦ ᠶᠢᠨ ᠪᠠᠶᠢᠭᠤᠯᠤᠯᠲᠠ ᠶᠢᠨ ᠢᠨᠵᠧᠨᠧᠷᠢᠩ ᠤᠨ ᠲᠠᠯ᠎ᠠ ᠪᠠᠷ᠂ ᠦᠢᠯᠡᠴᠢᠯᠡᠭᠡᠨ ᠤ ᠦᠢᠯᠡᠰ ᠤᠨ ᠲᠦᠷᠦᠯ | ᠲᠡᠮᠳᠡᠭᠲᠦ ᠶᠢᠨ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠵᠦ᠂ ᠪᠡᠶ᠎ᠡ ᠪᠠᠨ ᠳᠠᠭᠠᠭᠠᠭᠰᠠᠨ ᠲᠦᠷᠦᠯ ᠲᠡᠮᠳᠡᠭᠲᠦ ᠶᠢ | ᠪᠤᠶᠢᠵᠢᠭᠤᠯᠬᠤ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠵᠦ᠂ ᠲᠦᠷᠦᠯ ᠲᠡᠮᠳᠡᠭᠲᠦ ᠶᠢ ᠡᠭᠦᠳᠦᠨ ᠪᠠᠶᠢᠭᠤᠯᠬᠤ᠂ | ᠲᠦᠷᠦᠯ ᠲᠡᠮᠳᠡᠭᠲᠦ ᠶᠢ ᠨᠡᠭᠡᠭᠡᠨ ᠬᠥᠭᠵᠢᠭᠦᠯᠬᠦ ᠪᠠ ᠲᠦᠷᠦᠯ ᠲᠡᠮᠳᠡᠭᠲᠦ ᠶᠢ ᠡᠵᠡᠩᠨᠡᠬᠦ ᠡᠷᠴᠢᠮ ᠢᠶᠠᠨ ᠴᠢᠩᠭᠠᠷᠠᠭᠤᠯᠵᠤ | ᠂ ᠨᠢᠭᠡ ᠪᠦᠯᠦᠭ ᠪᠡᠶ᠎ᠡ ᠪᠠᠨ ᠳᠠᠭᠠᠭᠠᠭᠰᠠᠨ ᠮᠡᠳᠡᠯᠭᠡ ᠶᠢᠨ ᠪᠦᠲᠦᠭᠡᠭᠳᠡᠬᠦᠨ ᠤ ᠦᠮᠴᠢᠯᠡᠬᠦ ᠡᠷᠬᠡ ᠪᠠ ᠭᠤᠣᠯᠯᠠᠬᠤ | ᠥᠷᠢᠰᠥᠯᠳᠦᠬᠦ ᠬᠦᠴᠦᠨ ᠲᠠᠢ ᠳᠠᠪᠠᠭᠤᠯᠢᠭ ᠲᠦᠷᠦᠯ ᠲᠡᠮᠳᠡᠭᠲᠦ ᠠᠵᠤ ᠠᠬᠤᠶᠢᠯᠠᠯ ᠢ ᠲᠡᠳᠬᠦᠨ ᠪᠤᠶᠢᠵᠢᠭᠤᠯᠵᠤ᠂ | ᠲᠦᠷᠦᠯ ᠲᠡᠮᠳᠡᠭᠲᠦ ᠶᠢᠨ ᠨᠡᠮᠡᠭᠳᠡᠯ ᠦᠷᠲᠡᠭ ᠤᠨ ᠦᠷ᠎ᠡ ᠪᠦᠲᠦᠮᠵᠢ ᠶᠢ ᠳᠡᠭᠡᠭᠰᠢᠯᠡᠭᠦᠯᠦᠨ᠎ᠡ᠃ ᠪᠠᠷᠢᠮᠵᠢᠶᠠᠵᠢᠭᠤᠯᠬᠤ | ᠪᠠᠶᠢᠭᠤᠯᠤᠯᠲᠠ ᠶᠢᠨ ᠢᠨᠵᠧᠨᠧᠷᠢᠩ ᠤᠨ ᠲᠠᠯ᠎ᠠ ᠪᠠᠷ᠂ ᠪᠠᠷᠠᠭᠠᠨ ᠤ ᠭᠦᠢᠯᠭᠡᠭᠡᠨ᠂ ᠮᠥᠩᠭᠦᠨ ᠭᠦᠢᠯᠭᠡᠭᠡ᠂ ᠮᠡᠳᠡᠭᠡ | ᠵᠠᠩᠭᠢ᠂ ᠰᠢᠨᠵᠢᠯᠡᠭᠡ ᠤᠬᠠᠭᠠᠨ ᠮᠡᠷᠭᠡᠵᠢᠯ᠂ ᠬᠤᠳᠠᠯᠳᠤᠭᠠᠨ ᠤ ᠶᠠᠪᠤᠳᠠᠯ᠂ ᠵᠢᠭᠤᠯᠴᠢᠯᠠᠯ᠂ ᠰᠣᠶᠣᠯ᠂ ᠠᠷᠠᠯᠵᠢᠶ᠎ᠠ | ᠬᠤᠳᠠᠯᠳᠤᠭ᠎ᠠ᠂ ᠰᠠᠭᠤᠭᠠᠯᠢ ᠠᠷᠠᠳ ᠤᠨ ᠦᠢᠯᠡᠴᠢᠯᠡᠭᠡ ᠵᠡᠷᠭᠡ ᠬᠦᠷᠢᠶ᠎ᠡ ᠴᠠᠷᠠᠭᠠᠨ ᠳᠠᠬᠢ ᠪᠡᠷᠢᠮᠵᠢᠶᠠᠲᠤ | ᠰᠢᠰᠲ᠋ᠧᠮᠵᠢ ᠶᠢ ᠲᠦᠷᠭᠡᠪᠴᠢᠯᠡᠨ ᠪᠠᠶᠢᠭᠤᠯᠵᠤ᠂ ᠵᠢᠭᠤᠯᠴᠢᠯᠠᠯ ᠤᠨ ᠦᠵᠡᠮᠵᠢᠲᠦ ᠣᠷᠣᠨ ᠬᠢᠭᠡᠳ ᠵᠢᠭᠤᠯᠴᠢᠯᠠᠯ ᠤᠨ | ᠭᠠᠵᠠᠷ᠂ ᠵᠢᠭᠤᠯᠴᠢᠯᠠᠯ ᠤᠨ ᠪᠡᠯᠡᠳᠬᠡᠮᠵᠢ᠂ ᠵᠢᠭᠤᠯᠴᠢᠯᠠᠯ ᠤᠨ ᠠᠮᠤᠷ ᠲᠦᠪᠰᠢᠨ᠂ ᠵᠢᠭᠤᠯᠴᠢᠯᠠᠯ ᠤᠨ | ᠦᠢᠯᠡᠴᠢᠯᠡᠭᠡᠨ ᠤ ᠶᠠᠰᠤ ᠴᠢᠨᠠᠷ᠂ ᠤᠳᠤ ᠦᠶ᠎ᠡ ᠶᠢᠨ ᠪᠠᠷᠠᠭᠠᠨ ᠤ ᠭᠦᠢᠯᠭᠡᠭᠡᠨ᠂ ᠪᠠᠷᠠᠭᠠᠨ ᠤ ᠭᠦᠢᠯᠭᠡᠭᠡᠨ ᠤ ᠮᠡᠳᠡᠭᠡ | ᠵᠠᠩᠭᠢ ᠶᠢᠨ ᠵᠠᠭᠤᠴᠢ᠂ ᠬᠤᠷᠠᠯ ᠦᠵᠡᠰᠬᠦᠯᠡᠩ ᠤᠨ ᠦᠢᠯᠡᠴᠢᠯᠡᠭᠡ᠂ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠭᠡ᠂ | ᠠᠷᠠᠯᠵᠢᠶ᠎ᠠ ᠬᠤᠳᠠᠯᠳᠤᠭᠠᠨ ᠤ ᠭᠦᠢᠯᠭᠡᠭᠡ᠂ ᠭᠡᠷ ᠤᠨ ᠠᠳᠠᠯ ᠠᠬᠤᠶ ᠶᠢᠨ ᠦᠢᠯᠡᠴᠢᠯᠡᠭᠡ᠂ ᠨᠠᠰᠤᠵᠢᠯ ᠤᠨ ᠠᠰᠠᠷᠠᠮᠵᠢ | ᠶᠢᠨ ᠦᠢᠯᠡᠴᠢᠯᠡᠭᠡ᠂ ᠬᠡᠦᠬᠡᠳ ᠰᠠᠭᠠᠲᠠᠭᠤᠯᠬᠤ ᠦᠢᠯᠡᠴᠢᠯᠡᠭᠡ᠂ ᠠᠳᠠᠯ ᠠᠬᠤᠶ ᠶᠢᠨ ᠦᠢᠯᠡᠴᠢᠯᠡᠭᠡ ᠵᠡᠷᠭᠡ | ᠭᠤᠤᠯᠳᠠᠯᠭᠠᠲᠤ ᠬᠦᠷᠢᠶ᠎ᠡ ᠴᠠᠷᠠᠭᠠᠨ ᠤ ᠲᠤᠭᠤᠷᠢᠨ ᠳᠤ᠂ ᠨᠢᠭᠡ ᠪᠦᠯᠦᠭ ᠣᠷᠣᠨ ᠨᠤᠲᠤᠭ ᠤᠨ ᠪᠠᠷᠢᠮᠵᠢᠶ᠎ᠠ ᠶᠢ | ᠰᠤᠳᠤᠯᠤᠨ ᠲᠤᠭᠲᠠᠭᠠᠨ᠎ᠠ ᠭᠡᠵᠦ ᠳᠤᠷᠠᠳᠪᠠ᠃ ᠭᠤᠣᠯᠳᠠᠯᠭ᠎ᠠ ᠲᠠᠢ ᠠᠵᠤ ᠠᠬᠤᠶᠢᠯᠠᠯ ᠢ ᠪᠤᠶᠢᠵᠢᠭᠤᠯᠬᠤ | ᠢᠨᠵᠧᠨᠧᠷᠢᠩ ᠲᠠᠯ᠎ᠠ ᠪᠠᠷ᠂ ᠤᠯᠤᠰ ᠤᠨ ᠳᠣᠲᠣᠭᠠᠳᠤ ᠭᠠᠳᠠᠭᠠᠳᠤ ᠶᠢᠨ ᠦᠢᠯᠡᠴᠢᠯᠡᠭᠡᠨ ᠤ ᠦᠢᠯᠡᠰ ᠤᠨ ᠠᠵᠤ | ᠠᠬᠤᠶᠢᠯᠠᠯ ᠢ ᠲᠠᠲᠠᠨ ᠮᠠᠨ ᠤ ᠤᠷᠤᠨ ᠳᠤ ᠶᠡᠷᠦᠩᠬᠡᠶ ᠬᠡᠯᠲᠡᠰ ᠪᠤᠶᠤ ᠬᠤᠪᠢᠶᠠᠷᠢ ᠰᠠᠯᠪᠤᠷᠢ ᠪᠠᠶᠢᠭᠤᠯᠤᠮᠵᠢ | ᠪᠠᠶᠢᠭᠤᠯᠤᠭᠤᠯᠵᠤ᠂ ᠤᠯᠤᠰ ᠤᠨ ᠦᠮᠴᠢᠯᠡᠯᠲᠤ ᠠᠵᠤ ᠠᠬᠤᠶ ᠶᠢᠨ ᠤᠳᠤᠷᠢᠳᠬᠤ ᠦᠢᠯᠡᠳᠦᠯ ᠢ ᠪᠠᠳᠠᠷᠠᠭᠤᠯᠤᠨ᠎ᠠ᠃ | ᠳᠤᠮᠳᠠ ᠵᠢᠵᠢᠭ ᠠᠵᠤ ᠠᠬᠤᠶᠢᠯᠠᠯ᠂ ᠨᠡᠶᠢᠲᠡ ᠶᠢᠨ ᠦᠮᠴᠢᠯᠡᠯᠲᠤ ᠪᠤᠰᠤ ᠠᠵᠤ ᠠᠬᠤᠶ ᠶᠢᠨ ᠬᠥᠭᠵᠢᠯᠲᠡ ᠶᠢ | ᠠᠬᠢᠭᠤᠯᠬᠤ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠳᠤᠮᠳᠠ | ᠵᠢᠵᠢᠭ ᠦᠢᠯᠡᠴᠢᠯᠡᠭᠡᠨ ᠤ ᠠᠵᠤ ᠠᠬᠤᠶᠢᠯᠠᠯ ᠤᠨ ᠡᠷᠡᠭᠦᠯ ᠢᠶᠠᠷ ᠬᠦᠭᠵᠢᠬᠦ ᠶᠢ ᠲᠡᠳᠬᠦᠨ ᠳᠡᠮᠵᠢᠨ᠎ᠡ᠃ | ᠪᠦᠭᠡᠭᠡᠨᠡᠷᠡᠭᠰᠡᠨ ᠣᠷᠣᠨ ᠤ ᠪᠠᠶᠢᠭᠤᠯᠤᠯᠲᠠ ᠶᠢᠨ ᠢᠨᠵᠧᠨᠧᠷᠢᠩ ᠤᠨ ᠲᠠᠯ᠎ᠠ ᠪᠠᠷ᠂ ᠰᠢᠨ᠎ᠡ ᠬᠡᠯᠪᠡᠷᠢ ᠶᠢᠨ ᠠᠵᠤ | ᠦᠢᠯᠡᠳᠪᠦᠷᠢᠵᠢᠯᠲᠡ᠂ ᠮᠡᠳᠡᠭᠡ ᠵᠡᠩᠬᠢᠴᠢᠯᠡᠯᠳᠠ᠂ ᠬᠤᠳᠠ ᠪᠠᠯᠭᠠᠰᠤᠵᠢᠯᠲᠠ ᠪᠠ ᠲᠠᠷᠢᠶᠠᠯᠠᠩ ᠮᠠᠯ ᠠᠵᠤ ᠠᠬᠤᠶ ᠶᠢᠨ | ᠤᠳᠤᠬᠢᠴᠢᠯᠠᠯᠲᠠ ᠶᠢᠨ ᠪᠠᠶᠢᠭᠤᠯᠤᠯᠲᠠ ᠶᠢᠨ ᠲᠤᠭᠤᠷᠢᠨ ᠳᠤ᠂ ᠡᠬᠢ ᠪᠠᠶᠠᠯᠢᠭ ᠢ ᠡᠮᠬᠢᠯᠡᠨ ᠨᠡᠶᠢᠯᠡᠭᠦᠯᠬᠦ ᠶᠢ | ᠴᠢᠩᠭᠠᠳᠬᠠᠵᠤ᠂ ᠨᠢᠭᠡ ᠪᠦᠯᠦᠭ ᠦᠢᠯᠡᠴᠢᠯᠡᠭᠡᠨ ᠤ ᠦᠢᠯᠡᠰ ᠤᠨ ᠪᠦᠭᠡᠭᠡᠨᠡᠷᠡᠭᠰᠡᠨ ᠤᠷᠤᠨ ᠢ ᠲᠦᠷᠭᠡᠨ ᠪᠠᠶᠢᠭᠤᠯᠬᠤ | ᠪᠠ ᠳᠡᠰ ᠵᠡᠷᠭᠡ ᠦᠰᠭᠡᠵᠦ᠂ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠭᠡ᠂ ᠮᠡᠳᠡᠭᠡ ᠵᠠᠩᠭᠢ ᠶᠢᠨ ᠦᠢᠯᠡᠴᠢᠯᠡᠭᠡ᠂ | ᠮᠥᠩᠭᠦᠨ ᠭᠦᠢᠯᠭᠡᠭᠡᠨ ᠤ ᠦᠢᠯᠡᠴᠢᠯᠡᠭᠡ᠂ ᠲᠤᠰᠬᠠᠶ ᠮᠡᠷᠭᠡᠵᠢᠯ ᠤᠨ ᠦᠢᠯᠡᠴᠢᠯᠡᠭᠡ᠂ ᠵᠠᠭᠤᠴᠢ ᠦᠢᠯᠡᠴᠢᠯᠡᠭᠡ ᠵᠡᠷᠭᠡ | ᠤᠯᠠᠨ ᠨᠡᠶᠢᠲᠡ ᠶᠢᠨ ᠲᠠᠪᠴᠠᠩ ᠢ ᠲᠡᠭᠦᠯᠳᠡᠷᠵᠢᠭᠦᠯᠵᠦ᠂ ᠠᠵᠤ ᠠᠬᠤᠶᠢᠯᠠᠯ ᠤᠨ ᠲᠥᠪᠯᠡᠷᠡᠬᠦ᠂ ᠠᠵᠤ ᠦᠢᠯᠡᠰ ᠤᠨ | ᠴᠤᠭᠯᠠᠷᠠᠬᠤ᠂ ᠡᠬᠢ ᠰᠤᠷᠪᠤᠯᠵᠢ ᠶᠢ ᠬᠠᠮᠲᠤ ᠪᠠᠷ ᠬᠦᠷᠲᠡᠬᠦ᠂ ᠡᠵᠡᠩᠨᠡᠯᠲᠡ ᠶᠢ ᠡᠷᠴᠢᠮᠵᠢᠭᠦᠯᠬᠦ ᠶᠢ ᠠᠬᠢᠭᠤᠯᠤᠨ᠎ᠠ | ᠭᠡᠵᠦ ᠳᠤᠷᠠᠳᠪᠠ᠃ ᠭᠤᠣᠯᠳᠠᠯᠭ᠎ᠠ ᠲᠠᠢ ᠲᠦᠷᠦᠯ ᠵᠦᠢᠯ ᠤᠨ ᠪᠠᠶᠢᠭᠤᠯᠤᠯᠲᠠ ᠶᠢᠨ ᠢᠨᠵᠧᠨᠧᠷᠢᠩ ᠤᠨ ᠲᠠᠯ᠎ᠠ ᠪᠠᠷ᠂ | ᠦᠢᠯᠡᠴᠢᠯᠡᠭᠡᠨ ᠤ ᠦᠢᠯᠡᠰ ᠤᠨ ᠴᠢᠬᠤᠯᠠ ᠶᠡᠭᠡ ᠲᠦᠷᠦᠯ ᠵᠦᠢᠯ ᠢᠶᠠᠷ ᠳᠠᠶᠢᠴᠢᠯᠠᠨ ᠳᠠᠭᠠᠭᠤᠯᠬᠤ ᠪᠠᠶᠢᠯᠳᠤᠬᠤ | ᠪᠤᠳᠤᠯᠭ᠎ᠠ ᠶᠢ ᠬᠡᠷᠡᠭᠵᠢᠭᠦᠯᠵᠦ᠂ ᠰᠢᠨ᠎ᠡ ᠬᠦᠷᠢᠶ᠎ᠡ ᠴᠠᠷᠠᠭ᠎ᠠ᠂ ᠰᠢᠨ᠎ᠡ ᠡᠵᠡᠩᠨᠡᠯᠲᠡ ᠶᠢᠨ ᠪᠠᠶᠢᠳᠠᠯ᠂ ᠰᠢᠨ᠎ᠡ ᠬᠡᠪ | ᠵᠠᠭᠪᠤᠷ ᠢ ᠪᠤᠳᠤᠯᠬᠢᠯᠠᠨ᠂ ᠲᠦᠷᠦᠯ ᠵᠦᠢᠯ ᠢᠶᠠᠷ ᠠᠵᠤ ᠦᠢᠯᠡᠰ ᠢ ᠦᠷᠭᠡᠳᠬᠡᠬᠦ᠂ ᠲᠦᠷᠦᠯ ᠵᠦᠢᠯ ᠢᠶᠠᠷ ᠠᠵᠤ | ᠦᠢᠯᠡᠰ ᠢ ᠳᠡᠭᠡᠭᠰᠢᠯᠡᠭᠦᠯᠬᠦ᠂ ᠲᠥᠷᠥᠯ ᠵᠦᠢᠯ ᠢᠶᠠᠷ ᠠᠵᠤ ᠦᠢᠯᠡᠰ ᠢ ᠪᠦᠭᠡᠭᠡᠨᠡᠷᠡᠭᠦᠯᠵᠦ᠂ ᠰᠢᠨ᠎ᠡ ᠨᠡᠮᠡᠭᠳᠡᠯ ᠴᠡᠭ ᠢ | ᠲᠦᠷᠭᠡᠨ ᠪᠣᠢ ᠪᠤᠯᠭᠠᠨ᠂ ᠦᠢᠯᠡᠴᠢᠯᠡᠭᠡᠨ ᠤ ᠦᠢᠯᠡᠰ ᠢ ᠬᠡᠪᠴᠢᠶᠡᠵᠢᠭᠦᠯᠬᠦ᠂ ᠲᠦᠷᠦᠯ ᠲᠡᠮᠳᠡᠭᠴᠢᠯᠡᠭᠦᠯᠬᠦ᠂ | ᠦᠵᠦᠭᠦᠷᠯᠡᠬᠦ ᠬᠦᠭᠵᠢᠯᠲᠡ ᠶᠢ ᠳᠠᠶᠢᠴᠢᠯᠠᠨ ᠳᠠᠭᠠᠭᠤᠯᠤᠨ᠎ᠠ ᠭᠡᠵᠦ ᠳᠤᠷᠠᠳᠪᠠ᠃ ᠴᠢᠳᠠᠪᠤᠷᠢᠲᠠᠨ ᠤ ᠪᠠᠲᠤᠯᠠᠭ᠎ᠠ ᠶᠢᠨ | ᠢᠨᠵᠧᠨᠧᠷᠢᠩ ᠤᠨ ᠲᠠᠯ᠎ᠠ ᠪᠠᠷ᠂ ᠴᠢᠳᠠᠪᠤᠷᠢᠲᠠᠨ ᠢ ᠬᠥᠮᠦᠵᠢᠭᠦᠯᠬᠦ ᠡᠷᠴᠢᠮ ᠢᠶᠠᠨ ᠴᠢᠩᠭᠠᠷᠠᠭᠤᠯᠵᠤ᠂ ᠠᠮᠢᠳᠤᠷᠠᠯ ᠤᠨ | ᠴᠢᠨᠠᠷᠲᠠᠶ ᠦᠢᠯᠡᠴᠢᠯᠡᠭᠡᠨ ᠤ ᠦᠢᠯᠡᠰ ᠤᠨ ᠲᠤᠰᠬᠠᠶᠢᠵᠢᠭᠰᠠᠨ ᠴᠢᠳᠠᠪᠤᠷᠢᠲᠠᠨ ᠤ ᠬᠡᠪᠴᠢᠶ᠎ᠡ ᠶᠢ ᠥᠷᠭᠡᠳᠬᠡᠨ᠂ | ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ ᠦᠢᠯᠡᠰ ᠤᠨ ᠳᠡᠭᠡᠳᠦ ᠮᠡᠷᠭᠡᠰᠢᠯ ᠤᠨ ᠴᠢᠳᠠᠪᠤᠷᠢᠲᠠᠨ ᠪᠣᠯᠤᠨ | ᠲᠤᠰᠬᠠᠶ ᠮᠡᠷᠭᠡᠵᠢᠯ ᠤᠨ ᠴᠢᠳᠠᠪᠤᠷᠢᠲᠠᠨ ᠤ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠵᠤ᠂ ᠲᠤᠰᠬᠠᠶᠢᠵᠢᠭᠤᠯᠵᠤ | ᠡᠵᠡᠩᠨᠡᠨ ᠬᠠᠮᠢᠶᠠᠷᠬᠤ ᠪᠦᠯᠬᠦᠮ ᠨᠢᠭᠡᠴᠡ ᠶᠢ ᠪᠤᠶᠢᠵᠢᠭᠤᠯᠤᠨ᠎ᠠ᠃ ᠴᠢᠳᠠᠪᠤᠷᠢᠲᠠᠨ ᠢ ᠪᠣᠯᠪᠠᠰᠤᠷᠠᠭᠤᠯᠬᠤ ᠲᠤᠰᠬᠠᠶ | ᠵᠦᠢᠯ ᠤᠨ ᠪᠡᠯᠡ ᠮᠥᠩᠭᠦ ᠶᠢ ᠪᠠᠶᠢᠭᠤᠯᠵᠤ᠂ ᠦᠢᠯᠡᠴᠢᠯᠡᠭᠡᠨ ᠤ ᠦᠢᠯᠡᠰ ᠤᠨ ᠴᠢᠳᠠᠪᠤᠷᠢᠲᠠᠨ ᠤ ᠤᠯᠠᠨ ᠨᠡᠶᠢᠲᠡ ᠶᠢᠨ | ᠦᠢᠯᠡᠳᠦᠯᠭᠡ ᠪᠠᠷ ᠪᠣᠯᠪᠠᠰᠤᠷᠠᠭᠤᠯᠬᠤ ᠰᠠᠭᠤᠷᠢᠨ ᠵᠡᠷᠭᠡ ᠶᠢ ᠪᠠᠶᠢᠭᠤᠯᠬᠤ ᠵᠡᠷᠭᠡ ᠶᠢ ᠳᠡᠮᠵᠢᠨ᠎ᠡ ᠭᠡᠵᠦ ᠳᠤᠷᠠᠳᠴᠠᠢ᠃ | ᠬᠥᠲᠥᠯᠥᠭᠴᠢ᠄ | ᠸᠠᠩ ᠡᠷᠬᠢᠯᠡᠭᠴᠢ ᠡ᠂ ᠤᠯᠤᠰ ᠤᠨ ᠳᠣᠲᠣᠭᠠᠳᠤ ᠭᠠᠳᠠᠭᠠᠳᠤ᠂ ᠣᠷᠣᠨ ᠤ ᠳᠣᠲᠣᠷ᠎ᠠ ᠭᠠᠳᠠᠨᠠᠬᠢ ᠡᠯ᠎ᠡ | ᠲᠠᠯ᠎ᠠ ᠶᠢᠨ ᠡᠬᠢ ᠪᠠᠶᠠᠯᠢᠭ ᠪᠠ ᠵᠠᠬ᠎ᠠ ᠳᠡᠯᠭᠡᠭᠦᠷ ᠢ ᠬᠡᠷᠬᠢᠨ ᠨᠡᠩ ᠰᠠᠶᠢᠨ ᠢᠶᠠᠷ ᠠᠰᠢᠭᠯᠠᠵᠤ᠂ ᠨᠡᠩ ᠲᠤᠮᠤ ᠬᠡᠪᠴᠢᠶ᠎ᠡ᠂ | ᠨᠡᠩ ᠥᠨᠳᠥᠷ ᠬᠦᠷᠢᠶ᠎ᠡ ᠴᠠᠷᠠᠭ᠎ᠠ᠂ ᠨᠡᠩ ᠥᠨᠳᠥᠷ ᠲᠡᠰ ᠳᠠᠪᠬᠤᠷᠭᠠᠨ ᠳᠤ ᠦᠢᠯᠡᠴᠢᠯᠡᠭᠡᠨ ᠤ ᠦᠢᠯᠡᠰ ᠤᠨ | ᠳᠡᠯᠡᠬᠡᠶ ᠶᠢᠨ ᠪᠠ ᠤᠯᠤᠰ ᠤᠨ ᠳᠣᠲᠣᠭᠠᠳᠤ ᠶᠢᠨ ᠬᠠᠮᠲᠤᠷᠠᠯᠴᠠᠭ᠎ᠠ ᠪᠣᠯᠤᠨ ᠥᠷᠢᠰᠥᠯᠳᠦᠭᠡᠨ ᠳᠤ ᠣᠷᠣᠯᠴᠠᠬᠤ ᠪᠤᠢ︖ | | ᠸᠠᠩ ᠶᠢᠨ ᠪᠦᠦ᠄ | ᠪᠢᠳᠡ ᠦᠢᠯᠡᠴᠢᠯᠡᠭᠡᠨ ᠤ ᠦᠢᠯᠡᠰ ᠢ ᠴᠢᠯᠦᠭᠡᠲᠡᠢ ᠪᠤᠯᠭᠠᠬᠤ ᠬᠢᠷᠢ ᠬᠡᠮᠵᠢᠶ᠎ᠡ ᠶᠢ ᠳᠡᠭᠡᠭᠰᠢᠯᠡᠭᠦᠯᠵᠦ᠂ ᠣᠷᠣᠨ | ᠪᠠᠶᠢᠷᠢᠰᠢᠯ ᠤᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠤᠨ᠂ ᠰᠠᠨᠠᠭᠠᠴᠢᠯᠠᠭ᠎ᠠ ᠠᠴᠠ ᠪᠠᠨ ᠨᠡᠭᠡᠭᠡᠯᠲᠡᠲᠦ | ᠬᠥᠭᠵᠢᠯᠲᠡ ᠶᠢᠨ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠦᠨ᠎ᠡ᠃ ᠬᠠᠮᠤᠭ ᠤᠨ ᠲᠡᠷᠢᠭᠦᠨ ᠳᠤ᠂ ᠭᠠᠳᠠᠭᠠᠳᠤ ᠲᠠᠢ | ᠴᠢᠯᠥᠭᠡᠲᠡᠶ ᠶᠠᠪᠤᠯᠴᠠᠬᠤ ᠶᠢ ᠦᠷᠭᠡᠳᠬᠡᠵᠦ᠂ ︽ᠨᠢᠭᠡ ᠪᠦᠰᠡ ᠨᠢᠭᠡ ᠵᠠᠮ︾ ᠤᠨ ᠬᠥᠭᠵᠢᠯᠲᠡ ᠶᠢᠨ ᠪᠠᠶᠢᠯᠳᠤᠬᠤ | ᠪᠣᠳᠣᠯᠭ᠎ᠠ ᠲᠠᠢ ᠭᠦᠨᠵᠡᠭᠡᠶ ᠠᠭᠤᠰᠤᠯᠴᠠᠭᠤᠯᠤᠨ᠂ ᠦᠢᠯᠡᠴᠢᠯᠡᠭᠡᠨ ᠤ ᠦᠢᠯᠡᠰ ᠤᠨ ᠨᠡᠭᠡᠭᠡᠯᠲᠡᠲᠤ ᠲᠠᠪᠴᠠᠩ ᠤᠨ | ᠠᠴᠢᠶᠠᠯᠠᠭᠴᠢ ᠶᠢᠨ ᠪᠠᠶᠢᠭᠤᠯᠤᠯᠲᠠ ᠶᠢ ᠲᠦᠷᠭᠡᠳᠬᠡᠨ᠎ᠡ᠃ ᠤᠯᠤᠰ ᠤᠨ ᠨᠡᠭᠡᠭᠡᠨ ᠬᠥᠭᠵᠢᠭᠦᠯᠵᠦ ᠴᠢᠯᠦᠭᠡᠲᠡᠢ | ᠶᠠᠪᠤᠯᠴᠠᠭᠤᠯᠬᠤ ᠭᠤᠤᠯᠳᠠᠯᠭᠠᠲᠤ ᠲᠤᠷᠰᠢᠯᠲᠠ ᠶᠢᠨ ᠣᠷᠣᠨ ᠪᠤᠯᠬᠤ ᠮᠠᠨᠵᠤᠤᠷ᠂ ᠡᠷᠢᠶᠡᠨ ᠬᠤᠲᠠ ᠪᠣᠯᠤᠨ ᠬᠥᠯᠥᠨ | ᠪᠤᠶᠢᠷ ᠲᠠᠬᠢ ᠳᠤᠮᠳᠠᠳᠤ ᠣᠷᠣᠰ ᠮᠣᠩᠭᠤᠯ ᠤᠨ ᠬᠠᠮᠲᠤᠷᠠᠯᠴᠠᠭ᠎ᠠ ᠶᠢᠨ ᠬᠤᠰᠢᠭᠤᠴᠢ ᠣᠷᠣᠨ ᠤ ᠪᠠᠶᠢᠭᠤᠯᠤᠯᠲᠠ ᠶᠢ | ᠠᠬᠢᠭᠤᠯᠵᠤ᠂ ᠡᠷᠢᠶᠡᠨ ᠬᠤᠲᠠ — ᠵᠠᠮ ᠤᠨ ᠡᠭᠦᠳᠡ ᠶᠢᠨ ᠬᠢᠯᠢ ᠰᠤᠨᠳᠠᠯᠠᠭᠰᠠᠨ ᠠᠵᠤ ᠠᠬᠤᠶ ᠶᠢᠨ | ᠬᠠᠮᠲᠤᠷᠠᠯᠴᠠᠭᠠᠨ ᠤ ᠲᠤᠭᠤᠷᠢᠭ ᠤᠨ ᠪᠠᠶᠢᠭᠤᠯᠤᠯᠲᠠ ᠶᠢ ᠠᠬᠢᠭᠤᠯᠤᠨ᠂ ᠮᠠᠨᠵᠤᠤᠷ ᠲᠠᠬᠢ ᠳᠤᠮᠳᠠᠳᠤ ᠣᠷᠣᠰ | ᠮᠣᠩᠭᠤᠯ ᠤᠨ ᠬᠢᠯᠢ ᠰᠤᠨᠳᠠᠯᠠᠭᠰᠠᠨ ᠠᠵᠤ ᠠᠬᠤᠶ ᠶᠢᠨ ᠬᠠᠮᠲᠤᠷᠠᠯᠴᠠᠭᠠᠨ ᠤ ᠲᠤᠭᠤᠷᠢᠭ ᠢ ᠭᠤᠤᠯᠴᠢᠯᠠᠨ ᠮᠡᠳᠡᠭᠦᠯᠵᠦ | ᠪᠠᠶᠢᠭᠤᠯᠬᠤ ᠠᠬᠢᠴᠠ ᠶᠢ ᠲᠦᠷᠭᠡᠳᠬᠡᠨ᠎ᠡ᠃ ᠳᠤᠮᠳᠠᠳᠤ ᠮᠣᠩᠭᠤᠯ ᠤᠨ ᠦᠵᠡᠭᠦᠯᠦᠯᠭᠡ ᠶᠢᠨ ᠴᠤᠭᠯᠠᠭᠠᠨ᠂ ᠳᠤᠮᠳᠠᠳᠤ | ᠮᠣᠩᠭᠤᠯ ᠤᠷᠤᠰ ᠤᠨ ᠠᠵᠤ ᠠᠬᠤᠶ ᠠᠷᠠᠯᠵᠢᠶᠠᠨ ᠤ ᠬᠠᠮᠲᠤᠷᠠᠯᠴᠠᠭᠠᠨ ᠤ ᠵᠦᠪᠳᠡᠯᠴᠡᠬᠦ ᠬᠤᠷᠠᠯ᠂ ᠳᠤᠮᠳᠠᠳᠤ ᠤᠯᠤᠰ | ︵ᠮᠠᠨᠵᠤᠤᠷ︶ ᠤᠨ ᠤᠮᠠᠷᠠᠲᠤ ᠶᠢᠨ ᠣᠯᠠᠨ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠴᠤᠭᠯᠠᠭᠠᠨ ᠢ | ᠰᠠᠶᠢᠲᠤᠷ ᠡᠷᠬᠢᠯᠡᠨ᠎ᠡ᠃ ᠭᠠᠳᠠᠭᠠᠳᠤ ᠪᠡᠯᠡ ᠮᠥᠩᠭᠦ ᠶᠢ ᠠᠰᠢᠭᠯᠠᠬᠤ ᠦᠢᠯᠡᠴᠢᠯᠡᠭᠡᠨ ᠤ ᠦᠢᠯᠡᠰ ᠤᠨ ᠬᠦᠷᠢᠶ᠎ᠡ | ᠴᠠᠷᠠᠭ᠎ᠠ ᠶᠢ ᠦᠷᠭᠡᠳᠬᠡᠵᠦ᠂ ᠭᠠᠳᠠᠭᠠᠳᠤ ᠶᠢᠨ ᠬᠤᠳᠠᠯᠳᠤᠭᠠᠴᠢᠳ ᠤᠨ ᠪᠡᠯᠡ ᠤᠷᠤᠭᠤᠯᠤᠯᠲᠠ ᠶᠢ ᠬᠥᠲᠥᠯᠥᠨ | ᠵᠢᠯᠣᠭᠤᠳᠴᠤ ᠪᠠᠶᠢᠭᠠᠳ ᠦᠢᠯᠡᠳᠪᠦᠷᠢᠯᠡᠯ ᠤᠨ ᠴᠢᠨᠠᠷᠲᠠᠶ ᠦᠢᠯᠡᠴᠢᠯᠡᠭᠡᠨ ᠤ ᠦᠢᠯᠡᠰ ᠢ ᠬᠦᠭᠵᠢᠭᠦᠯᠵᠦ᠂ | ᠭᠠᠳᠠᠭᠠᠳᠤ ᠶᠢᠨ ᠬᠤᠳᠠᠯᠳᠤᠭᠠᠴᠢᠳ ᠤᠨ ᠪᠡᠯᠡ ᠤᠷᠤᠭᠤᠯᠤᠯᠲᠠ ᠶᠢ ᠲᠠᠲᠠᠵᠤ ᠪᠠᠶᠢᠭᠠᠳ ᠭᠡᠷ ᠪᠦᠯᠢ ᠶᠢᠨ | ᠦᠢᠯᠡᠴᠢᠯᠡᠭᠡᠨ ᠤ ᠦᠢᠯᠡᠰ ᠢ ᠬᠦᠭᠵᠢᠭᠦᠯᠵᠦ᠂ ᠭᠠᠳᠠᠭᠠᠳᠤ ᠶᠢᠨ ᠬᠤᠳᠠᠯᠳᠤᠭᠠᠴᠢᠳ ᠢ ᠵᠤᠷᠢᠭᠵᠢᠭᠤᠯᠵᠤ ᠪᠠᠶᠢᠭᠠᠳ | ᠠᠵᠢᠯ ᠮᠡᠷᠭᠡᠵᠢᠯ ᠤᠨ ᠴᠢᠳᠠᠪᠤᠷᠢ ᠶᠢᠨ ᠪᠤᠯᠪᠠᠰᠤᠷᠠᠭᠤᠯᠤᠯ ᠳᠤ ᠪᠡᠯᠡ ᠤᠷᠤᠭᠤᠯᠤᠨ᠎ᠠ᠃ ᠦᠢᠯᠡᠴᠢᠯᠡᠭᠡᠨ ᠤ | ᠦᠢᠯᠡᠰ ᠤᠨ ᠭᠠᠳᠠᠭᠠᠳᠤ ᠪᠡᠯᠡ ᠶᠢ ᠠᠰᠢᠭᠯᠠᠬᠤ ᠠᠷᠭ᠎ᠠ ᠬᠡᠯᠪᠡᠷᠢ ᠳᠤ ᠰᠢᠨ᠎ᠡ ᠶᠢ ᠡᠭᠦᠳᠴᠦ᠂ ᠭᠠᠳᠠᠭᠠᠳᠤ ᠶᠢᠨ | ᠳᠡᠭᠡᠳᠦ ᠳᠡᠰ ᠤᠨ ᠴᠢᠳᠠᠪᠤᠷᠢᠲᠠᠨ ᠢ ᠤᠷᠤᠭᠤᠯᠤᠨ᠂ ᠭᠠᠳᠠᠭᠠᠳᠤ ᠶᠢᠨ ᠬᠠᠷᠭᠠᠯᠵᠠᠲᠤ ᠵᠢᠭᠡᠯᠡᠯᠭᠡ ᠪᠠ ᠤᠯᠠᠨ | ᠤᠯᠤᠰ ᠤᠨ ᠬᠤᠳᠠᠯᠳᠤᠭᠠᠨ ᠤ ᠵᠢᠭᠡᠯᠡᠯᠭᠡ ᠶᠢ ᠪᠦᠲᠦᠮᠵᠢᠲᠡᠶ ᠪᠠᠷ ᠠᠰᠢᠭᠯᠠᠨ ᠦᠢᠯᠡᠴᠢᠯᠡᠭᠡᠨ ᠤ ᠦᠢᠯᠡᠰ ᠤᠨ | ᠬᠥᠭᠵᠢᠯᠲᠡ ᠶᠢ ᠠᠬᠢᠭᠤᠯᠤᠨ᠎ᠠ᠃ ᠭᠠᠳᠠᠭᠠᠳᠤ ᠶᠢᠨ ᠬᠤᠳᠠᠯᠳᠤᠭᠠᠴᠢᠳ ᠤᠨ ᠪᠡᠯᠡ ᠤᠷᠤᠭᠤᠯᠤᠯᠲᠠ ᠶᠢ | ᠵᠤᠷᠢᠭᠵᠢᠭᠤᠯᠵᠤ ᠪᠠᠶᠢᠭᠠᠳ ᠠᠳᠠᠯ ᠦᠢᠯᠡᠰ ᠴᠣᠭᠴᠠᠯᠠᠬᠤ ᠪᠡᠯᠡ ᠣᠷᠣᠭᠤᠯᠤᠯᠲᠠ ᠶᠢᠨ ᠠᠵᠤ ᠠᠬᠤᠶᠢᠯᠠᠯ | ᠪᠠᠶᠢᠭᠤᠯᠤᠭᠤᠯᠵᠤ᠂ ᠠᠳᠠᠯ ᠦᠢᠯᠡᠰ ᠴᠤᠭᠴᠠᠯᠠᠬᠤ ᠳᠤ ᠪᠡᠯᠡ ᠤᠷᠤᠭᠤᠯᠬᠤ ᠲᠤᠭᠲᠠᠭᠠᠯ ᠢ ᠪᠦᠷᠢᠨᠰᠢᠭᠦᠯᠵᠦ᠂ | ᠭᠠᠳᠠᠭᠠᠳᠤ ᠶᠢᠨ ᠬᠤᠳᠠᠯᠳᠤᠭᠠᠴᠢᠳ ᠤᠨ ᠪᠡᠯᠡ ᠤᠷᠤᠭᠤᠯᠤᠯᠲᠠ ᠶᠢ ᠵᠣᠬᠢᠰᠲᠠᠶ ᠪᠠᠷ ᠬᠥᠲᠥᠯᠥᠨ ᠵᠢᠯᠣᠭᠤᠳᠴᠤ | ᠪᠠᠶᠢᠭᠠᠳ ᠪᠡᠯᠡ ᠲᠤᠬᠢᠷᠠᠭᠤᠯᠭ᠎ᠠ ᠳᠠᠭᠠᠭᠠᠯᠲᠠ ᠵᠡᠷᠭᠡ ᠮᠥᠩᠭᠦᠨ ᠭᠦᠢᠯᠭᠡᠭᠡᠨ ᠤ ᠦᠢᠯᠡᠴᠢᠯᠡᠭᠡ ᠳᠤ ᠬᠤᠯᠪᠤᠭᠳᠠᠬᠤ | ᠠᠵᠤ ᠦᠢᠯᠡᠰ ᠢ ᠬᠦᠭᠵᠢᠭᠦᠯᠦᠨ᠎ᠡ᠃ ︽ᠭᠠᠳᠠᠭᠰᠢ ᠭᠠᠷᠬᠤ︾ ᠪᠠ ︽ᠰᠢᠯᠢᠳᠡᠭ ᠢ ᠣᠷᠣᠭᠤᠯᠵᠤ ᠰᠢᠯᠢᠳᠡᠭ ᠢ | ᠭᠠᠷᠭᠠᠬᠤ︾ ᠪᠠᠶᠢᠯᠳᠤᠬᠤ ᠪᠤᠳᠤᠯᠭ᠎ᠠ ᠶᠢ ᠯᠠᠪᠳᠠᠭᠤᠨ ᠢᠶᠠᠷ ᠬᠡᠷᠡᠭᠵᠢᠭᠦᠯᠵᠦ᠂ ᠵᠠᠬ᠎ᠠ ᠳᠡᠯᠭᠡᠭᠦᠷ ᠢᠶᠠᠷ ᠤᠳᠤᠷᠢᠳᠤᠮᠵᠢ | ᠪᠣᠯᠭᠠᠬᠤ ᠪᠠ ᠠᠵᠤ ᠠᠬᠤᠶᠢᠯᠠᠯ ᠡᠵᠡᠨ ᠮᠡᠳᠡᠵᠦ ᠰᠢᠢᠳᠪᠦᠷᠢᠲᠦ ᠪᠤᠳᠤᠯᠭ᠎ᠠ ᠲᠤᠭᠲᠠᠭᠠᠬᠤ ᠵᠠᠷᠴᠢᠮ ᠶᠣᠰᠣᠭᠠᠷ᠂ ᠡᠯ᠎ᠡ | ᠲᠦᠷᠦᠯ ᠤᠨ ᠦᠮᠴᠢᠯᠡᠯᠲᠤ ᠦᠢᠯᠡᠴᠢᠯᠡᠭᠡᠨ ᠤ ᠦᠢᠯᠡᠰ ᠤᠨ ᠠᠵᠤ ᠠᠬᠤᠶᠢᠯᠠᠯ ᠢ ᠬᠦᠲᠦᠯᠦᠨ | ᠵᠢᠯᠤᠭᠤᠳᠴᠦ ᠬᠢᠯᠢ ᠶᠢᠨ ᠭᠠᠳᠠᠨ᠎ᠠ ᠪᠡᠯᠡ ᠤᠷᠤᠭᠤᠯᠬᠤ ᠶᠢ ᠡᠮᠬᠢ ᠵᠢᠷᠤᠮ ᠲᠠᠢ ᠪᠠᠷ ᠦᠷᠨᠢᠭᠦᠯᠵᠦ᠂ | ᠭᠤᠣᠯᠳᠠᠯᠭ᠎ᠠ ᠲᠠᠢ ᠠᠵᠢᠯ ᠲᠥᠷᠥᠯ ᠤᠨ ᠦᠢᠯᠡᠴᠢᠯᠡᠭᠡ ᠶᠢᠨ ᠭᠠᠳᠠᠭᠠᠳᠤ ᠭᠠᠷᠭᠠᠯᠲᠠ ᠶᠢ ᠦᠷᠭᠡᠳᠬᠡᠨ᠎ᠡ᠃ | ᠳᠠᠷᠠᠭᠠᠯᠠᠪᠠᠯ᠂ ᠤᠯᠤᠰ ᠤᠨ ᠳᠣᠲᠣᠭᠠᠳᠤ ᠶᠢᠨ ᠣᠷᠣᠨ ᠪᠦᠰᠡ ᠶᠢᠨ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠵᠦ᠂ | ᠪᠡᠭᠡᠵᠢᠩ ᠲᠢᠶᠠᠨᠵᠢᠨ ᠾᠧᠪᠸᠢ ᠶᠢᠨ ᠬᠠᠮᠵᠢᠯᠴᠠᠨ ᠬᠦᠭᠵᠢᠬᠦ ᠪᠠᠶᠢᠯᠳᠤᠬᠤ ᠪᠤᠳᠤᠯᠭ᠎ᠠ ᠳᠤ ᠢᠳᠡᠪᠬᠢᠲᠡᠶ | ᠠᠭᠤᠰᠤᠯᠴᠠᠵᠤ᠂ ᠠᠷᠠᠯᠵᠢᠶ᠎ᠠ ᠬᠤᠳᠠᠯᠳᠤᠭ᠎ᠠ᠂ ᠪᠠᠷᠠᠭᠠᠨ ᠤ ᠭᠦᠢᠯᠭᠡᠭᠡ᠂ ᠡᠭᠦᠯᠡᠨ ᠪᠤᠳᠤᠯᠳᠠ ᠶᠢᠨ ᠦᠢᠯᠡᠴᠢᠯᠡᠭᠡ᠂ | ᠰᠢᠨᠵᠢᠯᠡᠭᠡ ᠤᠬᠠᠭᠠᠨ ᠮᠡᠷᠭᠡᠵᠢᠯ᠂ ᠰᠣᠶᠣᠯ ᠵᠡᠷᠭᠡ ᠠᠵᠤ ᠦᠢᠯᠡᠰ ᠤᠨ ᠰᠢᠯᠵᠢᠬᠦ ᠲᠠᠨᠢ ᠰᠠᠨᠠᠭᠠᠴᠢᠯᠠᠭ᠎ᠠ ᠠᠴᠠ ᠪᠠᠨ | ᠵᠤᠯᠭᠠᠭᠤᠯᠵᠤ᠂ ᠡᠯ᠎ᠡ ᠲᠦᠷᠦᠯ ᠤᠨ ᠠᠵᠤ ᠠᠬᠤᠶᠢᠯᠠᠯ ᠢ ᠢᠳᠡᠪᠬᠢᠲᠡᠢ ᠪᠠᠷ ᠲᠠᠲᠠᠵᠤ ᠪᠠᠶᠢᠭᠠᠳ ᠮᠠᠨ ᠤ ᠣᠷᠣᠨ ᠳᠤ | ᠭᠠᠵᠠᠷ ᠣᠷᠣᠨ ᠳᠤ ᠶᠡᠷᠦᠩᠬᠡᠶ ᠬᠡᠯᠲᠡᠰ᠂ ᠰᠤᠳᠤᠯᠤᠨ ᠬᠦᠭᠵᠢᠭᠦᠯᠬᠦ ᠭᠠᠵᠠᠷ ᠪᠠ ᠪᠣᠷᠣᠯᠠᠭᠤᠯᠬᠤ ᠭᠠᠵᠠᠷ | ᠪᠠᠶᠢᠭᠤᠯᠤᠨ᠎ᠠ᠃ ᠲᠢᠶᠠᠨᠵᠢᠨ ᠤ ᠴᠢᠯᠥᠭᠡᠲᠦ ᠠᠷᠠᠯᠵᠢᠶᠠᠨ ᠤ ᠣᠷᠣᠨ ᠯᠤᠭ᠎ᠠ ᠶᠢᠨ ᠬᠠᠮᠲᠤᠷᠠᠯᠴᠠᠭ᠎ᠠ ᠪᠠᠨ | ᠴᠢᠩᠭᠠᠳᠬᠠᠵᠤ᠂ ᠮᠠᠨ ᠤ ᠣᠷᠣᠨ ᠤ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠤᠨᠴᠤᠭᠤᠢ ᠣᠷᠣᠨ ᠪᠣᠯᠤᠨ | ᠭᠠᠶᠢᠯᠢ ᠪᠠᠲᠤᠯᠠᠬᠤ ᠬᠢᠨᠠᠯᠲᠠ ᠬᠠᠮᠢᠶᠠᠷᠤᠯᠲᠠ ᠶᠢᠨ ᠲᠠᠯᠠᠪᠤᠷ ᠭᠠᠵᠠᠷ ᠪᠠᠶᠢᠭᠤᠯᠬᠤ ᠶᠢ ᠠᠬᠢᠭᠤᠯᠤᠨ᠎ᠠ᠃ ᠤᠶᠢᠷᠠᠯᠴᠠᠬᠢ | ᠮᠤᠵᠢ ᠣᠷᠣᠨ ᠲᠠᠢ ᠬᠠᠮᠲᠤᠷᠠᠯᠴᠠᠬᠤ ᠪᠠᠨ ᠴᠢᠩᠭᠠᠳᠬᠠᠵᠤ᠂ ᠬᠥᠬᠡᠬᠤᠲᠠ ᠪᠤᠭᠤᠲᠤ ᠢᠷᠭᠠᠢ ᠲᠡᠮᠡᠭᠡᠲᠦ ᠶᠢᠨ ᠠᠵᠤ | ᠠᠬᠤᠶ ᠶᠢᠨ ᠣᠷᠣᠨ ᠤ ᠬᠥᠭᠵᠢᠯᠲᠡ ᠶᠢ ᠶᠡᠬᠡᠪᠡᠷ ᠠᠬᠢᠭᠤᠯᠤᠨ᠂ ᠥᠪᠥᠷ ᠮᠣᠩᠭᠤᠯ ᠱᠠᠨ ᠰᠢ ᠾᠧᠪᠸᠢ ︵ | ᠤᠯᠠᠭᠠᠨᠴᠠᠪ᠂ ᠳ᠋ᠠᠲ᠋ᠦ᠋ᠩ᠂ ᠴᠢᠭᠤᠯᠤᠯᠲᠤ ᠬᠠᠭᠠᠯᠭ᠎ᠠ︶ ᠶᠢᠨ ᠤᠷᠲᠤ ᠴᠠᠭᠠᠨ ᠬᠡᠷᠡᠮ ᠤᠨ ᠠᠯᠲᠠᠨ ᠭᠤᠷᠪᠠᠯᠵᠢᠨ | ᠤᠷᠤᠨ ᠤ ᠬᠠᠮᠲᠤᠷᠠᠯᠴᠠᠭᠠᠨ ᠤ ᠣᠷᠣᠨ ᠤ ᠪᠠᠶᠢᠭᠤᠯᠤᠯᠲᠠ ᠶᠢ ᠲᠦᠷᠭᠡᠳᠬᠡᠨ᠂ ᠵᠡᠭᠦᠨ ᠬᠤᠶᠢᠲᠤ ᠶᠢᠨ ᠠᠵᠤ | ᠠᠬᠤᠶ ᠶᠢᠨ ᠣᠷᠣᠨ ᠤ ᠬᠦᠭᠵᠢᠯᠲᠡ ᠳᠤ ᠵᠡᠭᠦᠨ ᠪᠡᠶ᠎ᠡ ᠶᠢᠨ ᠠᠶᠢᠮᠠᠭ ᠬᠤᠲᠠ ᠶᠢ ᠠᠭᠤᠰᠬᠠᠬᠤ ᠶᠢ ᠠᠬᠢᠭᠤᠯᠤᠨ᠎ᠠ᠃ | ᠬᠥᠬᠡᠮᠥ᠋ᠷᠡᠨ ᠤ ᠭᠤᠷᠪᠠᠯᠵᠢᠨ ᠬᠤᠶᠢᠭ᠂ ᠵᠦᠵᠢᠶᠠᠩ ᠮᠥᠷᠡᠨ ᠤ ᠭᠤᠷᠪᠠᠯᠵᠢᠨ ᠬᠤᠶᠢᠭ ᠵᠡᠷᠭᠡ ᠭᠠᠵᠠᠷ ᠣᠷᠣᠨ ᠤ | ᠰᠢᠨᠵᠢᠯᠡᠬᠦ ᠤᠬᠠᠭᠠᠨ ᠮᠡᠷᠭᠡᠵᠢᠯ᠂ ᠮᠥᠩᠭᠦᠨ ᠭᠦᠢᠯᠭᠡᠭᠡ᠂ ᠮᠡᠳᠡᠭᠡ ᠵᠠᠩᠭᠢ ᠵᠡᠷᠭᠡ ᠬᠦᠷᠢᠶ᠎ᠡ ᠴᠠᠷᠠᠭᠠᠨ ᠤ | ᠬᠠᠮᠲᠤᠷᠠᠯᠴᠠᠭ᠎ᠠ ᠶᠢ ᠴᠢᠩᠭᠠᠳᠬᠠᠵᠤ᠂ ᠮᠠᠨ ᠤ ᠣᠷᠣᠨ ᠤ ᠤᠮᠠᠷᠠᠰᠢ ᠨᠡᠭᠡᠭᠡᠯᠲᠡ ᠬᠢᠬᠦ ᠪᠠᠬᠢᠯᠡᠯᠲᠡ ᠶᠢᠨ ᠦᠢᠯᠡᠳᠦᠯ ᠢ | ᠪᠠᠳᠠᠷᠠᠭᠤᠯᠤᠨ᠂ ︽ᠳᠤᠮᠳᠠᠳᠤ ᠧᠦ᠋ᠷᠣᠫᠠ ᠶᠢᠨ ᠡᠭᠡᠯᠵᠢᠨ ᠤ ᠴᠤᠪᠤᠭ᠎ᠠ ᠲᠡᠷᠭᠡ︾ ᠶᠢᠨ ᠬᠦᠴᠦᠨ ᠢ ᠠᠰᠢᠭᠯᠠᠵᠤ | ᠪᠠᠷᠠᠭᠠᠨ ᠤ ᠭᠦᠢᠯᠭᠡᠭᠡᠨ ᠤ ᠬᠦᠷᠢᠶ᠎ᠡ ᠴᠠᠷᠠᠭᠠᠨ ᠳᠤ ᠬᠠᠮᠲᠤᠷᠠᠨ ᠠᠵᠢᠯᠯᠠᠬᠤ ᠶᠢ ᠠᠬᠢᠭᠤᠯᠤᠨ᠎ᠠ᠃ | ᠬᠥᠲᠥᠯᠥᠭᠴᠢ᠄ | ᠸᠠᠩ ᠡᠷᠬᠢᠯᠡᠭᠴᠢ ᠡ᠂ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠬᠦᠯᠢᠶᠡᠰᠦᠯᠡᠵᠦ ᠪᠠᠶᠢᠭ᠎ᠠ | ᠪᠠᠶᠢᠭᠤᠯᠤᠯ ᠲᠣᠭᠲᠠᠴᠠ ᠶᠢᠨ ᠰᠠᠭᠠᠳ ᠢ ᠬᠡᠷᠬᠢᠨ ᠠᠷᠢᠯᠭᠠᠬᠤ ᠪᠤᠢ︖ | ᠸᠠᠩ ᠶᠢᠨ ᠪᠦᠦ᠄ | ᠪᠢᠳᠡ ᠦᠢᠯᠡᠴᠢᠯᠡᠭᠡᠨ ᠤ ᠦᠢᠯᠡᠰ ᠤᠨ ᠥᠭᠡᠷᠡᠴᠢᠯᠡᠯᠲᠡ ᠰᠢᠨᠡᠴᠢᠯᠡᠯᠲᠡ ᠶᠢ ᠭᠦᠨᠵᠡᠭᠡᠶᠢᠷᠡᠭᠦᠯᠵᠦ᠂ | ᠦᠢᠯᠡᠴᠢᠯᠡᠭᠡᠨ ᠤ ᠦᠢᠯᠡᠰ ᠤᠨ ᠬᠦᠷᠢᠶ᠎ᠠ ᠴᠠᠷᠠᠭᠠᠨ ᠳᠠᠬᠢ ᠥᠭᠡᠷᠡᠴᠢᠯᠡᠯᠲᠡ ᠶᠢ ᠶᠡᠬᠡᠪᠡᠷ ᠠᠬᠢᠭᠤᠯᠤᠨ᠂ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠬᠦᠯᠢᠶᠡᠰᠦᠯᠡᠵᠦ ᠪᠠᠶᠢᠭ᠎ᠠ ᠪᠠᠶᠢᠭᠤᠯᠤᠯ ᠲᠣᠭᠲᠠᠴᠠ ᠶᠢᠨ ᠰᠠᠭᠠᠳ ᠢ | ᠠᠷᠢᠯᠭᠠᠨ᠎ᠠ ᠭᠡᠵᠦ ᠳᠤᠷᠠᠳᠪᠠ᠃ ᠬᠥᠭᠵᠢᠯᠲᠡ ᠶᠢᠨ ᠲᠥᠷᠥ ᠶᠢᠨ ᠪᠣᠳᠣᠯᠭ᠎ᠠ ᠳᠤ ᠰᠢᠨ᠎ᠡ ᠶᠢ ᠡᠭᠦᠳᠴᠦ᠂ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠳᠤ ᠠᠰᠢᠭᠲᠠᠶ ᠲᠦᠷᠦ ᠶᠢᠨ ᠪᠤᠳᠤᠯᠭ᠎ᠠ ᠶᠢᠨ ᠣᠷᠴᠢᠨ ᠨᠥᠬᠦᠴᠡᠯ ᠢ | ᠪᠤᠢ ᠪᠣᠯᠭᠠᠨ᠎ᠠ᠃ ᠨᠢᠭᠡ ᠳᠤ᠂ ᠦᠢᠯᠡᠴᠢᠯᠡᠭᠡᠨ ᠤ ᠦᠢᠯᠡᠰ ᠤᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ | ᠴᠢᠨᠠᠷᠲᠠᠶ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠨᠢᠭᠡᠳᠦᠯᠲᠡᠶ᠂ ᠴᠢᠯᠦᠭᠡᠲᠡᠢ᠂ ᠦᠷᠢᠰᠦᠯᠳᠦᠬᠦ᠂ ᠡᠮᠬᠢ | ᠵᠢᠷᠤᠮ ᠲᠠᠢ ᠦᠢᠯᠡᠴᠢᠯᠡᠭᠡᠨ ᠤ ᠦᠢᠯᠡᠰ ᠤᠨ ᠵᠠᠬ᠎ᠠ ᠳᠡᠯᠭᠡᠭᠦᠷ ᠢ ᠪᠠᠶᠢᠭᠤᠯᠵᠤ᠂ ᠵᠠᠰᠠᠭ ᠵᠠᠬᠢᠷᠭᠠᠨ ᠤ ᠭᠠᠭᠴᠠᠭᠠᠷ | ᠡᠵᠡᠮᠰᠢᠯ᠂ ᠠᠵᠢᠯ ᠲᠦᠷᠦᠯ ᠤᠨ ᠭᠠᠭᠴᠠᠭᠠᠷ ᠡᠵᠡᠮᠰᠢᠯ ᠪᠠ ᠣᠷᠣᠨ ᠨᠤᠲᠤᠭ ᠤᠨ ᠬᠠᠮᠠᠭᠠᠯᠠᠬᠤ ᠦᠵᠡᠯ ᠢ ᠠᠷᠢᠯᠭᠠᠵᠤ | ᠂ ᠨᠢᠭᠡᠳᠦᠯᠲᠡᠶ ᠵᠠᠬ᠎ᠠ ᠳᠡᠯᠭᠡᠭᠦᠷ ᠪᠣᠯᠣᠨ ᠲᠥᠪ ᠭᠤᠣᠯᠴᠢ ᠦᠷᠢᠰᠦᠯᠳᠦᠭᠡᠨ ᠪᠦᠷᠢᠯᠳᠦᠬᠦ ᠶᠢ ᠬᠠᠷᠰᠢᠯᠠᠵᠦ ᠪᠠᠶᠢᠭ᠎ᠠ | ᠡᠯ᠎ᠡ ᠵᠦᠢᠯ ᠤᠨ ᠲᠣᠭᠲᠠᠭᠠᠯ ᠢ ᠦᠭᠡᠶᠢᠰᠬᠡᠬᠦ ᠶᠢᠨ ᠬᠠᠮᠲᠤ ᠬᠦᠴᠦᠨ ᠦᠬᠡᠢ ᠪᠣᠯᠭᠠᠨ᠎ᠠ᠃ ᠵᠠᠰᠠᠭ ᠵᠠᠬᠢᠷᠭᠠᠨ ᠤ | ᠬᠢᠨᠠᠨ ᠵᠥᠪᠰᠢᠶᠡᠷᠡᠬᠦ ᠲᠦᠷᠢᠮ ᠤᠨ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠠᠵᠢᠯ ᠬᠡᠷᠡᠭ ᠤᠨ | ᠳᠤᠮᠳᠠᠬᠢ ᠪᠠ ᠲᠠᠷᠠᠭᠠᠬᠢ ᠬᠢᠨᠠᠯᠲᠠ ᠬᠠᠮᠢᠶᠠᠷᠤᠯᠳ᠋ᠨ ᠶᠢ ᠴᠢᠩᠭᠠᠳᠬᠠᠨ᠎ᠠ᠃ ᠦᠢᠯᠡᠳᠪᠦᠷᠢ ᠬᠤᠳᠠᠯᠳᠤᠭᠠᠨ ᠤ | ᠵᠦᠢᠯᠡᠰ ᠤᠨ ᠲᠦᠷᠢᠮ ᠤᠨ ᠥᠭᠡᠷᠡᠴᠢᠯᠡᠯᠲᠡ ᠶᠢ ᠭᠦᠨᠵᠡᠭᠡᠶ ᠠᠬᠢᠭᠤᠯᠵᠤ᠂ ᠬᠤᠳᠠᠯᠳᠤᠭ᠎ᠠ ᠡᠵᠡᠩᠨᠡᠬᠦ ᠣᠷᠴᠢᠨ | ᠨᠥᠬᠦᠴᠡᠯ ᠢ ᠰᠠᠶᠢᠵᠢᠷᠠᠭᠤᠯᠤᠨ᠎ᠠ᠃ ᠦᠢᠯᠡᠴᠢᠯᠡᠭᠡᠨ ᠤ ᠡᠵᠡᠩᠨᠡᠯᠲᠡ ᠶᠢᠨ ᠪᠠᠶᠢᠳᠠᠯ ᠪᠣᠯᠣᠨ ᠬᠤᠳᠠᠯᠳᠤᠭᠠᠨ ᠤ | ᠵᠠᠭᠪᠤᠷ ᠢ ᠰᠢᠨᠡᠴᠢᠯᠡᠨ᠂ ᠦᠢᠯᠡᠴᠢᠯᠡᠭᠡᠨ ᠤ ᠬᠠᠩᠭᠠᠯᠭ᠎ᠠ ᠶᠢ ᠰᠠᠶᠢᠵᠢᠷᠠᠭᠤᠯᠵᠤ᠂ ᠴᠤᠬᠠᠭ ᠦᠢᠯᠡᠴᠢᠯᠡᠭᠡ ᠶᠢ | ᠨᠡᠮᠡᠭᠳᠡᠭᠦᠯᠦᠨ᠂ ᠰᠢᠨ᠎ᠡ ᠮᠠᠶ᠋ᠢᠭ ᠤᠨ ᠦᠢᠯᠡᠴᠢᠯᠡᠭᠡ ᠶᠢ ᠨᠡᠭᠡᠭᠡᠨ ᠬᠥᠭᠵᠢᠭᠦᠯᠦᠨ᠎ᠡ᠃ ᠤᠯᠤᠰ ᠤᠨ ᠦᠮᠴᠢᠯᠡᠯᠲᠦ | ᠦᠢᠯᠡᠴᠢᠯᠡᠭᠡᠨ ᠤ ᠦᠢᠯᠡᠰ ᠤᠨ ᠠᠵᠤ ᠠᠬᠤᠶᠢᠯᠠᠯ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠴᠠᠬᠢᠯᠭᠠᠨ | ᠬᠤᠯᠪᠣᠭ᠎ᠠ᠂ ᠵᠠᠮ ᠬᠠᠷᠢᠯᠴᠠᠭ᠎ᠠ᠂ ᠬᠤᠳᠠ ᠶᠢᠨ ᠶᠠᠪᠤᠳᠠᠯ ᠤᠨ ᠨᠡᠶᠢᠲᠡ ᠶᠢᠨ ᠬᠡᠷᠡᠭᠯᠡᠭᠡ ᠵᠡᠷᠭᠡ ᠠᠶᠠᠨᠳᠠᠭᠠᠨ | ᠭᠠᠭᠴᠠᠭᠠᠷ ᠡᠵᠡᠮᠰᠢᠬᠦ ᠠᠵᠢᠯ ᠲᠦᠷᠦᠯ ᠤᠨ ᠬᠢᠨ ᠤ ᠥᠷᠢᠰᠥᠯᠳᠦᠭᠡᠨ ᠤ ᠴᠢᠨᠠᠷᠲᠠᠶ ᠲᠤᠬᠠᠶᠢᠯᠠᠭᠰᠠᠨ ᠠᠵᠢᠯ ᠢᠶᠠᠨ | ᠴᠢᠯᠥᠭᠡᠲᠡᠶ ᠪᠣᠯᠭᠠᠬᠤ ᠶᠢ ᠠᠬᠢᠭᠤᠯᠵᠤ᠂ ᠰᠤᠷᠭᠠᠨ ᠬᠥᠮᠦᠵᠢᠯ᠂ ᠰᠣᠶᠣᠯ᠂ ᠡᠷᠡᠭᠦᠯ ᠬᠠᠮᠠᠭᠠᠯᠠᠯ᠂ ᠪᠡᠶ᠎ᠡ ᠶᠢᠨ ᠲᠠᠮᠢᠷ | ᠵᠡᠷᠭᠡ ᠠᠵᠢᠯ ᠦᠢᠯᠡᠰ ᠤᠨ ᠨᠢᠭᠡᠴᠡ ᠶᠢ ᠲᠦᠷᠦᠯ ᠬᠤᠪᠢᠶᠠᠵᠤ ᠦᠭᠡᠷᠡᠴᠢᠯᠡᠬᠦ ᠶᠢ ᠢᠳᠡᠪᠬᠢᠲᠡᠶ ᠪᠥᠭᠡᠳ | ᠯᠠᠪᠳᠠᠭᠤᠨ ᠢᠶᠠᠷ ᠠᠬᠢᠭᠤᠯᠤᠨ᠎ᠠ᠃ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠰᠠᠯᠭᠠᠨ ᠲᠤᠰᠠᠭᠠᠷᠯᠠᠬᠤ ᠪᠠ | ᠭᠤᠣᠯᠯᠠᠬᠤ ᠪᠣᠰᠤ ᠲᠤᠬᠠᠶᠢᠯᠠᠭᠰᠠᠨ ᠠᠵᠢᠯ ᠢ ᠨᠢ ᠭᠠᠳᠠᠭᠰᠢ ᠳᠠᠭᠠᠭᠠᠴᠢᠯᠠᠭᠤᠯᠬᠤ ᠶᠢ ᠬᠥᠲᠦᠯᠦᠨ ᠵᠢᠯᠣᠭᠤᠳᠴᠤ᠂ | ᠦᠢᠯᠡᠴᠢᠯᠡᠭᠡᠨ ᠤ ᠦᠢᠯᠡᠰ ᠢ ᠲᠤᠰᠬᠠᠶᠢᠵᠢᠬᠤ᠂ ᠨᠡᠶᠢᠭᠡᠮᠴᠢᠯᠡᠬᠦ ᠬᠠᠨᠳᠤᠰᠢ ᠲᠡᠰᠢ ᠬᠥᠭᠵᠢᠭᠦᠯᠬᠦ ᠶᠢ ᠠᠬᠢᠭᠤᠯᠤᠨ᠎ᠠ᠃ | ᠬᠥᠬᠡᠬᠤᠲᠠ ᠶᠢᠨ ᠤᠯᠤᠰ ᠤᠨ ᠦᠢᠯᠡᠴᠢᠯᠡᠭᠡᠨ ᠤ ᠦᠢᠯᠡᠰ ᠤᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ | ᠲᠤᠷᠰᠢᠯᠲᠠ ᠶᠢᠨ ᠠᠵᠢᠯ ᠢ ᠦᠷᠭᠦᠯᠵᠢᠯᠡᠨ ᠰᠠᠶᠢᠲᠤᠷ ᠠᠳᠬᠤᠵᠤ᠂ ᠤᠯᠤᠰ ᠤᠨ ᠰᠢᠨ᠎ᠡ ᠨᠢᠭᠡᠨ ᠡᠭᠡᠯᠵᠢᠨ ᠤ | ᠦᠢᠯᠡᠴᠢᠯᠡᠭᠡᠨ ᠤ ᠦᠢᠯᠡᠰ ᠤᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ ᠲᠤᠷᠰᠢᠯᠲᠠ ᠶᠢᠨ ᠴᠢᠭ᠋ ᠢ ᠴᠢᠷᠮᠠᠶᠢᠨ | ᠣᠯᠣᠨ᠎ᠠ᠃ ᠥᠪᠡᠷᠲᠡᠭᠡᠨ ᠵᠠᠰᠠᠬᠤ ᠣᠷᠣᠨ ᠤ ᠦᠢᠯᠡᠴᠢᠯᠡᠭᠡᠨ ᠤ ᠦᠢᠯᠡᠰ ᠤᠨ ᠥᠭᠡᠷᠡᠴᠢᠯᠡᠯᠲᠡ ᠬᠢᠵᠦ ᠰᠢᠨ᠎ᠡ ᠶᠢ | ᠡᠭᠦᠳᠬᠦ ᠲᠤᠷᠰᠢᠯᠲᠠ ᠶᠢᠨ ᠠᠵᠢᠯ ᠢ ᠯᠠᠪᠳᠠᠭᠤᠨ ᠢᠶᠠᠷ ᠠᠬᠢᠭᠤᠯᠵᠤ᠂ ᠥᠭᠡᠷᠡᠴᠢᠯᠡᠯᠲᠡ ᠬᠢᠵᠦ ᠰᠢᠨ᠎ᠡ ᠶᠢ | ᠡᠭᠦᠳᠦᠭᠰᠡᠨ ᠲᠤᠷᠰᠢᠯᠭ᠎ᠠ ᠪᠠᠨ ᠳ᠋ᠦᠩᠨᠡᠨ ᠲᠦᠭᠡᠮᠡᠯᠵᠢᠭᠦᠯᠦᠨ᠎ᠡ᠃ ᠬᠤᠶᠠᠷ ᠲᠤ᠂ ᠦᠢᠯᠡᠴᠢᠯᠡᠭᠡᠨ ᠤ ᠦᠢᠯᠡᠰ ᠢ | ᠬᠥᠭᠵᠢᠭᠦᠯᠬᠦ ᠲᠦᠷᠦ ᠶᠢᠨ ᠪᠤᠳᠤᠯᠭ᠎ᠠ ᠳᠤ ᠰᠢᠨ᠎ᠡ ᠶᠢ ᠡᠭᠦᠳᠴᠦ᠂ ᠭᠤᠣᠯᠳᠠᠭᠤ ᠡᠳ᠋ ᠤᠨ ᠵᠠᠰᠠᠭ ᠭᠠᠶᠢᠯᠢ ᠶᠢᠨ | ᠲᠦᠷᠦ ᠶᠢᠨ ᠪᠤᠳᠤᠯᠭ᠎ᠠ᠂ ᠦᠨ᠎ᠡ ᠬᠠᠩᠰᠢ ᠶᠢᠨ ᠲᠥᠷᠥ ᠶᠢᠨ ᠪᠣᠳᠣᠯᠭ᠎ᠠ᠂ ᠭᠠᠵᠠᠷ ᠰᠢᠷᠦᠢ ᠶᠢᠨ ᠲᠥᠷᠥ ᠶᠢᠨ | ᠪᠣᠳᠣᠯᠭ᠎ᠠ᠂ ᠪᠡᠯᠡ ᠳᠤᠬᠢᠷᠠᠭᠤᠯᠭ᠎ᠠ ᠶᠢᠨ ᠠᠷᠭ᠎ᠠ ᠵᠠᠮ ᠢ ᠦᠷᠭᠡᠳᠬᠡᠬᠦ ᠲᠠᠯ᠎ᠠ ᠪᠠᠷ ᠰᠢᠨ᠎ᠡ ᠶᠢ ᠡᠭᠦᠳᠴᠦ | ᠲᠡᠭᠦᠯᠳᠡᠷᠵᠢᠭᠦᠯᠦᠨ᠎ᠡ᠃ ᠵᠢᠱᠢᠶᠡᠯᠡᠪᠡᠯ᠄ ᠡᠳ᠋ ᠤᠨ ᠵᠠᠰᠠᠭ ᠭᠠᠶᠢᠯᠢ ᠶᠢᠨ ᠲᠦᠷᠦ ᠶᠢᠨ ᠪᠤᠳᠤᠯᠭ᠎ᠠ ᠳᠤ ᠰᠢᠨ᠎ᠡ ᠶᠢ | ᠡᠭᠦᠳᠬᠦ ᠲᠠᠯ᠎ᠠ ᠪᠠᠷ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠠᠬᠢᠭᠤᠯᠬᠤ ᠤᠯᠤᠰ ᠤᠨ ᠡᠳ᠋ ᠤᠨ ᠵᠠᠰᠠᠭ | ᠭᠠᠶᠢᠯᠢ ᠶᠢᠨ ᠲᠦᠷᠦ ᠶᠢᠨ ᠪᠤᠳᠤᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠦᠢᠯᠡᠴᠢᠯᠡᠭᠡᠨ ᠤ ᠦᠢᠯᠡᠰ ᠤᠨ | ᠠᠵᠤ ᠠᠬᠤᠶᠢᠯᠠᠯ ᠤᠨ ᠡᠵᠡᠩᠨᠡᠯᠲᠡ ᠶᠢᠨ ᠥᠪᠡᠷ ᠤᠨ ᠦᠷᠲᠡᠭ ᠢ ᠨᠢ ᠪᠠᠭᠤᠷᠠᠭᠤᠯᠤᠨ᠎ᠠ᠃ ᠡᠳ᠋ ᠤᠨ ᠵᠠᠰᠠᠭ ᠤᠨ | ᠪᠡᠯᠡ ᠮᠥᠩᠭᠦ ᠶᠢᠨ ᠬᠥᠲᠥᠯᠥᠨ ᠵᠢᠯᠣᠭᠤᠳᠬᠤ ᠦᠢᠯᠡᠳᠦᠯ ᠢ ᠪᠠᠳᠠᠷᠠᠭᠤᠯᠵᠤ᠂ ᠡᠳ᠋ ᠤᠨ ᠵᠠᠰᠠᠭ ᠤᠨ ᠪᠡᠯᠡ ᠮᠦᠩᠭᠦ ᠶᠢ | ᠬᠡᠷᠡᠭᠯᠡᠬᠦ ᠠᠷᠭ᠎ᠠ ᠬᠡᠯᠪᠡᠷᠢ ᠶᠢ ᠰᠢᠨᠡᠴᠢᠯᠡᠨ᠂ ᠵᠠᠰᠠᠭ ᠤᠨ ᠣᠷᠳᠣᠨ ᠪᠣᠯᠣᠨ ᠨᠡᠶᠢᠭᠡᠮ ᠤᠨ ᠭᠦᠷᠦᠩᠭᠡ ᠶᠢᠨ | ᠬᠠᠮᠲᠤᠷᠠᠯᠴᠠᠭᠠᠨ ︵ppp︶ ᠤ ᠵᠠᠭᠪᠤᠷ ᠢ ᠶᠡᠬᠡᠪᠡᠷ ᠳᠡᠯᠭᠡᠷᠡᠭᠦᠯᠵᠦ᠂ ᠰᠲ᠋ᠣᠺ ᠤᠨ ᠡᠷᠬᠡ ᠶᠢᠨ ᠪᠡᠯᠡ ᠣᠷᠣᠭᠤᠯᠤᠯᠲᠠ | ᠂ ᠠᠵᠤ ᠦᠢᠯᠡᠰ ᠤᠨ ᠰᠠᠭᠤᠷᠢ ᠮᠥᠩᠭᠦ ᠵᠡᠷᠭᠡ ᠵᠠᠬ᠎ᠠ ᠳᠡᠯᠭᠡᠭᠦᠷᠴᠢᠯᠡᠭᠰᠡᠨ ᠪᠡᠯᠡ ᠳᠤᠬᠢᠷᠠᠭᠤᠯᠭ᠎ᠠ ᠶᠢᠨ ᠠᠷᠭ᠎ᠠ | ᠪᠠᠷᠢᠯ ᠢ ᠬᠡᠷᠡᠭᠯᠡᠵᠦ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠳᠡᠮᠵᠢᠨ᠎ᠡ᠃ | ᠬᠥᠲᠥᠯᠥᠭᠴᠢ᠄ | ᠸᠠᠩ ᠡᠷᠬᠢᠯᠡᠭᠴᠢ ᠡ᠂ ︽13·5︾ ᠶᠢᠨ ᠦᠶᠯᠡᠴᠢᠯᠡᠭᠡᠨ ᠤ ᠦᠶᠯᠡᠰ ᠤᠨ ᠬᠥᠭᠵᠢᠯᠲᠡ ᠶᠢᠨ | ᠲᠥᠯᠥᠪᠵᠢᠭᠦᠯᠭᠡ ᠶᠢᠨ ᠬᠡᠷᠡᠭᠵᠢᠭᠦᠯᠦᠯᠲᠡ ᠶᠢ ᠬᠡᠷᠬᠢᠨ ᠪᠠᠲᠤᠯᠠᠬᠤ ᠪᠤᠢ︖ | ᠸᠠᠩ ᠶᠢᠨ ᠪᠦᠦ᠄ | ᠪᠢᠳᠡ ᠲᠥᠯᠥᠪᠵᠢᠭᠦᠯᠭᠡ ᠶᠢᠨ ᠰᠡᠭᠦᠯᠴᠢ ᠶᠢᠨ ᠪᠦᠯᠦᠭ ᠲᠤ ᠲᠥᠯᠥᠪᠵᠢᠭᠦᠯᠭᠡ ᠶᠢ ᠬᠡᠷᠡᠭᠵᠢᠭᠦᠯᠬᠦ ᠠᠵᠢᠯ ᠢ | ᠠᠬᠢᠭᠤᠯᠬᠤ ᠲᠣᠭᠲᠠᠴᠠ ᠶᠢ ᠪᠠᠶᠢᠭᠤᠯᠤᠨ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠂ | ᠠᠵᠢᠯ ᠤᠨ ᠬᠠᠷᠢᠭᠤᠴᠠᠯᠭ᠎ᠠ ᠪᠠᠨ ᠴᠢᠩᠭᠠᠳᠬᠠᠨ᠂ ᠦᠢᠯᠡᠴᠢᠯᠡᠭᠡᠨ ᠤ ᠦᠢᠯᠡᠰ ᠢ ᠬᠥᠭᠵᠢᠭᠦᠯᠬᠦ ᠪᠦᠬᠦ ᠨᠡᠶᠢᠭᠡᠮ ᠤᠨ | ᠢᠳᠡᠪᠬᠢᠵᠢᠯ ᠢ ᠳᠠᠶᠢᠴᠢᠯᠠᠵᠦ᠂ ᠲᠥᠯᠥᠪᠵᠢᠭᠦᠯᠭᠡ ᠶᠢᠨ ᠡᠭᠦᠷᠭᠡ ᠬᠠᠷᠠᠯᠲᠠ ᠶᠢ ᠴᠢᠷᠮᠠᠶᠢᠨ ᠪᠡᠶᠡᠯᠡᠭᠦᠯᠬᠦ ᠪᠠᠷ | ᠳᠤᠷᠠᠳᠪᠠ᠃ ᠶᠠᠭᠤᠨ ᠤ ᠡᠮᠦᠨ᠎ᠡ᠂ ᠥᠪᠡᠷᠲᠡᠭᠡᠨ ᠵᠠᠰᠠᠬᠤ ᠣᠷᠣᠨ ᠤ ᠭᠤᠷᠪᠠᠳᠤᠭᠠᠷ ᠠᠵᠤ ᠦᠢᠯᠡᠰ ᠤᠨ ᠠᠵᠢᠯ | ᠤᠨ ᠤᠳᠤᠷᠢᠳᠬᠤ ᠳᠤᠭᠤᠶᠢᠯᠠᠩ ᠨᠢ ᠬᠤᠷᠸ᠎ᠠ ᠵᠢᠯᠤᠭᠤᠳᠤᠯᠭ᠎ᠠ ᠪᠣᠯᠣᠨ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠶᠢ | ᠴᠢᠩᠭᠠᠳᠬᠠᠵᠤ᠂ ᠤᠳᠤᠷᠢᠳᠬᠤ ᠳᠤᠭᠤᠶᠢᠯᠠᠩ ᠤᠨ ᠡᠯ᠎ᠡ ᠪᠦᠷᠢᠯᠳᠦᠬᠦᠨ ᠨᠢᠭᠡᠴᠡ ᠨᠦᠭᠦᠳ ᠡᠭᠦᠷᠭᠡ | ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠢᠶᠠᠨ ᠦᠨᠳᠦᠰᠦᠯᠡᠨ᠂ ᠰᠠᠨᠠᠭᠠᠴᠢᠯᠠᠭ᠎ᠠ ᠠᠴᠠ ᠪᠠᠨ ᠠᠮᠵᠢᠯᠲᠠ | ᠪᠦᠲᠦᠮᠵᠢ ᠭᠠᠷᠭᠠᠵᠤ᠂ ᠬᠠᠮᠵᠢᠯᠴᠠᠭ᠎ᠠ ᠪᠠᠨ ᠴᠢᠩᠭᠠᠳᠬᠠᠨ᠂ ᠬᠠᠮᠲᠤᠷᠠᠯ ᠤᠨ ᠬᠦᠴᠦᠨ ᠢ ᠪᠦᠷᠢᠯᠳᠦᠭᠦᠯᠦᠨ᠎ᠡ᠃ ᠡᠯ᠎ᠡ | ᠭᠠᠵᠠᠷ ᠣᠷᠣᠨ ᠤ ᠡᠯ᠎ᠡ ᠬᠤᠯᠪᠣᠭᠳᠠᠯ ᠪᠥᠬᠦᠢ ᠰᠠᠯᠠᠭ᠎ᠠ ᠮᠥᠴᠢᠷ ᠲᠥᠯᠥᠪᠵᠢᠭᠦᠯᠭᠡ ᠶᠢ ᠬᠡᠷᠡᠭᠵᠢᠭᠦᠯᠬᠦ ᠲᠥᠰᠦᠯ | ᠪᠣᠯᠤᠨ ᠢᠵᠢ ᠪᠦᠷᠢᠳᠦᠭᠰᠡᠨ ᠠᠷᠭ᠎ᠠ ᠬᠡᠮᠵᠢᠶ᠎ᠡ ᠶᠢ ᠲᠣᠭᠲᠠᠭᠠᠬᠤ ᠪᠦᠭᠡᠳ ᠲᠥᠯᠥᠪᠵᠢᠭᠦᠯᠭᠡ ᠶᠢ ᠬᠡᠷᠡᠭᠵᠢᠭᠦᠯᠬᠦ | ᠠᠵᠢᠯ ᠢ ᠡᠳᠦᠷ ᠲᠤᠳᠦᠮ ᠤᠨ ᠴᠢᠬᠤᠯᠠ ᠵᠥᠪᠯᠡᠬᠦ ᠵᠦᠢᠯ ᠳᠤ ᠣᠷᠣᠭᠤᠯᠵᠤ᠂ ᠭᠤᠣᠯ ᠤᠳᠤᠷᠢᠳᠤᠯᠭ᠎ᠠ ᠠᠴᠠ | ᠭᠠᠷᠳᠠᠨ ᠰᠤᠳᠤᠯᠵᠦ᠂ ᠭᠠᠷᠳᠠᠨ ᠪᠠᠶᠢᠷᠢᠯᠠᠭᠤᠯᠵᠦ᠂ ᠲᠣᠭᠲᠠᠮᠠᠯ ᠬᠤᠭᠤᠴᠠᠭ᠎ᠠ ᠲᠠᠢ ᠪᠠᠷ ᠠᠵᠢᠯ ᠤᠨ | ᠮᠡᠳᠡᠭᠦᠯᠦᠯᠲᠡ ᠶᠢ ᠰᠣᠨᠣᠰᠴᠤ᠂ ᠲᠥᠯᠥᠪᠵᠢᠭᠦᠯᠭᠡ ᠶᠢ ᠬᠡᠷᠡᠭᠵᠢᠭᠦᠯᠬᠦ ᠳᠤ ᠲᠤᠯᠭᠠᠷᠠᠭᠰᠠᠨ ᠠᠰᠠᠭᠤᠳᠠᠯ ᠢ ᠴᠠᠭ | ᠲᠤᠬᠠᠶ ᠳᠤᠨᠢ ᠰᠤᠳᠤᠯᠤᠨ ᠰᠢᠶᠳᠪᠦᠷᠢᠯᠡᠵᠦ᠂ ᠬᠠᠷᠠᠯᠲᠠᠲᠤ ᠡᠭᠦᠷᠭᠡ ᠶᠢ ᠪᠣᠳᠠᠲᠠᠶᠢᠵᠢᠭᠤᠯᠬᠤ ᠶᠢ ᠥᠨᠡᠨᠬᠦ ᠪᠠᠲᠤᠯᠠᠨ᠎ᠠ᠃ | ᠠᠵᠢᠯ ᠲᠦᠷᠦᠯ ᠤᠨ ᠨᠡᠶᠢᠭᠡᠮᠯᠢᠭ ᠲᠠᠬᠢ ᠠᠵᠢᠯ ᠤᠨ ᠵᠢᠯᠣᠭᠤᠳᠤᠯᠭ᠎ᠠ ᠪᠠᠨ ᠴᠢᠩᠭᠠᠳᠬᠠᠵᠤ᠂ ᠠᠵᠢᠯ ᠳᠦᠷᠦᠯ ᠤᠨ | ᠨᠡᠶᠢᠭᠡᠮᠯᠢᠭ ᠤᠨ ᠦᠢᠯᠡᠳᠦᠯ ᠢ ᠭᠦᠢᠴᠡᠳ ᠪᠠᠳᠠᠷᠠᠭᠤᠯᠤᠨ᠎ᠠ᠃ ᠳᠠᠷᠠᠭ᠎ᠠ ᠨᠢ᠂ ᠦᠢᠯᠡᠴᠢᠯᠡᠭᠡᠨ ᠤ ᠦᠢᠯᠡᠰ ᠤᠨ | ᠰᠢᠯᠭᠠᠨ ᠬᠢᠨᠠᠬᠤ ᠲᠥᠷᠢᠮ ᠢ ᠪᠦᠷᠢᠨᠰᠢᠭᠦᠯᠵᠦ᠂ ᠤᠳᠤᠷᠢᠳᠬᠤ ᠺᠠᠳ᠋ᠷ ᠤᠨ ᠠᠵᠢᠯ ᠤᠨ ᠪᠣᠳᠠᠲᠠᠢ ᠪᠦᠲᠦᠮᠵᠢ ᠶᠢᠨ | ᠰᠢᠯᠭᠠᠠ ᠬᠢᠨᠠᠯᠲᠠ ᠳᠠᠬᠢ ᠦᠢᠯᠡᠴᠢᠯᠡᠭᠡᠨ ᠤ ᠦᠢᠯᠡᠰ ᠤᠨ ᠡᠷᠬᠡ ᠶᠢᠨ ᠡᠵᠡᠯᠡᠬᠦ ᠬᠠᠷᠢᠴᠠᠯ ᠢ ᠳᠡᠭᠡᠭᠰᠢᠯᠡᠭᠦᠯᠬᠦ ᠬᠡᠷᠡᠭᠲᠡᠶ᠃ | ᠬᠢᠨᠠᠯᠲᠠ ᠲᠠᠯᠪᠢᠵᠤ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠵᠤ᠂ ᠲᠥᠯᠥᠪᠵᠢᠭᠦᠯᠭᠡ ᠶᠢᠨ ᠬᠡᠷᠡᠭᠵᠢᠭᠦᠯᠦᠯᠲᠡ ᠶᠢᠨ | ᠪᠠᠶᠢᠳᠠᠯ ᠳᠤ ᠲᠣᠭᠲᠠᠮᠠᠯ ᠬᠤᠭᠤᠴᠠᠭ᠎ᠠ ᠲᠠᠢ ᠪᠠᠷ ᠬᠢᠨᠠᠯᠲᠠ ᠲᠠᠯᠪᠢᠯᠲᠠ ᠪᠠᠶᠢᠴᠠᠭᠠᠯᠲᠠ ᠦᠷᠨᠢᠭᠦᠯᠦᠨ᠎ᠡ᠃ | ᠲᠥᠯᠥᠪᠵᠢᠭᠦᠯᠭᠡ ᠶᠢᠨ ᠬᠡᠷᠡᠭᠵᠢᠭᠦᠯᠦᠯᠲᠡ ᠶᠢᠨ ᠪᠠᠶᠢᠳᠠᠯ ᠤᠨ ᠦᠨᠡᠯᠡᠨ ᠵᠢᠱᠢᠬᠦ ᠰᠢᠰᠲ᠋ᠧᠮᠵᠢ ᠶᠢ ᠪᠥᠷᠢᠨᠰᠢᠭᠦᠯᠵᠦ᠂ | ᠭᠤᠷᠪᠠᠳᠠᠬᠢ ᠡᠲᠡᠭᠡᠳ ᠤᠨ ᠦᠨᠡᠯᠡᠨ ᠵᠢᠱᠢᠯᠲᠡ᠂ ᠨᠡᠶᠢᠭᠡᠮ ᠠᠴᠠ ᠬᠢᠨᠠᠯᠲᠠ ᠲᠠᠯᠪᠢᠭᠰᠠᠨ ᠦᠨᠡᠯᠡᠯᠲᠡ ᠵᠡᠷᠭᠡ ᠣᠯᠠᠨ | ᠵᠦᠢᠯ ᠤᠨ ᠠᠷᠭ᠎ᠠ ᠬᠡᠯᠪᠡᠷᠢ ᠶᠢ ᠶᠡᠷᠦᠩᠬᠡᠶᠢᠯᠡᠨ ᠬᠡᠷᠡᠭᠯᠡᠵᠦ᠂ ᠲᠥᠯᠥᠪᠵᠢᠭᠦᠯᠭᠡ ᠶᠢ ᠬᠡᠷᠡᠭᠵᠢᠭᠦᠯᠦᠭᠰᠡᠨ ᠦᠷ᠎ᠡ | ᠪᠦᠲᠦᠮᠵᠢ ᠶᠢ ᠰᠢᠨᠵᠢᠯᠡᠬᠦ ᠤᠬᠠᠭᠠᠨᠴᠢ ᠪᠠᠷ ᠦᠨᠡᠯᠡᠨ ᠵᠢᠱᠢᠨ᠎ᠡ᠃ ᠳᠠᠬᠢᠪᠠᠯ᠂ ᠦᠢᠯᠡᠴᠢᠯᠡᠭᠡᠨ ᠤ ᠦᠢᠯᠡᠰ ᠤᠨ | ᠪᠦᠷᠢᠳᠬᠡᠯ ᠤᠨ ᠭᠦᠢᠴᠡᠳᠬᠡᠯ ᠲᠣᠭᠠᠨ ᠤ ᠰᠢᠰᠲ᠋ᠧᠮᠵᠢ ᠶᠢ ᠪᠠᠶᠢᠭᠤᠯᠤᠨ ᠲᠡᠭᠦᠯᠳᠡᠷᠵᠢᠭᠦᠯᠵᠦ᠂ ᠲᠤᠭ᠎ᠠ | ᠪᠦᠷᠢᠳᠬᠡᠯ ᠤᠨ ᠲᠦᠷᠢᠮ ᠢ ᠲᠡᠭᠦᠯᠳᠡᠷᠵᠢᠭᠦᠯᠦᠨ᠂ ᠲᠤᠭ᠎ᠠ ᠪᠦᠷᠢᠳᠬᠡᠯ ᠤᠨ ᠪᠠᠶᠢᠴᠠᠭᠠᠯᠲᠠ ᠶᠢ ᠴᠢᠩᠭᠠᠳᠬᠠᠵᠤ᠂ | ᠤᠯᠠᠷᠢᠯ᠂ ᠣᠨ ᠤ ᠮᠡᠳᠡᠭᠡ ᠵᠠᠩᠭᠢ ᠶᠢ ᠨᠡᠶᠢᠲᠡᠯᠡᠬᠦ ᠲᠣᠭᠲᠠᠴᠠ ᠶᠢ ᠪᠠᠶᠢᠭᠤᠯᠤᠨ᠎ᠠ᠃ ᠦᠢᠯᠡᠴᠢᠯᠡᠭᠡᠨ ᠤ ᠦᠢᠯᠡᠰ ᠤᠨ | ᠰᠢᠨ᠎ᠡ ᠠᠵᠤ ᠦᠢᠯᠡᠰ᠂ ᠰᠢᠨ᠎ᠡ ᠡᠵᠡᠩᠨᠡᠯᠲᠡ ᠶᠢᠨ ᠪᠠᠶᠢᠳᠠᠯ᠂ ᠬᠤᠳᠠᠯᠳᠤᠭᠠᠨ ᠤ ᠰᠢᠨ᠎ᠡ ᠵᠠᠭᠪᠤᠷ ᠢ ᠪᠦᠷᠢᠳᠬᠡᠬᠦ | ᠠᠵᠢᠯ ᠢ ᠴᠢᠩᠭᠠᠳᠬᠠᠵᠤ᠂ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠪᠠᠶᠢᠳᠠᠯ ᠢ ᠪᠦᠬᠦ ᠲᠠᠯ᠎ᠠ ᠪᠠᠷ | ᠲᠤᠰᠬᠠᠨ᠎ᠠ᠃ ᠦᠢᠯᠡᠴᠢᠯᠡᠭᠡᠨ ᠤ ᠦᠢᠯᠡᠰ ᠤᠨ ᠭᠤᠣᠯᠳᠠᠯᠭᠠᠲᠤ ᠠᠵᠤ ᠠᠬᠤᠶᠢᠯᠠᠯ ᠤᠨ ᠲᠤᠭ᠎ᠠ ᠪᠦᠷᠢᠳᠬᠡᠯ ᠤᠨ | ᠪᠣᠯᠪᠠᠰᠤᠷᠠᠭᠤᠯᠤᠯ ᠬᠢᠭᠡᠳ ᠬᠢᠨᠠᠨ ᠲᠠᠯᠪᠢᠵᠤ ᠪᠠᠶᠢᠴᠠᠭᠠᠬᠤ ᠶᠢ ᠴᠢᠩᠭᠠᠳᠬᠠᠨ᠂ ᠬᠡᠪᠴᠢᠶᠡᠵᠢᠯ ᠠᠴᠠ ᠳᠡᠭᠡᠭᠰᠢᠬᠢ | ᠦᠢᠯᠡᠴᠢᠯᠡᠭᠡᠨ ᠤ ᠦᠢᠯᠡᠰ ᠤᠨ ᠠᠵᠤ ᠠᠬᠤᠶᠢᠯᠠᠯ ᠤᠨ ᠬᠥᠭᠵᠢᠯᠲᠡ ᠶᠢᠨ ᠪᠠᠶᠢᠳᠠᠯ ᠢ ᠣᠨᠣᠪᠴᠢᠲᠠᠶ ᠲᠤᠰᠬᠠᠵᠤ᠂ | ᠬᠡᠪᠴᠢᠶᠡᠵᠢᠯ ᠠᠴᠠ ᠳᠣᠭᠤᠭᠰᠢᠬᠢ ᠦᠢᠯᠡᠴᠢᠯᠡᠭᠡᠨ ᠤ ᠦᠢᠯᠡᠰ ᠤᠨ ᠠᠵᠤ ᠠᠬᠤᠶᠢᠯᠠᠯ ᠤᠨ ᠲᠤᠭ᠎ᠠ ᠪᠦᠷᠢᠳᠬᠡᠯ ᠤᠨ | ᠪᠠᠶᠢᠴᠠᠭᠠᠯᠲᠠ ᠶᠢᠨ ᠳᠦᠷᠢᠮ ᠢ ᠤᠯᠠᠮ ᠨᠢᠭᠡ ᠠᠯᠬᠤᠮ ᠪᠠᠶᠢᠭᠤᠯᠤᠨ ᠪᠦᠷᠢᠨᠰᠢᠭᠦᠯᠦᠨ᠎ᠡ᠃ ᠡᠴᠦᠰ ᠲᠤ᠂ ᠰᠣᠨᠢᠨ | ᠰᠡᠳᠬᠦᠯ᠂ ᠷᠠᠳᠢᠣ᠋ ᠨᠡᠪᠲᠡᠷᠡᠭᠦᠯᠭᠡ᠂ ᠲᠧᠯᠸᠢᠰ᠂ ᠰᠦᠯᠵᠢᠶ᠎ᠡ ᠵᠡᠷᠭᠡ ᠵᠠᠭᠤᠴᠢᠯᠠᠭᠤᠷ ᠢ ᠭᠦᠢᠴᠡᠳ ᠠᠰᠢᠭᠯᠠᠨ᠂ | ᠦᠢᠯᠡᠴᠢᠯᠡᠭᠡᠨ ᠤ ᠦᠢᠯᠡᠰ ᠤᠨ ᠤᠬᠠᠭᠤᠯᠭ᠎ᠠ ᠶᠢᠨ ᠰᠠᠷ᠎ᠠ᠂ ᠰᠤᠷᠪᠤᠯᠵᠢᠯᠠᠯ᠂ ᠲᠤᠰᠬᠠᠶ ᠰᠡᠳᠦᠪᠲᠦ ᠰᠤᠷᠪᠤᠯᠵᠢᠯᠠᠭ᠎ᠠ | ᠵᠡᠷᠭᠡ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠦᠢᠯᠡᠴᠢᠯᠡᠭᠡᠨ ᠤ ᠦᠢᠯᠡᠰ ᠤᠨ ᠰᠢᠨ᠎ᠡ | ᠡᠵᠡᠩᠨᠡᠯᠲᠡ ᠶᠢᠨ ᠪᠠᠶᠢᠳᠠᠯ ᠂ ᠰᠢᠨ᠎ᠡ ᠵᠠᠭᠪᠤᠷ ᠪᠣᠯᠤᠨ ᠰᠢᠨ᠎ᠡ ᠮᠡᠷᠭᠡᠵᠢᠯ ᠢ ᠥᠷᠭᠡᠨ ᠢᠶᠠᠷ ᠤᠬᠠᠭᠤᠯᠵᠤ᠂ | ᠦᠢᠯᠡᠴᠢᠯᠡᠭᠡᠨ ᠤ ᠦᠢᠯᠡᠰ ᠤᠨ ᠬᠦᠷᠢᠶ᠎ᠡ ᠴᠠᠷᠠᠭᠠᠨ ᠳᠠᠬᠢ ᠨᠡᠷ᠎ᠡ ᠠᠯᠳᠠᠷᠰᠢᠭᠰᠠᠨ ᠠᠵᠤ ᠠᠬᠤᠶᠢᠯᠠᠯ᠂ ᠴᠣᠣᠲᠤ | ᠲᠠᠸᠠᠷ ᠤᠨ ᠲᠡᠮᠳᠡᠭᠲᠦ ᠪᠣᠯᠤᠨ ᠨᠡᠷᠡᠲᠦ ᠱᠣᠰᠢᠭ᠎ᠠ ᠲᠠᠢ ᠦᠢᠯᠡᠳᠬᠦᠨ ᠢ ᠤᠬᠠᠭᠤᠯᠤᠨ᠂ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢ ᠳᠡᠮᠵᠢᠬᠦ ᠡᠯ᠎ᠡ ᠵᠦᠢᠯ ᠤᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠪᠣᠯᠤᠨ ᠡᠯ᠎ᠡ | ᠭᠠᠵᠠᠷ ᠣᠷᠣᠨ ᠤ ᠦᠢᠯᠡᠴᠢᠯᠡᠭᠡᠨ ᠤ ᠦᠢᠯᠡᠰ ᠤᠨ ᠬᠥᠭᠵᠢᠯᠲᠡ ᠳᠤ ᠨᠡᠶᠢᠲᠡᠯᠢᠭ ᠲᠤᠷᠰᠢᠯᠭ᠎ᠠ ᠶᠢ ᠤᠬᠠᠭᠤᠯᠵᠤ᠂ | ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠰᠠᠶᠢᠨ ᠰᠠᠶᠢᠬᠠᠨ ᠣᠷᠴᠢᠨ ᠢ ᠪᠤᠢ ᠪᠣᠯᠭᠠᠨ᠎ᠠ᠃ | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿13·5﹀ ᠶᠢᠨ ᠦᠢᠯᠡᠴᠢᠯᠡᠭᠡᠨ ᠤ | ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ︾ ᠶᠢ ᠬᠡᠷᠡᠭᠵᠢᠭᠦᠯᠬᠦ ᠪᠠᠷ ᠳᠠᠮᠵᠢᠭᠤᠯᠵᠤ᠂ ᠪᠢᠳᠡ ᠬᠠᠮᠲᠤᠪᠡᠷ | ᠴᠢᠷᠮᠠᠶᠢᠵᠤ᠂ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠥᠷᠭᠡᠳᠬᠡᠨ᠂ ᠮᠠᠨ ᠤ ᠣᠷᠣᠨ ᠤ ᠠᠵᠤ | ᠦᠢᠯᠡᠰ ᠤᠨ ᠬᠡᠯᠪᠡᠷᠢ ᠶᠢ ᠬᠤᠪᠢᠷᠠᠭᠤᠯᠤᠨ ᠲᠡᠰ ᠳᠡᠪᠰᠢᠬᠦ ᠳᠤ ᠬᠦᠴᠦᠨ ᠨᠡᠮᠡᠷᠢᠯᠡᠵᠦ᠂ ᠥᠪᠥᠷ ᠮᠣᠩᠭᠤᠯ ᠤᠨ | ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠣᠯᠬᠤ ᠱᠠᠲᠤ ᠶᠢ ᠠᠮᠵᠢᠯᠲᠠ ᠲᠠᠢ | ᠪᠡᠶᠡᠯᠡᠭᠦᠯᠬᠦ ᠶᠢ ᠬᠦᠰᠡᠨ ᠵᠥᠩᠨᠡᠶ᠎ᠡ᠃ | ᠬᠥᠲᠥᠯᠥᠭᠴᠢ᠄ | ᠰᠠᠶᠢᠨ ᠪᠣᠯᠣᠯ᠎ᠠ᠂ ᠬᠦᠯᠢᠴᠡᠩᠭᠦᠶ ᠪᠠᠷ ᠲᠠᠶᠢᠯᠤᠮᠵᠢ ᠬᠢᠭᠰᠡᠨ ᠸᠠᠩ ᠡᠷᠬᠢᠯᠡᠭᠴᠢ ᠪᠠ ᠰᠦᠯᠵᠢᠶᠡᠨ ᠠᠨᠳᠠ ᠳᠤ | ᠲᠠᠯᠠᠷᠬᠠᠯ ᠳᠡᠪᠰᠢᠭᠦᠯᠦᠯ᠎ᠡ᠂ ᠲᠣᠰ ᠬᠤᠭᠤᠴᠠᠭᠠᠨ ᠤ ᠰᠤᠷᠪᠤᠯᠵᠢᠯᠠᠭ᠎ᠠ ᠠᠳᠡ ᠭᠦᠷᠦᠭᠡᠳ ᠥᠨᠳᠥᠷᠯᠡᠯ᠎ᠡ᠂ | ᠲᠠᠷᠠᠭᠠᠴᠢ ᠶᠢᠨ ᠫᠷᠤᠭ᠍ᠷᠠᠮ ᠳᠤ ᠪᠠᠶᠠᠷᠲᠠᠶ ᠵᠣᠯᠭᠠᠶ᠎ᠠ︕ |