ᠡᠨᠡ ᠵᠢᠯ ᠤᠨ ᠲᠦᠷᠦᠭᠦᠦ ᠭᠤᠷᠪᠠᠨ ᠤᠯᠠᠷᠢᠯ ᠳᠤ᠂ ᠥᠪᠥᠷ ᠮᠣᠩᠭᠤᠯ ᠨᠡᠶᠢᠲᠡ ᠶᠢᠨ ᠠᠰᠠᠷᠠᠮᠵᠢ ᠶᠢᠨ | ᠴᠢᠨᠠᠷᠲᠠᠶ ᠠᠵᠢᠯ ᠤᠨ ᠪᠠᠶᠢᠷᠢ ᠶᠢ ᠨᠡᠭᠡᠭᠡᠨ ᠬᠥᠭᠵᠢᠭᠦᠯᠬᠦ᠂ ᠣᠨᠴᠠᠯᠢᠭ ᠪᠦᠬᠦᠢ ᠳᠡᠮᠵᠢᠯᠭᠡ ᠶᠢᠨ ᠠᠵᠢᠯᠯᠠᠭ᠎ᠠ | ᠥᠷᠨᠢᠭᠦᠯᠬᠦ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠤᠨ ᠠᠵᠢᠯ ᠤᠯᠬᠤ ᠳᠤ ᠬᠦᠴᠢᠷᠲᠡᠶ 4.46 ᠲᠦᠮᠡᠨ ᠬᠦᠮᠦᠨ ᠢ | ᠲᠥᠪᠬᠢᠨᠡᠭᠦᠯᠵᠦ᠂ ᠣᠨ ᠤ ᠲᠥᠯᠥᠪᠯᠡᠭᠡ ᠶᠢᠨ ᠢᠶᠠᠨ 89.15% ᠶᠢ ᠪᠡᠶᠡᠯᠡᠭᠦᠯᠪᠡ᠃ | ᠣᠳᠣᠬᠠᠨ ᠳᠤ᠂ ᠥᠪᠥᠷ ᠮᠣᠩᠭᠤᠯ ᠤᠨ ᠬᠥᠳᠡᠯᠮᠦᠷᠢ ᠶᠢᠨ ᠬᠦᠴᠦᠨ ᠤ ᠬᠠᠩᠭᠠᠯᠭ᠎ᠠ ᠨᠢ | ᠬᠡᠷᠡᠭᠴᠡᠭᠡ ᠠᠴᠠ ᠪᠠᠨ ᠬᠡᠲᠦᠷᠡᠬᠦ ᠶᠡᠷᠦᠩᠬᠡᠶ ᠬᠡᠮᠵᠢᠶᠡᠨ ᠤ ᠳᠠᠷᠤᠯᠲᠠ ᠮᠥᠨ ᠯᠡ ᠨᠡᠯᠢᠶᠡᠳ ᠶᠡᠭᠡ ᠪᠠᠶᠢᠵᠤ᠂ | ᠬᠥᠳᠡᠯᠮᠦᠷᠢ ᠶᠢᠨ ᠬᠦᠴᠦᠨ ᠤ ᠬᠡᠪ ᠴᠢᠨᠠᠷ ᠤᠨ ᠪᠦᠲᠦᠴᠨ ᠨᠢ ᠠᠵᠤ ᠦᠢᠯᠡᠰ ᠤᠨ ᠬᠡᠯᠪᠡᠷᠢ ᠪᠠᠨ ᠬᠤᠪᠢᠷᠠᠭᠤᠯᠤᠨ | ᠳᠡᠰ ᠳᠡᠪᠰᠢᠭᠦᠯᠵᠦ ᠠᠵᠢᠯ ᠣᠯᠭᠤᠬᠤ ᠠᠵᠢᠯ ᠤᠨ ᠪᠠᠶᠢᠷᠢ ᠶᠢᠨ ᠱᠠᠭᠠᠷᠳᠠᠯᠭ᠎ᠠ ᠳᠤ ᠲᠤᠬᠢᠷᠠᠬᠤ ᠦᠭᠡᠢ ᠪᠠᠶᠢᠬᠤ | ᠵᠥᠷᠢᠴᠡᠯ ᠨᠡᠩ ᠲᠤᠪᠤᠶᠢᠮ᠎ᠠ ᠢᠯᠡᠷᠡᠵᠦ᠂ ︽4050︾ ᠤᠨ ᠬᠥᠮᠦᠰ᠂ ᠶᠠᠭ ᠠᠵᠢᠯ ᠣᠯᠭᠤᠯᠲᠠ ᠦᠭᠡᠢ ᠭᠡᠷ | ᠪᠦᠯᠢ ᠶᠢᠨ ᠪᠦᠷᠢᠯᠳᠦᠬᠦᠨ᠂ ᠬᠤᠲᠠ ᠶᠢᠨ ᠲᠣᠭᠤᠷᠢᠭ ᠤᠨ ᠭᠠᠵᠠᠷ ᠰᠢᠷᠣᠶ ᠪᠠᠨ ᠠᠯᠳᠠᠭᠰᠠᠨ ᠬᠥᠮᠦᠰ ᠵᠡᠷᠭᠡ ᠠᠵᠢᠯ | ᠤᠯᠬᠤ ᠳᠤ ᠬᠦᠴᠢᠷᠲᠡᠶ ᠬᠦᠮᠦᠰ ᠲᠤ ᠠᠵᠢᠯ ᠣᠯᠭᠤᠬᠤ ᠬᠦᠴᠢᠷᠳᠡᠯ ᠨᠡᠮᠡᠭᠳᠡᠪᠡ᠃ ᠣᠳᠣᠬᠠᠨ ᠳᠤ᠂ ᠥᠪᠥᠷ | ᠮᠣᠩᠭᠤᠯ ᠬᠤᠲᠠ ᠪᠠᠯᠭᠠᠰᠤᠨ ᠤ ᠠᠵᠢᠯ ᠠᠯᠳᠠᠭᠰᠠᠳ ᠤᠨ ᠦᠨᠡᠨ ᠨᠡᠷ᠎ᠡ ᠶᠢᠨ ᠬᠥᠳᠡᠯᠦᠩᠭᠦᠶ ᠬᠠᠮᠢᠶᠠᠷᠤᠯᠲᠠ ᠶᠢᠨ | ᠲᠣᠭᠲᠠᠴᠠ ᠶᠢ ᠪᠠᠶᠢᠭᠤᠯᠵᠤ᠂ ᠬᠤᠲᠠ ᠪᠠᠯᠭᠠᠰᠤᠨ ᠤ ᠰᠠᠭᠤᠭᠠᠯᠢ ᠠᠷᠠᠳ ᠤᠨ ᠠᠮᠢᠳᠤᠷᠠᠯ ᠤᠨ ᠨᠠᠭᠠᠳᠤ ᠵᠠᠬ᠎ᠠ ᠶᠢᠨ | ᠪᠠᠲᠤᠯᠠᠭ᠎ᠠ ᠬᠦᠷᠲᠡᠵᠦ ᠪᠠᠶᠢᠭ᠎ᠠ ᠠᠵᠢᠯ ᠠᠯᠳᠠᠭᠰᠠᠳ᠂ ᠠᠵᠢᠯ ᠠᠯᠳᠠᠭᠠᠳ ᠨᠢᠭᠡ ᠵᠢᠯ ᠠᠴᠠ ᠳᠡᠭᠡᠭᠰᠢ ᠪᠣᠯᠵᠤ | ᠪᠠᠶᠢᠲᠠᠯ᠎ᠠ ᠪᠠᠨ ᠮᠥᠨ ᠬᠦ ᠠᠵᠢᠯ ᠣᠯᠤᠭᠠᠳᠤᠶ ᠬᠤᠳᠠ ᠪᠠᠯᠭᠠᠰᠤᠨ ᠤ ᠠᠵᠢᠯ ᠠᠯᠳᠠᠭᠰᠠᠳ ᠲᠤ ᠲᠦᠷᠦ ᠶᠢᠨ | ᠪᠤᠳᠤᠯᠭ᠎ᠠ ᠶᠢᠨ ᠬᠠᠷᠠᠭᠠᠯᠵᠠᠯ ᠬᠦᠷᠲᠡᠭᠡᠬᠦ᠂ ᠠᠵᠢᠯ ᠤᠨ ᠪᠠᠶᠢᠷᠢ ᠣᠯᠭᠤᠬᠤ᠂ ᠦᠶᠯᠡᠴᠢᠯᠡᠭᠡ ᠬᠦᠷᠭᠡᠬᠦ᠂ ᠨᠥᠬᠦᠪᠥᠷᠢ | ᠣᠯᠭᠤᠬᠤ ᠵᠡᠷᠭᠡ ᠬᠠᠪᠰᠤᠷᠤᠯᠭ᠎ᠠ ᠪᠠ ᠳᠡᠮᠵᠢᠯᠭᠡ ᠬᠠᠩᠭᠠᠵᠤ᠂ ᠠᠵᠢᠯ ᠤᠨ ᠪᠠᠶᠢᠷᠢ ᠶᠢᠨ ᠱᠠᠭᠠᠷᠳᠠᠯᠭ᠎ᠠ ᠳᠤ ᠨᠡᠶᠢᠴᠡᠬᠦ | ᠠᠵᠢᠯ ᠠᠯᠳᠠᠭᠰᠠᠳ ᠢ ᠤᠷᠢᠳᠠᠪᠠᠷ ᠲᠥᠪᠬᠢᠨᠡᠭᠦᠯᠵᠦ ᠪᠠᠶᠢᠬᠤ ᠪᠦᠭᠡᠳ ᠨᠡᠶᠢᠭᠡᠮ ᠤᠨ ᠳᠠᠭᠠᠳᠬᠠᠯ ᠤᠨ ᠨᠥᠬᠦᠪᠥᠷᠢ | ᠪᠣᠯᠤᠨ ᠠᠵᠢᠯ ᠤᠨ ᠪᠠᠶᠢᠷᠢ ᠶᠢᠨ ᠨᠥᠬᠦᠪᠥᠷᠢ ᠣᠯᠭᠤᠵᠣ ᠪᠠᠶᠢᠨ᠎ᠠ᠃ |