ᠡᠨᠡ ᠵᠢᠯ ᠥᠪᠥᠷ ᠮᠣᠩᠭᠤᠯ 531 ᠲᠦᠮᠡᠨ ᠰᠤᠷᠤᠭᠴᠢ ᠳᠤ ᠰᠤᠷᠤᠯᠭ᠎ᠠ ᠶᠢᠨ ᠲᠡᠳᠬᠦᠮᠵᠢ ᠶᠢᠨ ᠮᠦᠩᠬᠦ ᠣᠯᠭᠤᠪᠠ
ᠨᠡᠶᠢᠲᠡᠯᠡᠭᠰᠡᠨ ᠴᠠᠭ᠄
2017/12/25
     ᠤᠳᠤᠬᠠᠨ ᠪᠤᠯᠳᠠᠯ᠎ᠠ ᠮᠠᠨ ᠤ ᠤᠷᠤᠨ ᠤ 531 ᠲᠦᠮᠡᠨ ᠰᠤᠷᠤᠭᠴᠢ ︵ᠤᠳᠠᠭ᠎ᠠ︶ ᠡᠯ᠎ᠡ ᠱᠠᠳᠤᠨ ᠤ ᠡᠯ᠎ᠠ ᠲᠦᠷᠦᠯ ᠤᠨ ᠲᠡᠳᠬᠦᠮᠵᠢ ᠶᠢ ᠬᠦᠷᠳᠡᠵᠤ᠂ ᠪᠦᠬᠦ ᠲᠡᠳᠬᠦᠮᠵᠢ ᠶᠢᠨ ᠮᠦᠩᠬᠦ 60.6 ᠳ᠋ᠦᠩᠰᠢᠭᠤᠷ ᠲᠦᠬᠦᠷᠢᠭ ᠲᠤ ᠬᠦᠷᠴᠦ᠂ ᠨᠢᠳᠤᠨᠤᠨ ᠤ 56.1 ᠳ᠋ᠦᠩᠰᠢᠭᠤᠷ ᠲᠦᠬᠦᠷᠢᠭ ᠠᠴᠠ 4.5 ᠳ᠋ᠦᠩᠰᠢᠭᠤᠷ ᠲᠦᠬᠦᠷᠢᠭ ᠨᠡᠮᠡᠭᠳᠡᠵᠦ᠂ ᠨᠡᠮᠡᠭᠳᠡᠯ ᠤᠨ ᠬᠡᠮᠵᠢᠶ᠎ᠡ ᠨᠢ8.02%᠎ ᠳᠤ ᠬᠦᠷᠴᠡᠢ᠃ ᠡᠬᠦᠨ ᠳᠤ ᠡᠳ᠋ ᠤᠨ ᠵᠠᠰᠠᠭ ᠤᠨ ᠪᠡᠯᠡ ᠤᠷᠤᠭᠤᠯᠤᠯᠳᠠ 49.8 ᠳ᠋ᠦᠩᠰᠢᠭᠤᠷ ᠲᠦᠬᠦᠷᠢᠭ ᠲᠤ ᠬᠦᠷᠴᠦ᠂ ᠪᠦᠬᠦ ᠲᠡᠳᠬᠦᠮᠵᠢ ᠶᠢᠨ ᠮᠦᠩᠬᠦ ᠶᠢᠨ 82.2%᠎ ᠢ ᠡᠵᠡᠯᠡᠪᠡ᠃      ᠡᠨᠡ ᠵᠢᠯ ᠪᠦᠬᠦ ᠤᠷᠤᠨ ᠤ ᠡᠩ ᠤᠨ ᠶᠡᠭᠡ ᠳᠡᠬᠡᠳᠤ ᠰᠤᠷᠭᠠᠭᠤᠯᠢ ᠶᠢᠨ ᠰᠤᠷᠤᠯᠭ᠎ᠠ ᠶᠢᠨ ᠲᠡᠳᠬᠦᠮᠵᠢ ᠶᠢᠨ ᠮᠦᠩᠬᠦ 14.3 ᠳ᠋ᠦᠩᠰᠢᠭᠤᠷ ᠲᠦᠬᠦᠷᠢᠭ ᠲᠤ ᠬᠦᠷᠴᠦ᠂ 19.1 ᠤᠶᠤᠳᠠᠨ ︵ᠤᠳᠠᠭ᠎ᠠ︶᠎ ᠳᠤ ᠠᠰᠢᠭ ᠬᠦᠷᠳᠡᠬᠡᠪᠡ︔ ᠡᠩ ᠤᠨ ᠵᠢᠩᠬᠢᠨᠢ ᠠᠩᠬᠢ᠂ ᠳᠤᠰᠬᠠᠢ ᠮᠡᠷᠬᠡᠵᠢᠯ ᠤᠨ ᠰᠤᠷᠭᠠᠨ ᠬᠦᠮᠦᠵᠢᠯ ᠳᠤ ᠨᠠᠶᠢᠳᠠᠪᠤᠷᠢᠵᠢᠭᠤᠯᠤᠭᠰᠠᠨ ᠪᠡᠯᠡ ᠮᠦᠩᠬᠦ 12.3 ᠳ᠋ᠦᠩᠰᠢᠭᠤᠷ ᠲᠦᠬᠦᠷᠢᠭ ᠲᠤ ᠬᠦᠷᠴᠦ᠂ 16.8 ᠲᠦᠮᠡᠨ ᠬᠦᠮᠦᠨ ︵ᠤᠳᠠᠭ᠎ᠠ︶᠎ ᠳᠤ ᠠᠰᠢᠭ ᠬᠦᠷᠳᠡᠬᠡᠪᠡ︔ ᠳᠤᠮᠳᠠ ᠵᠡᠷᠬᠡ ᠶᠢᠨ ᠠᠵᠢᠯ ᠮᠡᠷᠬᠡᠵᠢᠯ ᠤᠨ ᠰᠤᠷᠭᠠᠨ ᠬᠦᠮᠦᠵᠢᠯ ᠳᠤ ᠨᠠᠶᠢᠳᠠᠪᠤᠷᠢᠵᠢᠭᠤᠯᠤᠭᠰᠠᠨ ᠪᠡᠯᠡ ᠮᠦᠩᠬᠦ 6.84 ᠳ᠋ᠦᠩᠰᠢᠭᠤᠷ ᠲᠦᠬᠦᠷᠢᠭ ᠲᠤ ᠬᠦᠷᠴᠦ᠂ 42.5 ᠲᠦᠮᠡᠨ ᠬᠦᠮᠦᠨ ︵ᠤᠳᠠᠭ᠎ᠠ︶᠎ ᠳᠤ ᠠᠰᠢᠭ ᠬᠦᠷᠳᠡᠬᠡᠵᠠᠢ︔ ᠡᠩ ᠤᠨ ᠦᠨᠳᠦᠷ ᠳᠤᠮᠳᠠᠳᠤ ᠶᠢᠨ ᠰᠤᠷᠭᠠᠨ ᠬᠦᠮᠦᠵᠢᠯ ᠳᠤ ᠨᠠᠶᠢᠳᠠᠪᠤᠷᠢᠵᠢᠭᠤᠯᠤᠭᠰᠠᠨ ᠪᠡᠯᠡ ᠮᠦᠩᠬᠦ 14.27 ᠳ᠋ᠦᠩᠰᠢᠭᠤᠷ ᠲᠦᠬᠦᠷᠢᠭ ᠲᠤ ᠬᠦᠷᠴᠦ᠂ 65.6 ᠲᠦᠮᠡᠨ ᠬᠦᠮᠦᠨ ︵ᠤᠳᠠᠭ᠎ᠠ︶᠎ ᠳᠤ ᠠᠰᠢᠭ ᠬᠦᠷᠳᠡᠬᠡᠪᠡ︔      ᠠᠯᠪᠠᠨ ᠵᠢᠷᠤᠮ ᠤᠨ ᠰᠤᠷᠭᠠᠨ ᠬᠦᠮᠦᠵᠢᠯ ᠳᠤ ᠨᠠᠶᠢᠳᠠᠪᠤᠷᠢᠵᠢᠭᠤᠯᠤᠭᠰᠠᠨ ᠪᠡᠯᠡ ᠮᠦᠩᠬᠦ 12.9 ᠳ᠋ᠦᠩᠰᠢᠭᠤᠷ ᠲᠦᠬᠦᠷᠢᠭ ᠲᠤ ᠬᠦᠷᠴᠦ᠂ ᠪᠠᠰᠠ 3.96 ᠳ᠋ᠦᠩᠰᠢᠭᠤᠷ ᠲᠦᠬᠦᠷᠢᠭ ᠳᠤᠬᠢᠷᠠᠭᠤᠯᠤᠨ ᠠᠯᠪᠠᠨ ᠵᠢᠷᠤᠮ ᠎ ᠤᠨ ᠰᠤᠷᠭᠠᠨ ᠬᠦᠮᠦᠵᠢᠯ ᠤᠨ ᠱᠠᠳᠤᠨ ᠤ ᠰᠤᠷᠭᠠᠭᠤᠯᠢ ᠳᠤ ᠪᠠᠶᠢᠭ᠎ᠠ 195.1 ᠲᠦᠮᠡᠨ ᠰᠤᠷᠤᠭᠴᠢ ᠳᠤ ᠰᠦᠢᠳᠬᠡᠯ ᠬᠤᠷᠢᠶᠠᠬᠤ ᠦᠬᠡᠢ ᠪᠠᠷ ᠰᠤᠷᠬᠤ ᠪᠢᠴᠢᠭ ᠳᠠᠷᠬᠠᠭᠠᠵᠤ᠂ 5.34 ᠳ᠋ᠦᠩᠰᠢᠭᠤᠷ ᠲᠦᠬᠦᠷᠢᠭ ᠤᠨ ᠪᠡᠯᠡ ᠮᠦᠩᠬᠦ ᠪᠠᠷ ᠪᠠᠶᠢᠷᠢ ᠳᠤ ᠰᠠᠭᠤᠭ᠎ᠠ 55.4 ᠲᠦᠮᠡᠨ ᠰᠤᠷᠤᠭᠴᠢ ᠶᠢᠨ ᠠᠮᠢᠳᠤᠷᠠᠯ ᠤᠨ ᠰᠦᠢᠳᠬᠡᠯ ᠢ ᠨᠦᠬᠦᠪᠦᠷᠢᠯᠡᠭᠰᠠᠨ ᠪᠠᠶᠢᠨ᠎ᠠ᠃ ᠡᠬᠦᠨ ᠳᠤ ᠪᠠᠶᠢᠷᠢ ᠳᠤ ᠰᠠᠭᠤᠭ᠎ᠠ ᠰᠤᠷᠤᠭᠴᠢ ᠶᠢᠨ ᠪᠠᠶᠢᠷᠢ ᠶᠢᠨ ᠰᠦᠢᠳᠬᠡᠯ ᠢ 6000 ᠲᠦᠮᠡᠨ ᠲᠦᠬᠦᠷᠢᠭ ᠬᠡᠯᠳᠦᠷᠢᠬᠦᠯᠵᠦ᠂ 53.8 ᠲᠦᠮᠡᠨ ᠰᠤᠷᠤᠭᠴᠢ ᠳᠤ ᠠᠰᠢᠭ ᠬᠦᠷᠳᠡᠬᠡᠪᠡ︔ ᠤᠯᠤᠰ ᠤᠨ ᠳᠡᠰ ᠤᠨ ᠶᠠᠳᠠᠭᠤ ᠬᠦᠴᠢᠷᠳᠡᠯᠳᠡᠢ 31 ᠬᠤᠰᠢᠭᠤ ᠰᠢᠶᠠᠨ ᠳᠤ ︽ᠰᠢᠮ᠎ᠡ ᠳᠡᠵᠢᠬᠡᠯ ᠢ ᠰᠠᠶᠢᠵᠢᠷᠠᠭᠤᠯᠬᠤ ᠲᠦᠯᠦᠪᠯᠡᠭᠡ︾᠎ ᠶᠢ ᠬᠡᠷᠡᠭᠵᠢᠬᠦᠯᠤᠨ 2.3 ᠳ᠋ᠦᠩᠰᠢᠭᠤᠷ ᠲᠦᠬᠦᠷᠢᠭ ᠨᠠᠶᠢᠳᠠᠪᠤᠷᠢᠵᠢᠭᠤᠯᠵᠤ᠂ 28.3 ᠲᠦᠮᠡᠨ ᠰᠤᠷᠤᠭᠴᠢ ᠳᠤ ᠠᠰᠢᠭ ᠬᠦᠷᠳᠡᠬᠡᠪᠡ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠱᠠᠳᠤᠨ ᠳᠤ 1.54 ᠳ᠋ᠦᠩᠰᠢᠭᠤᠷ ᠨᠠᠶᠢᠳᠠᠪᠤᠷᠢᠵᠢᠭᠤᠯᠵᠤ᠂ ᠬᠤᠤᠰ ᠬᠡᠯᠡ ᠪᠠᠷ ᠬᠢᠴᠢᠶᠡᠯᠯᠡᠵᠦ ᠪᠠᠶᠢᠭ᠎ᠠ ᠬᠡᠦᠬᠡᠳ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠬᠦᠷᠳᠡᠵᠦ ᠪᠠᠶᠢᠭ᠎ᠠ ᠬᠡᠷ ᠪᠦᠯᠢ ᠶᠢᠨ ᠬᠡᠦᠬᠡᠳ᠂ ᠦᠨᠦᠴᠢᠨ ᠬᠡᠦᠬᠡᠳ ᠪᠤᠯᠤᠨ ᠵᠡᠮᠳᠡᠭ ᠬᠡᠦᠬᠡᠳ ᠢ ᠳᠡᠮᠵᠢᠨ ᠳᠤᠰᠠᠯᠠᠵᠠᠢ᠃       ᠮᠠᠨ ᠤ ᠤᠷᠤᠨ ᠨᠢᠬᠡᠨᠳᠡ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠠᠴᠠ ᠳᠡᠬᠡᠳᠤ ᠵᠡᠷᠬᠡ ᠶᠢᠨ ᠰᠤᠷᠭᠠᠨ ᠬᠦᠮᠦᠵᠢᠯ ᠪᠠ ᠠᠰᠫᠢᠷᠠᠨᠲ ᠤᠨ ᠰᠤᠷᠭᠠᠨ ᠬᠦᠮᠦᠵᠢᠯ ᠬᠦᠷᠳᠡᠯᠡᠬᠢ ᠡᠯ᠎ᠡ ᠱᠠᠳᠤᠨ ᠤ ᠰᠤᠷᠭᠠᠨ ᠬᠦᠮᠦᠵᠢᠯ ᠤᠨ ᠰᠤᠷᠤᠯᠭ᠎ᠠ ᠶᠢᠨ ᠲᠡᠳᠬᠦᠮᠵᠢ ᠶᠢᠨ ᠲᠦᠷᠦ ᠶᠢᠨ ᠪᠤᠳᠤᠯᠭ᠎ᠠ ᠶᠢᠨ ᠰᠢᠰᠲ᠋ᠧᠮ ᠢ ᠪᠦᠷᠢᠯᠳᠦᠬᠦᠯᠵᠦ᠂ ᠡᠯ᠎ᠠ ᠱᠠᠳᠤᠨ ᠤ ᠰᠤᠷᠭᠠᠨ ᠬᠦᠮᠦᠵᠢᠯ᠂ ᠠᠯᠪᠠᠨ ᠠᠴᠠ ᠡᠷᠬᠢᠯᠡᠭᠰᠡᠨ ᠪᠠ ᠠᠷᠠᠳ ᠠᠴᠠ ᠡᠷᠬᠢᠯᠡᠭᠰᠡᠨ ᠰᠤᠷᠭᠠᠨ ᠬᠦᠮᠦᠵᠢᠯ ᠵᠢᠴᠢ ᠬᠡᠷ ᠪᠦᠯᠢ ᠶᠢᠨ ᠠᠮᠢᠳᠤᠷᠠᠯ ᠨᠢ ᠬᠦᠴᠢᠷᠳᠡᠯᠳᠡᠢ ᠰᠤᠷᠤᠭᠴᠢ ᠶᠢ ᠪᠦᠬᠦᠨ ᠢ ᠪᠦᠷᠬᠦᠬᠦᠯᠦᠭᠰᠡᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号