2016 ᠣᠨ ᠳᠤ᠂ ᠥᠪᠥᠷ ᠮᠣᠩᠭᠤᠯ ᠤᠨ ᠠᠵᠤ ᠠᠬᠤᠶᠢᠯᠠᠯ ᠤᠳ ᠤᠨ ︽ᠨᠢᠭᠡ ᠪᠦᠰᠡ ᠨᠢᠭᠡ ᠵᠠᠮ︾ | ᠳᠠᠭᠠᠤ ᠤᠯᠤᠰ ᠯᠤᠭ᠎ᠠ ᠶᠢᠨ ᠰᠠᠨᠠᠮᠵᠢᠲᠤ ᠪᠡᠯᠡ ᠣᠷᠣᠭᠤᠯᠤᠯᠲᠠ ᠶᠢᠨ ᠲᠥᠷᠥᠯ ᠵᠦᠢᠯ 88 ᠪᠠᠶᠢᠵᠤ᠂ ᠳᠦᠷᠦᠯ | ᠵᠦᠢᠯ ᠤᠨ ᠲᠤᠭ᠎ᠠ ᠨᠢ ᠠᠳᠠᠯᠢ ᠬᠤᠭᠤᠴᠠᠭᠠᠨ ᠤ ᠬᠢ ᠠᠴᠠ 9 ᠨᠡᠮᠡᠭᠳᠡᠵᠦ᠂ ᠪᠥᠬᠦ ᠣᠷᠣᠨ ᠤ ᠰᠢᠨ᠎ᠡ ᠪᠠᠷ | ᠪᠠᠶᠢᠭᠤᠯᠤᠭᠰᠠᠨ ᠭᠠᠳᠠᠭᠠᠳᠤ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠪᠦᠬᠦ ᠲᠣᠭᠠᠨ ᠤ 77.19% ᠶᠢ | ᠡᠵᠡᠯᠡᠵᠡᠢ︔ ᠳᠤᠮᠳᠠᠳᠤ ᠶᠢᠨ ᠲᠠᠯ᠎ᠠ ᠶᠢᠨ ᠵᠥᠪᠳᠡᠯᠴᠡᠭᠡᠷ ᠤᠨ ᠪᠡᠯᠡ ᠣᠷᠣᠭᠤᠯᠤᠯᠲᠠ 6.3 ᠳ᠋ᠦᠩᠰᠢᠭᠤᠷ | ᠳ᠋ᠣᠯᠯᠠᠷ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 31.25% ᠪᠠᠷ ᠨᠡᠮᠡᠭᠳᠡᠵᠦ᠂ ᠪᠥᠬᠦ ᠣᠷᠣᠨ ᠤ | ᠭᠠᠳᠠᠭᠠᠳᠤ ᠪᠡᠯᠡ ᠣᠷᠣᠭᠤᠯᠤᠯᠲᠠ ᠶᠢᠨ ᠳᠤᠮᠳᠠᠳᠤ ᠶᠢᠨ ᠲᠠᠯ᠎ᠠ ᠶᠢᠨ ᠵᠥᠪᠳᠡᠯᠴᠡᠭᠡᠷ ᠤᠨ ᠪᠡᠯᠡ ᠣᠷᠣᠭᠤᠯᠤᠯᠲᠠ ᠶᠢᠨ | ᠪᠦᠬᠦ ᠲᠣᠭᠠᠨ ᠤ 27.46% ᠶᠢ ᠡᠵᠡᠯᠡᠵᠡᠢ᠃ | ᠣᠶᠢᠯᠠᠭᠠᠭᠰᠠᠨ ᠢᠶᠠᠷ᠂ ᠥᠪᠥᠷ ᠮᠣᠩᠭᠤᠯ ᠤᠨ ᠠᠵᠤ ᠠᠬᠤᠶᠢᠯᠠᠯ ᠤᠳ ᠤᠨ ︽ᠨᠢᠭᠡ ᠪᠦᠰᠡ ᠨᠢᠭᠡ ᠵᠠᠮ︾ | ᠳᠠᠭᠠᠤ ᠤᠯᠤᠰ ᠯᠤᠭ᠎ᠠ ᠶᠢᠨ ᠪᠡᠯᠡ ᠣᠷᠣᠭᠤᠯᠤᠯᠲᠠ ᠶᠢᠨ ᠬᠡᠪᠴᠢᠶ᠎ᠡ ᠨᠢ ᠭᠤᠣᠯᠳᠠᠭᠤ ᠲᠠᠷᠢᠶᠠᠯᠠᠩ ᠤᠢ ᠰᠢᠭᠤᠶ ᠮᠠᠯ | ᠠᠵᠤ ᠠᠬᠤᠶ ᠵᠢᠭᠠᠰᠤᠨ ᠠᠵᠤ ᠠᠬᠤᠶ᠂ ᠬᠦᠳᠡᠷ ᠮᠠᠯᠲᠠᠬᠤ ᠦᠢᠯᠡᠰ᠂ ᠦᠢᠯᠡᠳᠬᠦ ᠦᠢᠯᠡᠰ᠂ ᠢᠳᠡᠭᠡᠨ ᠤᠮᠳᠠᠭᠠᠨ ᠤ | ᠦᠢᠯᠡᠰ᠂ ᠪᠥᠭᠡᠮ ᠢᠶᠠᠷ ᠬᠤᠳᠠᠯᠳᠤᠬᠤ ᠦᠢᠯᠡᠰ᠂ ᠪᠠᠷᠢᠯᠭ᠎ᠠ ᠶᠢᠨ ᠦᠢᠯᠡᠰ᠂ ᠵᠠᠮ ᠲᠡᠭᠡᠭᠡᠪᠦᠷᠢ ᠶᠢᠨ ᠦᠢᠯᠡᠰ᠂ | ᠬᠤᠨᠣᠭᠯᠠᠬᠤ ᠦᠢᠯᠡᠰ᠂ ᠮᠡᠳᠡᠭᠡ ᠵᠠᠩᠭᠢ ᠳᠠᠮᠵᠢᠭᠤᠯᠬᠤ ᠪᠠ ᠮᠡᠳᠡᠭᠡ ᠵᠠᠩᠭᠢ ᠶᠢᠨ ᠮᠡᠷᠭᠡᠵᠢᠯ ᠤᠨ ᠦᠢᠯᠡᠴᠢᠯᠡᠭᠡᠨ ᠤ | ᠦᠢᠯᠡᠰ᠂ ᠰᠣᠶᠣᠯ ᠤᠷᠠᠯᠢᠭ ᠤᠨ ᠦᠢᠯᠡᠰ᠂ ᠬᠥᠮᠥᠷᠭᠡ ᠶᠢᠨ ᠦᠢᠯᠡᠰ᠂ ᠴᠠᠬᠢᠯᠭᠠᠨ ᠢᠯᠴᠢ ᠶᠢᠨ ᠬᠦᠴᠦᠨ ᠤ | ᠦᠢᠯᠡᠳᠪᠦᠷᠢᠯᠡᠯ ᠤᠨ ᠬᠠᠩᠭᠠᠯᠭ᠎ᠠ ᠶᠢᠨ ᠦᠢᠯᠡᠰ ᠵᠡᠷᠭᠡ ᠬᠤᠯᠪᠣᠭᠳᠠᠵᠠᠢ᠃ ᠲᠡᠷᠡᠴᠢᠯᠡᠨ ᠣᠷᠣᠰ᠂ ᠮᠣᠩᠭᠤᠯ ᠤᠯᠤᠰ᠂ | ᠠᠷᠠᠪ ᠤᠨ ᠬᠤᠯᠪᠣᠭᠠᠲᠤ ᠠᠬᠠᠮᠳᠲᠦ ᠤᠯᠤᠰ᠂ ᠲᠠᠢ ᠤᠯᠤᠰ᠂ ᠺᠠᠮᠪᠣᠵᠠ᠂ ᠺᠡᠽᠡᠬᠰᠲ᠋ᠡᠠ᠂ ᠭᠷᠦ᠋ᠽᠢᠶᠠ᠂ | ᠺᠢᠷᠬᠢᠽᠰᠲ᠋ᠠᠨ᠂ ᠰᠷᠢ ᠯᠡᠡᠺᠡ᠂ ᠶᠧᠵᠢᠫᠲ᠂ ᠰᠢᠩᠭᠠᠫᠣᠷ ᠵᠡᠷᠭᠡ 11 ᠤᠯᠤᠰ ᠲᠠᠢ ᠬᠤᠯᠪᠣᠭᠳᠠᠪᠠ᠃ |