ᠪᠦᠬᠦ ᠤᠷᠤᠨ ᠤ ᠠᠵᠤ ᠦᠢᠯᠡᠳᠪᠤᠷᠢ ᠪᠤᠯᠤᠨ ᠮᠡᠳᠡᠭᠡ ᠵᠠᠩᠬᠢᠵᠢᠯᠳᠠ ᠵᠢᠴᠢ ᠡᠨᠧᠷᠬᠢ ᠶᠢᠨ ᠠᠵᠢᠯ ᠤᠨ ᠬᠤᠷᠠᠯ ᠬᠦᠬᠡᠬᠤᠲᠠ ᠳᠤ ᠶᠠᠪᠤᠭᠳᠠᠪᠠ
ᠨᠡᠶᠢᠲᠡᠯᠡᠭᠰᠡᠨ ᠴᠠᠭ᠄
2017/2/17
     2 ᠳ᠋ᠤᠭᠠᠷ ᠰᠠᠷ᠎ᠠ ᠶᠢᠨ 16᠎ ᠤ ᠦᠳᠡ ᠶᠢᠨ ᠡᠮᠦᠨ᠎ᠡ᠂ ᠪᠦᠬᠦ ᠤᠷᠤᠨ ᠤ ᠠᠵᠤ ᠦᠢᠯᠡᠳᠪᠤᠷᠢ ᠪᠤᠯᠤᠨ ᠮᠡᠳᠡᠭᠡ ᠵᠠᠩᠬᠢᠵᠢᠯᠳᠠ ᠵᠢᠴᠢ ᠡᠨᠧᠷᠬᠢ ᠶᠢᠨ ᠠᠵᠢᠯ ᠤᠨ ᠬᠤᠷᠠᠯ ᠬᠦᠬᠡᠬᠤᠳᠠ ᠳᠤ ᠶᠠᠪᠤᠬᠳᠠᠪᠡ᠃ ᠬᠤᠷᠠᠯ ᠠᠴᠠ 2016 ᠤᠨ ᠤ ᠪᠦᠬᠦ ᠤᠷᠤᠨ ᠤ ᠠᠵᠤ ᠦᠢᠯᠡᠳᠪᠤᠷᠢ ᠪᠤᠯᠤᠨ ᠮᠡᠳᠡᠭᠡ ᠵᠠᠩᠬᠢᠵᠢᠯᠳᠠ ᠵᠢᠴᠢ ᠡᠨᠧᠷᠬᠢ ᠶᠢᠨ ᠠᠵᠢᠯ ᠎ ᠢ ᠳ᠋ᠦᠩᠨᠡᠵᠦ᠂ ᠡᠨᠡ ᠵᠢᠯ ᠤᠨ ᠡᠯ᠎ᠡ ᠳᠦᠷᠦᠯ ᠤᠨ ᠠᠵᠢᠯ ᠢ ᠰᠤᠳᠤᠯᠤᠨ ᠪᠠᠶᠢᠷᠢᠯᠠᠭᠤᠯᠵᠡᠢ᠃      ᠦᠪᠡᠷᠳᠡᠬᠡᠨ ᠵᠠᠰᠠᠬᠤ ᠤᠷᠤᠨ ᠤ ᠳᠡᠳ᠋ ᠳᠡᠷᠢᠬᠦᠯᠡᠭᠴᠢ ᠸᠠᠩ ᠪᠦᠸᠧ ᠬᠤᠷᠠᠯ ᠳᠤ ᠤᠷᠤᠯᠴᠠᠵᠦ ᠶᠠᠷᠢᠶ᠎ᠠ ᠳᠠᠯᠪᠢᠪᠡ᠃      ᠬᠤᠷᠠᠯ ᠠᠴᠠ᠂ 2016 ᠣᠨ ᠳᠤ᠂ ᠪᠦᠬᠦ ᠤᠷᠤᠨ ᠤ ᠠᠵᠤ ᠦᠢᠯᠡᠳᠪᠤᠷᠢ ᠪᠤᠯᠤᠨ ᠮᠡᠳᠡᠭᠡ ᠵᠠᠩᠬᠢᠵᠢᠯᠳᠠᠵᠢᠴᠢ ᠡᠨᠧᠷᠬᠢ ᠶᠢᠨ ᠠᠵᠢᠯ ᠤᠨ ᠹᠷᠤᠨᠲ ᠤᠨ ᠬᠢᠨ ᠳᠦᠪ ᠤᠨ ᠪᠡ ᠦᠪᠡᠷᠳᠡᠬᠡᠨ ᠵᠠᠰᠠᠬᠤ ᠤᠷᠤᠨ ᠤ ᠡᠯ᠎ᠡ ᠳᠦᠷᠦᠯ ᠤᠨ ᠰᠢᠢᠳᠪᠤᠷᠢᠳᠦ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠨᠠᠷᠢᠨ ᠬᠢᠨᠡᠮᠡᠭᠠᠢ ᠳᠤᠤᠱᠯᠠᠭᠤᠯᠵᠦ᠂ ᠡᠯ᠎ᠡ ᠳᠦᠷᠦᠯ ᠤᠨ ᠠᠵᠢᠯ ᠤᠨ ᠡᠬᠦᠷᠬᠡ ᠪᠠᠨ ᠨᠡᠯᠢᠶᠡᠳ ᠰᠠᠶᠢᠨ ᠪᠡᠶᠡᠯᠡᠬᠦᠯᠵᠡᠢ᠄ ᠠᠵᠦ ᠦᠢᠯᠡᠳᠪᠤᠷᠢ ᠶᠢᠨ ᠨᠡᠮᠡᠭᠳᠡᠯ ᠦᠷᠳᠡᠭ ᠤᠨ ᠨᠡᠮᠡᠭᠳᠡᠯ ᠤᠨ ᠬᠤᠷᠳᠤᠴᠠ ᠠᠯᠬᠤᠮ ᠠᠯᠬᠤᠮ ᠢᠶᠠᠷ ᠨᠡᠮᠡᠭᠳᠡᠪᠡ᠃ ᠰᠢᠨ᠎ᠡ ᠳᠤᠭ᠎ᠠ ᠪᠦᠷᠢᠳᠬᠡᠯ ᠢ ᠦᠨᠳᠦᠰᠦᠯᠡᠪᠡᠯ᠂ ᠪᠦᠬᠦ ᠵᠢᠯ ᠤᠨ ᠠᠵᠦ ᠦᠢᠯᠡᠳᠪᠤᠷᠢ ᠶᠢᠨ ᠨᠡᠮᠡᠭᠳᠡᠯ ᠤᠨ ᠬᠤᠷᠳᠤᠴᠠ 7.2%᠎ ᠲᠤ ᠬᠦᠷᠴᠦ᠂ ᠪᠦᠬᠦ ᠤᠯᠤᠰ ᠤᠨ ᠳᠤᠮᠳᠡᠴᠢ ᠬᠢᠷᠢ ᠳᠦᠪᠰᠢᠨ ᠠᠴᠠ ᠵᠠᠭᠤᠨ ᠤ ᠬᠠᠷᠢᠴᠠᠯ ᠢᠶᠠᠷ 1.2 ᠬᠤᠪᠢ ᠨᠡᠮᠡᠭᠳᠡᠵᠡᠢ︔ ᠠᠵᠦ ᠦᠢᠯᠡᠳᠪᠤᠷᠢ ᠶᠢᠨ ᠦᠢᠯᠡᠳᠬᠦᠨ ᠤ ᠬᠡᠮᠵᠢᠶ᠎ᠠ ᠪᠤᠯᠤᠨ ᠦᠨ᠎ᠡ ᠬᠠᠩᠰᠢ ᠵᠡᠷᠬᠡᠪᠡᠷ ᠨᠡᠮᠡᠭᠳᠡᠵᠡᠢ᠃ ᠪᠦᠬᠦ ᠤᠷᠤᠨ ᠤ 30 ᠵᠦᠢᠯ ᠤᠨ ᠭᠤᠤᠯ ᠠᠵᠦ ᠦᠢᠯᠡᠳᠪᠤᠷᠢ ᠶᠢᠨ ᠪᠦᠳᠦᠬᠡᠭᠳᠡᠬᠦᠨ ᠤ ᠳᠤᠳᠤᠷ᠎ᠠ᠂ 19 ᠵᠦᠢᠯ ᠤᠨ ᠦᠢᠯᠡᠳᠬᠦᠨ ᠤ ᠭᠠᠷᠤᠯᠳᠠ ᠶᠢᠨ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ ᠨᠡᠮᠡᠭᠳᠡᠵᠦ᠂ 27 ᠵᠦᠢᠯ ᠤᠨ ᠦᠢᠯᠡᠳᠬᠦᠨ ᠤ ᠦᠨ᠎ᠡ ᠬᠠᠩᠰᠢ ᠨᠢ ᠠᠳᠠᠯᠢ ᠬᠤᠭᠤᠴᠠᠭᠠᠨ ᠤ ᠬᠢ ᠠᠴᠠ ᠦᠰᠴᠦ᠂ ᠠᠵᠦ ᠦᠢᠯᠡᠳᠪᠤᠷᠢ ᠠᠵᠦ ᠠᠬᠤᠶᠢᠯᠠᠯ ᠤᠨ ᠦᠷ᠎ᠠ ᠠᠰᠢᠬ ᠠᠳᠠᠯᠢ ᠬᠤᠭᠤᠴᠠᠭᠠᠨ ᠤ ᠬᠢ ᠠᠴᠠ ᠢᠯᠡᠳᠳᠡ ᠰᠠᠶᠢᠵᠢᠷᠠᠵᠡᠢ᠃ ᠪᠦᠭᠦ ᠤᠷᠤᠨ ᠤ ᠠᠵᠤ ᠦᠢᠯᠡᠳᠪᠦᠷᠢ ᠠᠵᠤ ᠠᠬᠤᠶᠢᠯᠠᠯ ᠤᠨ ᠠᠰᠢᠭ ᠠᠳᠠᠯᠢ ᠬᠤᠭᠤᠴᠠᠭᠠᠨ ᠤ ᠬᠢ ᠠᠴᠠ 31% ᠨᠡᠮᠡᠭᠳᠡᠵᠤ᠂ ᠨᠢᠳᠤᠨᠤᠨ ᠵᠢᠯ ᠤᠨ ᠠᠳᠠᠯᠢ ᠬᠤᠭᠤᠴᠠᠭᠠᠨ ᠤ ᠬᠢ ᠠᠴᠠ 54% ᠲᠡᠭᠡᠭᠰᠢᠯᠡᠵᠤ᠂ ᠪᠦᠭᠦ ᠤᠯᠤᠰ ᠤᠨ ᠲᠦᠪᠰᠢᠨ ᠠᠴᠠ ᠵᠠᠭᠤᠨ ᠤ ᠬᠠᠷᠢᠴᠠᠯ ᠢᠶᠠᠷ 22.5 ᠬᠤᠪᠢ ᠦᠨᠳᠤᠷ ᠪᠠᠶᠢᠵᠤ᠂ ᠨᠡᠮᠡᠭᠳᠡᠯ ᠤᠨ ᠬᠤᠷᠳᠤᠴᠡ ᠪᠦᠭᠦ ᠤᠯᠤᠰ ᠤᠨ ᠭᠤᠷᠪᠠᠳᠤᠭᠠᠷ ᠲᠤ ᠤᠷᠤᠵᠠᠢ᠃ ᠴᠢᠬᠤᠯᠡ ᠶᠡᠭᠡ ᠲᠦᠷᠦᠯ ᠵᠦᠢᠯ ᠤᠨ ᠪᠠᠶᠢᠭᠤᠯᠤᠯᠳᠡ ᠶᠢ ᠯᠠᠪᠳᠠᠭᠤᠨ ᠢᠶᠠᠷ ᠠᠬᠢᠭᠤᠯᠵᠠᠢ᠃ ᠪᠦᠭᠦ ᠵᠢᠯ ᠤᠨ ᠳ᠋ᠦᠩᠰᠢᠭᠤᠷ ᠲᠦᠭᠦᠷᠢᠭ ᠠᠴᠠ ᠲᠡᠭᠡᠭᠰᠢᠬᠢ ᠲᠦᠷᠦᠯ ᠵᠦᠢᠯ ᠤᠨ ᠡᠬᠢᠯᠡᠭᠦᠯᠦᠭᠰᠡᠨ ᠪᠡ ᠰᠡᠷᠭᠦᠭᠡᠭᠰᠡᠨ ᠠᠵᠢᠯ ᠤᠨ ᠨᠤᠷᠮ᠎ᠠ 100%᠎ ᠳᠤ ᠭᠦᠷᠪᠡ︔ ᠬᠠᠩᠭᠠᠯᠭ᠎ᠠ ᠶᠢᠨ ᠲᠠᠯ᠎ᠡ ᠶᠢᠨ ᠪᠦᠳᠦᠴᠡ ᠶᠢᠨ ᠴᠢᠨᠠᠷᠲᠠᠢ ᠦᠭᠡᠷᠡᠴᠢᠯᠡᠯᠳᠡ ᠠᠩᠬᠠᠨ ᠤ ᠠᠮᠵᠢᠯᠳᠡ ᠤᠯᠪᠡ᠃ ᠪᠤᠯᠤᠳ ᠲᠡᠮᠤᠷ᠂ ᠨᠡᠭᠦᠷᠡᠰᠤᠨ ᠤ ᠦᠯᠡᠭᠦᠦ ᠦᠢᠯᠡᠳᠪᠤᠷᠢᠯᠡᠯ ᠤᠨ ᠴᠢᠳᠠᠪᠦᠷᠢ ᠶᠢ ᠪᠠᠭᠠᠰᠬᠠᠬᠤ ᠡᠭᠦᠷᠭᠡ ᠶᠢ ᠲᠡᠭᠦᠰ ᠠᠮᠵᠢᠯᠳᠡ ᠲᠠᠢ ᠪᠠᠷ ᠪᠡᠶᠡᠯᠡᠭᠦᠯᠵᠠᠢ ᠭᠡᠵᠤ ᠵᠢᠭᠠᠵᠤ ᠭᠠᠷᠭᠠᠪᠡ᠃      ᠬᠤᠷᠠᠯ ᠠᠴᠠ᠂ ᠪᠦᠭᠦ ᠤᠷᠤᠨ ᠤ ᠠᠵᠤ ᠦᠢᠯᠡᠳᠪᠦᠷᠢ ᠪᠤᠯᠤᠨ ᠮᠡᠳᠡᠭᠡ ᠵᠠᠩᠬᠢᠵᠢᠯᠳᠠ ᠵᠢᠴᠢ ᠡᠨᠧᠷᠬᠢ ᠤᠨ ᠹᠷᠤᠨᠲ ᠤᠨ ᠬᠢᠨ ᠲᠦᠪ ᠤᠨ ᠪᠡ ᠦᠪᠡᠷᠳᠡᠭᠡᠨ ᠵᠠᠰᠠᠬᠤ ᠤᠷᠤᠨ ᠤ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠡ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠤᠳᠤᠬᠠᠨ ᠤ ᠠᠵᠤ ᠦᠢᠯᠡᠳᠪᠦᠷᠢ ᠶᠢᠨ ᠭᠦᠭᠵᠢᠯᠳᠡ ᠶᠢᠨ ᠪᠠᠶᠢᠳᠠᠯ ᠢ ᠵᠦᠪ ᠤᠨᠤᠪᠴᠢᠲᠠᠢ ᠡᠵᠡᠮᠳᠡᠵᠦ᠂ ᠭᠤᠤᠯᠳᠠᠯᠭ᠎ᠠ ᠶᠢ ᠲᠤᠪᠤᠶᠢᠯᠭᠠᠵᠤ᠂ ᠵᠠᠩᠬᠢᠯᠠᠭ᠎ᠠ ᠶᠢ ᠠᠳᠬᠤᠵᠤ᠂ ᠡᠨᠡ ᠵᠢᠯ ᠤᠨ ᠡᠯ᠎ᠡ ᠵᠦᠢᠯ ᠤᠨ ᠠᠵᠢᠯ ᠢ ᠯᠠᠪᠳᠠᠭᠤᠨ ᠪᠠᠳᠤᠳᠠᠢ ᠰᠠᠶᠢᠳᠤᠷ ᠬᠢᠭᠦ ᠭᠡᠷᠡᠭᠲᠠᠢ ᠭᠡᠵᠤ ᠴᠢᠬᠤᠯᠡᠴᠢᠯᠡᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号