ᠠᠷᠠᠳ ᠤᠨ ᠡᠳᠦᠷ ᠤᠨ ᠰᠤᠨᠢᠨ ᠤ ᠬᠤᠷᠢᠶ᠎ᠠ ᠪᠠ ᠦᠪᠦᠷ ᠮᠤᠩᠭᠤᠯ ᠤᠨ ᠡᠳᠦᠷ ᠤᠨ ᠰᠤᠨᠢᠨ ᠬᠤᠷᠢᠶ᠎ᠠ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭ᠎ᠠ ᠶᠢᠨ ᠪᠦᠳᠦᠭᠦᠪᠴᠢ ᠬᠡᠯᠡᠯᠴᠡᠭᠡᠷ ᠳᠣᠭᠳᠠᠪᠠ
ᠨᠡᠶᠢᠲᠡᠯᠡᠭᠰᠡᠨ ᠴᠠᠭ᠄
2017/2/20
    2 ᠳ᠋ᠤᠭᠠᠷ ᠰᠠᠷ᠎ᠠ ᠶᠢᠨ 17᠎ ᠤ ᠡᠳᠦᠷ᠂ ᠠᠷᠠᠳ ᠤᠨ ᠡᠳᠦᠷ ᠤᠨ ᠰᠤᠨᠢᠨ ᠤ ᠵᠠᠭᠤᠴᠢᠯᠠᠭᠤᠷ ᠤᠨ ᠮᠡᠷᠬᠡᠵᠢᠯ ᠎ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠪᠤᠯᠤᠨ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠶᠢᠨ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭ᠎ᠠ ᠶᠢᠨ ᠪᠦᠳᠦᠭᠦᠪᠴᠢ ᠬᠡᠯᠡᠯᠴᠡᠭᠡᠷ ᠲᠤ ᠭᠠᠷ ᠤᠨ ᠦᠰᠦᠭ ᠵᠢᠷᠤᠬᠤ ᠶᠤᠰᠤᠯᠠᠯ ᠬᠦᠬᠡᠬᠤᠳᠠ ᠳᠤ ᠶᠠᠪᠤᠬᠳᠠᠵᠠᠢ᠃      ᠠᠷᠠᠳ ᠤᠨ ᠡᠳᠦᠷ ᠤᠨ ᠰᠤᠨᠢᠨ ᠤ ᠬᠤᠷᠢᠶ᠎ᠠ ᠶᠢᠨ ᠲᠡᠳ᠋ ᠶᠡᠷᠦᠩᠬᠡᠢ ᠨᠠᠶᠢᠷᠠᠭᠤᠯᠤᠭᠴᠢ ᠯᠦ ᠰᠢᠨ ᠨᠢᠩ᠂ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠲᠠᠷᠤᠭ᠎ᠠ ᠪᠠᠢ ᠢᠤᠢ ᠭᠠᠩ ᠶᠤᠰᠤᠯᠠᠯ ᠳᠤ ᠤᠷᠤᠯᠴᠠᠬᠰᠠᠨ ᠪᠦᠬᠡᠳ ︽ᠲᠠᠯᠠᠨ ᠬᠠᠷ᠎ᠠ ᠠᠵᠢᠯᠯᠠᠬᠤ ᠥᠷᠥᠭᠡ︾᠎ ᠶᠢᠨ ᠢᠯᠡᠷᠬᠡᠶᠢᠢᠯᠡᠯ ᠢ ᠰᠡᠬᠦᠵᠡᠢ᠃      ᠶᠤᠰᠤᠯᠠᠯ ᠲᠡᠭᠡᠷ᠎ᠡ᠂ ᠠᠷᠠᠳ ᠤᠨ ᠡᠳᠦᠷ ᠤᠨ ᠰᠤᠨᠢᠨ ᠤ ᠵᠠᠭᠤᠴᠢᠯᠠᠭᠤᠷ ᠤᠨ ᠮᠡᠷᠬᠡᠵᠢᠯ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠪᠠ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ︽ᠵᠠᠭᠤᠴᠢᠯᠠᠭᠤᠷ ᠤᠨ ᠠᠭᠤᠰᠤᠯᠴᠠᠯ ᠬᠦᠭᠵᠢᠯᠳᠡ ᠰᠢᠨᠡᠴᠢᠯᠡᠯᠳᠡ ᠶᠢᠨ ᠲᠦᠪ ᠦᠢᠯᠡᠳᠬᠡᠪᠦᠷᠢ ᠶᠢᠨ  ᠪᠠᠶᠢᠯᠳᠤᠬᠤ ᠪᠤᠳᠤᠯᠭ᠎ᠠ ᠶᠢᠨ ᠬᠠᠮᠳᠣᠷᠠᠯᠴᠠᠭ᠎ᠠ ᠶᠢᠨ ᠪᠦᠳᠦᠭᠦᠪᠴᠢ ᠬᠡᠯᠡᠯᠴᠡᠭᠡᠷ︾᠎ ᠲᠤ ᠭᠠᠷ ᠤᠨ ᠦᠰᠦᠭ ᠵᠢᠷᠤᠵᠠᠢ᠃ ᠬᠡᠯᠡᠯᠴᠡᠬᠡᠷ ᠶᠤᠰᠤᠭᠠᠷ᠂ ᠠᠷᠠᠳ ᠤᠨ ᠡᠳᠦᠷ ᠤᠨ ᠰᠤᠨᠢᠨ ᠤ ᠬᠤᠷᠢᠶ᠎ᠠ ᠦᠪᠦᠷ ᠮᠤᠩᠭᠤᠯ ᠤᠨ ᠡᠳᠦᠷ ᠤᠨ ᠰᠤᠨᠢᠨ ᠎ ᠤ ᠬᠤᠷᠢᠶ᠎ᠠ ᠶᠢ ᠬᠠᠪᠰᠤᠷᠤᠨ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠶᠢᠨ ᠲᠦᠪ ᠦᠢᠯᠡᠳᠬᠡᠪᠦᠷᠢ ᠶᠢ ᠪᠠᠶᠢᠭᠤᠯᠤᠨ ᠦᠭᠴᠦ᠂ ᠠᠷᠠᠳ ᠤᠨ ᠡᠳᠦᠷ ᠤᠨ ᠰᠤᠨᠢᠨ ᠤ ᠬᠤᠷᠢᠶ᠎ᠠ ᠶᠢᠨ ᠲᠦᠪ ᠦᠢᠯᠡᠳᠬᠡᠪᠦᠷᠢ ᠶᠢᠨ ᠠᠷᠭ᠎ᠠ ᠵᠠᠮ ᠡᠬᠢ ᠪᠠᠶᠠᠯᠢᠬ ᠪᠤᠯᠤᠨ ᠲᠡᠬᠦᠨ ᠤ ᠲᠡᠷᠢᠬᠦᠨ ᠤ ᠮᠡᠷᠬᠡᠵᠢᠯ ᠢ ᠠᠰᠢᠬᠯᠠᠨ᠂ ᠦᠪᠦᠷ ᠮᠤᠩᠭᠤᠯ ᠤᠨ ᠡᠳᠦᠷ ᠤᠨ ᠰᠤᠨᠢᠨ ᠎ ᠤ ᠬᠤᠷᠢᠶ᠎ᠠ ᠳᠤ ᠬᠠᠷᠠᠭᠠᠯᠵᠠᠬᠰᠠᠨ ᠮᠡᠷᠬᠡᠵᠢᠯ ᠪᠤᠯᠤᠨ ᠪᠦᠳᠦᠭᠡᠭᠳᠡᠬᠦᠨ ᠢ ᠦᠢᠯᠡᠳᠬᠦ ᠦᠢᠯᠡᠴᠢᠯᠡᠭᠡ ᠬᠠᠩᠭᠠᠬᠤ ᠪᠤᠯᠤᠨ᠎ᠠ᠃ ᠡᠬᠦᠨ ᠤ ᠬᠠᠮᠳᠤ᠂ ᠠᠷᠠᠳ ᠤᠨ ᠡᠳᠦᠷ ᠤᠨ ᠰᠤᠨᠢᠨ ᠤ ᠵᠠᠭᠤᠴᠢᠯᠠᠭᠤᠷ ᠤᠨ ᠮᠡᠷᠬᠡᠵᠢᠯ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠪᠤᠯᠤᠨ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠬᠠᠮᠳᠤᠪᠡᠷ ︽ᠲᠠᠯᠠᠨ ᠬᠠᠷ᠎ᠠ ᠠᠵᠢᠯᠯᠠᠬᠤ ᠦᠷᠦᠬᠡ︾ ᠪᠠᠶᠢᠭᠤᠯᠵᠠᠢ᠂ ᠡᠨᠡ ᠪᠤᠯ ᠠᠷᠠᠳ ᠤᠨ ᠡᠳᠦᠷ ᠤᠨ ᠰᠤᠨᠢᠨ ᠤ ᠲᠦᠪ ᠦᠢᠯᠡᠳᠬᠡᠪᠦᠷᠢ ᠶᠢᠨ ᠪᠦᠬᠦ ᠤᠯᠤᠰ ᠤᠨ ᠮᠤᠵᠢ ᠶᠢᠨ ᠲᠡᠰ ᠤᠨ ᠬᠠᠮ ᠵᠠᠭᠤᠴᠢᠯᠠᠭᠤᠷ ᠯᠤᠭ᠎ᠠ ᠬᠠᠮᠳᠤᠷᠠᠨ ᠪᠠᠶᠢᠭᠤᠯᠤᠭᠰᠠᠨ ᠠᠩᠬᠠᠨ ᠤ ᠪᠦᠳᠦᠭᠡᠭᠳᠡᠬᠦᠨ ᠪᠤᠯᠤᠨ᠎ᠠ᠃      ᠦᠪᠡᠷᠳᠡᠬᠡᠨ ᠵᠠᠰᠠᠬᠤ ᠤᠷᠤᠨ ᠤ ᠴᠤᠷ ᠤᠨ ᠭᠠᠭᠴᠠ ᠵᠠᠭᠤᠴᠢᠯᠠᠭᠤᠷ ᠤᠨ ᠠᠭᠤᠰᠤᠯᠴᠠᠯ ᠤᠨ ᠲᠤᠷᠰᠢᠯᠳᠠ ᠶᠢᠨ ᠴᠢᠬ ᠤᠨ ᠨᠢᠭᠡᠴᠡ ᠪᠤᠯᠤᠬᠰᠠᠨ ᠤ ᠬᠤᠪᠢ ᠳᠤ᠂ ᠣᠶᠢᠷ᠎ᠠ ᠶᠢᠨ ᠵᠢᠯ ᠳᠤ᠂ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠲᠦᠪ ᠤᠨ ᠪᠠ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠬ ᠤᠨ ᠤᠷᠳᠤᠨ ᠤ ᠵᠠᠭᠤᠴᠢᠯᠠᠭᠤᠷ ᠢ ᠠᠭᠤᠰᠤᠯᠴᠠᠭᠤᠯᠣᠨ ᠬᠦᠭᠵᠢᠭᠦᠯᠬᠦ ᠶᠢ ᠠᠬᠢᠭᠤᠯᠬᠤ  ᠪᠠᠶᠢᠷᠢᠯᠠᠭᠤᠯᠤᠯᠲᠠ ᠱᠠᠭᠠᠷᠳᠠᠯᠭ᠎ᠠ ᠶᠢ ᠬᠢᠨᠠᠮᠠᠭᠠᠢ ᠲᠤᠤᠱᠯᠠᠭᠤᠯᠵᠤ᠂ ᠣᠨᠣᠯᠵᠢᠬᠤᠨ᠂ ᠰᠲ᠋ᠢᠯᠢ᠂ ᠬᠡᠯᠪᠡᠷᠢ᠂ ᠠᠷᠭ᠎ᠠ ᠬᠡᠮᠵᠢᠶ᠎ᠡ᠂ ᠠᠷᠭ᠎ᠠ ᠪᠠᠷᠢᠯ᠂ ᠲᠦᠯᠦᠪ ᠪᠶᠢᠳᠠᠯ᠂ ᠲᠤᠬᠳᠠᠴᠠ᠂ ᠪᠠᠶᠢᠭᠤᠯᠤᠮᠵᠢ ᠪᠠᠨ ᠲᠠᠰᠤᠷᠠᠯᠳᠠ ᠦᠬᠡᠢ ᠰᠢᠨᠡᠴᠢᠯᠡᠵᠦ᠂ ᠨᠡᠬᠦᠳᠡᠯ ᠵᠠᠭᠤᠴᠢᠯᠠᠭᠤᠷ ᠢ ᠤᠷᠢᠳᠠᠪᠡᠷ ᠬᠦᠭᠵᠢᠭᠦᠯᠬᠦ᠂ ᠰᠤᠷᠪᠤᠯᠵᠢᠯᠠᠵᠤ ᠨᠠᠶᠢᠷᠠᠭᠤᠯᠬᠤ ᠶᠠᠪᠤᠴᠠ ᠶᠢ ᠲᠠᠬᠢᠨ ᠪᠦᠳᠦᠬᠡᠬᠦ᠂ ᠲᠦᠪ ᠦᠢᠯᠡᠳᠬᠡᠪᠦᠷᠢ ᠶᠢᠨ ᠪᠠᠶᠢᠭᠤᠯᠤᠯᠲᠠ᠂ ᠬᠠᠮ ᠵᠠᠭᠤᠴᠢᠯᠠᠭᠤᠷ ᠤᠨ ᠴᠢᠳᠠᠪᠤᠷᠢᠳᠠᠨ ᠢ ᠬᠦᠮᠦᠵᠢᠭᠦᠯᠬᠦ ᠵᠡᠷᠬᠡ ᠲᠠᠯ᠎ᠠ ᠳᠤ ᠭᠤᠤᠯᠳᠠᠯᠭ᠎ᠠ ᠪᠠᠨ ᠲᠠᠯᠪᠢᠨ ᠴᠦᠬᠦᠷᠡᠯ ᠦᠬᠡᠢ ᠴᠢᠷᠮᠠᠶᠢᠨ ᠰᠢᠨ᠎ᠠ ᠰᠢᠪᠳᠤᠯᠤᠯᠳᠠ ᠲᠠᠢ ᠪᠤᠯᠵᠤ᠂ ᠰᠤᠨᠢᠨ᠂ ᠰᠦᠯᠵᠢᠶ᠎ᠡ᠂ ᠰᠢᠯᠵᠢᠶ᠎ᠡ ᠵᠡᠷᠭᠡ ᠡᠯ᠎ᠡ ᠵᠦᠢᠯ ᠤᠨ ᠲᠠᠮᠵᠢᠭᠤᠯᠭ᠎ᠠ ᠶᠢᠨ ᠲᠠᠪᠴᠠᠩ ᠢ ᠬᠦᠴᠦᠯᠡᠨ ᠴᠤᠬᠴᠠᠯᠠᠵᠤ᠂ ᠵᠠᠭᠤᠴᠢᠯᠠᠭᠤᠷ ᠤᠨ ᠠᠭᠤᠰᠤᠯᠴᠠᠯ ᠤᠨ ᠲᠦᠷᠦᠯ ᠵᠦᠢᠯ ᠤᠨ ᠪᠶᠢᠭᠤᠯᠤᠯᠳᠠ ᠪᠠᠷ ᠬᠦᠳᠦᠯᠦᠨ ᠲᠠᠭᠠᠭᠤᠯᠵᠤ᠂ ᠤᠯᠠᠮᠵᠢᠯᠠᠯᠳᠤ ᠵᠠᠭᠤᠴᠢᠯᠠᠭᠤᠷ ᠪᠤᠯᠤᠨ ᠰᠢᠨ᠎ᠡ ᠵᠠᠭᠤᠴᠢᠯᠠᠭᠤᠷ ᠤᠨ ︽ᠬᠠᠷᠢᠯᠴᠠᠨ ᠨᠡᠮᠡᠬᠦ︾᠎ ᠠᠴᠠ ︽ᠬᠠᠷᠢᠯᠴᠠᠨ ᠠᠭᠤᠰᠤᠯᠴᠠᠬᠤ︾᠎ ᠶᠢ ᠴᠢᠷᠮᠠᠶᠢᠢᠨ ᠪᠡᠶᠡᠯᠡᠬᠦᠯᠵᠦ᠂ ᠠᠭᠤᠰᠤᠯᠴᠠᠨ ᠬᠦᠭᠵᠢᠬᠦ ᠶᠢ ᠬᠦᠳᠦᠯᠦᠨ ᠲᠠᠭᠠᠭᠤᠯᠬᠤ ᠦᠨᠳᠦᠰᠦᠨ ᠴᠢᠳᠠᠪᠤᠷᠢ ᠶᠢ ᠠᠩᠬ᠎ᠠ ᠠᠯᠬᠤᠮ ᠪᠦᠷᠢᠯᠳᠦᠬᠦᠯᠵᠦ᠂ ᠬᠠᠮ ᠵᠠᠭᠤᠴᠢᠯᠠᠭᠤᠷ ᠤᠨ ᠠᠭᠤᠯᠭ᠎ᠠ ᠶᠢ ᠦᠢᠯᠡᠳᠪᠦᠷᠢᠯᠡᠬᠦ ᠡᠮᠬᠢ ᠳᠠᠷᠠᠭᠠᠯᠠᠯ ᠤᠨ ᠪᠦᠬᠦᠯᠢ ᠴᠤᠬᠴᠠ ᠶᠢᠨ ᠪᠤᠷᠤ ᠲᠦᠯᠦᠪ ᠢ ᠠᠩᠬ᠎ᠠ ᠠᠯᠬᠤᠮ ᠪᠶᠢᠭᠤᠯᠵᠠᠢ᠃ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠪᠠ ᠠᠷᠠᠳ ᠤᠨ ᠡᠳᠦᠷ ᠤᠨ ᠰᠤᠨᠢᠨ ᠤ ᠬᠤᠷᠢᠶ᠎ᠠ ᠶᠢᠨ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭ᠎ᠠ ᠶᠢᠨ ᠪᠦᠳᠦᠭᠦᠪᠴᠢ ᠬᠡᠯᠡᠯᠴᠡᠬᠡᠷ ᠲᠤ ᠭᠠᠷ ᠤᠨ ᠦᠰᠦᠭ ᠵᠢᠷᠤᠬᠰᠠᠨ ᠨᠢ᠂ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠠᠷᠠᠳ ᠤᠨ ᠡᠳᠦᠷ ᠤᠨ ᠰᠤᠨᠢᠨ ᠤ ᠬᠤᠷᠢᠶ᠎ᠠ ᠶᠢᠨ ᠡᠬᠢ ᠪᠠᠶᠠᠯᠢᠬ ᠤᠨ ᠲᠠᠪᠠᠭᠤᠯᠢᠬ᠂ ᠮᠡᠷᠬᠡᠵᠢᠯ ᠤᠨ ᠲᠠᠪᠠᠭᠤᠯᠢᠬ᠂ ᠴᠢᠳᠠᠪᠤᠷᠢᠳᠠᠨ ᠤ ᠲᠠᠪᠠᠭᠤᠯᠢᠬ ᠢ ᠠᠰᠢᠬᠯᠠᠨ᠂ ᠵᠠᠭᠤᠴᠢᠯᠠᠭᠤᠷ ᠤᠨ ᠬᠦᠨᠵᠡᠬᠡᠢ ᠠᠭᠤᠰᠤᠯᠴᠠᠯ ᠢ ᠲᠦᠷᠬᠡᠳᠬᠡᠨ ᠠᠬᠢᠭᠤᠯᠵᠤ᠂ ᠬᠠᠮ ᠰᠤᠨᠢᠨ ᠮᠡᠳᠡᠭᠡ ᠦᠢᠯᠡᠳᠪᠦᠷᠢᠯᠡᠬᠦ ᠴᠢᠳᠠᠪᠤᠷᠢ ᠪᠠᠨ ᠲᠡᠭᠡᠭᠰᠢᠯᠡᠬᠦᠯᠵᠦ᠂ ᠠᠭᠤᠰᠤᠯᠴᠠᠨ ᠲᠠᠮᠵᠢᠭᠤᠯᠬᠤ ᠮᠡᠷᠬᠡᠵᠢᠯ ᠢ ᠦᠷᠬᠡᠨ ᠢᠶᠠᠷ ᠬᠡᠷᠡᠭᠯᠡᠵᠦ᠂ ᠬᠠᠮ ᠵᠠᠭᠤᠴᠢᠯᠠᠭᠤᠷ ᠤᠨ ᠴᠢᠳᠠᠪᠤᠷᠢᠳᠠᠨ ᠢ ᠬᠦᠮᠦᠵᠢᠬᠦᠯᠬᠦ ᠶᠢ ᠴᠢᠩᠭᠠᠳᠬᠠᠬᠤ ᠳᠤ ᠴᠦᠮ ᠴᠢᠬᠤᠯᠠ ᠠᠴᠢ ᠬᠤᠯᠪᠤᠬᠳᠠᠯ ᠲᠠᠢ᠃ ᠡᠬᠦᠨ ᠤ ᠬᠠᠮᠳᠤ ᠪᠠᠰᠠ ᠠᠷᠠᠳ ᠤᠨ ᠡᠳᠦᠷ ᠤᠨ ᠰᠤᠨᠢᠨ ᠤ ᠬᠤᠷᠢᠶ᠎ᠠ ᠶᠢᠨ ᠦᠨᠳᠦᠰᠦᠨ ᠱᠠᠳᠤᠨ ᠤ ᠰᠤᠨᠢᠨ ᠮᠡᠳᠡᠬᠡᠨ ᠤ ᠲᠡᠮᠳᠡᠷᠢᠬᠦᠯ ᠢ ᠤᠷᠳᠤᠳᠬᠠᠵᠤ᠂ ᠭᠤᠤᠯ ᠣᠷᠣᠰᠬᠠᠯ ᠤᠨ ᠵᠠᠭᠤᠴᠢᠯᠠᠭᠤᠷ ᠤᠨ ᠲᠠᠮᠵᠢᠭᠤᠯᠭ᠎ᠠ ᠶᠢᠨ ᠰᠠᠭᠤᠷᠢᠨ ᠢ ᠦᠷᠬᠡᠳᠬᠡᠵᠦ᠂ ᠲᠦᠪ ᠤᠨ ᠵᠠᠭᠤᠴᠢᠯᠠᠭᠤᠷ ᠪᠤᠯᠤᠨ ᠤᠷᠤᠨ ᠨᠤᠳᠤᠬ ᠤᠨ ᠵᠠᠭᠤᠴᠢᠯᠠᠭᠤᠷ ᠬᠠᠮᠳᠤᠷᠠᠨ ᠠᠵᠢᠯᠯᠠᠵᠣ ᠬᠠᠮᠳᠤᠪᠡᠷ ᠠᠰᠢᠭ ᠬᠦᠷᠳᠡᠬᠦ ᠰᠢᠨ᠎ᠡ ᠵᠠᠬᠪᠤᠷ ᠢ ᠴᠣᠭᠴᠠᠯᠠᠬᠤ ᠪᠣᠯᠣᠨ᠎ᠠ᠃      ᠶᠤᠰᠤᠯᠠᠯ ᠲᠠᠭᠤᠰᠤᠬᠰᠠᠨ ᠤ ᠲᠠᠷᠠᠭ᠎ᠠ᠂ ᠯᠦ ᠰᠢᠨ ᠨᠢᠩ ᠪᠠᠰᠠ ᠠᠭᠤᠰᠤᠯᠴᠠᠭᠤᠯᠣᠨ ᠬᠦᠭᠵᠢᠭᠦᠯᠬᠦ ᠨᠢ ᠶᠠᠭᠠᠬᠢᠭᠠᠳ ᠳᠡᠶᠢᠢᠮᠦ ᠴᠢᠬᠤᠯᠠ ᠪᠶᠢᠬᠤ᠂ ᠬᠦᠨᠵᠡᠬᠡᠢ ᠠᠭᠤᠰᠤᠯᠴᠠᠯ ᠶᠠᠭᠠᠬᠢᠭᠠᠳ ᠲᠡᠶᠢᠮᠦ ᠴᠢᠬᠤᠯᠠ ᠪᠠᠶᠢᠬᠤ᠂ ᠲᠦᠪ ᠦᠢᠯᠡᠳᠬᠡᠪᠦᠷᠢ ᠶᠠᠭᠠᠬᠢᠭᠠᠳ ᠲᠡᠶᠢᠮᠦ ᠴᠢᠬᠤᠯᠠ ᠪᠠᠶᠢᠬᠤ ᠵᠡᠷᠭᠡ 3 ᠲᠠᠯ᠎ᠠ ᠠᠴᠠ᠂ ᠦᠪᠡᠷᠳᠡᠬᠡᠨ ᠵᠠᠰᠠᠬᠤ ᠤᠷᠤᠨ᠂ ᠬᠦᠬᠡᠬᠤᠳᠠ ᠶᠢᠨ ᠬᠤᠶᠠᠷ ᠱᠠᠳᠤᠨ ᠤ ᠰᠣᠷᠳᠠᠯ ᠣᠬᠠᠭᠤᠯᠭ᠎ᠠ ᠶᠢᠨ ᠰᠠᠯᠠᠭ᠎ᠠ ᠮᠦᠴᠢᠷ ᠪᠠ ᠭᠤᠤᠯ ᠪᠤᠯᠬᠤ ᠵᠠᠭᠤᠴᠢᠯᠠᠭᠤᠷ ᠤᠨ ᠬᠠᠮᠢᠶ᠎ᠠ ᠪᠦᠬᠦᠢ ᠠᠵᠢᠯᠳᠠᠨ᠂ ᠬᠦᠬᠡᠬᠤᠳᠠ ᠳᠤ ᠰᠠᠭᠤᠭ᠎ᠠ ᠬᠡᠰᠡᠭ ᠶᠡᠭᠡ ᠲᠡᠭᠡᠳᠦ ᠵᠡᠷᠬᠡ ᠶᠢᠨ ᠰᠤᠷᠭᠠᠭᠤᠯᠢ ᠶᠢᠨ ᠰᠤᠨᠢᠨ ᠮᠡᠳᠡᠭᠡ ᠶᠢᠨ ᠲᠡᠭᠡᠳᠦ ᠰᠤᠷᠭᠠᠭᠤᠯᠢ ᠰᠠᠯᠪᠤᠷᠢ ᠶᠢᠨ ᠪᠠᠭᠰᠢ ᠣᠶᠣᠳᠠᠳ ᠲᠤ ᠲᠤᠰᠬᠠᠢ ᠰᠡᠳᠦᠪᠳᠦ ᠲᠠᠶᠢᠯᠤᠮᠵᠢ ᠬᠢᠵᠠᠢ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号