ᠪᠦ᠋ ᠰᠢᠶᠤᠤ ᠯᠢᠨ ᠡᠸᠡᠩᠬᠢ ᠬᠤᠰᠢᠭᠤᠨ ᠳᠤ ᠪᠠᠶᠢᠴᠠᠭᠠᠨ ᠰᠤᠳᠤᠯᠤᠯᠳᠠ ᠬᠢᠪᠡ
ᠨᠡᠶᠢᠲᠡᠯᠡᠭᠰᠡᠨ ᠴᠠᠭ᠄
2017/2/22
     2 ᠳ᠋ᠤᠭᠠᠷ ᠰᠠᠷ᠎ᠠ ᠶᠢᠨ 20᠎ ᠤ ᠦᠳᠡ ᠶᠢᠨ ᠬᠤᠶᠢᠨ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ ᠳᠡᠷᠢᠭᠦᠯᠡᠭᠴᠢ ᠪᠦ᠋ ᠰᠢᠶᠤᠤ ᠯᠢᠨ ᠬᠦᠯᠦᠨ ᠪᠤᠶᠢᠷ ᠬᠤᠳᠠ ᠶᠢᠨ ᠡᠸᠡᠩᠬᠢ ᠬᠤᠰᠢᠭᠤᠨ ᠳᠤ ᠬᠦᠷᠴᠤ᠂ ᠶᠠᠳᠠᠭᠤ ᠬᠦᠴᠢᠷᠳᠡᠯᠳᠠᠢ ᠮᠠᠯᠵᠢᠬᠤ ᠡᠷᠦᠬᠡ ᠶᠢ ᠲᠤᠬᠤᠨᠢᠭᠤᠯᠵᠤ᠂ ᠶᠠᠳᠠᠭᠤ ᠠᠴᠠ ᠠᠩᠬᠢᠵᠢᠷᠡᠭᠤᠯᠬᠤ ᠠᠵᠢᠯ ᠪᠣᠯᠣᠨ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠠᠵᠢᠯ ᠤᠨ ᠳᠤᠬᠠᠢ ᠪᠠᠶᠢᠴᠠᠭᠠᠨ ᠰᠤᠳᠤᠯᠪᠠ᠃        ᠨᠢᠳᠤᠨᠤᠨ ᠡᠸᠡᠩᠬᠢ ᠬᠤᠰᠢᠭᠤ ᠭᠠᠩ ᠬᠠᠭᠰᠠᠷᠠᠭᠠᠨ ᠳᠤ ᠳᠠᠭᠠᠷᠢᠭᠳᠠᠪᠠ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠶᠠᠮᠠᠷ ᠪᠠᠶᠢᠭ᠎ᠠ ᠪᠤᠯ︖ ᠪᠦ᠋ ᠰᠢᠶᠤᠤ ᠯᠢᠨ ᠡᠨᠡ ᠠᠰᠠᠭᠤᠳᠠᠯ ᠳᠤ ᠲᠦᠢᠯ ᠢᠶᠠᠷ ᠰᠠᠨᠠᠭᠠᠰᠢᠷᠠᠨ᠎ᠠ᠃ ᠪᠠᠶᠠᠨᠳᠠᠯ᠎ᠠ ᠳᠠᠭᠤᠷ ᠦᠨᠳᠦᠰᠦᠲᠡᠨ ᠤ ᠰᠢᠶᠠᠩ ᠳᠤ᠂ ᠪᠦ᠋ ᠰᠢᠶᠣᠣ ᠯᠢᠨ ᠣᠷᠢᠳ ᠬᠤᠵᠢᠳ ᠳᠠᠭᠤᠷ ᠮᠠᠯᠴᠢᠨ ᠳᠠᠨ᠎ᠠ ᠶᠢᠨ ᠬᠢᠨ ᠪᠣᠯᠣᠨ ᠡᠸᠡᠩᠬᠢ ᠮᠠᠯᠴᠢᠨ ᠲᠦ᠋ ᠱᠦ ᠶᠢᠩ ᠤᠨ ᠬᠢᠨ ᠳᠤ ᠬᠦᠷᠴᠦ᠂ ᠮᠠᠯᠴᠢᠳ ᠲᠠᠢ ᠬᠠᠮᠳᠣ ᠨᠠᠷᠢᠨ ᠳᠠᠩᠰᠠ ᠪᠣᠳᠣᠵᠣ᠂ ᠮᠠᠯᠵᠢᠬᠤ ᠡᠷᠦᠬᠡ ᠶᠢᠨ ᠮᠠᠯ ᠤᠨᠤᠭ᠎ᠠ ᠬᠠᠳᠣᠯᠠᠩ ᠪᠡᠯᠴᠢᠭᠡᠷ᠂ ᠨᠢᠳᠤᠨᠤᠨ ᠤ ᠭᠠᠮᠰᠢᠭᠳᠠᠭᠰᠠᠨ ᠪᠠᠶᠢᠳᠠᠯ ᠪᠣᠯᠣᠨ ᠳᠣᠬᠠᠢ ᠶᠢᠨ ᠭᠠᠵᠠᠷ ᠤᠨ ᠭᠠᠩ ᠲᠠᠢ ᠲᠡᠮᠡᠴᠡᠵᠦ ᠭᠠᠮᠰᠢᠭ ᠢ ᠪᠠᠭᠠᠰᠬᠠᠬᠤ ᠠᠷᠭ᠎ᠠ ᠬᠡᠮᠵᠢᠶ᠎ᠡ ᠶᠢ ᠨᠠᠶᠢᠳᠠᠪᠣᠷᠢᠵᠢᠭᠤᠯᠣᠭᠰᠠᠨ ᠪᠠᠶᠢᠳᠠᠯ ᠢ ᠨᠠᠷᠢᠨ ᠣᠢᠢᠯᠠᠭᠠᠵᠣ᠂ ᠮᠠᠯᠴᠢᠳ ᠤᠨ ᠡᠪᠡᠰᠦ ᠪᠣᠷᠳᠤᠭ᠎ᠠ ᠶᠢᠨ ᠪᠡᠯᠡᠳᠭᠡᠯ ᠭᠦᠢᠴᠡᠳ ᠡᠰᠡᠬᠦ᠂ ᠡᠯ᠎ᠡ ᠵᠦᠢᠯ ᠤᠨ ᠨᠦᠬᠦᠪᠦᠷᠢ ᠶᠢ ᠴᠠᠭ ᠳᠣᠬᠠᠢ ᠳᠤᠨᠢ ᠨᠠᠶᠢᠳᠠᠪᠣᠷᠢᠵᠢᠭᠤᠯᠣᠭᠰᠠᠨ ᠡᠰᠡᠬᠦ᠂ ᠪᠠᠩᠬᠢ ᠶᠢᠨ ᠵᠢᠭᠡᠯᠡᠯᠭᠡ ᠶᠢᠨ ᠬᠦᠦ ᠮᠦᠩᠭᠦ ᠦᠨᠳᠦᠷ ᠡᠰᠡᠬᠦ ᠵᠡᠷᠭᠡ ᠪᠠᠶᠢᠳᠠᠯ ᠢ ᠯᠠᠪᠯᠠᠨ ᠠᠰᠠᠭᠤᠪᠠ᠃ ᠳᠠᠨ᠎ᠠ ᠶᠢᠨ ᠬᠢᠨ 5 ᠠᠮᠠ ᠲᠠᠢ᠂ 2015 ᠤᠨ ᠳᠤ ᠳᠠᠩᠰᠠ ᠡᠪᠬᠡᠮᠡᠯ ᠪᠠᠶᠢᠭᠤᠯᠣᠨ ᠺᠠᠷᠲ ᠵᠣᠬᠢᠶᠠᠭᠰᠠᠨ ᠶᠠᠳᠠᠭᠤ ᠡᠷᠦᠭᠡ ᠪᠣᠯᠣᠨ᠎ᠠ᠂ ᠬᠠᠪᠰᠣᠷᠣᠨ ᠳᠡᠮᠵᠢᠬᠦ ᠪᠠᠷ ᠳᠠᠮᠵᠢᠨ ᠨᠢᠭᠡᠨᠳᠡ ᠶᠠᠳᠠᠭᠤ ᠠᠴᠠ ᠪᠠᠨ ᠠᠩᠬᠢᠵᠢᠷᠡᠪᠠ᠃ ᠲᠦ᠋ ᠱᠦ ᠶᠢᠩ ᠡᠷ᠎ᠡ ᠡᠮ᠎ᠡ ᠬᠤᠶᠠᠭᠤᠯᠠ ᠪᠠᠨ ᠮᠠᠯ ᠮᠠᠯᠵᠢᠵᠤ᠂ ᠬᠦᠦ ᠨᠢ ᠦᠨᠳᠦᠷ ᠳᠤᠮᠳᠠᠳᠤ ᠶᠢᠨ ᠭᠤᠷᠪᠠᠳᠤᠭᠠᠷ ᠤᠨ ᠳᠤ ᠰᠤᠷᠤᠯᠴᠠᠵᠤ ᠪᠤᠢ᠂ ᠨᠢᠳᠦᠨᠤᠨ ᠭᠠᠩ ᠬᠠᠭᠰᠠᠷᠠᠭᠠᠨ ᠠᠴᠠ ᠪᠣᠯᠵᠣ ᠤᠷᠤᠯᠭ᠎ᠠ ᠨᠢ ᠨᠦᠯᠦᠭᠡᠯᠡᠭᠳᠡᠪᠡ᠃ ᠳᠣᠰ ᠪᠡᠶ᠎ᠡ ᠶᠢᠨ ᠬᠢᠨᠢ ᠰᠤᠶᠤᠯ ᠤᠨ ᠲᠦᠪᠰᠢᠨ ᠲᠤᠤᠷ᠎ᠠ ᠮᠦᠷᠲᠡᠭᠡᠨ ᠡᠷᠭᠢᠨ ᠳᠣᠭᠤᠷᠢᠨ ᠤ ᠬᠢᠨᠢ ᠪᠤᠰᠤᠳᠴᠢ ᠰᠢᠯᠳᠠᠭᠠᠨ ᠤ ᠬᠢᠵᠠᠭᠠᠷᠯᠠᠯ ᠠᠴᠠ ᠪᠤᠯᠵᠤ᠂ ᠵᠠᠷᠢᠮ ᠮᠠᠯᠴᠢᠨ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠨ ᠴᠢᠨᠡᠭᠡᠯᠢᠭᠵᠢᠬᠦ ᠳᠤ ᠬᠦᠴᠢᠷ ᠪᠠᠶᠢᠭ᠎ᠠ ᠪᠠᠶᠢᠳᠠᠯ ᠢ ᠣᠢᠢᠯᠠᠭᠠᠭᠰᠠᠨ ᠤ ᠳᠠᠷᠠᠭ᠎ᠠ᠂ ᠪᠦ᠋ ᠰᠢᠶᠤᠤ ᠯᠢᠨ ᠲᠤᠬᠠᠢ ᠶᠢᠨ ᠭᠠᠵᠠᠷ ᠤᠨ ᠡᠯ᠎ᠡ ᠱᠠᠳᠤᠨ ᠤ ᠺᠠᠳ᠋ᠷᠴᠤᠳ ᠲᠤ ᠵᠠᠬᠢᠭᠰᠠᠨ ᠨᠢ᠂ ᠠᠰᠠᠭᠤᠳᠠᠯ ᠤᠨ ᠤᠬᠠᠮᠰᠠᠷ ᠢ ᠪᠤᠢ ᠪᠤᠯᠭᠠᠵᠣ᠂ ᠵᠣᠬᠢᠴᠠᠯᠳᠤᠭᠰᠡᠨ ᠬᠠᠪᠰᠣᠷᠣᠨ ᠳᠡᠳᠭᠦᠬᠦ ᠲᠦᠷᠦ ᠶᠢᠨ ᠪᠤᠳᠤᠯᠭ᠎ᠠ ᠳᠣᠭᠳᠠᠭᠠᠵᠣ᠂ ᠭᠠᠮᠰᠢᠭᠳᠠᠭᠰᠠᠨ ᠤᠯᠠᠨ ᠲᠦᠮᠡᠨ ᠤ ᠦᠢᠯᠡᠳᠪᠦᠷᠢᠯᠡᠯ ᠠᠮᠢᠳᠤᠷᠠᠯ ᠤᠨ ᠠᠰᠠᠭᠤᠳᠠᠯ ᠢ ᠰᠠᠶᠢᠳᠤᠷ ᠰᠢᠢᠳᠪᠦᠷᠢᠯᠡᠬᠦ ᠬᠡᠷᠡᠭᠳᠠᠢ᠃ ᠠᠵᠢᠯ ᠤᠨ ᠰᠡᠳᠬᠢᠴᠡ ᠳᠡᠭᠡᠨ ᠳᠣᠬᠢᠷᠠᠭᠤᠯᠣᠯᠳᠠ ᠬᠢᠵᠦ᠂ ᠵᠠᠬ᠎ᠠ ᠳᠡᠯᠭᠡᠭᠦᠷ ᠲᠤ ᠬᠠᠨᠳᠤᠭᠤᠯᠤᠨ᠂ ᠮᠠᠯ ᠠᠵᠣ ᠠᠬᠤᠢ ᠳᠠᠷᠢᠶᠠᠯᠠᠩ ᠤᠨ ᠬᠠᠩᠭᠠᠯᠭ᠎ᠠ ᠶᠢᠨ ᠳᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠠᠴᠠ ᠭᠠᠷᠳᠠᠨ ᠮᠠᠯ ᠳᠡᠵᠢᠭᠡᠪᠦᠷᠢ ᠶᠢᠨ ᠪᠦᠳᠦᠴᠡ ᠳᠡᠭᠡᠨ ᠳᠣᠬᠢᠷᠠᠭᠤᠯᠣᠯᠳᠠ ᠬᠢᠵᠦ᠂ ᠲᠤᠮᠤ ᠠᠵᠤ ᠠᠬᠤᠢᠢᠯᠠᠯ᠂ ᠰᠠᠶᠢᠨ ᠠᠵᠤ ᠠᠬᠤᠢᠢᠯᠠᠯ ᠢ ᠣᠷᠣᠭᠤᠯᠣᠨ ᠠᠪᠴᠢᠷᠠᠵᠣ᠂ ᠤᠯᠠᠨ ᠲᠦᠮᠡᠨ ᠢ ᠳᠠᠭᠠᠭᠤᠯᠨ ᠬᠡᠯᠪᠡᠷᠢ ᠪᠠᠨ ᠬᠤᠪᠢᠷᠠᠭᠤᠯᠤᠨ ᠤᠷᠤᠯᠭ᠎ᠠ ᠪᠠᠨ ᠨᠡᠮᠡᠭᠳᠡᠬᠦᠯᠬᠦ ᠰᠢᠨ᠎ᠡ ᠵᠠᠮ ᠢᠶᠠᠷ ᠵᠠᠮᠨᠠᠬᠤ ᠬᠡᠷᠡᠭᠳᠠᠢ ᠬᠡᠪᠡ᠃      ᠰᠢᠨᠡᠭᠡᠨ ᠪᠠᠷᠠᠭᠤᠨ ᠰᠤᠮᠤ ᠶᠢᠨ ᠪᠠᠶᠠᠨᠬᠤᠰᠢᠭᠤ ᠭᠠᠴᠠᠭ᠎ᠠ ᠶᠢᠨ ᠮᠠᠯᠴᠢᠨ ᠪᠠᠳᠤ ᠶᠢᠨ ᠬᠢ ᠪᠤᠯ ᠬᠦᠯᠦᠨ ᠪᠤᠶᠢᠷ ᠤᠨ ᠰᠢᠨᠡᠭᠡᠨ ᠤ ᠤᠬᠤᠷ ᠰᠡᠭᠦᠯᠳᠤ ᠬᠤᠨᠢ ᠪᠤᠶᠢᠵᠢᠭᠤᠯᠬᠤ ᠡᠷᠦᠭᠡ ᠪᠣᠯᠣᠨ᠎ᠠ᠂ ᠮᠦᠨ ᠴᠦ ᠳᠣᠬᠠᠢ ᠶᠢᠨ ᠭᠠᠵᠠᠷ ᠤᠨ ᠢᠶᠠᠨ ᠨᠡᠯᠢᠶᠡᠳ ᠪᠠᠶᠠᠨ ᠠᠮᠢᠳᠣᠷᠠᠯ ᠲᠠᠢ ᠮᠠᠯᠴᠢᠨ ᠪᠣᠯᠣᠨ᠎ᠠ᠃ ᠪᠠᠳᠣ ᠶᠢᠨ ᠭᠡᠷ ᠲᠤ᠂ ᠪᠦ᠋ ᠰᠢᠶᠤᠤ ᠯᠢᠨ ᠭᠡᠷ ᠤᠨ ᠬᠢᠨᠢ ᠰᠣᠷᠭᠠᠨ ᠬᠦᠮᠦᠵᠢᠯ ᠤᠨ ᠵᠠᠷᠣᠯᠭ᠎ᠠ ᠪᠣᠯᠣᠨ ᠤᠷᠤᠯᠭ᠎ᠠ ᠶᠢᠨ ᠢᠷᠡᠯᠳᠡ ᠶᠢ ᠨᠢ ᠨᠠᠷᠢᠨ ᠠᠰᠠᠭᠤᠨ ᠤᠢᠢᠯᠠᠭᠠᠪᠠ᠃ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠵᠢᠩ ᠳ᠋ᠦᠩ ᠺᠤᠮᠫᠠᠨᠢ ᠲᠠᠢ ᠬᠠᠮᠳᠣᠷᠠᠨ ᠮᠠᠯᠴᠢᠳ ᠤᠨ ᠬᠢᠭᠰᠡᠨ ᠤᠷᠤᠨ ᠨᠤᠳᠤᠭ ᠤᠨ ᠤᠨᠴᠯᠠᠢᠭᠳᠣ ᠢᠳᠡᠭᠡᠨ ᠢ ᠤᠯᠤᠰ ᠤᠨ ᠳᠤᠳᠤᠭᠠᠳᠤ ᠶᠢᠨ ᠪᠣᠰᠣᠳ ᠭᠠᠵᠠᠷ ᠣᠷᠣᠨ ᠴᠢᠨᠠᠭᠰᠢᠯᠠᠭᠠᠳ ᠭᠠᠳᠠᠭᠠᠳᠤ ᠳᠤ ᠭᠠᠷᠭᠠᠵᠤ ᠪᠠᠶᠢᠭ᠎ᠠ ᠪᠠᠶᠢᠳᠠᠯ ᠢ ᠤᠢᠢᠯᠠᠭᠠᠭᠰᠠᠨ ᠤ ᠳᠠᠷᠠᠭ᠎ᠠ᠂ ᠪᠦ᠋ ᠰᠢᠶᠣᠣ ᠯᠢᠨ ᠡᠨᠡᠬᠦ ᠠᠷᠭ᠎ᠠ ᠬᠢᠳᠡᠯ ᠢ ᠨᠢ ᠭᠦᠢᠴᠡᠳ ᠨᠣᠳᠠᠯᠠᠪᠠ᠃ ᠳᠡᠷᠡ ᠴᠢᠬᠤᠯᠠᠴᠢᠯᠠᠭᠰᠠᠨ ᠨᠢ᠂ ᠡᠯ᠎ᠡ ᠱᠠᠳᠤᠨ ᠤ ᠺᠠᠳ᠋ᠷᠴᠤᠳ ᠰᠡᠳᠬᠢᠯ ᠳᠡᠭᠡᠨ ᠤᠯᠠᠨ ᠲᠦᠮᠡᠨ ᠢ ᠪᠣᠳᠣᠵᠣ᠂ ᠳᠠᠭᠠᠷᠠᠭᠰᠠᠨ ᠦᠶ᠎ᠡ ᠳᠤᠨᠢ ᠳᠠᠬᠤ ᠬᠦᠷᠭᠡᠬᠦ ᠠᠵᠢᠯ ᠢ ᠢᠯᠡᠭᠦᠭᠡᠨ ᠬᠢᠵᠤ᠂ ᠮᠠᠯᠴᠢᠳ ᠢ ᠬᠠᠪᠰᠤᠷᠤᠨ ᠵᠠᠬ᠎ᠠ ᠳᠡᠯᠬᠡᠬᠦᠷ ᠢ ᠨᠡᠭᠡᠭᠡᠨ ᠦᠷᠭᠡᠳᠭᠡᠵᠦ᠂ ᠤᠷᠤᠯᠭ᠎ᠠ ᠶᠢ ᠨᠢ ᠨᠡᠮᠡᠭᠳᠡᠬᠦᠯᠬᠦ ᠠᠷᠭ᠎ᠠ ᠵᠠᠮ ᠢ ᠦᠷᠭᠡᠳᠬᠡᠬᠦ ᠬᠡᠷᠡᠭᠳᠠᠢ᠂ ᠨᠠᠮ ᠤᠨ ᠲᠦᠷᠦ ᠶᠢᠨ ᠪᠤᠳᠤᠯᠭ᠎ᠠ ᠶᠢ ᠳᠡᠷᠡ ᠬᠡᠪ ᠢᠶᠠᠷ ᠨᠢ ᠰᠠᠶᠢᠳᠤᠷ ᠨᠠᠶᠢᠳᠠᠪᠤᠷᠢᠵᠢᠭᠤᠯᠤᠨ᠂ ᠢᠯᠡᠭᠦᠬᠡᠨ ᠠᠷᠭ᠎ᠠ ᠰᠦᠪᠡᠭᠴᠢᠯᠡᠨ᠂ ᠰᠠᠶᠢᠨ ᠠᠷᠭ᠎ᠠ ᠰᠦᠪᠡᠭᠴᠢᠯᠡᠵᠦ᠂ ᠮᠠᠯᠴᠢᠨ ᠲᠦᠮᠡᠨ ᠳᠤ ᠰᠠᠶᠢᠨ ᠰᠠᠶᠢᠬᠠᠨ ᠠᠮᠢᠳᠤᠷᠠᠯ ᠢ ᠡᠷᠲᠡ ᠨᠢᠭᠡᠨ ᠡᠳᠦᠷ ᠡᠳ᠋ᠯᠡᠬᠦᠯᠬᠦ ᠬᠡᠷᠡᠭᠳᠠᠢ ᠬᠡᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号