2017 ᠣᠨ ᠳᠤ᠂ ᠥᠪᠥᠷ ᠮᠣᠩᠭᠤᠯ ᠤᠨ ᠡᠯ᠎ᠡ ᠱᠠᠲᠤᠨ ᠤ ᠵᠠᠰᠠᠭ ᠤᠨ ᠣᠷᠳᠣᠨ ᠲᠦᠭᠡᠮᠡᠯ | ᠬᠠᠷᠠᠭᠠᠯᠵᠠᠯ ᠤᠨ ᠴᠢᠨᠠᠷᠲᠠᠶ ᠬᠡᠦᠬᠡᠳ ᠤᠨ ᠴᠡᠴᠡᠷᠯᠢᠭ 160 ᠶᠢ ᠰᠢᠨ᠎ᠡ ᠪᠠᠷ ᠪᠠᠶᠢᠭᠤᠯᠬᠤ᠂ ᠥᠷᠭᠡᠳᠬᠡᠨ | ᠪᠠᠶᠢᠭᠤᠯᠬᠤ᠂ ᠥᠭᠡᠷᠡᠴᠢᠯᠡᠨ ᠪᠠᠶᠢᠭᠤᠯᠵᠤ᠂ 2 ᠲᠦᠮᠡᠨ ᠣᠷᠣᠨ ᠪᠠᠶᠢᠷᠢ ᠨᠡᠮᠡᠭᠳᠡᠭᠦᠯᠵᠦ᠂ ᠴᠡᠴᠡᠷᠯᠢᠭ ᠲᠤ | ᠣᠷᠣᠬᠤ ᠳᠤ ᠬᠦᠴᠢᠷᠲᠠᠢ ᠪᠠᠶᠢᠬᠤ ᠠᠰᠠᠭᠤᠳᠠᠯ ᠢ ᠤᠯᠠᠮ ᠴᠢᠨᠠᠭᠰᠢᠳᠠ ᠨᠠᠮᠳᠠᠭᠤᠯᠬᠤ ᠪᠠᠷ ᠪᠠᠶᠢᠨ᠎ᠠ᠃ 2016 | ᠣᠨ ᠤ ᠡᠴᠦᠰ ᠪᠣᠯᠬᠤ ᠳᠤ᠂ ᠥᠪᠥᠷ ᠮᠣᠩᠭᠤᠯ ᠤᠨ ᠬᠡᠦᠬᠡᠳ ᠤᠨ ᠴᠡᠴᠡᠷᠯᠢᠭ 3672 ᠪᠣᠯᠵᠤ᠂ ᠴᠡᠴᠡᠷᠯᠢᠭ ᠲᠤ | ᠰᠠᠭᠤᠭ᠎ᠠ ᠬᠡᠦᠬᠡᠳ 6075 ᠲᠦᠮᠡ ᠳᠤ ᠬᠦᠷᠴᠦ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠭᠤᠷᠪᠠᠨ ᠵᠢᠯ ᠤᠨ | ᠴᠡᠴᠡᠷᠯᠢᠭ ᠲᠤ ᠣᠷᠣᠬᠤ ᠪᠦᠬᠦ ᠨᠤᠷᠮ᠎ᠠ 90 ᠳᠤ ᠬᠦᠷᠴᠦ᠂ ᠴᠡᠴᠡᠷᠯᠢᠭ ᠲᠤ ᠣᠷᠣᠬᠤ ᠳᠤ ᠬᠦᠴᠢᠷᠲᠠᠢ ᠪᠠᠶᠢᠬᠤ | ᠠᠰᠠᠭᠤᠳᠠᠯ ᠢ ᠨᠠᠮᠳᠠᠭᠤᠯᠪᠠ᠃ ᠣᠶᠢᠯᠠᠭᠠᠭᠰᠠᠨ ᠢᠶᠠᠷ᠂ ᠥᠪᠥᠷ ᠮᠣᠩᠭᠤᠯ 2014 — 2016 ᠣᠨ ᠳᠤ | ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠬᠤᠶᠠᠳᠤᠭᠠᠷ ᠬᠤᠭᠤᠴᠠᠭᠠᠨ ᠤ ︽ᠭᠤᠷᠪᠠᠨ | ᠵᠢᠯ ᠤᠨ ᠠᠵᠢᠯᠯᠠᠭᠠᠨ ᠤ ᠲᠥᠯᠥᠪᠯᠡᠭᠡ︾ ᠶᠢ ᠬᠡᠷᠡᠭᠵᠢᠭᠦᠯᠦᠭᠰᠡᠨ ᠠᠴᠠ ᠨᠠᠰᠢ᠂ ᠡᠯ᠎ᠡ ᠱᠠᠲᠤᠨ ᠤ ᠵᠠᠰᠠᠭ ᠤᠨ | ᠣᠷᠳᠣᠨ ᠨᠡᠶᠢᠲᠡ 57.42 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠤᠨ᠂ ᠰᠢᠨ᠎ᠡ ᠪᠠᠷ 932 ᠬᠡᠦᠬᠡᠳ ᠤᠨ | ᠴᠡᠴᠡᠷᠯᠢᠭ ᠨᠡᠮᠡᠭᠳᠡᠭᠦᠯᠪᠡ᠂ ᠡᠭᠦᠨ ᠳᠤ ᠠᠯᠪᠠᠨ ᠠᠴᠠ ᠡᠷᠬᠢᠯᠡᠭᠰᠡᠨ ᠴᠡᠴᠡᠷᠯᠢᠭ 515᠂ ᠠᠷᠠᠳ ᠠᠴᠠ ᠡᠷᠬᠢᠯᠡᠭᠰᠡᠨ | ᠬᠡᠦᠬᠡᠳ ᠤᠨ ᠴᠡᠴᠡᠷᠯᠢᠭ 417 ᠪᠠᠶᠢᠵᠤ᠂ ᠪᠠᠷᠤᠭ 9 ᠲᠦᠮᠡᠨ ᠣᠷᠣᠨ ᠪᠠᠶᠢᠷᠢ ᠰᠢᠨ᠎ᠡ ᠪᠠᠷ ᠨᠡᠮᠡᠭᠳᠡᠭᠦᠯᠵᠡᠢ᠃ ᠡᠨᠡ | ᠵᠢᠯ᠂ ᠥᠪᠥᠷ ᠮᠣᠩᠭᠤᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠭᠤᠷᠪᠠᠳᠤᠭᠠᠷ | ᠬᠤᠭᠤᠴᠠᠭᠠᠨ ᠤ ︽ᠭᠤᠷᠪᠠᠨ ᠵᠢᠯ ᠤᠨ ᠠᠵᠢᠯᠯᠠᠭᠠᠨ ᠤ ᠲᠥᠯᠥᠪᠯᠡᠭᠡ︾ ᠶᠢ ᠡᠬᠢᠯᠡᠭᠦᠯᠦᠨ᠂ ᠰᠤᠷᠭᠠᠭᠤᠯᠢ ᠶᠢᠨ | ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠬᠠᠩᠭᠠᠯᠭ᠎ᠠ ᠪᠠ ᠬᠡᠷᠡᠭᠴᠡᠭᠡᠨ ᠤ ᠵᠥᠷᠢᠴᠡᠯ ᠢ ᠬᠦᠴᠦᠯᠡᠨ | ᠰᠢᠢᠳᠪᠦᠷᠢᠯᠡᠬᠦ ᠪᠠᠷ ᠪᠠᠶᠢᠨ᠎ᠠ᠃ |