ᠮᠠᠨ ᠤ ᠤᠷᠤᠨ ᠴᠠᠭᠠᠨ ᠰᠠᠷ᠎ᠠ ᠶᠢᠨ ᠬᠤᠭᠤᠴᠠᠭᠠᠨ ᠳᠤ ᠤᠯᠤᠰ ᠤᠨ ᠳᠣᠲᠣᠭᠠᠳᠤ ᠶᠢᠨ ᠵᠢᠭᠤᠯᠴᠢᠯᠠᠭᠴᠢᠳ ᠢ ᠨᠡᠶᠢᠲᠡ 384.77 ᠲᠦᠮᠡᠨ ᠬᠥᠮᠦᠨ ᠤᠳᠠᠭ᠎ᠠ ᠬᠦᠯᠢᠶᠡᠨ ᠠᠪᠤᠪᠠ
ᠨᠡᠶᠢᠲᠡᠯᠡᠭᠰᠡᠨ ᠴᠠᠭ᠄
2017/2/4
     2017 ᠣᠨ ᠤ ᠴᠠᠭᠠᠨ ᠰᠠᠷ᠎ᠠ ᠶᠢᠨ ᠬᠤᠭᠤᠴᠠᠭᠠᠨ ᠳᠤ᠂ ᠪᠦᠬᠦ ᠣᠷᠣᠨ ᠤᠯᠤᠰ ᠤᠨ ᠳᠣᠲᠣᠭᠠᠳᠤ ᠶᠢᠨ ᠵᠢᠭᠤᠯᠴᠢᠯᠠᠭᠴᠢᠳ ᠢ ᠨᠡᠶᠢᠲᠡ 384.77 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠠᠳᠠᠯᠢ ᠬᠤᠭᠤᠴᠠᠭᠠᠨ ᠤ ᠬᠢ ᠠᠴᠠ 15.14% ᠨᠡᠮᠡᠭᠳᠡᠪᠡ︔ ᠵᠢᠭᠤᠯᠴᠢᠯᠠᠯ ᠤᠨ ᠣᠷᠣᠯᠭ᠎ᠠ 19.29 ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 16.64% ᠨᠡᠮᠡᠭᠳᠡᠪᠡ᠃      ᠡᠨᠡ ᠵᠢᠯ ᠤᠨ ᠴᠠᠭᠠᠨ ᠰᠠᠷ᠎ᠠ ᠶᠢᠨ ᠬᠤᠭᠤᠴᠠᠭᠠᠨ ᠳᠤ᠂ ᠮᠠᠨ ᠤ ᠣᠷᠣᠨ ᠤ ᠶᠡᠬᠡᠩᠬᠢ ᠭᠠᠵᠠᠷ ᠣᠷᠣᠨ ᠤ ᠴᠠᠭ ᠠᠭᠤᠷ ᠲᠤᠩᠭᠠᠯᠠᠭ ᠰᠠᠶᠢᠬᠠᠨ᠂ ᠨᠤᠲᠤᠭ ᠲᠠᠭᠠᠨ ᠪᠤᠴᠠᠬᠤ᠂ ᠭᠠᠳᠠᠭᠰᠢ ᠭᠠᠷᠴᠤ ᠨᠠᠶᠢᠵᠠ ᠲᠠᠢ ᠪᠠᠨ ᠵᠣᠯᠭᠠᠬᠤ ᠬᠥᠮᠥᠰ ᠤᠨ ᠤᠷᠮ᠎ᠠ ᠶᠢ ᠭᠦᠢᠴᠡᠳ ᠬᠥᠭᠵᠢᠭᠡᠭᠰᠡᠨ ᠪᠥᠭᠡᠳ ᠬᠤᠪᠢ ᠶᠢᠨ ᠮᠠᠰᠢᠨ ᠢᠶᠠᠷ ᠵᠢᠭᠤᠯᠴᠢᠯᠠᠬᠤ᠂ ᠬᠡᠷ ᠪᠦᠯᠢ ᠪᠠᠷ ᠢᠶᠠᠨ ᠵᠢᠭᠤᠯᠴᠢᠯᠠᠬᠤ ᠨᠢ ᠵᠢᠭᠤᠯᠴᠢᠯᠠᠯ ᠤᠨ ᠭᠤᠣᠯ ᠬᠦᠴᠦᠨ ᠪᠤᠯᠪᠠ᠃ ᠪᠠᠶᠠᠷ ᠤᠨ ᠡᠳᠦᠷ ᠤᠨ ᠬᠤᠭᠤᠴᠠᠭᠠᠨ ᠳᠤ᠂ ᠡᠯ᠎ᠡ ᠲᠥᠷᠥᠯ ᠤᠨ ᠦᠵᠡᠮᠵᠢ ᠶᠢᠨ ᠣᠷᠣᠨ ᠤ ᠡᠪᠦᠯ ᠤᠨ ᠤᠯᠠᠷᠢᠯ ᠤᠨ ᠮᠥᠰᠥ ᠴᠠᠰᠤᠨ ᠤ ᠨᠠᠭᠠᠳᠤᠮ ᠲᠣᠭᠯᠠᠭᠠᠮ ᠤᠨ ᠬᠦᠷᠢᠶᠡᠯᠡᠩ᠂ ᠮᠥᠰᠥᠨ ᠱᠤᠭᠤᠮᠠᠯ᠂ ᠮᠥᠰᠥᠨ ᠳ᠋ᠧᠩ ᠵᠡᠷᠭᠡ ᠭᠤᠣᠯ ᠰᠡᠳᠦᠪᠲᠦ ᠠᠵᠢᠯᠯᠠᠭ᠎ᠠ ᠨᠢ ᠶᠡᠭᠡ ᠬᠡᠮᠵᠢᠶᠡᠨ ᠤ ᠵᠢᠭᠤᠯᠴᠢᠯᠠᠭᠴᠢᠳ ᠤᠨ ᠤᠷᠮ᠎ᠠ ᠶᠢ ᠲᠠᠲᠠᠭᠰᠠᠨ ᠪᠠᠶᠢᠨ᠎ᠠ᠂ ᠵᠢᠱᠢᠶᠡᠯᠡᠪᠡᠯ ᠴᠡᠯᠡᠭᠡᠷ ᠲᠠᠯ᠎ᠠ ᠶᠢᠨ ᠰᠣᠶᠣᠯ ᠵᠢᠭᠤᠯᠴᠢᠯᠠᠯ ᠤᠨ ᠲᠣᠭᠤᠷᠢᠭ᠂ ᠬᠥᠬᠡᠬᠤᠲᠠ ᠶᠢᠨ ᠲᠠᠢ ᠸᠧᠶ ᠴᠠᠰᠤᠨ ᠳᠤ ᠭᠤᠯᠭᠤᠬᠤ ᠲᠠᠯᠠᠪᠤᠷ ᠂ ᠪᠤᠭᠤᠲᠤ ᠬᠤᠲᠠ ᠶᠢᠨ ᠨᠠᠨ ᠬᠠᠢ ᠴᠡᠴᠡᠷᠯᠢᠭ ᠤᠨ ᠴᠠᠰᠤ ᠮᠥᠰᠥᠨ ᠤ ᠦᠵᠡᠮᠵᠢ᠂ ᠵᠠᠯᠠᠨ ᠠᠶᠢᠯ ᠤᠨ ᠠᠩᠯᠧ ᠪᠠᠯᠭᠠᠰᠤ ᠵᠡᠷᠭᠡ ᠵᠢᠭᠤᠯᠴᠢᠯᠠᠯ ᠤᠨ ᠦᠵᠡᠮᠵᠢᠲᠦ ᠣᠷᠣᠨ ᠨᠢ ᠵᠢᠭᠤᠯᠴᠢᠯᠠᠭᠴᠢᠳ ᠲᠤ ᠲᠠᠭᠠᠯᠠᠭᠳᠠᠪᠠ︔ ᠬᠥᠳᠡᠭᠡ ᠲᠣᠰᠬᠤᠨ ᠤ ᠵᠢᠭᠤᠯᠴᠢᠯᠠᠯ ᠨᠢ ᠴᠠᠭᠠᠨ ᠰᠠᠷ᠎ᠠ ᠶᠢᠨ ᠠᠮᠠᠷᠠᠯᠲᠠ ᠶᠢᠨ ᠵᠢᠭᠤᠯᠴᠢᠯᠠᠯ ᠬᠡᠷᠡᠭᠯᠡᠭᠡ ᠶᠢᠨ ᠴᠢᠬᠤᠯᠠ ᠰᠣᠩᠭᠤᠯᠲᠠ ᠪᠣᠯᠪᠠ᠂ ᠬᠥᠳᠡᠭᠡ ᠲᠣᠰᠬᠤᠨ ᠤ ᠲᠠᠷᠢᠶᠠᠴᠢᠨ ᠠᠶᠢᠯ ᠤᠨ ᠵᠤᠭᠠᠴᠠᠯ᠂ ᠰᠡᠯᠡᠭᠦᠴᠡᠯ ᠤᠨ ᠵᠢᠮᠢᠰ ᠨᠣᠭᠤᠭ᠎ᠠ ᠲᠡᠭᠦᠬᠦ᠂ ᠠᠷᠠᠳ ᠤᠨ ᠵᠠᠩ ᠳᠠᠳᠬᠠᠯ ᠤᠨ ᠰᠣᠶᠣᠯ᠂ ᠬᠤᠳᠠ ᠬᠥᠳᠡᠭᠡ ᠶᠢᠨ ᠲᠥᠷᠥᠯ ᠰᠠᠳᠤᠨ ᠢᠶᠠᠨ ᠡᠷᠭᠢᠵᠦ ᠦᠵᠡᠬᠦ ᠵᠢᠭᠤᠯᠴᠢᠯᠠᠯ ᠵᠡᠷᠭᠡ ᠣᠨᠴᠠᠯᠢᠭ ᠪᠦᠬᠦᠢ ᠬᠥᠳᠡᠭᠡ ᠲᠣᠰᠬᠤᠨ ᠤ ᠵᠢᠭᠤᠯᠴᠢᠯᠠᠯ ᠨᠢ ᠣᠶᠢᠷ᠎ᠠ ᠵᠠᠮ ᠤᠨ ᠵᠢᠭᠤᠯᠴᠢᠯᠠᠯ ᠤᠨ ᠭᠤᠣᠯ ᠵᠦᠢᠯ ᠪᠣᠯᠵᠤ᠂ ᠡᠯ᠎ᠡ ᠲᠥᠷᠥᠯ ᠤᠨ ᠵᠢᠮᠢᠰ ᠢᠳᠡᠰᠢᠨ ᠨᠣᠭᠤᠭ᠎ᠠ ᠶᠢᠨ ᠲᠠᠷᠢᠮᠠᠯ ᠤᠨ ᠲᠥᠪ ᠂ ᠵᠢᠮᠢᠰ ᠨᠣᠭᠤᠭ᠎ᠠ ᠲᠡᠭᠦᠬᠦ ᠬᠦᠷᠢᠶᠡᠯᠡᠩ᠂ ᠲᠠᠷᠢᠶᠠᠴᠢᠨ ᠠᠶᠢᠯ ᠤᠨ ᠵᠤᠭᠠᠴᠠᠯ ᠵᠡᠷᠭᠡ ᠭᠠᠵᠠᠷ ᠢᠶᠠᠷ ᠮᠠᠰᠢ ᠣᠯᠠᠨ ᠵᠢᠭᠤᠯᠴᠢᠯᠠᠭᠴᠢᠳ ᠲᠣᠭᠤᠷᠢᠨ ᠵᠤᠭᠠᠯᠠᠪᠠ᠃      ᠴᠠᠭᠠᠨ ᠰᠠᠷ᠎ᠠ ᠶᠢᠨ ᠠᠮᠠᠷᠠᠯᠲᠠ ᠶᠢᠨ ᠵᠠᠬ᠎ᠠ ᠳᠡᠯᠭᠡᠭᠦᠷ ᠤᠨ ᠲᠣᠭᠲᠠᠭᠤᠨ ᠢ ᠪᠠᠲᠤᠯᠠᠬᠤ ᠶᠢᠨ ᠲᠤᠰᠠᠳᠠ᠂ ᠪᠠᠶᠠᠷ ᠤᠨ ᠡᠳᠦᠷ ᠤᠨ ᠬᠤᠭᠤᠴᠠᠭᠠᠨ ᠳᠤ᠂ 12301 ᠵᠢᠭᠤᠯᠴᠢᠯᠠᠯ ᠤᠨ ᠵᠠᠭᠠᠯᠳᠤᠯᠭ᠎ᠠ ᠶᠢᠨ ᠦᠢᠯᠡᠴᠢᠯᠡᠭᠡᠨ ᠤ ᠬᠠᠯᠠᠭᠤᠮᠰᠢᠯ ᠳ᠋ᠢᠶᠠᠩᠬᠤᠸᠠ 24 ᠴᠠᠭ ᠢᠶᠠᠷ ᠵᠢᠵᠢᠭᠦᠷᠯᠡᠨ ᠦᠢᠯᠡᠴᠢᠯᠡᠭᠡ ᠬᠠᠩᠭᠠᠵᠤ᠂ ᠬᠡᠰᠡᠭ ᠠᠶᠢᠮᠠᠭ ᠬᠤᠳᠡ ᠪᠠᠰᠠ ᠠᠵᠢᠯ ᠤᠨ ᠳᠤᠭᠤᠶᠢᠯᠠᠩ ᠢ ᠵᠣᠬᠢᠶᠠᠨ ᠪᠠᠶᠢᠭᠤᠯᠤᠨ ᠦᠵᠡᠮᠵᠢ ᠶᠢᠨ ᠣᠷᠣᠨ ᠤ ᠲᠤᠬᠠᠶ ᠶᠢᠨ ᠲᠠᠯᠠᠪᠠᠢ ᠳᠤ ᠭᠦᠨᠵᠡᠭᠡᠶᠢᠷᠡᠨ ᠲᠣᠭᠤᠷᠢᠨ ᠪᠠᠶᠢᠴᠠᠭᠠᠬᠤ᠂ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠡᠮᠬᠢ ᠵᠢᠷᠤᠮ ᠲᠠᠢ ᠠᠮᠤᠷ ᠲᠦᠪᠰᠢᠨ ᠪᠠᠶᠢᠬᠤ ᠶᠢ ᠪᠠᠲᠤᠯᠠᠪᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号