ᠥᠪᠥᠷ ᠵᠠᠰᠠᠭ ᠠᠯᠪᠠᠨ ᠲᠠᠷᠬᠠᠭᠠᠭᠰᠠᠨ ﹇2016﹈ 112 ᠳ᠋ᠤᠭᠠᠷ ᠲᠤᠭᠠᠳᠤ | 8 ᠳ᠋ᠣᠭᠠᠷ ᠰᠡᠷ᠎ᠠ ᠶᠢᠨ 31 ᠤ ᠡᠳᠣᠷ | | | ᠡᠯ᠎ᠡ ᠠᠶᠢᠮᠠᠭ ᠤᠨ ᠵᠠᠬᠢᠷᠭ᠎ᠠ᠂ ᠬᠤᠳᠡ ᠶᠢᠨ ᠠᠷᠡᠳ ᠤᠨ ᠵᠠᠰᠠᠭ ᠤᠨ ᠣᠷᠳᠣᠨ᠂ ᠡᠯ᠎ᠠ ᠬᠤᠰᠢᠭᠤ ᠰᠢᠶᠡᠨ ᠤ | ᠠᠷᠡᠳ ᠤᠨ ᠵᠠᠰᠠᠭ ᠤᠨ ᠣᠷᠳᠣᠨ᠂ ᠦᠪᠡᠷᠳᠡᠭᠡᠨ ᠵᠠᠰᠬᠠᠥ ᠣᠷᠣᠨ ᠤ ᠡᠯ᠎ᠡ ᠵᠦᠪᠯᠡᠯ᠂ ᠠᠯᠪᠠᠨ ᠭᠡᠷ᠂ ᠲᠢᠩᠬᠢᠮ᠂ | ᠲᠣᠪᠴᠢᠶ᠎ᠠ᠂ ᠡᠯ᠎ᠡ ᠲᠣᠮᠥ ᠠᠵᠦ ᠠᠬᠤᠶᠢᠯᠠᠯ᠂ ᠠᠵᠢᠯ ᠦᠢᠯᠡᠰ ᠤᠨ ᠨᠢᠭᠡᠴᠡ ᠳᠤ᠄ | ︽ᠬᠦᠳᠡᠭᠡ ᠲᠣᠰᠬᠤᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠢ ᠳᠦᠷᠭᠡᠳᠭᠡᠨ ᠬᠦᠭᠵᠢᠬᠦᠯᠬᠦ ᠶᠢ | ᠠᠬᠢᠭᠤᠯᠬᠤ ᠲᠣᠬᠠᠢ ᠳᠥᠷᠥ ᠶᠢᠨ ᠶᠠᠪᠤᠳᠡᠯ ᠤᠨ ᠬᠤᠷᠢᠶ᠎ᠠ ᠶᠢᠨ ᠠᠯᠪᠠᠨ ᠲᠢᠩᠬᠢᠮ ᠤᠨ ᠵᠢᠯᠥᠭᠤᠳᠬᠤ ᠰᠠᠨᠠᠯ︾ ︵ | ᠳᠥᠷᠥ ᠠᠯᠪᠠᠨ ᠲᠠᠷᠬᠠᠭᠠᠠᠠᠰᠠᠨ ﹇2015﹈ 78 ᠳ᠋ᠣᠭᠠᠷ ᠲᠤᠭᠠᠳᠣ︶ ᠤᠨ ᠵᠣᠷᠢᠭ ᠰᠠᠨᠠᠭ᠎ᠠ ᠶᠢ ᠲᠣᠣᠱᠯᠠᠭᠤᠯᠥᠨ | ᠨᠡᠶᠢᠳᠡᠪᠦᠷᠢᠵᠢᠭᠤᠯᠵᠦ᠂ ᠮᠠᠨ ᠤ ᠣᠷᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠢ ᠳᠦᠷᠭᠡᠳᠭᠡᠨ ᠬᠦᠭᠵᠢᠬᠦᠯᠬᠦ ᠶᠢ ᠠᠬᠢᠭᠤᠯᠵᠦ᠂ ᠳᠡᠷᠢᠶᠡᠯᠡᠩ ᠮᠠᠯ ᠤᠨ ᠠᠰᠢᠭ ᠰᠢᠮ᠎ᠡ ᠶᠢᠨ | ᠪᠦᠳᠦᠭᠡᠭᠳᠡᠬᠦᠨ ᠤ ᠪᠤᠷᠣᠯᠠᠭᠤᠯᠭ᠎ᠠ ᠶᠢᠨ ᠵᠠᠮ ᠮᠦᠷ ᠢ ᠦᠷᠭᠡᠵᠢᠬᠦᠯᠬᠦ᠂ ᠮᠠᠯᠴᠢᠨ ᠳᠡᠷᠢᠶᠠᠴᠢᠨ ᠤ ᠰᠢᠨ᠎ᠡ ᠶᠢ ᠡᠬᠦᠳᠣᠨ | ᠠᠲᠠᠯ ᠦᠢᠯᠡᠰ ᠴᠣᠠᠠᠴᠠᠯᠠᠬᠤ ᠳᠡᠪᠴᠠᠩ ᠢ ᠦᠷᠭᠡᠳᠭᠡᠬᠦ᠂ ᠳᠡᠷᠢᠶᠡᠯᠡᠩ ᠮᠠᠯ ᠠᠵᠦ ᠠᠬᠤᠢ ᠶᠢᠨ ᠬᠦᠭᠵᠢᠯᠳᠡ ᠶᠢᠨ | ᠠᠷᠭ᠎ᠠ ᠮᠠᠶ᠋ᠢᠭ ᠢ ᠬᠤᠪᠢᠷᠡᠭᠤᠯᠬᠤ ᠶᠢ ᠠᠬᠢᠭᠤᠯᠬᠤ᠂ ᠮᠠᠯᠵᠢᠬᠤ ᠳᠡᠷᠢᠶᠡᠯᠠᠬᠤ ᠣᠷᠣᠨ ᠤ ᠭᠡᠷᠡᠭᠯᠡᠭᠡ ᠶᠢ ᠦᠷᠭᠡᠳᠭᠡᠬᠦ | ᠪᠠ ᠶᠠᠳᠠᠭᠤ ᠶᠢ ᠳᠡᠳᠬᠦᠨ ᠨᠡᠭᠡᠭᠡᠨ ᠬᠦᠭᠵᠢᠬᠦᠯᠬᠦ ᠶᠢᠨ ᠪᠤᠭᠤᠮᠳᠡ ᠰᠢᠪᠳᠣᠯᠬᠤ ᠳᠡᠶᠢᠯᠠᠯᠳᠣᠭᠠᠨ ᠤ ᠢᠯᠡᠯᠳᠡ ᠶᠢ | ᠣᠯᠬᠤ ᠳᠡᠯ᠎ᠠ ᠪᠠᠷ ᠬᠢ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠢᠳᠡᠪᠬᠢ ᠦᠢᠯᠡᠳᠣᠯ ᠢ ᠬᠦᠢᠴᠡᠳ | ᠪᠠᠳᠡᠷᠡᠭᠤᠯᠬᠤ ᠶᠢᠨ ᠲᠣᠰᠠᠳᠡ᠂ ᠦᠪᠡᠷᠳᠡᠭᠡᠨ ᠵᠠᠰᠬᠠᠥ ᠣᠷᠣᠨ ᠤ ᠠᠷᠡᠳ ᠤᠨ ᠵᠠᠰᠠᠭ ᠤᠨ ᠣᠷᠳᠣᠨ ᠢᠶᠠᠷ | ᠵᠦᠪᠰᠢᠶᠡᠷᠡᠬᠦᠯᠥᠭᠡᠳ᠂ ᠡᠳᠦᠭᠡ ᠲᠣᠣᠷᠡᠬᠢ ᠮᠡᠳᠣ ᠰᠠᠨᠠᠯ ᠢ ᠲᠣᠷᠡᠳᠪᠡ᠃ | ᠨᠢᠭᠡ᠂ ᠶᠡᠷᠦᠩᠭᠡᠢ ᠱᠠᠭᠠᠷᠳᠡᠯᠭ᠎ᠠ | ︵ᠨᠢᠭᠡ︶ ᠵᠢᠯᠥᠭᠤᠳᠬᠤ ᠦᠵᠡᠯ ᠰᠠᠨᠠᠭ᠎ᠠ᠃ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠡᠯ ᠪᠤᠯᠥᠨ ᠠᠷᠪᠠᠨ ᠨᠠᠢᠮᠠᠳᠤᠭᠠᠷ ᠬᠤᠭᠤᠴᠠᠭᠠᠨ ᠤ ᠲᠥᠪ | ᠬᠤᠷᠢᠶ᠎ᠠ ᠶᠢᠨ ᠭᠤᠷᠪᠠᠳᠣᠭᠠᠷ᠂ ᠳᠥᠷᠪᠡᠳᠣᠭᠡᠷ᠂ ᠲᠠᠪᠤᠳᠣᠭᠠᠷ ᠪᠦᠬᠦᠳᠠ ᠬᠤᠷᠡᠯ ᠤᠨ ᠵᠣᠷᠢᠭ ᠰᠠᠨᠠᠭ᠎ᠠ ᠶᠢ ᠪᠦᠬᠦ | ᠳᠡᠯ᠎ᠠ ᠪᠠᠷ ᠲᠣᠣᠱᠯᠠᠭᠤᠯᠵᠦ᠂ ᠳᠥᠷᠥ ᠶᠢᠨ ᠶᠠᠪᠤᠳᠡᠯ ᠤᠨ ᠬᠤᠷᠢᠶ᠎ᠠ ᠪᠤᠯᠥᠨ ᠦᠪᠡᠷᠳᠡᠭᠡᠨ ᠵᠠᠰᠬᠠᠥ ᠣᠷᠣᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠤᠯᠪᠤᠠᠠᠳᠡᠯ ᠪᠦᠬᠦᠢ ᠰᠢᠢᠳᠪᠦᠷᠢᠲᠦ ᠪᠤᠳᠣᠯᠭ᠎ᠠ ᠶᠢᠨ | ᠪᠠᠶᠢᠷᠢᠯᠠᠭᠤᠯᠤᠯᠲᠠ ᠶᠢ ᠬᠢᠨᠠᠮᠠᠭᠠᠢ ᠨᠡᠶᠢᠳᠡᠪᠦᠷᠢᠵᠢᠭᠤᠯᠥᠨ᠂ ᠴᠢᠨᠡᠭᠡᠯᠢᠭ ᠨᠡᠶᠢᠭᠡᠮ ᠢ ᠪᠦᠬᠦ ᠳᠡᠯ᠎ᠠ ᠪᠠᠷ ᠪᠦᠳᠦᠭᠡᠨ | ᠪᠠᠶᠢᠭᠤᠯᠬᠤ ᠬᠠᠷᠡᠯᠳᠡ ᠪᠠ ᠰᠢᠨ᠎ᠡ ᠭᠡᠯᠪᠡᠷᠢ ᠶᠢᠨ ᠠᠵᠦ ᠦᠢᠯᠡᠳᠪᠦᠷᠢᠵᠢᠯᠳᠡ᠂ ᠮᠡᠳᠡᠭᠡ ᠵᠠᠩᠬᠢᠵᠢᠯᠳᠡ᠂ ᠬᠤᠳᠡ | ᠪᠠᠯᠭᠠᠰᠦᠵᠢᠯᠳᠡ᠂ ᠳᠡᠷᠢᠶᠡᠯᠡᠩ ᠮᠠᠯ ᠠᠵᠦ ᠠᠬᠤᠢ ᠶᠢᠨ ᠣᠳᠣᠬᠢᠴᠢᠯᠠᠯᠳᠡ ᠶᠢ ᠵᠡᠷᠭᠡᠪᠡᠷ ᠬᠦᠭᠵᠢᠬᠦᠯᠬᠦ ᠱᠠᠭᠠᠷᠳᠡᠯᠭ᠎ᠠ | ᠶᠣᠰᠣᠭᠠᠷ᠂ ᠮᠠᠯᠵᠢᠬᠤ ᠳᠡᠷᠢᠶᠡᠯᠠᠬᠤ ᠣᠷᠣᠨ ᠤ ᠬᠦᠢᠯᠭᠡᠭᠡᠨ ᠤ ᠪᠠᠶᠢᠭᠤᠯᠥᠯ ᠤᠨ ᠦᠭᠡᠷᠡᠴᠢᠯᠡᠯᠳᠡ ᠶᠢ | ᠬᠦᠨᠵᠡᠭᠡᠶᠢᠷᠡᠬᠦᠯᠵᠦ᠂ ᠮᠠᠯᠵᠢᠬᠤ ᠳᠡᠷᠢᠶᠡᠯᠠᠬᠤ ᠣᠷᠣᠨ ᠤ ᠬᠤᠳᠠᠯᠳᠤᠭ᠎ᠠ ᠶᠢᠨ ᠵᠬᠠᠪᠤᠷ ᠤᠨ ᠰᠢᠨ᠎ᠡ ᠶᠢ ᠡᠬᠦᠳᠣᠨ᠂ | ᠡᠯᠧᠺᠲᠷᠤᠨ ᠬᠤᠳᠠᠯᠳᠣᠭᠠᠨ ᠤ ᠶᠠᠪᠤᠳᠡᠯ ᠢ ᠮᠠᠯᠵᠢᠬᠤ ᠳᠡᠷᠢᠶᠡᠯᠠᠬᠤ ᠣᠷᠣᠨ ᠳᠤ ᠣᠷᠣᠭᠤᠯᠬᠤ ᠶᠡᠷᠦᠩᠭᠡᠶᠢᠯᠡᠨ ᠵᠢᠱᠢᠶ᠎ᠠ | ᠦᠵᠡᠬᠦᠯᠬᠦ ᠠᠵᠢᠯ ᠢ ᠦᠷᠨᠢᠬᠦᠯᠵᠦ᠂ ᠰᠠᠭᠤᠷᠢ ᠪᠠᠯᠡᠳᠭᠡᠮᠵᠢ ᠶᠢᠨ ᠪᠦᠳᠦᠭᠡᠨ ᠪᠠᠶᠢᠭᠤᠯᠥᠯᠳᠡ ᠶᠢ ᠴᠢᠩᠭᠠᠳᠬᠠᠨ᠂ | ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠵᠠᠬ᠎ᠠ ᠳᠡᠯᠭᠡᠬᠦᠷ ᠤᠨ ᠭᠤᠤᠯ | ᠴᠣᠠᠠᠴᠠ ᠶᠢ ᠪᠤᠶᠢᠵᠢᠭᠤᠯᠥᠨ ᠪᠤᠵᠠᠭᠠᠶᠢᠷᠡᠭᠤᠯᠵᠦ᠂ ᠰᠠᠶᠢᠨ ᠰᠠᠶᠢᠬᠠᠨ ᠳᠥᠷᠥ ᠶᠢᠨ ᠪᠤᠳᠣᠯᠭ᠎ᠠ ᠶᠢᠨ ᠣᠷᠴᠢᠨ | ᠲᠤᠭᠤᠷᠢᠨ ᠢ ᠪᠤᠢ ᠪᠤᠯᠭᠠᠨ᠂ ᠰᠦᠯᠵᠢᠶᠡᠨ ᠳᠡᠭᠡᠷ᠎ᠠ ᠪᠠ ᠰᠦᠯᠵᠢᠶᠡᠨ ᠠᠴᠠ ᠭᠠᠳᠠᠨ᠎ᠠ ᠠᠭᠤᠰᠣᠯᠴᠠᠭᠤᠯᠬᠤ᠂ ᠪᠦᠬᠦ | ᠶᠠᠪᠤᠴᠠ ᠶᠢ ᠪᠦᠷᠬᠦᠬᠦᠯᠬᠦ᠂ ᠶᠡᠷᠦᠩᠭᠡᠶᠢᠯᠡᠨ ᠢᠵᠢ ᠪᠦᠷᠢᠯᠳᠦᠬᠦᠯᠬᠦ᠂ ᠠᠮᠥᠷ ᠳᠥᠪᠰᠢᠨ ᠦᠨᠳᠣᠷ ᠦᠷ᠎ᠠ | ᠪᠦᠳᠦᠮᠵᠢᠳᠡᠢ᠂ ᠳᠥᠬᠦᠮ ᠳᠥᠳᠡ ᠪᠤᠳᠡᠳᠣ ᠠᠰᠢᠭ ᠬᠦᠷᠳᠡᠭᠰᠡᠨ ᠣᠳᠣ ᠦᠶ᠎ᠠ ᠶᠢᠨ ᠮᠠᠯᠵᠢᠬᠤ ᠳᠡᠷᠢᠶᠡᠯᠠᠬᠤ | ᠣᠷᠣᠨ ᠤ ᠳᠡᠸᠡᠷ ᠤᠨ ᠬᠦᠢᠯᠭᠡᠭᠡᠨ ᠪᠠ ᠦᠢᠯᠡᠴᠢᠯᠡᠭᠡᠨ ᠤ ᠲᠣᠣᠷ ᠰᠦᠯᠵᠢᠶ᠎ᠠ ᠶᠢ ᠬᠦᠭᠵᠢᠬᠦᠯᠥᠨ᠎ᠠ᠃ | ︵ᠬᠤᠶᠡᠷ︶ ᠦᠨᠳᠣᠰᠣᠨ ᠵᠠᠷᠴᠢᠮ᠃ | — ᠵᠠᠬ᠎ᠠ ᠳᠡᠯᠭᠡᠬᠦᠷ ᠢᠶᠠᠷ ᠣᠳᠣᠷᠢᠳᠣᠮᠵᠢ ᠪᠤᠯᠭᠠᠵᠦ᠂ ᠵᠠᠰᠠᠭ ᠤᠨ ᠣᠷᠳᠣᠨ ᠠᠴᠠ ᠬᠦᠳᠦᠯᠥᠨ | ᠵᠢᠯᠥᠭᠤᠳᠣᠨ᠎ᠠ᠃ ᠡᠬᠢ ᠪᠠᠶᠠᠯᠢᠭ ᠢ ᠲᠣᠬᠢᠷᠡᠭᠤᠯᠬᠤ ᠲᠤᠮᠳᠡᠬᠢ ᠵᠠᠬ᠎ᠠ ᠳᠡᠯᠭᠡᠬᠦᠷ ᠤᠨ ᠰᠢᠢᠳᠪᠦᠷᠢᠯᠡᠬᠦ ᠴᠢᠨᠡᠷᠳᠡᠢ | ᠦᠢᠯᠡᠳᠣᠯ ᠢ ᠪᠠᠳᠡᠷᠡᠭᠤᠯᠬᠤ ᠪᠠ ᠵᠠᠰᠠᠭ ᠤᠨ ᠣᠷᠳᠣᠨ ᠤ ᠦᠢᠯᠡᠳᠣᠯ ᠢ ᠨᠡᠩ ᠰᠠᠶᠢᠨ ᠪᠠᠳᠡᠷᠡᠭᠤᠯᠵᠦ᠂ ᠬᠦᠢᠴᠡᠳ | ᠦᠷᠢᠰᠦᠯᠳᠦᠬᠦ ᠳᠥᠷᠥ ᠶᠢᠨ ᠪᠤᠳᠣᠯᠭ᠎ᠠ ᠶᠢᠨ ᠣᠷᠴᠢᠨ ᠲᠤᠭᠤᠷᠢᠨ ᠪᠠ ᠢᠯᠡ ᠲᠣᠳᠣ᠂ ᠲᠥᠪ ᠭᠤᠤᠯᠴᠢ᠂ ᠲᠥᠪ | ᠴᠢᠭᠡᠴᠢ ᠬᠦᠭᠵᠢᠯᠳᠡ ᠶᠢᠨ ᠣᠷᠴᠢᠨ ᠲᠤᠭᠤᠷᠢᠨ ᠢ ᠪᠤᠢ ᠪᠤᠯᠭᠠᠵᠦ᠂ ᠡᠯ᠎ᠠ ᠳᠥᠷᠦᠯ ᠤᠨ ᠵᠠᠬ᠎ᠠ ᠳᠡᠯᠭᠡᠬᠦᠷ ᠤᠨ ᠭᠤᠤᠯ | ᠴᠣᠠᠠᠴᠠ ᠶᠢᠨ ᠵᠠᠮ ᠮᠦᠷ ᠤᠨ ᠬᠦᠳᠡᠭᠡ ᠲᠣᠰᠬᠤᠨ ᠢᠶᠠᠷ ᠬᠦᠨᠵᠡᠭᠡᠶᠢᠷᠡᠬᠦ ᠶᠢ ᠵᠣᠷᠢᠠᠠᠵᠢᠭᠤᠯᠥᠨ ᠳᠡᠮᠵᠢᠵᠦ᠂ ᠣᠯᠡᠨ | ᠡᠰᠢᠵᠢᠨ ᠦᠷᠢᠰᠦᠯᠳᠦᠬᠦ᠂ ᠵᠢᠷᠦᠮᠵᠢᠯ ᠲᠠᠢ ᠬᠦᠭᠵᠢᠬᠦ ᠵᠠᠬ᠎ᠠ ᠳᠡᠯᠭᠡᠬᠦᠷ ᠤᠨ ᠪᠠᠶᠢᠷᠢᠰᠢᠯ ᠢ ᠪᠦᠷᠢᠯᠳᠦᠬᠦᠯᠥᠨ᠎ᠠ᠃ | — ᠦᠨᠡᠨ ᠠᠴᠠ ᠵᠦᠪ ᠢ ᠡᠷᠢᠵᠦ᠂ ᠭᠠᠵᠡᠷ ᠣᠷᠣᠨ ᠤ ᠪᠠᠶᠢᠳᠡᠯ ᠳᠠᠭᠠᠨ ᠲᠣᠬᠢᠷᠡᠭᠤᠯᠥᠨ᠎ᠠ᠃ ᠲᠣᠬᠠᠢ ᠶᠢᠨ | ᠭᠠᠵᠡᠷ ᠤᠨ ᠡᠬᠢ ᠪᠠᠶᠠᠯᠢᠭ ᠤᠨ ᠤᠭ ᠰᠣᠷᠪᠤᠯᠵᠢ ᠳᠤ ᠬᠦ᠋ᠶᠢᠴᠡᠳ ᠳᠥᠰᠢᠭᠯᠡᠵᠦ᠂ ᠣᠷᠣᠨ ᠪᠦᠰᠡ ᠶᠢᠨ | ᠳᠡᠪᠡᠭᠤᠯᠢᠭ ᠢᠶᠠᠨ ᠲᠤᠪᠤᠶᠢᠯᠭᠠᠨ᠂ ᠬᠦᠭᠵᠢᠯᠳᠡ ᠶᠢᠨ ᠡᠬᠢ ᠪᠠᠶᠠᠯᠢᠭ ᠢᠶᠠᠨ ᠡᠮᠬᠢᠯᠡᠨ ᠨᠡᠶᠢᠯᠡᠬᠦᠯᠵᠦ᠂ | ᠬᠦᠭᠵᠢᠯᠳᠡ ᠶᠢᠨ ᠬᠥᠭ ᠠᠶᠢᠵᠠᠮ ᠢ ᠡᠵᠡᠮᠳᠡᠨ᠂ ᠬᠦᠭᠵᠢᠯᠳᠡ ᠶᠢᠨ ᠵᠠᠬ᠎ᠠ ᠳᠡᠯᠭᠡᠬᠦᠷ ᠢ ᠨᠡᠷᠢᠨ ᠬᠤᠪᠢᠶᠡᠵᠦ᠂ ᠣᠷᠣᠨ | ᠨᠣᠳᠤᠭ ᠤᠨ ᠴᠢᠨᠡᠷᠳᠡᠢ ᠣᠨᠴᠠᠯᠢᠭ ᠢ ᠪᠤᠢ ᠪᠤᠯᠭᠠᠨ᠂ ᠦᠪᠡᠷᠮᠢᠴᠡ ᠣᠨᠴᠠᠯᠢᠠᠠᠳᠦ ᠪᠦᠳᠦᠭᠡᠭᠳᠡᠬᠦᠨ ᠢ ᠨᠡᠭᠡᠭᠡᠨ | ᠬᠦᠭᠵᠢᠬᠦᠯᠵᠦ᠂ ᠵᠦᠷᠢᠶᠡᠵᠢᠬᠦᠯᠥᠭᠰᠡᠨ ᠬᠦᠭᠵᠢᠯᠳᠡ ᠶᠢ ᠠᠬᠢᠭᠤᠯᠥᠨ᠎ᠠ᠃ | — ᠠᠭᠤᠰᠣᠯᠴᠠᠭᠤᠯᠥᠨ ᠬᠠᠮᠳᠣᠪᠡᠷ ᠬᠦᠷᠳᠡᠵᠦ᠂ ᠰᠢᠨ᠎ᠡ ᠶᠢ ᠡᠬᠦᠳᠣᠨ ᠬᠦᠭᠵᠢᠬᠦᠯᠥᠨ᠎ᠠ᠃ | ᠲᠣᠯᠭᠠᠭᠤᠷᠢᠯᠠᠯ ᠤᠨ ᠰᠢᠰᠲ᠋ᠧᠮᠵᠢ ᠶᠢ ᠳᠡᠬᠦᠯᠳᠡᠷᠵᠢᠬᠦᠯᠵᠦ᠂ ᠬᠦᠭᠵᠢᠯᠳᠡ ᠶᠢᠨ ᠵᠠᠮ ᠮᠦᠷ ᠢ ᠦᠷᠭᠡᠳᠭᠡᠨ᠂ ᠬᠤᠳᠡ | ᠬᠦᠳᠡᠭᠡ ᠶᠢᠨ ᠵᠠᠬ᠎ᠠ ᠳᠡᠯᠭᠡᠬᠦᠷ ᠢ ᠠᠭᠤᠰᠣᠯᠴᠠᠭᠤᠯᠬᠤ᠂ ᠰᠦᠯᠵᠢᠶᠡᠨ ᠳᠡᠭᠡᠷ᠎ᠠ ᠪᠠ ᠰᠦᠯᠵᠢᠶᠡᠨ ᠠᠴᠠ ᠭᠠᠳᠠᠨᠠᠬᠢ ᠶᠢ | ᠠᠭᠤᠰᠣᠯᠴᠠᠭᠤᠯᠬᠤ᠂ ᠳᠥᠷᠥ ᠶᠢᠨ ᠪᠤᠳᠣᠯᠭ᠎ᠠ ᠦᠢᠯᠡᠴᠢᠯᠡᠭᠡᠨ ᠢ ᠠᠭᠤᠰᠣᠯᠴᠠᠭᠤᠯᠬᠤ ᠶᠢ ᠠᠬᠢᠭᠤᠯᠥᠨ᠎ᠠ᠃ ᠰᠢᠨ᠎ᠡ | ᠮᠠᠯᠵᠢᠬᠤ ᠳᠡᠷᠢᠶᠡᠯᠠᠬᠤ ᠣᠷᠣᠨ ᠤ ᠬᠤᠳᠠᠯᠳᠤᠭ᠎ᠠ ᠶᠢᠨ ᠵᠠᠭᠪᠤᠷ ᠲᠤ ᠰᠢᠨ᠎ᠡ ᠶᠢ ᠡᠬᠦᠳᠴᠥ᠂ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠳᠤ ᠰᠢᠨ᠎ᠡ ᠬᠦᠳᠡᠯᠭᠡᠬᠦ ᠬᠦᠴᠣᠨ ᠨᠡᠮᠡᠷᠢᠯᠡᠨ᠎ᠠ᠃ | — ᠵᠢᠱᠢᠶ᠎ᠠ ᠦᠵᠡᠬᠦᠯᠥᠨ ᠬᠦᠳᠦᠯᠥᠨ ᠳᠠᠭᠠᠭᠤᠯᠵᠦ᠂ ᠭᠤᠤᠯᠳᠡᠯᠭ᠎ᠠ ᠲᠠᠢ ᠪᠠᠷ ᠰᠢᠪᠳᠣᠯᠥᠨᠠ᠃ ᠣᠯᠥᠰ | ᠵᠢᠴᠢ ᠦᠪᠡᠷᠳᠡᠭᠡᠨ ᠵᠠᠰᠬᠠᠥ ᠣᠷᠣᠨ ᠤ ︽ᠡᠯᠧᠺᠲᠷᠤᠨ ᠬᠤᠳᠠᠯᠳᠣᠭᠠᠨ ᠤ ᠶᠠᠪᠣᠳᠡᠯ ᠢ ᠬᠦᠳᠡᠭᠡ ᠲᠣᠰᠬᠤᠨ ᠳᠤ | ᠣᠷᠣᠭᠤᠯᠬᠤ ᠶᠡᠷᠦᠩᠭᠡᠶᠢᠯᠡᠨ ᠵᠢᠱᠢᠶ᠎ᠠ ᠦᠵᠡᠬᠦᠯᠬᠦ ᠰᠢᠶᠠᠨ︾ ᠢ ᠦᠷᠨᠢᠬᠦᠯᠬᠦ ᠳᠥᠷᠥ ᠶᠢᠨ ᠪᠤᠳᠣᠯᠭ᠎ᠠ ᠶᠢ ᠬᠦᠢᠴᠡᠳ | ᠠᠰᠢᠠᠠᠯᠠᠨ᠂ ᠣᠷᠢᠳᠡᠪᠡᠷ ᠭᠡᠷᠡᠭᠵᠢᠬᠦᠯᠥᠨ ᠣᠷᠢᠳᠡᠪᠡᠷ ᠲᠣᠷᠰᠢᠵᠦ᠂ ᠬᠦᠴᠣᠨ ᠢᠶᠠᠨ ᠳᠥᠪᠯᠡᠷᠡᠬᠦᠯᠵᠦ ᠪᠠᠶᠢᠭᠠᠳ | ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠳᠠᠬᠢ ᠲᠤᠪᠤᠶᠢᠮ᠎ᠠ | ᠵᠦᠷᠢᠴᠡᠯ ᠪᠠ ᠠᠰᠠᠭᠤᠳᠡᠯ ᠢ ᠰᠢᠢᠳᠪᠦᠷᠢᠯᠡᠨ᠎ᠠ᠃ ᠶᠠᠳᠠᠭᠤ ᠬᠦᠴᠢᠷᠳᠡᠯᠳᠡᠢ ᠭᠠᠵᠡᠷ ᠣᠷᠣᠨ ᠢ ᠭᠤᠤᠯᠳᠡᠯᠭ᠎ᠠ ᠲᠠᠢ | ᠳᠡᠳᠬᠦᠨ ᠳᠡᠮᠵᠢᠵᠦ᠂ ᠣᠷᠢᠳᠡᠪᠡᠷ ᠲᠣᠷᠰᠢᠯᠳᠡ ᠬᠢᠨ᠎ᠠ᠃ ᠣᠷᠢᠳᠡᠪᠡᠷ ᠭᠡᠷᠡᠭᠵᠢᠬᠦᠯᠥᠭᠰᠡᠨ ᠭᠠᠵᠡᠷ ᠣᠷᠣᠨ ᠤ | ᠲᠣᠷᠰᠢᠯᠭ᠎ᠠ ᠶᠢ ᠳ᠋ᠦᠩᠨᠡᠵᠦ᠂ ᠵᠢᠱᠢᠶ᠎ᠠ ᠦᠵᠡᠬᠦᠯᠬᠦ ᠨᠦᠯᠥᠭᠡᠯᠡᠯ ᠢ ᠳᠡᠭᠡᠭᠰᠢᠯᠡᠬᠦᠯᠥᠨ᠂ ᠳᠡᠯᠭᠡᠷᠡᠬᠦᠯᠬᠦ ᠲᠣᠠᠠᠳᠡᠴᠨ ᠶᠢ | ᠪᠤᠢ ᠪᠤᠯᠭᠠᠨ᠎ᠠ᠃ | ︵ᠭᠤᠷᠪᠠ︶ ᠬᠦᠭᠵᠢᠯᠳᠡ ᠶᠢᠨ ᠬᠠᠷᠡᠯᠳᠡ᠃ 2020 ᠣᠨ ᠤ ᠵᠢᠯ ᠤᠨ ᠰᠡᠬᠦᠯᠴᠢ ᠪᠤᠯᠳᠡᠯ᠎ᠠ᠂ ᠪᠦᠬᠦ | ᠣᠷᠣᠨ ᠳᠤ ᠨᠢᠭᠡ ᠪᠦᠯᠥᠭ ᠨᠡᠶᠢᠳᠡᠯᠢᠭ ᠵᠢᠱᠢᠶ᠎ᠠ ᠶᠢᠨ ᠳᠠᠶᠢᠴᠢᠯᠠᠬᠤ ᠦᠢᠯᠡᠳᠣᠯ ᠲᠠᠢ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠵᠢᠱᠢᠶ᠎ᠠ ᠦᠵᠡᠬᠦᠯᠬᠦ ᠬᠤᠰᠢᠭᠤ ᠰᠢᠶᠡᠨ ︵ᠬᠤᠳᠡ᠂ | ᠲᠤᠭᠤᠷᠢᠭ︶ ᠢ ᠪᠤᠶᠢᠵᠢᠭᠤᠯᠵᠦ᠂ ᠨᠢᠭᠡᠳᠣᠯᠲᠠᠢ ᠨᠡᠭᠡᠭᠡᠯᠳᠡ ᠲᠠᠢ᠂ ᠦᠷᠢᠰᠦᠯᠳᠦᠭᠡᠨ ᠨᠢ ᠡᠮᠬᠢ ᠵᠢᠷᠦᠮ ᠲᠠᠢ᠂ | ᠦᠨᠡᠨᠴᠢ ᠢᠳᠡᠭᠡᠮᠵᠢᠳᠡᠢ ᠪᠠᠷ ᠬᠠᠦᠯᠢ ᠶᠢ ᠰᠠᠬᠢᠬᠤ᠂ ᠠᠮᠥᠷ ᠳᠥᠪᠰᠢᠨ ᠨᠡᠶᠢᠳᠡᠪᠦᠷᠢᠳᠡᠢ᠂ ᠪᠤᠬᠢᠷᠳᠦᠯ ᠦᠭᠡᠢ ᠣᠷᠴᠢᠨ | ᠲᠤᠭᠤᠷᠢᠨ ᠤ ᠬᠠᠮᠠᠭᠠᠯᠠᠯᠳᠡ ᠲᠠᠢ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠵᠠᠬ᠎ᠠ ᠳᠡᠯᠭᠡᠬᠦᠷ ᠤᠨ ᠰᠢᠰᠲ᠋ᠧᠮᠵᠢ ᠶᠢ ᠠᠩᠬ᠎ᠠ ᠠᠯᠬᠤᠮ ᠪᠠᠶᠢᠭᠤᠯᠵᠦ᠂ ᠮᠠᠯᠵᠢᠬᠤ ᠳᠡᠷᠢᠶᠡᠯᠠᠬᠤ ᠣᠷᠣᠨ ᠤ | ᠡᠯᠧᠺᠲᠷᠤᠨ ᠬᠤᠳᠠᠯᠳᠣᠭᠠᠨ ᠤ ᠶᠠᠪᠤᠳᠡᠯ ᠢ ᠨᠢᠭᠡᠳᠣᠭᠡᠷ ᠬᠤᠶᠠᠳᠣᠭᠠᠷ ᠭᠤᠷᠪᠠᠳᠣᠭᠠᠷ ᠠᠵᠦ ᠦᠢᠯᠡᠰ ᠯᠦᠭᠡ ᠬᠦᠨ | ᠠᠭᠤᠰᠣᠯᠴᠠᠭᠤᠯᠥᠨ᠂ ᠮᠠᠯᠵᠢᠬᠤ ᠲᠠᠷᠢᠶᠡᠯᠠᠬᠤ ᠣᠷᠣᠨ ᠤ ᠬᠦᠢᠯᠭᠡᠭᠡᠨ ᠤ ᠣᠳᠣᠬᠢᠴᠢᠯᠠᠯᠳᠡ ᠪᠠ ᠳᠡᠷᠢᠶᠡᠯᠡᠩ ᠮᠠᠯ ᠤᠨ | ᠠᠰᠢᠭ ᠰᠢᠮ᠎ᠡ ᠶᠢᠨ ᠪᠦᠳᠦᠭᠡᠭᠳᠡᠬᠦᠨ ᠤ ᠪᠤᠷᠣᠯᠠᠭᠤᠯᠭ᠎ᠠ ᠶᠢ ᠠᠬᠢᠭᠤᠯᠬᠤ᠂ ᠮᠠᠯᠴᠢᠨ ᠳᠡᠷᠢᠶᠡᠴᠢᠨ ᠤ ᠠᠳᠠᠯ ᠦᠢᠯᠡᠰ | ᠴᠣᠠᠠᠴᠠᠯᠠᠨ ᠠᠵᠢᠯ ᠣᠯᠬᠤ ᠶᠢ ᠠᠬᠢᠭᠤᠯᠬᠤ᠂ ᠮᠠᠯᠵᠢᠬᠤ ᠲᠠᠷᠢᠶᠡᠯᠠᠬᠤ ᠣᠷᠣᠨ ᠤ ᠭᠡᠷᠡᠭᠯᠡᠭᠡ ᠶᠢᠨ ᠵᠠᠬ᠎ᠠ ᠳᠡᠯᠭᠡᠬᠦᠷ ᠢ | ᠨᠡᠭᠡᠭᠡᠨ ᠦᠷᠭᠡᠳᠭᠡᠬᠦ᠂ ᠮᠠᠯᠵᠢᠬᠤ ᠳᠡᠷᠢᠶᠡᠯᠠᠬᠤ ᠣᠷᠣᠨ ᠤ ᠶᠠᠳᠠᠭᠤ ᠶᠢ ᠳᠡᠳᠬᠦᠨ ᠨᠡᠭᠡᠭᠡᠯᠳᠡ ᠬᠢᠬᠦ ᠶᠢ ᠠᠬᠢᠭᠤᠯᠬᠤ | ᠵᠡᠷᠭᠡ ᠳᠡᠯ᠎ᠠ ᠪᠠᠷ ᠢᠳᠡᠪᠬᠢᠳᠡᠢ ᠦᠷ᠎ᠠ ᠪᠦᠳᠦᠮᠵᠢ ᠣᠯᠥᠨᠠ︔ ᠪᠠᠷᠡᠭᠠᠨ ᠤ ᠬᠦᠢᠯᠭᠡᠭᠡᠨ ᠤ ᠳᠥᠷᠭᠡᠨ ᠳᠡᠮᠵᠢᠭᠤᠯᠬᠤ | ᠦᠢᠯᠡᠴᠢᠯᠡᠭᠡᠨ ᠨᠢ ︽ᠰᠢᠶᠡᠩ ᠳᠤ ᠲᠣᠣᠷ ᠴᠢᠬ ᠲᠠᠢ᠂ ᠲᠣᠰᠬᠤᠨ ᠳᠤ ᠳᠥᠷᠭᠡᠨ ᠳᠡᠮᠵᠢᠭᠤᠯᠭ᠎ᠠ ᠨᠡᠪᠳᠡᠷᠡᠭᠰᠡᠨ | ᠪᠠᠶᠢᠬᠤ︾ ᠶᠢ ᠪᠠᠶᠠᠯᠠᠬᠦᠯᠥᠨ᠎ᠠ᠃ ᠪᠦᠬᠦ ᠣᠷᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ | ᠬᠤᠳᠠᠯᠳᠣᠭᠠᠨ ᠤ ᠶᠠᠪᠤᠳᠡᠯ ᠤᠨ ᠠᠷᠡᠯᠵᠢᠶᠡᠨ ᠤ ᠭᠡᠪᠴᠢᠶ᠎ᠠ ᠶᠢ ᠵᠢᠯ ᠪᠦᠷᠢ ᠲᠣᠮᠳᠡᠴᠢ ᠪᠠᠷ 30% ᠪᠠᠷ | ᠨᠡᠮᠡᠭᠳᠡᠬᠦᠯᠤᠨ᠎ᠠ᠂ ᠡᠬᠦᠨ ᠳᠤ ᠳᠡᠷᠢᠶᠡᠯᠡᠩ ᠮᠠᠯ ᠤᠨ ᠠᠰᠢᠭ ᠰᠢᠮ᠎ᠡ ᠶᠢᠨ ᠪᠦᠳᠦᠭᠡᠭᠳᠡᠬᠦᠨ ᠤ ᠲᠣᠣᠷ ᠰᠦᠯᠵᠢᠶ᠎ᠠ ᠶᠢᠨ | ᠪᠤᠷᠣᠯᠠᠭᠤᠯᠭ᠎ᠠ ᠶᠢᠨ ᠲᠤᠭ᠎ᠠ ᠶᠢ ᠵᠢᠯ ᠪᠦᠷᠢ ᠲᠤᠮᠳᠡᠴᠢ ᠪᠠᠷ 20% ᠪᠠᠷ ᠨᠡᠮᠡᠭᠳᠡᠬᠦᠯᠥᠨ᠎ᠠ︔ ᠬᠤᠰᠢᠭᠤ ᠰᠢᠶᠡᠨ᠂ | ᠰᠢᠶᠡᠩ ᠪᠠᠯᠭᠠᠰᠣ ᠶᠢᠨ ᠱᠠᠳᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠶᠡᠷᠦᠩᠭᠡᠶᠢᠯᠡᠭᠰᠡᠨ ᠦᠢᠯᠡᠴᠢᠯᠡᠭᠡᠨ ᠤ ᠳᠡᠪᠴᠠᠩ ᠤᠨ ᠦᠷᠲᠡᠭᠡ ᠴᠢᠬ ᠤᠨ ᠪᠦᠷᠬᠦᠴᠡ ᠶᠢᠨ ᠨᠣᠷᠮ᠎ᠠ ᠶᠢ ᠲᠣᠰ ᠲᠣᠰ | 80%᠂ 60% ᠳᠤ ᠬᠦᠷᠦᠬᠦᠯᠵᠦ᠂ ᠲᠣᠰᠬᠤᠨ ᠤ ᠱᠠᠳᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠦᠢᠯᠡᠴᠢᠯᠡᠭᠡᠨ ᠤ ᠴᠢᠬ ᠤᠨ ᠪᠦᠷᠬᠦᠴᠡ ᠶᠢᠨ ᠨᠣᠷᠮ᠎ᠠ ᠶᠢ 50% ᠳᠤ ᠬᠦᠷᠦᠬᠦᠯᠥᠨ᠎ᠠ︔ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠠᠵᠢᠯᠳᠡᠨ ᠢ 20 ᠳᠥᠮᠡᠨ ᠬᠦᠮᠦᠨ ᠣᠳᠠᠭ᠎ᠠ | ᠪᠤᠯᠪᠠᠰᠣᠷᠡᠭᠤᠯᠥᠨᠠ᠃ | ᠬᠤᠶᠡᠷ᠂ ᠭᠤᠤᠯᠳᠡᠯᠭ᠎ᠠ ᠲᠠᠢ ᠡᠬᠦᠷᠭᠡ | ︵ᠨᠢᠭᠡ︶ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠰᠠᠭᠤᠷᠢ | ᠪᠡᠯᠡᠳᠭᠡᠮᠵᠢ ᠶᠢᠨ ᠪᠦᠳᠦᠭᠡᠨ ᠪᠠᠶᠢᠭᠤᠯᠥᠯᠳᠡ ᠶᠢ ᠴᠢᠩᠭᠠᠳᠬᠠᠨ᠎ᠠ᠃ | 1. ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠣᠯᠡᠨ ᠨᠡᠶᠢᠲᠡ ᠶᠢᠨ | ᠦᠢᠯᠡᠴᠢᠯᠡᠭᠡᠨ ᠤ ᠰᠢᠰᠲ᠋ᠧᠮᠵᠢ ᠶᠢ ᠪᠠᠶᠢᠭᠤᠯᠥᠨ᠎ᠠ᠃ ᠡᠯ᠎ᠠ ᠳᠥᠷᠦᠯ ᠤᠨ ᠠᠵᠦ ᠠᠬᠤᠶᠢᠯᠠᠯ ᠪᠤᠯᠥᠨ ᠨᠡᠶᠢᠭᠡᠮ ᠤᠨ | ᠬᠦᠴᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠣᠯᠡᠨ ᠨᠡᠶᠢᠲᠡ ᠶᠢᠨ | ᠦᠢᠯᠡᠴᠢᠯᠡᠭᠡᠨ ᠤ ᠲᠥᠪ ᠤᠨ ᠪᠦᠳᠦᠭᠡᠨ ᠪᠠᠶᠢᠭᠤᠯᠥᠯᠳᠡ ᠳᠤ ᠣᠷᠣᠯᠴᠠᠬᠤ ᠶᠢ ᠳᠡᠮᠵᠢᠵᠦ᠂ ᠣᠷᠣᠨ ᠨᠣᠳᠤᠭ ᠤᠨ | ᠮᠠᠯᠵᠢᠬᠤ ᠳᠡᠷᠢᠶᠡᠯᠠᠬᠤ ᠣᠷᠣᠨ ᠤ ᠪᠦᠳᠦᠭᠡᠭᠳᠡᠬᠦᠨ ᠤ ᠡᠬᠢ ᠪᠠᠶᠠᠯᠢᠭ ᠢ ᠡᠮᠬᠢᠯᠡᠨ ᠨᠡᠶᠢᠯᠡᠬᠦᠯᠵᠦ᠂ ᠪᠦᠳᠦᠭᠡᠭᠳᠡᠬᠦᠨ ᠤ | ᠪᠠᠷᠢᠮᠵᠢᠶᠡᠵᠢᠭᠤᠯᠬᠤ ᠪᠠᠶᠢᠭᠤᠯᠥᠯᠳᠡ ᠶᠢ ᠦᠷᠨᠢᠬᠦᠯᠥᠨ᠂ ᠣᠷᠣᠨ ᠨᠣᠳᠤᠭ ᠤᠨ ᠣᠨᠴᠠᠯᠢᠠᠠᠳᠦ ᠨᠡᠷᠡᠳᠣ ᠳᠥᠷᠦᠯ | ᠳᠡᠮᠳᠡᠭᠳᠦ ᠶᠢ ᠶᠡᠭᠡᠪᠡᠷ ᠪᠤᠶᠢᠵᠢᠭᠤᠯᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠲᠤᠭ᠎ᠠ ᠪᠡᠷᠢᠮᠳᠡ ᠶᠢ ᠴᠣᠠᠠᠯᠠᠭᠤᠯᠥᠨ ᠵᠠᠳᠡᠯᠥᠨ ᠰᠢᠨᠵᠢᠬᠦ ᠶᠢ ᠦᠷᠨᠢᠬᠦᠯᠥᠨ᠎ᠠ᠃ ᠡᠯᠧᠺᠲᠷᠤᠨ | ᠬᠤᠳᠠᠯᠳᠣᠭᠠᠨ ᠤ ᠠᠵᠦ ᠠᠬᠤᠶᠢᠯᠠᠯ ᠬᠢᠬᠡᠳ ᠳᠥᠮᠡᠨ ᠲᠣᠰᠬᠤᠨ ᠮᠢᠩᠭᠠᠨ ᠰᠢᠶᠡᠩ᠂ ᠰᠢᠥᠳᠡᠨ ᠤ ᠶᠠᠪᠤᠳᠡᠯ ᠤᠨ | ᠠᠵᠦ ᠠᠬᠤᠶᠢᠯᠠᠯ ᠤᠨ ᠠᠷᠠᠳ ᠲᠤ ᠳᠥᠬᠦᠮ ᠦᠵᠡᠬᠦᠯᠬᠦ ᠦᠢᠯᠡᠴᠢᠯᠡᠭᠡᠨ ᠤ ᠲᠣᠣᠷ ᠴᠢᠬ᠂ ᠬᠡᠳᠦ ᠳᠡᠯᠭᠡᠬᠦᠷ᠂ | ᠬᠠᠩᠭᠠᠨ ᠪᠤᠷᠣᠯᠠᠭᠤᠯᠬᠤ ᠬᠤᠷᠰᠢᠶ᠎ᠠ ᠵᠡᠷᠭᠡ ᠬᠦᠢᠯᠭᠡᠭᠡᠨ ᠤ ᠭᠤᠤᠯ ᠴᠣᠠᠠᠴᠠ ᠯᠤᠭ᠎ᠠ ᠶᠢᠨ ᠬᠠᠮᠳᠣᠷᠡᠯᠴᠠᠬᠤ ᠶᠢ | ᠵᠣᠷᠢᠠᠠᠵᠢᠭᠤᠯᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠦᠢᠯᠡᠴᠢᠯᠡᠭᠡᠨ ᠤ ᠦᠷᠲᠡᠭᠡ ᠴᠢᠬ ᠢ ᠦᠭᠡᠷᠡᠴᠢᠯᠡᠨ ᠪᠠᠶᠢᠭᠤᠯᠬᠤ ᠪᠠ ᠰᠢᠨ᠎ᠡ ᠪᠠᠷ ᠪᠠᠶᠢᠭᠤᠯᠵᠦ᠂ ᠦᠢᠯᠡᠴᠢᠯᠡᠭᠡᠨ ᠤ | ᠴᠢᠳᠠᠮᠵᠢ ᠶᠢ ᠨᠢ ᠦᠷᠭᠡᠳᠭᠡᠨ᠂ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠡᠷᠡᠭᠯᠡᠬᠡᠨ ᠤ ᠬᠢᠷᠢ ᠭᠡᠮᠵᠢᠶ᠎ᠠ ᠶᠢ | ᠳᠡᠭᠡᠭᠰᠢᠯᠡᠬᠦᠯᠦᠨ᠎ᠡ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠵᠦ ᠠᠬᠤᠢ | ᠪᠠ ᠮᠡᠳᠡᠭᠡ ᠵᠠᠩᠬᠢᠵᠢᠯᠳᠡ ᠶᠢᠨ ᠵᠦᠪᠯᠡᠯ᠂ ᠬᠠᠩᠭᠠᠨ ᠪᠤᠷᠣᠯᠠᠭᠤᠯᠬᠤ ᠬᠤᠯᠪᠤᠭᠠᠳᠣ ᠬᠤᠷᠰᠢᠶ᠎ᠠ᠂ ᠦᠪᠤᠷ | ᠮᠣᠩᠭᠤᠯ ᠤᠨ ᠰᠢᠥᠳᠡᠨ ᠤ ᠶᠠᠪᠤᠳᠡᠯ ᠤᠨ ᠬᠠᠮᠢᠶᠡᠷᠦᠯᠳᠡ ᠶᠢᠨ ᠲᠤᠪᠴᠢᠶ᠎ᠠ ᠬᠠᠷᠢᠭᠤᠴᠠᠨ᠎ᠠ︶ | 2. ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠰᠦᠯᠵᠢᠶᠠᠨ | ᠱᠤᠭᠤᠮ ᠤᠨ ᠰᠠᠭᠤᠷᠢ ᠪᠡᠯᠡᠳᠭᠡᠮᠵᠢ ᠶᠢ ᠳᠡᠬᠦᠯᠳᠡᠷᠵᠢᠬᠦᠯᠥᠨ᠎ᠠ᠃ ᠮᠠᠯᠵᠢᠬᠤ ᠳᠡᠷᠢᠶᠡᠯᠠᠬᠤ ᠣᠷᠣᠨ ᠤ ᠴᠢᠮᠡᠭᠡ | ᠬᠤᠯᠪᠤᠭ᠎ᠠ ᠶᠢᠨ ᠲᠣᠣᠷ ᠰᠦᠯᠵᠢᠶ᠎ᠠ ᠶᠢᠨ ᠰᠠᠭᠤᠷᠢ ᠪᠡᠯᠡᠳᠭᠡᠮᠵᠢ ᠶᠢᠨ ᠪᠦᠳᠦᠭᠡᠨ ᠪᠠᠶᠢᠭᠤᠯᠥᠯᠳᠡ ᠶᠢ ᠴᠢᠩᠭᠠᠳᠬᠠᠨ᠂ | ᠦᠷᠭᠡᠨ ᠪᠦᠰᠡᠳᠦ ᠲᠣᠣᠷ ᠰᠦᠯᠵᠢᠶ᠎ᠠ ᠶᠢᠨ ᠬᠤᠷᠳᠣ ᠶᠢ ᠳᠡᠭᠡᠭᠰᠢᠯᠡᠬᠦᠯᠥᠨ ᠰᠦᠢᠳᠭᠡᠯ ᠢ ᠪᠠᠭᠤᠷᠡᠭᠤᠯᠬᠤ ᠶᠢ | ᠠᠬᠢᠭᠤᠯᠵᠦ᠂ ᠴᠠᠬᠢᠯᠭᠠᠨ ᠬᠤᠯᠪᠤᠭ᠎ᠠ ᠶᠢᠨ ᠳᠥᠭᠡᠮᠡᠯ ᠦᠢᠯᠡᠴᠢᠯᠡᠭᠡᠨ ᠤ ᠨᠦᠬᠦᠪᠦᠷᠢ ᠦᠭᠬᠦ ᠲᠣᠠᠠᠳᠡᠴᠠ ᠶᠢ | ᠳᠡᠬᠦᠯᠳᠡᠷᠵᠢᠬᠦᠯᠥᠨ᠂ ᠮᠠᠯᠵᠢᠬᠤ ᠳᠡᠷᠢᠶᠡᠯᠠᠬᠤ ᠣᠷᠣᠨ ᠵᠢᠴᠢ ᠪᠤᠶᠢᠳᠡ ᠪᠦᠭᠯᠡᠬᠦᠥ ᠭᠠᠵᠡᠷ ᠣᠷᠣᠨ ᠤ ᠦᠷᠭᠡᠨ | ᠪᠦᠰᠡᠳᠦ ᠲᠣᠣᠷ ᠰᠦᠯᠵᠢᠶ᠎ᠠ ᠶᠢᠨ ᠪᠦᠳᠦᠭᠡᠨ ᠪᠠᠶᠢᠭᠤᠯᠥᠯᠳᠡ ᠪᠤᠯᠥᠨ ᠠᠵᠢᠯᠯᠠᠭᠠᠨ ᠤ ᠰᠡᠯᠪᠢᠨ ᠬᠠᠮᠠᠭᠠᠯᠠᠬᠤ ᠶᠢ | ᠳᠡᠮᠵᠢᠵᠦ᠂ ᠨᠦᠬᠦᠴᠡᠯ ᠲᠠᠢ ᠵᠠᠰᠠᠭ ᠵᠠᠬᠢᠷᠭᠠᠨ ᠤ ᠲᠣᠰᠬᠤᠨ ᠳᠤ 4G ᠶᠢᠨ ᠬᠡᠷᠡᠭᠯᠡᠬᠡᠨ ᠢ ᠳᠡᠯᠭᠡᠷᠡᠬᠦᠯᠥᠨ᠎ᠠ᠃ ︵ | ᠦᠪᠤᠷ ᠮᠣᠩᠭᠤᠯ ᠤᠨ ᠴᠢᠮᠡᠭᠡ ᠬᠤᠯᠪᠤᠭᠠᠨ ᠤ ᠬᠠᠮᠢᠶᠡᠷᠦᠯᠳᠡ ᠶᠢᠨ ᠲᠤᠪᠴᠢᠶ᠎ᠠ᠂ ᠦᠪᠡᠷᠳᠡᠭᠡᠨ ᠵᠠᠰᠬᠠᠥ ᠣᠷᠣᠨ ᠤ | ᠠᠵᠦ ᠠᠬᠤᠢ ᠪᠠ ᠮᠡᠳᠡᠭᠡ ᠵᠠᠩᠬᠢᠵᠢᠯᠳᠡ ᠶᠢᠨ ᠵᠦᠪᠯᠡᠯ ᠬᠠᠷᠢᠭᠤᠴᠠᠨ᠎ᠠ︶ ᠮᠠᠯᠵᠢᠬᠤ ᠳᠡᠷᠢᠶᠡᠯᠠᠬᠤ ᠣᠷᠣᠨ ᠤ ᠵᠠᠰᠠᠮᠠᠯ | ᠵᠠᠮ ᠤᠨ ᠪᠦᠳᠦᠭᠡᠨ ᠪᠠᠶᠢᠭᠤᠯᠥᠯᠳᠡ ᠶᠢ ᠳᠥᠷᠭᠡᠳᠭᠡᠨ᠂ ︽ᠭᠠᠴᠠᠭ᠎ᠠ ᠲᠣᠰᠬᠤᠨ ᠪᠤᠯᠭᠠᠨ ᠳᠤ ᠨᠡᠪᠳᠡᠷᠡᠬᠦᠯᠬᠦ︾ | ᠢᠨᠵᠧᠨᠧᠷᠢᠩ ᠢ ᠳᠡᠬᠦᠯᠳᠡᠷᠵᠢᠬᠦᠯᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠬᠦᠭᠵᠢᠯᠳᠡ ᠳᠤ ᠳᠥᠬᠦᠮ ᠳᠥᠳᠡ ᠵᠠᠮ ᠬᠠᠷᠢᠯᠴᠠᠭ᠎ᠠ ᠳᠡᠭᠡᠭᠡᠪᠦᠷᠢ ᠶᠢᠨ ᠲᠤᠯᠭᠠᠭᠤᠷᠢᠯᠠᠬᠤ | ᠰᠢᠰᠲ᠋ᠧᠮᠵᠢ ᠶᠢ ᠬᠠᠩᠭᠠᠨ᠎ᠠ᠃ ︵ᠦᠪᠡᠷᠳᠡᠬᠡᠨ ᠵᠠᠰᠬᠠᠥ ᠣᠷᠣᠨ ᠤ ᠵᠠᠮ ᠬᠠᠷᠢᠯᠴᠠᠭ᠎ᠠ ᠳᠡᠭᠡᠭᠡᠪᠦᠷᠢ ᠶᠢᠨ ᠳᠢᠩᠬᠢᠮ | ᠬᠠᠷᠢᠭᠤᠴᠠᠨ᠎ᠠ︶ | 3. ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠪᠠᠷᠡᠭᠠᠨ ᠤ | ᠬᠦᠢᠯᠭᠡᠭᠡᠨ ᠤ ᠲᠣᠬᠢᠷᠡᠭᠤᠯᠥᠨ ᠬᠦᠷᠭᠡᠬᠦ ᠴᠢᠳᠡᠪᠦᠷᠢ ᠶᠢ ᠳᠡᠭᠡᠭᠰᠢᠯᠡᠬᠦᠯᠦᠨ᠎ᠡ᠃ ᠵᠠᠰᠠᠭ ᠤᠨ ᠣᠷᠳᠣᠨ ᠤ ᠦᠢᠯᠡᠳᠣᠯ ᠢ | ᠪᠠᠳᠡᠷᠡᠭᠤᠯᠵᠦ᠂ ︽ᠳᠥᠷᠭᠡᠨ ᠳᠡᠮᠵᠢᠭᠤᠯᠭ᠎ᠠ ᠶᠢ ᠬᠦᠳᠡᠭᠡ ᠪᠠᠭᠤᠯᠭᠠᠬᠤ︾ ᠢᠨᠵᠧᠨᠧᠷᠢᠩ ᠢ ᠠᠬᠢᠭᠤᠯᠥᠨ᠂ ᠳᠥᠷᠬᠡᠨ | ᠳᠡᠮᠵᠢᠭᠤᠯᠭ᠎ᠠ ᠶᠢᠨ ᠠᠵᠦ ᠠᠬᠤᠶᠢᠯᠠᠯ ᠤᠨ ︽ᠬᠦᠳᠡᠭᠡ ᠳᠤ ᠬᠠᠨᠳᠣᠭᠤᠯᠥᠨ︾ ᠬᠦᠭᠵᠢᠬᠦᠯᠬᠦ ᠶᠢ ᠳᠡᠮᠵᠢᠨ᠎ᠠ᠃ ᠵᠠᠮ | ᠬᠠᠷᠢᠯᠴᠠᠭ᠎ᠠ ᠳᠡᠭᠡᠭᠡᠪᠦᠷᠢ᠂ ᠰᠢᠥᠳᠡᠨ ᠤ ᠶᠠᠪᠤᠳᠡᠯ᠂ ᠬᠠᠩᠭᠠᠨ ᠪᠤᠷᠤᠯᠠᠭᠤᠯᠬᠤ᠂ ᠪᠠᠷᠡᠭᠠᠨ ᠤ ᠬᠦᠢᠯᠭᠡᠭᠡᠨ᠂ ᠳᠥᠷᠬᠡᠨ | ᠳᠡᠮᠵᠢᠭᠤᠯᠬᠤ᠂ ᠠᠷᠡᠯᠵᠢᠶ᠎ᠠ ᠬᠤᠳᠠᠯᠳᠤᠭ᠎ᠠ ᠶᠢᠨ ᠬᠦᠢᠯᠭᠡᠭᠡᠨ ᠵᠡᠷᠭᠡ ᠵᠠᠬ᠎ᠠ ᠳᠡᠯᠭᠡᠬᠦᠷ ᠤᠨ ᠭᠤᠤᠯ ᠴᠣᠠᠠᠴᠠ ᠶᠢ | ᠡᠮᠬᠢᠯᠡᠨ ᠨᠡᠶᠢᠯᠡᠬᠦᠯᠵᠦ᠂ ᠰᠢᠥᠳᠡᠨ ᠤ ᠶᠠᠪᠤᠳᠡᠯ ᠤᠨ ᠠᠵᠦ ᠠᠬᠤᠶᠢᠯᠠᠯ᠂ ᠳᠥᠷᠬᠡᠨ ᠳᠡᠮᠵᠢᠭᠤᠯᠬᠤ ᠠᠵᠦ | ᠠᠬᠤᠶᠢᠯᠠᠯ ᠤᠨ ᠴᠢᠬ ᠣᠯᠡᠨ ᠭᠡᠪᠴᠢᠶ᠎ᠠ ᠦᠷᠭᠡᠨ ᠵᠢᠴᠢ ᠰᠢᠥᠳᠡᠨ ᠤ ᠶᠠᠪᠤᠳᠡᠯ ᠤᠨ ᠳᠥᠭᠡᠮᠡᠯ ᠦᠢᠯᠡᠴᠢᠯᠡᠭᠡᠨ ᠤ | ᠳᠡᠪᠡᠭᠤᠯᠢᠭ ᠢ ᠰᠠᠶᠢᠳᠣᠷ ᠪᠠᠳᠡᠷᠡᠭᠤᠯᠥᠨ᠂ ᠪᠠᠷᠡᠭᠠᠨ ᠤ ᠬᠦᠢᠯᠭᠡᠭᠡᠨ ᠤ ᠵᠠᠩᠬᠢᠶᠡᠰᠦ ᠶᠢᠨ ᠰᠠᠭᠤᠷᠢ ᠪᠡᠯᠡᠳᠭᠡᠮᠵᠢ ᠶᠢᠨ | ᠲᠣᠣᠷ ᠰᠦᠯᠵᠢᠶ᠎ᠠ ᠶᠢ ᠠᠯᠬᠤᠮ ᠠᠯᠬᠤᠮ ᠢᠶᠠᠷ ᠳᠡᠬᠦᠯᠳᠡᠷᠵᠢᠬᠦᠯᠵᠦ᠂ ᠬᠤᠳᠡ ᠬᠦᠳᠡᠭᠡ ᠶᠢᠨ ᠬᠦᠮᠦᠷᠭᠡᠯᠡᠨ | ᠬᠠᠳᠠᠭᠠᠯᠠᠬᠤ ᠪᠠᠷᠡᠭᠠᠨ ᠤ ᠬᠦᠢᠯᠭᠡᠭᠡᠨ ᠤ ᠳᠡᠪᠴᠠᠩ ᠢ ᠪᠠᠶᠢᠭᠤᠯᠥᠨ᠂ ᠭᠠᠷᠣᠯᠳᠡ ᠶᠢᠨ ᠭᠠᠵᠡᠷ ᠤᠨ ᠣᠷᠢᠳᠴᠢᠯᠡᠨ | ᠬᠦᠯᠳᠡᠭᠡᠬᠦ᠂ ᠬᠦᠯᠳᠡᠭᠡᠵᠦ ᠳᠡᠭᠡᠭᠡᠪᠦᠷᠢᠯᠡᠬᠦ᠂ ᠬᠦᠯᠳᠡᠬᠦᠥ ᠬᠦᠮᠦᠷᠬᠡ ᠳᠤ ᠬᠦᠮᠦᠷᠭᠡᠯᠡᠨ ᠬᠠᠳᠠᠭᠠᠯᠠᠬᠤ᠂ ᠦᠢᠯᠡᠳᠴᠥ | ᠲᠣᠬᠢᠷᠡᠭᠤᠯᠥᠨ ᠬᠦᠷᠭᠡᠬᠦ ᠵᠡᠷᠭᠡ ᠪᠦᠬᠦᠨ ᠢ ᠬᠦᠯᠳᠡᠭᠡᠵᠦ ᠭᠡᠯᠬᠢᠶᠡᠵᠢᠬᠦᠯᠦᠭᠰᠡᠨ ᠪᠠᠷᠡᠭᠠᠨ ᠤ ᠬᠦᠢᠯᠭᠡᠭᠡᠨ ᠢ | ᠬᠦᠭᠵᠢᠬᠦᠯᠥᠨ᠂ ︽ᠳᠡᠷᠢᠶᠡᠯᠡᠩ ᠮᠠᠯ ᠤᠨ ᠠᠰᠢᠭ ᠰᠢᠮ᠎ᠡ ᠶᠢᠨ ᠪᠦᠳᠦᠭᠡᠭᠳᠡᠬᠦᠨ ᠢ ᠬᠤᠳᠡ ᠳᠤ ᠣᠷᠣᠭᠤᠯᠬᠤ᠂ ᠠᠵᠦ | ᠦᠢᠯᠡᠳᠪᠦᠷᠢ ᠶᠢᠨ ᠦᠢᠯᠡᠳᠬᠦᠨ ᠢ ᠬᠦᠳᠡᠭᠡ ᠪᠠᠭᠤᠯᠭᠠᠬᠤ︾ ᠬᠤᠦᠰ ᠴᠢᠭᠯᠡᠯ ᠢᠶᠠᠷ ᠬᠦᠢᠯᠭᠡᠭᠡᠬᠦ ᠵᠠᠮ ᠮᠦᠷ ᠢ ᠪᠤᠢ | ᠪᠤᠯᠭᠠᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠳᠤ | ᠲᠣᠬᠢᠷᠠᠬᠤ ᠪᠠᠷᠡᠭᠠᠨ ᠤ ᠬᠦᠢᠯᠭᠡᠭᠡᠨ ᠤ ᠲᠣᠬᠢᠷᠡᠭᠤᠯᠥᠨ ᠬᠦᠷᠭᠡᠬᠦ ᠰᠢᠰᠲ᠋ᠧᠮᠵᠢ ᠶᠢ ᠪᠠᠶᠢᠭᠤᠯᠥᠨ᠂ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ︽ᠬᠠᠮᠤᠭ ᠡᠴᠦᠰ ᠤᠨ ᠨᠢᠭᠡ ᠺᠢᠯᠤᠮᠧᠲᠷ︾ ᠢ | ᠨᠡᠪᠳᠡᠷᠡᠬᠦᠯᠥᠨᠠ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ | ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠵᠠᠮ ᠬᠠᠷᠢᠯᠴᠠᠭ᠎ᠠ ᠳᠡᠭᠡᠭᠡᠪᠦᠷᠢ ᠶᠢᠨ ᠳᠢᠩᠬᠢᠮ᠂ ᠳᠡᠷᠢᠶᠡᠯᠡᠩ ᠮᠠᠯ | ᠠᠵᠦ ᠠᠬᠤᠢ ᠶᠢᠨ ᠳᠢᠩᠬᠢᠮ᠂ ᠬᠠᠩᠭᠠᠨ ᠪᠤᠷᠣᠯᠠᠭᠤᠯᠬᠤ ᠬᠤᠯᠪᠤᠭᠠᠳᠣ ᠬᠤᠷᠰᠢᠶ᠎ᠠ᠂ ᠦᠪᠤᠷ ᠮᠣᠩᠭᠤᠯ ᠤᠨ | ᠰᠢᠥᠳᠡᠨ ᠤ ᠶᠠᠪᠤᠳᠡᠯ ᠤᠨ ᠬᠠᠮᠢᠶᠡᠷᠦᠯᠳᠡ ᠶᠢᠨ ᠲᠤᠪᠴᠢᠶ᠎ᠠ ᠬᠠᠷᠢᠭᠤᠴᠠᠨ᠎ᠠ︶ | ︵ᠬᠤᠶᠠᠷ︶ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠭᠤᠤᠯ | ᠴᠣᠠᠠᠴᠠ ᠶᠢ ᠪᠤᠶᠢᠵᠢᠭᠤᠯᠥᠨ᠎ᠠ᠃ | 1. ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠭᠤᠤᠯ ᠴᠣᠠᠠᠴᠠ ᠶᠢᠨ | ᠦᠢᠯᠡᠳᠣᠯ ᠢ ᠪᠠᠳᠡᠷᠡᠭᠤᠯᠥᠨ᠎ᠠ᠃ ᠲᠣᠬᠠᠢ ᠶᠢᠨ ᠭᠠᠵᠡᠷ ᠣᠷᠣᠨᠴᠢᠯᠬᠠᠰᠠᠨ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠠᠵᠦ ᠠᠬᠤᠶᠢᠯᠠᠯ ᠢ ᠪᠤᠶᠢᠵᠢᠭᠤᠯᠵᠦ᠂ ᠭᠠᠵᠡᠷ ᠣᠷᠣᠨ ᠤ ᠨᠦᠯᠥᠭᠡᠯᠡᠯ ᠢ ᠪᠠᠳᠡᠷᠡᠭᠤᠯᠥᠨ᠂ ᠡᠬᠢ | ᠪᠠᠶᠠᠯᠢᠭ ᠢ ᠡᠮᠬᠢᠯᠡᠨ ᠨᠡᠶᠢᠯᠡᠬᠦᠯᠵᠦ᠂ ᠦᠷᠢᠰᠦᠯᠳᠦᠭᠡᠨ ᠤ ᠪᠤᠳᠡᠳᠣ ᠬᠦᠴᠣᠨ ᠢ ᠳᠡᠭᠡᠭᠰᠢᠯᠡᠬᠦᠯᠥᠨ᠎ᠠ᠃ ᠣᠷᠣᠨ ᠤ | ᠭᠠᠳᠠᠨᠠᠬᠢ ᠡᠯᠧᠺᠲᠷᠤᠨ ᠬᠤᠳᠠᠯᠳᠣᠭᠠᠨ ᠤ ᠠᠵᠦ ᠠᠬᠤᠶᠢᠯᠠᠯ ᠤᠳ ᠮᠠᠨ ᠤ ᠣᠷᠣᠨ ᠳᠤ ᠢᠷᠡᠵᠦ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠳᠤ ᠪᠡᠯᠡ ᠣᠷᠣᠭᠤᠯᠥᠨ ᠬᠦᠭᠵᠢᠬᠦᠯᠬᠦ ᠶᠢ | ᠵᠣᠷᠢᠠᠠᠵᠢᠭᠤᠯᠥᠨ᠂ ᠳᠡᠩᠰᠡᠯᠠᠭᠤᠯᠬᠤ ᠳᠤ ᠳᠥᠬᠦᠮ ᠦᠵᠡᠬᠦᠯᠵᠦ᠂ ᠲᠡᠳᠡᠨ ᠤ ᠳᠡᠪᠴᠠᠩ ᠤᠨ ᠡᠬᠢ ᠪᠠᠶᠠᠯᠢᠭ ᠤᠨ | ᠳᠡᠪᠡᠭᠤᠯᠢᠭ ᠢ ᠠᠰᠢᠠᠠᠯᠠᠨ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠬᠦᠭᠵᠢᠯᠳᠡ ᠶᠢᠨ ᠵᠬᠠᠪᠤᠷ ᠢ ᠳᠡᠬᠦᠯᠳᠡᠷᠵᠢᠬᠦᠯᠵᠦ᠂ ᠦᠷᠭᠡᠳᠭᠡᠵᠦ᠂ ᠰᠢᠨ᠎ᠡ ᠶᠢ ᠡᠬᠦᠳᠣᠨ᠎ᠠ᠃ ᠲᠣᠰ ᠭᠠᠵᠡᠷ | ᠣᠷᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠠᠵᠦ ᠠᠬᠤᠶᠢᠯᠠᠯ | ᠪᠤᠯᠥᠨ ᠭᠠᠳᠠᠷ ᠣᠷᠣᠨ ᠤ ᠠᠵᠦ ᠠᠬᠤᠶᠢᠯᠠᠯ ᠬᠠᠮᠳᠣᠷᠡᠯᠴᠠᠬᠤ ᠶᠢ ᠳᠡᠮᠵᠢᠵᠦ᠂ ᠣᠷᠣᠨ ᠪᠦᠰᠡ ᠶᠢᠨ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠶᠢ ᠬᠠᠮᠳᠣᠪᠡᠷ ᠠᠬᠢᠭᠤᠯᠥᠨ᠎ᠠ᠃ | ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠵᠦ ᠦᠢᠯᠡᠳᠪᠦᠷᠢ | ᠬᠤᠳᠠᠯᠳᠤᠭ᠎ᠠ ᠶᠢᠨ ᠵᠠᠰᠠᠭ ᠵᠠᠬᠢᠷᠭᠠᠨ ᠤ ᠬᠠᠮᠢᠶᠡᠷᠦᠯᠳᠡ ᠶᠢᠨ ᠲᠣᠪᠴᠢᠶ᠎ᠠ ᠬᠠᠷᠢᠭᠤᠴᠠᠨ᠎ᠠ︶ | 2. ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠦᠢᠯᠡᠴᠢᠯᠡᠬᠡᠨ ᠤ ᠠᠵᠦ | ᠠᠬᠤᠶᠢᠯᠠᠯ ᠢ ᠪᠤᠶᠢᠵᠢᠭᠤᠯᠥᠨ᠎ᠠ᠃ ᠨᠢᠭᠡ ᠪᠦᠯᠥᠭ ᠮᠠᠯᠵᠢᠬᠤ ᠳᠡᠷᠢᠶᠡᠯᠠᠬᠤ ᠣᠷᠣᠨ ᠳᠤ ᠦᠨᠳᠣᠰᠣ ᠬᠠᠳᠬᠤᠬᠤ | ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠦᠢᠯᠡᠴᠢᠯᠡᠬᠡᠨ ᠤ ᠠᠵᠦ ᠠᠬᠤᠶᠢᠯᠠᠯ ᠢ ᠣᠷᠣᠭᠤᠯᠥᠨ ᠠᠪᠴᠢᠷᠠᠬᠤ ᠪᠠ | ᠪᠤᠶᠢᠵᠢᠭᠤᠯᠥᠨ᠎ᠠ᠃ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠦᠢᠯᠡᠴᠢᠯᠡᠬᠡᠨ ᠤ ᠠᠵᠦ ᠠᠬᠤᠶᠢᠯᠠᠯ ᠤᠨ | ᠮᠠᠯᠵᠢᠬᠤ ᠳᠡᠷᠢᠶᠡᠯᠠᠬᠤ ᠣᠷᠣᠨ ᠳᠠᠬᠢ ᠲᠣᠬᠠᠶᠢᠯᠬᠠᠰᠠᠨ ᠠᠵᠢᠯ ᠢᠶᠠᠨ ᠦᠷᠭᠡᠳᠭᠡᠬᠦ ᠶᠢ ᠳᠡᠮᠵᠢᠬᠦ ᠪᠠ ᠬᠦᠳᠦᠯᠥᠨ | ᠵᠢᠯᠥᠭᠤᠳᠴᠥ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠳᠤ | ᠯᠠᠪᠯᠠᠯᠭ᠎ᠠ᠂ ᠠᠵᠢᠯᠳᠡᠨ ᠤ ᠪᠤᠯᠪᠠᠰᠣᠷᠡᠭᠤᠯᠥᠯ᠂ ᠮᠡᠷᠭᠡᠵᠢᠯ ᠤᠨ ᠳᠡᠮᠵᠢᠯᠭᠡ᠂ ᠰᠦᠯᠵᠢᠶᠡᠨ ᠳᠡᠯᠭᠡᠬᠦᠷ ᠤᠨ ᠪᠦᠳᠦᠭᠡᠨ | ᠪᠠᠶᠢᠭᠤᠯᠥᠯᠳᠡ᠂ ᠨᠡᠷᠡᠳᠣ ᠳᠥᠷᠦᠯ ᠳᠡᠮᠳᠡᠭᠳᠦ ᠶᠢ ᠪᠤᠶᠢᠵᠢᠭᠤᠯᠬᠤ᠂ ᠴᠢᠨᠡᠷ ᠴᠢᠨᠰᠠᠭ᠎ᠠ ᠶᠢ ᠡᠵᠡᠮᠳᠡᠬᠦ᠂ ᠡᠵᠡᠩᠨᠡᠨ | ᠪᠤᠷᠣᠯᠠᠭᠤᠯᠬᠤ ᠶᠢ ᠳᠡᠯᠭᠡᠷᠡᠬᠦᠯᠬᠦ᠂ ᠪᠠᠷᠡᠭᠠᠨ ᠤ ᠬᠦᠢᠯᠭᠡᠭᠡᠨ ᠢ ᠰᠢᠢᠳᠪᠦᠷᠢᠯᠡᠨ ᠦᠭᠬᠦ᠂ ᠣᠷᠣᠯᠠᠨ ᠵᠦᠭᠡᠭᠡᠪᠦᠷᠢᠯᠡᠨ | ᠡᠵᠡᠩᠨᠡᠬᠦ ᠵᠡᠷᠭᠡ ᠲᠣᠰᠬᠠᠶᠢᠵᠢᠠᠠᠰᠠᠨ ᠦᠢᠯᠡᠴᠢᠯᠡᠭᠡᠨ ᠢ ᠬᠠᠩᠭᠠᠨ᠎ᠠ᠃ ︵ᠦᠪᠡᠷᠳᠡᠭᠡᠨ ᠵᠠᠰᠬᠠᠥ ᠣᠷᠣᠨ ᠤ | ᠬᠤᠳᠠᠯᠳᠣᠭᠠᠨ ᠤ ᠶᠠᠪᠤᠳᠡᠯ ᠤᠨ ᠳᠢᠩᠬᠢᠮ ᠬᠠᠷᠢᠭᠤᠴᠠᠨ᠎ᠠ︶ | 3. ᠡᠯ᠎ᠠ ᠳᠥᠷᠦᠯ ᠤᠨ ᠬᠦᠷᠦᠩᠭᠡ ᠶᠢᠨ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠢ ᠬᠦᠭᠵᠢᠬᠦᠯᠬᠦ ᠶᠢ ᠵᠣᠷᠢᠠᠠᠵᠢᠭᠤᠯᠥᠨ᠎ᠠ᠃ ᠣᠯᠥᠰ ᠪᠠ ᠦᠪᠡᠷᠳᠡᠭᠡᠨ ᠵᠠᠰᠬᠠᠥ ᠣᠷᠣᠨ ᠤ ᠡᠳ᠋ ᠤᠨ | ᠵᠠᠰᠠᠭ ᠤᠨ ᠪᠡᠯᠡ ᠮᠦᠡᠭᠬᠦ ᠶᠢᠨ ᠬᠦᠳᠦᠯᠥᠨ ᠵᠢᠯᠥᠭᠤᠳᠬᠤ ᠦᠢᠯᠡᠳᠣᠯ ᠢ ᠬᠦᠢᠴᠡᠳ ᠪᠠᠳᠡᠷᠡᠭᠤᠯᠵᠦ᠂ ᠡᠯᠧᠺᠲᠷᠤᠨ | ᠬᠤᠳᠠᠯᠳᠤᠭ᠎ᠠ᠂ ᠪᠠᠷᠡᠭᠠᠨ ᠤ ᠬᠦᠢᠯᠭᠡᠭᠡᠨ᠂ ᠠᠷᠡᠯᠵᠢᠶ᠎ᠠ ᠬᠤᠳᠠᠯᠳᠤᠭ᠎ᠠ᠂ ᠮᠦᠡᠭᠬᠦᠨ ᠬᠦᠢᠯᠭᠡᠭᠡᠨ᠂ ᠰᠢᠥᠳᠡᠨ ᠤ | ᠶᠠᠪᠤᠳᠡᠯ᠂ ᠳᠥᠷᠬᠡᠨ ᠳᠡᠮᠵᠢᠭᠤᠯᠭ᠎ᠠ ᠵᠡᠷᠭᠡ ᠡᠯ᠎ᠠ ᠳᠥᠷᠦᠯ ᠤᠨ ᠨᠡᠶᠢᠭᠡᠮ ᠤᠨ ᠬᠦᠷᠦᠩᠭᠡ ᠶᠢᠨ ᠳᠡᠪᠡᠭᠤᠯᠢᠭ ᠡᠬᠢ | ᠪᠠᠶᠠᠯᠢᠭ ᠢ ᠡᠮᠬᠢᠯᠡᠨ ᠨᠡᠶᠢᠯᠡᠬᠦᠯᠬᠦ ᠶᠢ ᠳᠡᠮᠵᠢᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠬᠦᠭᠵᠢᠯᠳᠡ ᠶᠢ ᠬᠠᠮᠳᠣᠪᠡᠷ ᠠᠬᠢᠭᠤᠯᠥᠨ᠎ᠠ᠃ ᠭᠤᠷᠪᠡᠳᠡᠬᠢ ᠡᠳᠡᠭᠡᠳ ᠤᠨ ᠡᠯᠧᠺᠲᠷᠤᠨ | ᠬᠤᠳᠠᠯᠳᠣᠭᠠᠨ ᠤ ᠶᠠᠪᠤᠳᠡᠯ ᠤᠨ ᠳᠡᠪᠴᠠᠩ ᠤᠨ ᠬᠢᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ | ᠬᠤᠳᠠᠯᠳᠣᠭᠠᠨ ᠤ ᠶᠠᠪᠤᠳᠡᠯ ᠤᠨ ᠲᠣᠬᠠᠶᠢᠯᠬᠠᠰᠠᠨ ᠠᠵᠢᠯ ᠳᠤ ᠰᠢᠨ᠎ᠡ ᠶᠢ ᠡᠬᠦᠳᠬᠦ ᠪᠠ ᠦᠷᠭᠡᠳᠭᠡᠬᠦ ᠶᠢ ᠳᠡᠮᠵᠢᠨ᠎ᠠ᠃ | ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠮᠦᠡᠭᠬᠦᠨ ᠬᠦᠢᠯᠭᠡᠭᠡᠨ ᠤ ᠠᠯᠪᠠᠨ | ᠭᠡᠷ᠂ ᠦᠪᠤᠷ ᠮᠣᠩᠭᠤᠯ ᠤᠨ ᠰᠢᠥᠳᠡᠨ ᠤ ᠶᠠᠪᠤᠳᠡᠯ ᠤᠨ ᠬᠠᠮᠢᠶᠡᠷᠦᠯᠳᠡ ᠶᠢᠨ ᠲᠣᠪᠴᠢᠶ᠎ᠠ ᠬᠠᠷᠢᠭᠤᠴᠠᠨ᠎ᠠ︶ | ᠨᠤᠳᠤᠭ ᠲᠠᠭᠠᠨ ᠪᠤᠴᠬᠠᠰᠠᠨ ᠶᠡᠭᠡ ᠳᠡᠭᠡᠳᠣ ᠰᠣᠷᠭᠠᠭᠤᠯᠢ ᠳᠡᠬᠦᠰᠣᠭ᠍ᠰᠡᠳ᠂ ᠨᠣᠳᠤᠭ ᠲᠠᠭᠠᠨ ᠪᠤᠴᠬᠠᠰᠠᠨ | ᠵᠠᠯᠠᠭᠤᠴᠣᠳ᠂ ᠣᠶᠣᠳᠡᠨ ᠲᠣᠰᠬᠤᠨ ᠤ ᠳᠡᠷᠤᠭ᠎ᠠ᠂ ᠮᠠᠯᠵᠢᠬᠤ ᠳᠡᠷᠢᠶᠡᠯᠠᠬᠤ ᠣᠷᠣᠨ ᠤ ᠵᠠᠯᠠᠭᠤᠴᠣᠳ᠂ | ᠪᠠᠶᠠᠵᠢᠯ ᠤᠨ ᠡᠮᠡᠭᠳᠡᠢ ᠳᠠᠭᠠᠭᠤᠯᠥᠠᠠᠴᠢ᠂ ᠴᠡᠷᠢᠭ ᠠᠴᠠ ᠪᠠᠭᠤᠠᠠᠰᠠᠳ ᠵᠡᠷᠭᠡ ᠶᠢ ᠬᠦᠳᠦᠯᠥᠨ ᠵᠢᠯᠥᠭᠤᠳᠴᠥ ᠪᠠᠶᠢᠭᠠᠳ | ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠳᠤ ᠣᠷᠣᠯᠴᠠᠭᠤᠯᠵᠦ᠂ | ᠬᠦᠳᠦᠯᠥᠨ ᠳᠠᠭᠠᠭᠤᠯᠬᠤ ᠪᠠ ᠵᠢᠱᠢᠶ᠎ᠠ ᠦᠵᠡᠬᠦᠯᠬᠦ ᠦᠢᠯᠡᠳᠣᠯ ᠢ ᠪᠠᠳᠡᠷᠡᠭᠤᠯᠥᠨ᠂ ᠮᠠᠯᠵᠢᠬᠤ ᠳᠡᠷᠢᠶᠡᠯᠠᠬᠤ ᠣᠷᠣᠨ ᠤ | ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠭᠤᠤᠯ ᠴᠣᠠᠠᠴᠠ ᠶᠢ ᠦᠷᠭᠡᠳᠭᠡᠨ᠎ᠠ᠃ ︵ᠦᠪᠡᠷᠳᠡᠭᠡᠨ ᠵᠠᠰᠬᠠᠥ | ᠣᠷᠣᠨ ᠤ ᠬᠦᠮᠦᠨ ᠤ ᠬᠦᠴᠣᠨ ᠤ ᠡᠬᠢ ᠪᠠᠶᠠᠯᠢᠭ ᠨᠡᠶᠢᠭᠡᠮ ᠤᠨ ᠪᠠᠳᠣᠯᠠᠭ᠎ᠠ ᠶᠢᠨ ᠳᠢᠩᠬᠢᠮ᠂ ᠰᠣᠷᠭᠠᠨ | ᠬᠦᠮᠦᠵᠢᠯ ᠤᠨ ᠳᠢᠩᠬᠢᠮ᠂ ᠡᠪ ᠬᠠᠮᠳᠣ ᠵᠠᠯᠠᠭᠤᠴᠣᠳ ᠤᠨ ᠡᠪᠯᠡᠯ ᠤᠨ ᠬᠤᠷᠢᠶ᠎ᠠ ᠬᠠᠷᠢᠭᠤᠴᠠᠨ᠎ᠠ︶ | ︵ᠭᠤᠷᠪᠠ︶ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠡᠷᠡᠭᠯᠡᠬᠡᠨ ᠤ | ᠬᠢᠷᠢ ᠭᠡᠮᠵᠢᠶ᠎ᠠ ᠶᠢ ᠳᠡᠭᠡᠭᠰᠢᠯᠡᠬᠦᠯᠦᠨ᠎ᠡ᠃ | 1. ᠰᠢᠨ᠎ᠡ ᠭᠡᠯᠪᠡᠷᠢ ᠶᠢᠨ ᠮᠠᠯᠵᠢᠬᠤ ᠳᠡᠷᠢᠶᠡᠯᠠᠬᠤ ᠣᠷᠣᠨ ᠤ ᠡᠳᠣᠷ ᠲᠤᠳᠣᠮ ᠤᠨ ᠭᠡᠷᠡᠭᠯᠡᠭᠡ ᠶᠢᠨ | ᠵᠦᠢᠯᠡᠰ ᠤᠨ ᠬᠦᠢᠯᠭᠡᠭᠡᠨ ᠤ ᠲᠣᠣᠷ ᠰᠦᠯᠵᠢᠶ᠎ᠠ ᠶᠢ ᠪᠠᠶᠢᠭᠤᠯᠥᠨ᠎ᠠ᠃ ᠣᠳᠣ ᠶᠢᠨ ᠪᠠᠶᠢᠭ᠎ᠠ ᠮᠠᠯᠵᠢᠬᠤ ᠳᠡᠷᠢᠶᠡᠯᠠᠬᠤ | ᠣᠷᠣᠨ ᠤ ᠡᠳᠣᠷ ᠲᠤᠳᠣᠮ ᠤᠨ ᠭᠡᠷᠡᠭᠯᠡᠭᠡ ᠶᠢᠨ ᠵᠦᠢᠯᠡᠰ ᠤᠨ ᠬᠦᠢᠯᠭᠡᠭᠡᠨ ᠤ ᠲᠣᠣᠷ ᠰᠦᠯᠵᠢᠶ᠎ᠠ ᠶᠢ ᠳᠡᠭᠡᠭᠰᠢᠯᠡᠬᠦᠯᠬᠦ | ᠪᠠ ᠦᠭᠡᠷᠡᠴᠢᠯᠡᠵᠦ᠂ ᠣᠯᠠᠮᠵᠢᠯᠠᠯᠳᠣ ᠦᠢᠯᠡᠳᠪᠦᠷᠢᠯᠡᠯ᠂ ᠡᠵᠡᠩᠨᠡᠯᠳᠡ ᠶᠢᠨ ᠭᠤᠤᠯ ᠴᠣᠠᠠᠴᠠ ᠶᠢᠨ ᠭᠡᠯᠪᠡᠷᠢ ᠪᠠᠨ | ᠬᠤᠪᠢᠷᠡᠭᠤᠯᠥᠨ ᠳᠡᠰ ᠳᠡᠪᠰᠢᠬᠦᠯᠬᠦ ᠶᠢ ᠠᠬᠢᠭᠤᠯᠥᠨ᠂ ᠰᠦᠯᠵᠢᠶᠡᠨ ᠳᠡᠭᠡᠷ᠎ᠠ ᠪᠠ ᠰᠦᠯᠵᠢᠶᠡᠨ ᠠᠴᠠ ᠭᠠᠳᠠᠨ᠎ᠠ | ᠠᠭᠤᠰᠣᠯᠴᠠᠨ ᠬᠦᠭᠵᠢᠬᠦ ᠶᠢ ᠪᠠᠶᠠᠯᠠᠬᠦᠯᠤᠨ᠎ᠠ᠃ ᠡᠯ᠎ᠠ ᠳᠥᠷᠦᠯ ᠤᠨ ᠠᠵᠦ ᠠᠬᠤᠶᠢᠯᠠᠯ ᠤᠨ ᠦᠨᠳᠣᠰᠣᠨ ᠱᠠᠳᠣᠨ ᠤ | ᠲᠣᠣᠷ ᠴᠢᠬ ᠲᠤ ᠰᠦᠯᠵᠢᠶᠡᠨ ᠳᠡᠭᠡᠷ᠎ᠠ ᠳᠡᠸᠡᠷ ᠢᠶᠠᠨ ᠪᠦᠭᠡᠮ ᠢᠶᠠᠷ ᠬᠤᠳᠠᠯᠳᠣᠬᠤ ᠪᠠ ᠲᠣᠬᠢᠷᠡᠭᠤᠯᠥᠨ ᠬᠦᠷᠭᠡᠬᠦ | ᠦᠢᠯᠡᠴᠢᠯᠡᠭᠡᠨ ᠬᠠᠩᠭᠠᠬᠤ ᠶᠢ ᠵᠣᠷᠢᠠᠠᠵᠢᠭᠤᠯᠥᠨ᠎ᠠ᠃ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠠᠵᠦ | ᠠᠬᠤᠶᠢᠯᠠᠯ ᠤᠳ ᠵᠠᠮ ᠮᠦᠷ ᠢᠶᠠᠨ ᠬᠦᠳᠡᠭᠡ ᠳᠤ ᠬᠦᠨᠵᠡᠭᠡᠶᠢᠷᠡᠬᠦᠯᠬᠦ ᠶᠢ ᠳᠡᠮᠵᠢᠵᠦ᠂ ︽ᠳᠥᠮᠡᠨ ᠲᠣᠰᠬᠤᠨ ᠮᠢᠩᠭᠠᠨ | ᠰᠢᠶᠡᠩ︾᠂ ᠮᠡᠳᠡᠭᠡ ᠵᠠᠩᠬᠢ ᠶᠢ ᠲᠤᠰᠬᠤᠨ ᠪᠠ ᠡᠷᠦᠭᠡ ᠳᠤ ᠣᠷᠣᠭᠤᠯᠬᠤ ᠵᠢᠴᠢ ᠰᠢᠥᠳᠡᠨ ᠤ ᠶᠠᠪᠤᠳᠡᠯ ᠤᠨ ᠠᠵᠦ | ᠠᠬᠤᠶᠢᠯᠠᠯ᠂ ᠬᠠᠩᠭᠠᠨ ᠪᠤᠷᠣᠯᠠᠭᠤᠯᠬᠤ ᠬᠤᠷᠰᠢᠶ᠎ᠠ ᠪᠤᠯᠥᠨ ᠠᠷᠡᠯᠵᠢᠶ᠎ᠠ ᠬᠤᠳᠠᠯᠳᠤᠭ᠎ᠠ ᠶᠢᠨ ᠠᠵᠦ ᠠᠬᠤᠶᠢᠯᠠᠯ ᠵᠡᠷᠭᠡ | ᠣᠳᠣ ᠶᠢᠨ ᠪᠠᠶᠢᠭ᠎ᠠ ᠮᠠᠯᠵᠢᠬᠤ ᠳᠡᠷᠢᠶᠡᠯᠠᠬᠤ ᠣᠷᠣᠨ ᠤ ᠵᠠᠮ ᠮᠦᠷ ᠤᠨ ᠡᠬᠢ ᠪᠠᠶᠠᠯᠢᠭ ᠢ ᠬᠦᠢᠴᠡᠳ ᠠᠰᠢᠠᠠᠯᠠᠨ᠂ | ᠳᠡᠪᠡᠭᠤᠯᠢᠭ ᠢᠶᠠᠨ ᠬᠠᠷᠢᠯᠴᠡᠨ ᠨᠦᠬᠦᠪᠦᠷᠢᠯᠡᠬᠦ ᠶᠢ ᠪᠠᠶᠠᠯᠠᠬᠦᠯᠥᠨ᠎ᠠ᠃ ︵ᠦᠪᠡᠷᠳᠡᠭᠡᠨ ᠵᠠᠰᠬᠠᠥ ᠣᠷᠣᠨ ᠤ | ᠬᠤᠳᠠᠯᠳᠣᠭᠠᠨ ᠤ ᠶᠠᠪᠤᠳᠡᠯ ᠤᠨ ᠳᠢᠩᠬᠢᠮ᠂ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠬᠠᠩᠭᠠᠨ | ᠪᠤᠷᠣᠯᠠᠭᠤᠯᠬᠤ ᠬᠤᠯᠪᠤᠭᠠᠳᠣ ᠬᠤᠷᠰᠢᠶ᠎ᠠ᠂ ᠦᠪᠤᠷ ᠮᠣᠩᠭᠤᠯ ᠤᠨ ᠰᠢᠥᠳᠡᠨ ᠤ ᠶᠠᠪᠤᠳᠡᠯ ᠤᠨ ᠬᠠᠮᠢᠶᠠᠷᠣᠯᠳᠠ ᠶᠢᠨ | ᠲᠤᠪᠴᠢᠶ᠎ᠠ ᠬᠠᠷᠢᠭᠤᠴᠠᠨ᠎ᠠ︶ | 2. ᠳᠡᠷᠢᠶᠡᠯᠡᠩ ᠮᠠᠯ ᠤᠨ ᠠᠰᠢᠭ ᠰᠢᠮ᠎ᠡ ᠶᠢᠨ ᠪᠦᠳᠦᠭᠡᠭᠳᠡᠬᠦᠨ ᠢ ︽ᠬᠤᠳᠠᠯᠳᠣᠨ ᠭᠠᠷᠭᠠᠬᠤ︾ ᠡᠯᠧᠺᠲᠷᠤᠨ | ᠬᠤᠳᠠᠯᠳᠣᠭᠠᠨ ᠤ ᠶᠠᠪᠣᠳᠡᠯ ᠢ ᠠᠬᠢᠭᠤᠯᠥᠨ᠎ᠠ᠃ ᠰᠢᠨ᠎ᠡ ᠭᠡᠯᠪᠡᠷᠢ ᠶᠢᠨ ᠳᠡᠷᠢᠶᠡᠯᠡᠩ ᠮᠠᠯ ᠠᠵᠦ ᠠᠬᠤᠢ ᠶᠢᠨ | ᠡᠵᠡᠩᠨᠡᠯᠳᠡ ᠶᠢᠨ ᠭᠤᠤᠯ ᠴᠣᠠᠠᠴᠠ ᠶᠢ ᠡᠯᠧᠺᠲᠷᠣᠨ ᠬᠤᠳᠠᠯᠳᠣᠭᠠᠨ ᠤ ᠳᠡᠪᠴᠠᠩ ᠯᠤᠭ᠎ᠠ ᠵᠤᠯᠭᠠᠭᠤᠯᠬᠤ ᠶᠢ | ᠳᠡᠮᠵᠢᠵᠦ᠂ ᠡᠯᠧᠺᠲᠷᠣᠨ ᠬᠤᠳᠠᠯᠳᠣᠭᠠᠨ ᠤ ᠳᠡᠪᠴᠠᠩ ᠳᠤ ᠳᠡᠷᠢᠶᠡᠯᠡᠩ ᠮᠠᠯ ᠠᠵᠦ ᠠᠬᠤᠢ ᠶᠢᠨ ᠡᠯᠧᠺᠲᠷᠣᠨ | ᠬᠤᠳᠠᠯᠳᠣᠭᠠᠨ ᠤ ᠲᠣᠰᠬᠠᠢ ᠲᠤᠭᠤᠷᠢᠭ ᠨᠡᠭᠡᠭᠡᠨ ᠪᠠᠶᠢᠷᠢᠯᠠᠭᠤᠯᠬᠤ᠂ ᠳᠡᠪᠴᠠᠩ ᠭᠡᠷᠡᠭᠯᠡᠬᠦ ᠵᠠᠷᠣᠳᠡᠯ ᠢ ᠪᠠᠭᠤᠷᠡᠭᠤᠯᠬᠤ | ᠪᠠ ᠢᠨᠲ᠋ᠧᠷ ᠰᠦᠯᠵᠢᠶ᠎ᠠ ᠶᠢᠨ ᠮᠦᠡᠭᠬᠦᠨ ᠬᠦᠢᠯᠭᠡᠭᠡᠨ ᠤ ᠦᠢᠯᠡᠴᠢᠯᠡᠭᠡᠨ ᠬᠠᠨᠭ᠍ᠭᠠᠬᠤ ᠵᠡᠷᠭᠡ ᠶᠢ ᠠᠬᠢᠭᠤᠯᠵᠦ᠂ ᠨᠡᠷᠡᠳᠡᠢ | ᠣᠨᠴᠠ ᠰᠢᠯᠢᠳᠡᠭ᠂ ︽ᠭᠤᠷᠪᠡᠡ ᠦᠢᠯᠡᠳᠬᠦᠨ ᠢ ᠨᠢᠭᠡ ᠳᠡᠮᠳᠡᠭ ᠲᠠᠢ ᠪᠠᠶᠢᠯᠭᠠᠬᠤ︾ ︽ᠨᠢᠭᠡ ᠰᠢᠶᠡᠩ ᠨᠢᠭᠡ | ᠪᠦᠳᠦᠭᠡᠭᠳᠡᠬᠦᠨ ᠲᠠᠢ ᠪᠠᠶᠢᠬᠤ︾ ᠳᠡᠷᠢᠶᠡᠯᠡᠩ ᠮᠠᠯ ᠤᠨ ᠠᠰᠢᠭ ᠰᠢᠮ᠎ᠡ ᠶᠢᠨ ᠪᠦᠳᠦᠭᠡᠭᠳᠡᠬᠦᠨ ᠤ ᠲᠣᠣᠷ | ᠰᠦᠯᠵᠢᠶ᠎ᠠ ᠪᠠᠷ ᠡᠵᠡᠩᠨᠡᠨ ᠪᠤᠷᠣᠯᠠᠭᠤᠯᠬᠤ ᠶᠢ ᠠᠬᠢᠭᠤᠯᠥᠨ᠎ᠠ᠃ ︽ᠦᠪᠡᠷᠮᠢᠴᠠ ᠣᠨᠴᠠᠯᠢᠠᠠᠳᠣ ᠪᠦᠳᠦᠭᠡᠭᠳᠡᠬᠦᠨ ᠤ | ᠣᠷᠳᠣᠨ︾ ᠤ ᠪᠦᠳᠦᠭᠡᠨ ᠪᠠᠶᠢᠭᠤᠯᠥᠯᠳᠡ ᠪᠠᠷ ᠠᠴᠢᠶᠠᠯᠠᠪᠦᠷᠢ ᠪᠤᠯᠭᠠᠵᠦ᠂ ᠳᠡᠷᠢᠶᠡᠯᠡᠩ ᠮᠠᠯ ᠠᠵᠦ ᠠᠬᠤᠢ ᠶᠢᠨ | ᠬᠦᠳᠦᠴᠢ ᠠᠵᠦ ᠠᠬᠤᠶᠢᠯᠠᠯ ᠪᠤᠯᠥᠨ ᠨᠡᠷᠡᠳᠣ ᠳᠥᠷᠦᠯ ᠳᠡᠮᠳᠡᠭᠳᠦ ᠳᠡᠷᠢᠶᠡᠯᠡᠩ ᠮᠠᠯ ᠤᠨ ᠠᠰᠢᠭ ᠰᠢᠮ᠎ᠡ ᠶᠢᠨ | ᠪᠦᠳᠦᠭᠡᠭᠳᠡᠬᠦᠨ ᠡᠵᠡᠩᠨᠡᠬᠦ ᠠᠵᠦ ᠠᠬᠤᠶᠢᠯᠠᠯ ᠳᠤ ᠭᠤᠷᠪᠠᠳᠡᠬᠢ ᠡᠳᠡᠭᠡᠳ ᠤᠨ ᠡᠯᠧᠺᠲᠷᠤᠨ ᠬᠤᠳᠠᠯᠳᠣᠭᠠᠨ ᠤ | ᠳᠡᠪᠴᠠᠩ ᠤᠨ ᠬᠤᠰᠢᠭᠤᠷᠠᠬᠤ ᠳᠡᠯᠭᠡᠬᠦᠷ ᠢ ᠨᠡᠭᠡᠭᠡᠨ ᠪᠠᠶᠢᠷᠢᠯᠠᠭᠤᠯᠬᠤ ᠶᠢ ᠬᠦᠳᠦᠯᠥᠨ ᠵᠢᠯᠥᠭᠤᠳᠴᠥ᠂ ᠳᠡᠷᠢᠶᠡᠯᠡᠩ | ᠮᠠᠯ ᠤᠨ ᠠᠰᠢᠭ ᠰᠢᠮ᠎ᠡ ᠶᠢᠨ ᠪᠦᠳᠦᠭᠡᠭᠳᠡᠬᠦᠨ ᠤ ᠲᠣᠣᠷ ᠰᠦᠯᠵᠢᠶ᠎ᠠ ᠪᠠᠷ ᠪᠤᠷᠣᠯᠠᠭᠤᠯᠬᠤ ᠨᠡᠷᠡᠳᠣ ᠳᠥᠷᠦᠯ | ᠳᠡᠮᠳᠡᠭᠳᠦ ᠶᠢ ᠪᠤᠶᠢᠵᠢᠭᠤᠯᠥᠨ᠎ᠠ᠃ ᠦᠪᠡᠷᠮᠢᠴᠡ ᠣᠨᠴᠠᠯᠢᠠᠠᠳᠣ ᠳᠡᠷᠢᠶᠡᠯᠡᠩ ᠮᠠᠯ ᠤᠨ ᠠᠰᠢᠭ ᠰᠢᠮ᠎ᠡ ᠶᠢᠨ | ᠪᠦᠳᠦᠭᠡᠭᠳᠡᠬᠦᠨ ᠤ ᠦᠢᠯᠡᠳᠪᠦᠷᠢᠯᠡᠯ ᠪᠠ ᠡᠳ᠋ᠰᠢᠬᠦᠯᠬᠦ ᠰᠠᠭᠤᠷᠢᠨ ᠭᠠᠵᠡᠷ ᠤᠨ ᠨᠡᠷ᠎ᠠ ᠴᠣᠣᠳᠡᠢ ᠡᠯᠧᠺᠲᠷᠤᠨ | ᠬᠤᠳᠠᠯᠳᠣᠭᠠᠨ ᠤ ᠳᠡᠪᠴᠠᠩ ᠳᠤ ᠳᠥᠰᠢᠭᠯᠡᠨ ᠣᠷᠣᠨ ᠪᠦᠰᠡ ᠶᠢᠨ ᠴᠢᠨᠡᠷᠳᠡᠢ ᠡᠯᠧᠺᠲᠷᠤᠨ ᠬᠤᠳᠠᠯᠳᠣᠭᠠᠨ ᠤ | ᠪᠤᠷᠣᠯᠠᠭᠤᠯᠭ᠎ᠠ ᠶᠢᠨ ᠲᠣᠰᠬᠠᠢ ᠲᠤᠭᠤᠷᠢᠭ ᠪᠠᠶᠢᠭᠤᠯᠬᠤ ᠶᠢ ᠠᠬᠢᠭᠤᠯᠵᠦ᠂ ᠨᠦᠬᠦᠴᠡᠯ ᠲᠠᠢ ᠳᠡᠷᠢᠶᠡᠯᠡᠩ ᠮᠠᠯ ᠤᠨ | ᠠᠰᠢᠭ ᠰᠢᠮ᠎ᠡ ᠶᠢᠨ ᠪᠦᠳᠦᠭᠡᠭᠳᠡᠬᠦᠨ ᠤ ᠪᠦᠭᠡᠮ ᠢᠶᠠᠷ ᠬᠤᠳᠠᠯᠳᠣᠬᠤ ᠵᠠᠬ᠎ᠠ ᠳᠡᠯᠭᠡᠬᠦᠷ ᠪᠤᠯᠥᠨ ᠵᠢᠵᠢᠭᠯᠡᠨ | ᠬᠤᠳᠠᠯᠳᠣᠬᠤ ᠵᠠᠬ᠎ᠠ ᠳᠡᠯᠭᠡᠬᠦᠷ ᠤᠨ ᠰᠦᠯᠵᠢᠶᠡᠨ ᠳᠡᠭᠡᠷ᠎ᠠ ᠬᠤᠪᠢᠶᠡᠷᠢᠯᠡᠨ ᠪᠤᠷᠤᠯᠠᠭᠤᠯᠬᠤ ᠶᠢ ᠵᠤᠷᠢᠠᠠᠵᠢᠭᠤᠯᠥᠨ᠂ | ᠣᠯᠠᠮᠵᠢᠯᠠᠯᠳᠣ ᠪᠤᠷᠣᠯᠠᠭᠤᠯᠭ᠎ᠠ ᠶᠢᠨ ᠵᠠᠮ ᠮᠦᠷ ᠪᠠ ᠪᠤᠳᠡᠳᠣ ᠴᠣᠠᠠᠴᠠ ᠶᠢᠨ ᠵᠠᠬ᠎ᠠ ᠳᠡᠯᠭᠡᠬᠦᠷ ᠯᠦᠭᠡ ᠬᠠᠷᠢᠯᠴᠠᠨ | ᠲᠣᠯᠭᠠᠭᠤᠷᠢᠯᠬᠠᠰᠠᠨ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠠᠷᠡᠯᠵᠢᠶᠡᠨ ᠤ ᠳᠡᠪᠴᠠᠩ ᠢ ᠪᠠᠶᠢᠭᠤᠯᠥᠨ᠎ᠠ᠃ ︵ | ᠦᠪᠡᠷᠳᠡᠭᠡᠨ ᠵᠠᠰᠬᠠᠥ ᠣᠷᠣᠨ ᠤ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠬᠤᠳᠠᠯᠳᠣᠭᠠᠨ ᠤ ᠶᠠᠪᠤᠳᠡᠯ ᠤᠨ | ᠳᠢᠩᠬᠢᠮ᠂ ᠬᠠᠩᠭᠠᠨ ᠪᠤᠷᠣᠯᠠᠭᠤᠯᠬᠤ ᠬᠤᠯᠪᠤᠭᠠᠳᠣ ᠬᠤᠷᠰᠢᠶ᠎ᠠ ᠬᠠᠷᠢᠭᠤᠴᠠᠨ᠎ᠠ︶ | 3. ᠳᠡᠷᠢᠶᠡᠯᠡᠩ ᠤᠨ ᠦᠢᠯᠡᠳᠪᠤᠷᠢᠯᠡᠯ ᠤᠨ ᠭᠡᠷᠡᠭᠰᠡᠯ ᠢ ︽ᠬᠤᠳᠠᠯᠳᠣᠨ ᠠᠪᠴᠥ ᠣᠷᠣᠭᠤᠯᠬᠤ︾ | ᠡᠯᠧᠺᠲᠷᠤᠨ ᠬᠤᠳᠠᠯᠳᠣᠭᠠᠨ ᠤ ᠶᠠᠪᠤᠳᠡᠯ ᠢ ᠬᠦᠭᠵᠢᠬᠦᠯᠥᠨ᠎ᠠ ᠃ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠳᠡᠪᠴᠠᠩ᠂ ︽ᠳᠥᠮᠡᠨ ᠲᠣᠰᠬᠤᠨ ᠮᠢᠩᠭᠠᠨ ᠰᠢᠶᠡᠩ︾ ᠤᠨ ᠳᠡᠷᠢᠶᠡᠯᠡᠩ ᠤᠨ ᠭᠡᠷᠡᠭᠰᠡᠯ ᠤᠨ ᠳᠡᠯᠭᠡᠬᠦᠷ᠂ | ᠳᠡᠷᠢᠶᠡᠯᠡᠩ ᠤᠨ ᠭᠡᠷᠡᠭᠰᠡᠯ ᠢ ᠬᠠᠩᠭᠠᠨ ᠪᠤᠷᠤᠯᠠᠭᠤᠯᠬᠤ ᠭᠡᠯᠬᠢᠶᠡᠵᠢᠭᠰᠡᠨ ᠳᠡᠯᠭᠡᠬᠦᠷ᠂ ᠬᠦᠳᠡᠭᠡ ᠲᠣᠰᠬᠤᠨ ᠤ | ᠰᠢᠥᠳᠡᠨ ᠤ ᠶᠠᠪᠤᠳᠡᠯ ᠤᠨ ᠲᠣᠪᠴᠢᠶ᠎ᠠ᠂ ᠬᠦᠳᠡᠭᠡ ᠲᠣᠰᠬᠤᠨ ᠤ ᠳᠥᠷᠬᠡᠨ ᠳᠡᠮᠵᠢᠭᠤᠯᠬᠤ ᠲᠣᠣᠷ ᠴᠢᠬ᠂ ᠬᠦᠳᠡᠭᠡ | ᠲᠣᠰᠬᠤᠨ ᠤ ᠡᠯᠧᠺᠲᠷᠤᠨ ᠬᠤᠳᠠᠯᠳᠣᠭᠠᠨ ᠤ ᠦᠢᠯᠡᠴᠢᠯᠡᠭᠡᠨ ᠤ ᠲᠣᠣᠷ ᠴᠢᠬ ᠵᠡᠷᠭᠡ ᠳᠤ ᠳᠥᠰᠢᠭᠯᠡᠨ᠂ ᠬᠦᠷᠦᠰᠦ | ᠰᠢᠷᠦᠢ ᠶᠢ ᠰᠢᠨᠵᠢᠨ ᠪᠤᠷᠳᠣᠭᠤᠷ ᠣᠷᠣᠭᠤᠯᠬᠤ ᠦᠢᠯᠡᠴᠢᠯᠡᠭᠡᠨ ᠢ ᠬᠠᠩᠭᠠᠵᠦ᠂ ᠬᠢᠮᠢ ᠶᠢᠨ ᠪᠤᠷᠳᠣᠭᠤᠷ᠂ ᠦᠷ᠎ᠠ᠂ | ᠳᠡᠷᠢᠶᠡᠨ ᠡᠮ ᠵᠡᠷᠭᠡ ᠦᠢᠯᠡᠳᠪᠦᠷᠢᠯᠡᠯ ᠤᠨ ᠭᠡᠷᠡᠭᠰᠡᠯ ᠤᠨ ᠡᠯᠧᠺᠲᠷᠤᠨ ᠬᠤᠳᠠᠯᠳᠣᠭᠠᠨ ᠤ ᠶᠠᠪᠤᠳᠡᠯ ᠢ ᠦᠷᠨᠢᠬᠦᠯᠥᠨ᠂ | ᠳᠡᠷᠢᠶᠡᠴᠢᠳ ᠲᠤ ᠴᠢᠨᠡᠷ ᠰᠠᠶᠢᠳᠡᠢ᠂ ᠪᠤᠳᠡᠳᠣ ᠠᠰᠢᠭ ᠬᠦᠷᠳᠡᠭᠡᠬᠦ᠂ ᠤᠬᠤᠴᠢᠯᠠᠨ ᠮᠦᠷᠳᠡᠵᠦ ᠪᠤᠯᠬᠤ | ᠳᠡᠷᠢᠶᠡᠯᠡᠩ ᠤᠨ ᠦᠢᠯᠡᠳᠪᠦᠷᠢᠯᠡᠯ ᠤᠨ ᠭᠡᠷᠡᠭᠰᠡᠯ ᠢ ᠬᠠᠩᠭᠠᠨ᠎ᠠ᠃ ᠳᠡᠷᠢᠶᠡᠯᠡᠩ ᠤᠨ ᠦᠢᠯᠡᠳᠪᠦᠷᠢᠯᠡᠯ ᠤᠨ ᠭᠡᠷᠡᠭᠰᠡᠯ | ᠦᠢᠯᠡᠳᠪᠦᠷᠢᠯᠡᠬᠦ ᠠᠵᠦ ᠠᠬᠤᠶᠢᠯᠠᠯ ᠤᠨ ᠡᠯᠧᠺᠲᠷᠤᠨ ᠬᠤᠳᠠᠯᠳᠤᠭ᠎ᠠ ᠶᠢ ᠭᠡᠷᠡᠭᠯᠡᠨ ᠰᠢᠭᠤᠳ ᠡᠵᠡᠩᠨᠡᠨ ᠰᠢᠭᠤᠳ | ᠪᠤᠷᠣᠯᠠᠭᠤᠯᠬᠤ ᠶᠢ ᠵᠣᠷᠢᠠᠠᠵᠢᠭᠤᠯᠥᠨ᠎ᠠ᠃ ᠳᠡᠷᠢᠶᠡᠯᠡᠩ ᠤᠨ ᠭᠡᠷᠡᠭᠰᠡᠯ ᠤᠨ ᠠᠵᠦ ᠠᠬᠤᠶᠢᠯᠠᠯ ᠪᠠ ᠰᠣᠳᠣᠯᠭᠠᠨ ᠤ | ᠪᠠᠶᠢᠭᠤᠯᠥᠮᠵᠢ ᠶᠢ ᠵᠤᠬᠢᠶᠡᠨ ᠪᠠᠶᠢᠭᠤᠯᠥᠡ᠂ ᠳᠡᠷᠢᠶᠡᠯᠡᠩ ᠤᠨ ᠭᠡᠷᠡᠭᠰᠡᠯ ᠢ ᠰᠣᠳᠣᠯᠥᠨ ᠨᠡᠭᠡᠭᠡᠬᠦ᠂ ᠦᠢᠯᠡᠳᠪᠦᠷᠢᠯᠡᠬᠦ᠂ | ᠪᠤᠷᠣᠯᠠᠭᠤᠯᠬᠤ ᠪᠠ ᠳᠡᠷᠢᠶᠡᠯᠡᠩ ᠤᠨ ᠦᠢᠯᠡᠳᠪᠦᠷᠢᠯᠡᠯ ᠢ ᠵᠢᠯᠥᠭᠤᠳᠬᠤ ᠶᠢ ᠬᠠᠷᠢᠯᠴᠠᠨ ᠣᠶᠠᠯᠳᠣᠭᠤᠯᠵᠦ᠂ ᠲᠣᠣᠷ | ᠰᠦᠯᠵᠢᠶ᠎ᠠ ᠶᠢᠨ ᠦᠵᠤᠬᠦᠷ ᠢᠶᠠᠷ ᠳᠡᠮᠵᠢᠭᠤᠯᠥᠨ ᠳᠡᠷᠢᠶᠡᠯᠡᠩ ᠤᠨ ᠲᠣᠰᠬᠠᠢ ᠮᠡᠷᠭᠡᠵᠢᠯᠳᠡᠨ ᠤ ᠦᠢᠯᠡᠴᠢᠯᠡᠭᠡᠨ | ᠬᠠᠩᠭᠠᠵᠦ᠂ ᠭᠡᠷᠡᠭᠯᠡᠭᠡᠨ ᠤ ᠮᠡᠷᠭᠡᠵᠢᠯ ᠤᠨ ᠵᠢᠯᠥᠭᠤᠳᠣᠯᠭ᠎ᠠ ᠪᠠ ᠦᠢᠯᠡᠴᠢᠯᠡᠭᠡᠨ ᠤ ᠰᠢᠰᠲ᠋ᠧᠮᠵᠢ ᠶᠢᠨ | ᠪᠠᠶᠢᠭᠤᠯᠥᠯᠳᠡ ᠶᠢ ᠴᠢᠩᠭᠠᠳᠬᠠᠨ᠎ᠠ᠃ ︵ᠦᠪᠡᠷᠳᠡᠭᠡᠨ ᠵᠠᠰᠬᠠᠥ ᠣᠷᠣᠨ ᠤ ᠬᠠᠩᠭᠠᠨ ᠪᠤᠷᠣᠯᠠᠭᠤᠯᠬᠤ ᠬᠤᠯᠪᠤᠭᠠᠳᠣ | ᠬᠤᠷᠰᠢᠶ᠎ᠠ᠂ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠦᠪᠤᠷ ᠮᠤᠩᠭᠤᠯ ᠤᠨ ᠰᠢᠥᠳᠡᠨ ᠤ ᠶᠠᠪᠤᠳᠡᠯ ᠤᠨ | ᠬᠠᠮᠢᠶᠡᠷᠦᠯᠳᠡ ᠶᠢᠨ ᠲᠤᠪᠴᠢᠶ᠎ᠠ ᠬᠠᠷᠢᠭᠤᠴᠠᠨ᠎ᠠ︶ | 4. ᠮᠠᠯᠵᠢᠬᠤ ᠳᠡᠷᠢᠶᠡᠯᠠᠬᠤ ᠣᠷᠣᠨ ᠤ ᠦᠢᠯᠡᠴᠢᠯᠡᠭᠡᠨ ᠤ ᠦᠢᠯᠡᠰ ᠢ ᠶᠡᠭᠡᠪᠡᠷ ᠬᠦᠭᠵᠢᠬᠦᠯᠦᠨ᠎ᠡ᠃ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠡᠷᠦᠩᠭᠡᠶᠢᠯᠡᠭᠰᠡᠨ ᠦᠢᠯᠡᠴᠢᠯᠡᠭᠡᠨ ᠤ ᠴᠢᠳᠠᠮᠵᠢ ᠶᠢ ᠠᠯᠬᠤᠮ | ᠠᠯᠬᠤᠮ ᠢᠶᠠᠷ ᠴᠢᠩᠭᠠᠷᠡᠭᠤᠯᠵᠦ᠂ ᠨᠢᠭᠡ ᠲᠤᠤᠷ ᠰᠦᠯᠵᠢᠶ᠎ᠠ ᠶᠢ ᠣᠯᠡᠨ ᠳᠡᠯ᠎ᠠ ᠪᠠᠷ ᠭᠡᠷᠡᠭᠯᠡᠬᠦ ᠶᠢ ᠪᠠᠶᠠᠯᠠᠬᠦᠯᠥᠨ᠂ | ᠬᠤᠳᠡ ᠬᠦᠳᠡᠭᠡ ᠶᠢᠨ ᠰᠠᠭᠤᠭᠠᠯᠢ ᠠᠷᠡᠳ ᠤᠨ ᠳᠡᠸᠡᠷ ᠪᠠ ᠦᠢᠯᠡᠴᠢᠯᠡᠭᠡᠨ ᠤ ᠭᠡᠷᠡᠭᠯᠡᠭᠡ ᠶᠢᠨ ᠳᠡᠯ᠎ᠠ ᠪᠠᠷ ᠬᠢ | ᠵᠦᠷᠢᠶ᠎ᠠ ᠶᠢ ᠪᠠᠭᠠᠰᠬᠠᠨ᠎ᠠ᠃ ᠵᠠᠰᠠᠭ ᠵᠠᠬᠢᠷᠭᠠᠨ ᠤ ᠲᠣᠰᠬᠤᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠲᠣᠣᠷ | ᠴᠢᠬ ᠬᠢᠭᠡᠳ ᠦᠢᠯᠡᠴᠢᠯᠡᠭᠡᠨ ᠤ ᠦᠢᠯᠡᠰ ᠤᠨ ᠠᠵᠦ ᠠᠬᠤᠶᠢᠯᠠᠯ᠂ ᠮᠦᠡᠭᠬᠦᠨ ᠬᠦᠢᠯᠭᠡᠭᠡᠨ ᠤ ᠪᠠᠶᠢᠭᠤᠯᠥᠮᠵᠢ | ᠵᠡᠷᠭᠡ ᠶᠢᠨ ᠬᠠᠮᠳᠣᠷᠡᠯᠴᠠᠬᠤ ᠶᠢ ᠵᠤᠷᠢᠬᠵᠢᠭᠤᠯᠤᠨ᠂ ᠲᠣᠮᠥ ᠲᠤᠭ᠎ᠠ ᠪᠡᠷᠢᠮᠳᠡ ᠪᠠᠷ ᠵᠠᠳᠡᠯᠥᠨ ᠰᠢᠨᠵᠢᠯᠳᠡ ᠬᠢᠬᠦ ᠶᠢ | ᠦᠷᠨᠢᠬᠦᠯᠵᠦ᠂ ᠮᠠᠯᠴᠢᠨ ᠳᠡᠷᠢᠶᠡᠴᠢᠨ ᠤ ᠲᠤᠤᠷ ᠰᠦᠯᠵᠢᠶ᠎ᠠ ᠪᠠᠷ ᠪᠠᠷᠠᠭ᠎ᠠ ᠬᠤᠳᠠᠯᠳᠣᠨ ᠠᠪᠠᠨ᠋ᠥ ᠴᠢᠳᠠᠮᠵᠢ ᠶᠢ | ᠳᠡᠬᠦᠯᠳᠡᠷᠵᠢᠬᠦᠯᠥᠭᠰᠡᠨ ᠰᠠᠭᠤᠷᠢᠨ ᠳᠡᠭᠡᠷ᠎ᠠ᠂ ᠭᠠᠷ ᠣᠳᠠᠰᠣ ᠪᠠᠷ ᠵᠤᠭᠤᠰ ᠨᠡᠮᠡᠬᠦ᠂ ᠫᠢᠯᠧᠲ ᠣᠷᠣᠯᠡᠨ ᠬᠤᠳᠠᠯᠳᠣᠨ | ᠠᠪᠠᠨ᠋ᠥ᠂ ᠣᠰᠦ ᠴᠠᠬᠢᠯᠭᠠᠨ ᠰᠢᠳᠠᠮᠠᠬᠠᠢ ᠬᠡᠢ ᠶᠢᠨ ᠵᠠᠷᠣᠳᠡᠯ ᠢ ᠲᠣᠰᠢᠶᠠᠬᠤ᠂ ᠳᠡᠷᠢᠶᠡᠯᠡᠩ ᠮᠠᠯ ᠤᠨ ᠠᠰᠢᠭ | ᠰᠢᠮ᠎ᠡ ᠶᠢᠨ ᠪᠦᠳᠦᠭᠡᠭᠳᠡᠬᠦᠨ ᠢ ᠲᠣᠣᠷ ᠰᠦᠯᠵᠢᠶ᠎ᠠ ᠪᠠᠷ ᠪᠤᠷᠣᠯᠠᠭᠤᠯᠬᠤ᠂ ᠪᠠᠭ᠎ᠠ ᠲᠤᠭᠠᠨ ᠤ ᠪᠡᠯᠡᠨ ᠵᠤᠭᠤᠰ | ᠭᠠᠷᠭᠠᠵᠦ ᠠᠪᠠᠨ᠋ᠥ᠂ ᠢᠳᠡᠭᠡᠮᠵᠢᠳᠦ ᠵᠢᠭᠡᠯᠯᠡᠭᠡ ᠬᠢᠬᠦ᠂ ᠭᠡᠷ ᠤᠨ ᠴᠠᠬᠢᠯᠭᠠᠨ ᠭᠡᠷᠡᠭᠰᠡᠯ ᠢ ᠰᠡᠯᠪᠢᠨ ᠵᠠᠰᠠᠬᠤ᠂ | ᠨᠠᠰᠣᠳᠡᠨ ᠢ ᠠᠰᠠᠷᠠᠬᠤ᠂ ᠡᠮᠴᠢᠯᠡᠭᠡ ᠬᠢᠬᠦ᠂ ᠭᠠᠵᠡᠷ ᠰᠢᠷᠦᠢ ᠶᠢ ᠰᠢᠯᠵᠢᠬᠦᠯᠥᠨ ᠬᠦᠢᠯᠭᠡᠭᠡᠬᠦ ᠵᠡᠷᠭᠡ ᠴᠢᠳᠠᠮᠵᠢ ᠶᠢ | ᠠᠯᠬᠤᠮ ᠠᠯᠬᠤᠮ ᠢᠶᠠᠷ ᠴᠢᠩᠭᠠᠷᠡᠭᠤᠯᠵᠦ᠂ ᠮᠠᠯᠵᠢᠬᠤ ᠳᠡᠷᠢᠶᠡᠯᠠᠬᠤ ᠣᠷᠣᠨ ᠤ ᠦᠢᠯᠡᠳᠪᠦᠷᠢᠯᠡᠯ᠂ ᠠᠮᠢᠳᠣᠷᠡᠯ ᠤᠨ | ᠦᠢᠯᠡᠴᠢᠯᠡᠭᠡᠨ ᠤ ᠬᠢᠷᠢ ᠭᠡᠮᠵᠢᠶ᠎ᠠ ᠶᠢ ᠳᠡᠭᠡᠭᠰᠢᠯᠡᠬᠦᠯᠥᠨ᠎ᠠ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ | ᠶᠠᠪᠤᠳᠡᠯ ᠤᠨ ᠳᠢᠩᠬᠢᠮ᠂ ᠬᠠᠩᠭᠠᠨ ᠪᠤᠷᠣᠯᠠᠭᠤᠯᠬᠤ ᠬᠤᠯᠪᠤᠭᠠᠳᠣ ᠬᠤᠷᠰᠢᠶ᠎ᠠ ᠬᠠᠷᠢᠭᠤᠴᠠᠨ᠎ᠠ︶ | 5. ᠡᠯᠧᠺᠲᠷᠤᠨ ᠬᠤᠳᠠᠯᠳᠤᠭ᠎ᠠ ᠪᠠᠷ ᠶᠠᠳᠠᠭᠤ ᠶᠢ ᠳᠡᠳᠬᠦᠬᠦ ᠶᠢ ᠶᠡᠭᠡᠪᠡᠷ ᠠᠬᠢᠭᠤᠯᠥᠨ᠎ᠠ᠃ ᠡᠯᠧᠺᠲᠷᠤᠨ | ᠬᠤᠳᠠᠯᠳᠣᠭᠠᠨ ᠤ ᠶᠠᠪᠤᠳᠡᠯ ᠢ ᠶᠠᠳᠠᠭᠤ ᠶᠢ ᠳᠡᠳᠬᠦᠨ ᠨᠡᠭᠡᠭᠡᠯᠳᠡ ᠬᠢᠬᠦ ᠶᠢᠨ ᠴᠢᠬᠤᠯᠡ ᠠᠴᠢᠶᠡᠯᠡᠪᠦᠷᠢ ᠪᠤᠯᠭᠠᠵᠦ᠂ | ᠶᠠᠳᠠᠭᠤ ᠬᠦᠴᠢᠷᠳᠡᠯᠳᠡᠢ ᠬᠤᠰᠢᠭᠤ ᠰᠢᠶᠡᠨ ︵ᠬᠤᠳᠡ᠂ ᠲᠤᠭᠤᠷᠢᠭ︶ ᠤ ᠠᠵᠦ ᠦᠢᠯᠡᠰ ᠤᠨ ᠣᠨᠴᠠᠯᠢᠭ ᠪᠠ | ᠰᠠᠭᠤᠷᠢ ᠨᠦᠬᠦᠴᠡᠯ ᠢ ᠦᠨᠳᠣᠰᠣᠯᠡᠨ᠂ ᠡᠯᠧᠺᠲᠷᠤᠨ ᠬᠤᠳᠠᠯᠳᠤᠭ᠎ᠠ ᠪᠠᠷ ᠶᠠᠳᠠᠭᠤ ᠶᠢ ᠳᠡᠳᠬᠦᠬᠦ ᠭᠤᠤᠯᠳᠡᠯᠭ᠎ᠠ ᠲᠠᠢ | ᠡᠬᠦᠷᠭᠡ ᠶᠢ ᠳᠥᠷᠦᠯ ᠬᠤᠪᠢᠶᠡᠨ ᠲᠤᠠᠠᠳᠠᠭᠠᠵᠦ᠂ ᠶᠠᠳᠠᠭᠤ ᠶᠢ ᠳᠡᠳᠬᠦᠨ ᠨᠡᠭᠡᠭᠡᠯᠳᠡ ᠬᠢᠬᠦ ᠶᠢᠨ ᠴᠢᠭᠯᠡᠬᠦᠯᠥᠯᠳᠦ ᠴᠢᠨᠡᠷ | ᠪᠠ ᠦᠷ᠎ᠠ ᠪᠦᠳᠦᠮᠵᠢᠳᠦ ᠴᠢᠨᠡᠷ ᠢ ᠴᠢᠩᠭᠠᠷᠡᠭᠤᠯᠥᠨ᠂ ᠡᠯᠧᠺᠲᠷᠤᠨ ᠬᠤᠳᠠᠯᠳᠤᠭ᠎ᠠ ᠪᠠᠷ ᠶᠠᠳᠠᠭᠤ ᠶᠢ ᠳᠡᠳᠬᠦᠬᠦ ᠶᠢ | ᠬᠦᠨᠵᠡᠭᠡᠢ ᠦᠷᠨᠢᠬᠦᠯᠥᠨ᠎ᠠ᠃ ᠲᠣᠮᠥ ᠭᠡᠯᠪᠡᠷᠢ ᠶᠢᠨ ᠡᠯᠧᠺᠲᠷᠤᠨ ᠬᠤᠳᠠᠯᠳᠣᠭᠠᠨ ᠤ ᠳᠡᠪᠴᠠᠩ ᠯᠤᠭ᠎ᠠ | ᠬᠠᠮᠳᠣᠷᠡᠯᠴᠠᠬᠤ ᠶᠢ ᠴᠢᠩᠭᠠᠳᠬᠠᠵᠦ᠂ ᠬᠠᠮᠳᠣᠷᠡᠯᠴᠠᠬᠤ ᠬᠦᠷᠢᠶ᠎ᠠ ᠴᠡᠷᠠᠭ᠎ᠠ ᠪᠠᠨ ᠦᠷᠭᠡᠳᠭᠡᠨ᠂ ᠡᠯᠧᠺᠲᠷᠤᠨ | ᠬᠤᠳᠠᠯᠳᠤᠭ᠎ᠠ ᠪᠠᠷ ᠶᠠᠳᠠᠭᠤ ᠶᠢ ᠳᠡᠳᠬᠦᠬᠦ ᠵᠬᠠᠪᠤᠷ ᠲᠤ ᠰᠢᠨ᠎ᠡ ᠶᠢ ᠡᠬᠦᠳᠬᠦ ᠶᠢ ᠬᠠᠶᠢᠨ ᠰᠦᠪᠡᠭᠴᠢᠯᠡᠵᠦ᠂ ᠶᠠᠳᠠᠭᠤ | ᠬᠦᠴᠢᠷᠳᠡᠯᠳᠡᠢ ᠭᠠᠵᠡᠷ ᠣᠷᠣᠨ ᠤ ᠦᠪᠡᠷᠮᠢᠴᠡ ᠣᠨᠴᠠᠯᠢᠠᠠᠳᠣ ᠪᠦᠳᠦᠭᠡᠭᠳᠡᠬᠦᠨ ᠤ ᠠᠷᠡᠯᠵᠢᠶ᠎ᠠ ᠶᠢᠨ ᠲᠣᠰᠬᠠᠢ | ᠲᠤᠭᠤᠷᠢᠭ ᠢ ᠨᠡᠭᠡᠭᠡᠵᠦ᠂ ᠶᠠᠳᠠᠭᠤ ᠬᠦᠴᠢᠷᠳᠡᠯᠳᠡᠢ ᠭᠠᠵᠡᠷ ᠣᠷᠣᠨ ᠤ ᠮᠠᠯᠴᠢᠨ ᠳᠡᠷᠢᠶᠡᠴᠢᠨ ᠤ ᠣᠷᠣᠯᠭ᠎ᠠ ᠶᠢ | ᠳᠡᠭᠡᠭᠰᠢᠯᠡᠬᠦᠯᠦᠨ᠎ᠡ᠃ ︵ᠦᠪᠡᠷᠳᠡᠭᠡᠨ ᠵᠠᠰᠬᠠᠥ ᠣᠷᠣᠨ ᠤ ᠶᠠᠳᠠᠭᠤ ᠶᠢ ᠳᠡᠳᠬᠦᠬᠦ ᠠᠯᠪᠠᠨ ᠭᠡᠷ ᠬᠠᠷᠢᠭᠤᠴᠠᠨ᠎ᠠ︶ | ᠭᠤᠷᠪᠡ᠂ ᠪᠠᠳᠣᠯᠠᠭ᠎ᠠ ᠶᠢᠨ ᠠᠷᠭ᠎ᠠ ᠭᠡᠮᠵᠢᠶ᠎ᠠ | ︵ᠨᠢᠭᠡ︶ ᠳᠥᠷᠥ ᠶᠢᠨ ᠪᠤᠳᠣᠯᠭ᠎ᠠ ᠶᠢᠨ ᠳᠡᠮᠵᠢᠯᠭᠡ ᠶᠢ ᠴᠢᠩᠭᠠᠳᠬᠠᠨ᠎ᠠ᠃ | 1. ᠡᠳ᠋ ᠤᠨ ᠵᠠᠰᠠᠭ ᠭᠠᠶᠢᠯᠢ ᠶᠢᠨ ᠳᠡᠮᠵᠢᠯᠭᠡ᠃ ᠡᠯ᠎ᠠ ᠱᠠᠳᠣᠨ ᠤ ᠵᠠᠰᠠᠭ ᠤᠨ ᠣᠷᠳᠣᠨ ᠨᠢ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠰᠠᠭᠤᠷᠢ ᠪᠡᠯᠡᠳᠭᠡᠮᠵᠢ ᠶᠢ ᠳᠡᠭᠡᠭᠰᠢᠯᠡᠬᠦᠯᠬᠦ᠂ | ᠴᠢᠳᠡᠪᠦᠷᠢᠳᠡᠨ ᠢ ᠳᠡᠳᠡᠨ ᠣᠷᠣᠭᠤᠯᠬᠤ ᠪᠠ ᠬᠦᠮᠦᠵᠢᠬᠦᠯᠬᠦ᠂ ᠪᠦᠳᠦᠭᠡᠭᠳᠡᠬᠦᠨ ᠤ ᠶᠠᠰᠣ ᠴᠢᠨᠡᠷ ᠤᠨ ᠠᠮᠥᠷ ᠳᠥᠪᠰᠢᠨ | ᠵᠡᠷᠭᠡ ᠳᠡᠯ᠎ᠠ ᠶᠢᠨ ᠳᠡᠮᠵᠢᠯᠭᠡ ᠶᠢᠨ ᠡᠷᠴᠢᠮ ᠢ ᠴᠢᠩᠭᠠᠷᠡᠭᠤᠯᠵᠦ᠂ ᠠᠷᠡᠯᠵᠢᠶ᠎ᠠ ᠬᠤᠳᠠᠯᠳᠤᠭ᠎ᠠ ᠶᠢᠨ ᠬᠦᠢᠯᠭᠡᠭᠡᠨ᠂ | ᠡᠯᠧᠺᠲᠷᠤᠨ ᠬᠤᠳᠠᠯᠳᠣᠭᠠᠨ ᠤ ᠶᠠᠪᠤᠳᠡᠯ᠂ ᠦᠢᠯᠡᠴᠢᠯᠡᠭᠡᠨ ᠤ ᠦᠢᠯᠡᠰ᠂ ᠳᠥᠷᠬᠡᠨ ᠳᠠᠮᠵᠢᠭᠤᠯᠬᠤ ᠦᠢᠯᠡᠴᠢᠯᠡᠭᠡᠨ | ᠵᠡᠷᠭᠡ ᠲᠣᠰᠬᠠᠢ ᠪᠡᠯᠡ ᠮᠦᠡᠭᠬᠦ ᠶᠢ ᠨᠢᠭᠡᠳᠦᠯᠳᠡᠢ ᠳᠥᠯᠥᠪᠯᠡᠨ ᠲᠣᠬᠢᠷᠡᠭᠤᠯᠵᠦ᠂ ᠮᠠᠯᠵᠢᠬᠤ ᠳᠡᠷᠢᠶᠡᠯᠠᠬᠤ ᠣᠷᠣᠨ ᠤ | ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠳᠥᠬᠦᠷᠵᠢᠬᠦᠯᠬᠦ ᠪᠡᠯᠡᠳᠭᠡᠮᠵᠢ ᠶᠢᠨ ᠪᠦᠳᠦᠭᠡᠨ ᠪᠠᠶᠢᠭᠤᠯᠥᠯᠳᠡ ᠶᠢ | ᠠᠬᠢᠭᠤᠯᠥᠨ᠎ᠠ᠃ ᠱᠠᠩᠨᠠᠯ ᠢᠶᠠᠷ ᠨᠦᠬᠦᠪᠦᠷᠢ ᠦᠭᠬᠦ ᠶᠢ ᠣᠷᠣᠯᠠᠭᠤᠯᠥᠠᠠᠰᠠᠨ ᠰᠠᠭᠤᠷᠢᠨ ᠳᠡᠭᠡᠷ᠎ᠠ᠂ ᠡᠳ᠋ ᠤᠨ ᠵᠠᠰᠠᠭ ᠤᠨ | ᠳᠡᠮᠵᠢᠯᠭᠡ ᠶᠢᠨ ᠠᠷᠭ᠎ᠠ ᠮᠠᠶ᠋ᠢᠭ ᠲᠤ ᠰᠢᠨ᠎ᠡ ᠶᠢ ᠡᠬᠦᠳᠣᠨ᠂ ᠰᠠᠭᠤᠷᠢ ᠮᠦᠡᠭᠬᠦ᠂ ᠰᠲ᠋ᠥᠺ ᠤᠨ ᠡᠷᠬᠡ ᠶᠢᠨ ᠪᠡᠯᠡ | ᠣᠷᠣᠭᠤᠯᠥᠯᠳᠡ᠂ PPP ᠵᠡᠷᠭᠡ ᠵᠬᠠᠪᠤᠷ ᠢ ᠰᠦᠪᠡᠭᠴᠢᠯᠡᠨ ᠪᠠᠶᠢᠭᠤᠯᠵᠦ᠂ ᠡᠳ᠋ ᠤᠨ ᠵᠠᠰᠠᠭ ᠤᠨ ᠪᠡᠯᠡ ᠮᠦᠡᠭᠬᠦ ᠶᠢᠨ | ᠳᠡᠮᠵᠢᠯᠭᠡ ᠶᠢᠨ ᠦᠷ᠎ᠠ ᠪᠦᠳᠦᠮᠵᠢ ᠶᠢ ᠴᠢᠩᠭᠠᠷᠡᠭᠤᠯᠥᠨ᠎ᠠ᠃ ︵ᠦᠪᠡᠷᠳᠡᠭᠡᠨ ᠵᠠᠰᠬᠠᠥ ᠣᠷᠣᠨ ᠤ ᠡᠳ᠋ ᠤᠨ | ᠵᠠᠰᠠᠭ ᠤᠨ ᠳᠢᠩᠬᠢᠮ᠂ ᠬᠤᠳᠠᠯᠳᠣᠭᠠᠨ ᠤ ᠶᠠᠪᠤᠳᠠᠯ ᠤᠨ ᠳᠢᠩᠬᠢᠮ ᠬᠠᠷᠢᠭᠤᠴᠠᠨ᠎ᠠ︶ ᠳᠡᠭᠡᠳᠣ ᠰᠢᠨ᠎ᠡ ᠮᠡᠷᠭᠡᠵᠢᠯ ᠤᠨ | ᠠᠵᠦ ᠠᠬᠤᠶᠢᠯᠠᠯ ᠢᠶᠠᠷ ᠲᠣᠠᠠᠳᠠᠭᠠᠠᠠᠳ᠋ᠬᠠᠰᠠᠨ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠠᠵᠦ | ᠠᠬᠤᠶᠢᠯᠠᠯ ᠨᠢ ᠣᠳᠣ ᠶᠢᠨ ᠭᠡᠷᠡᠭᠵᠢᠬᠦᠯᠵᠦ ᠪᠠᠶᠢᠭ᠎ᠠ ᠭᠠᠶᠢᠯᠢ ᠳᠡᠳᠡᠪᠦᠷᠢ ᠶᠢᠨ ᠳᠥᠷᠥ ᠶᠢᠨ ᠪᠤᠳᠣᠯᠭ᠎ᠠ ᠶᠢᠨ | ᠲᠣᠠᠠᠳᠠᠭᠠᠯ ᠶᠣᠰᠣᠭᠠᠷ ᠬᠠᠮᠢᠶ᠎ᠠ ᠪᠦᠬᠦᠢ ᠭᠠᠶᠢᠯᠢ ᠲᠡᠳᠡᠪᠦᠷᠢ ᠶᠢᠨ ᠬᠠᠷᠡᠭᠠᠯᠵᠡᠯ ᠢ ᠬᠦᠷᠳᠡᠨ᠎ᠠ᠃ ᠰᠦᠯᠵᠢᠶᠡᠨ ᠳᠡᠭᠡᠷ᠎ᠠ | ᠭᠠᠶᠢᠯᠢ ᠲᠡᠳᠡᠪᠦᠷᠢ ᠬᠦᠢᠴᠡᠳᠭᠡᠬᠦ ᠦᠢᠯᠡᠴᠢᠯᠡᠭᠡᠨ ᠪᠠ ᠡᠯᠧᠺᠲᠷᠤᠨ ᠬᠤᠳᠠᠯᠳᠤᠭ᠎ᠠ ᠶᠢᠨ ᠪᠡᠷᠢᠮᠳᠡ ᠶᠢᠨ ᠭᠡᠷᠡᠭᠯᠡᠬᠡᠨ ᠢ | ᠳᠡᠯᠭᠡᠷᠡᠬᠦᠯᠥᠨ᠎ᠠ᠃ ︵ᠦᠪᠣᠷ ᠮᠤᠩᠭᠤᠯ ᠤᠨ ᠣᠯᠥᠰ ᠤᠨ ᠭᠠᠶᠢᠯᠢ ᠶᠢᠨ ᠶᠠᠪᠣᠳᠡᠯ ᠤᠨ ᠲᠤᠪᠴᠢᠶ᠎ᠠ᠂ ᠦᠪᠡᠷᠳᠡᠭᠡᠨ | ᠵᠠᠰᠬᠠᠥ ᠣᠷᠣᠨ ᠤ ᠣᠷᠣᠨ ᠨᠣᠳᠤᠭ ᠤᠨ ᠭᠠᠶᠢᠯᠢ ᠶᠢᠨ ᠶᠠᠪᠤᠳᠡᠯ ᠤᠨ ᠲᠣᠪᠴᠢᠶ᠎ᠠ᠂ ᠰᠢᠨᠵᠢᠯᠡᠬᠦ ᠣᠬᠠᠭᠠᠨ | ᠮᠡᠷᠭᠡᠵᠢᠯ ᠤᠨ ᠳᠢᠩᠬᠢᠮ᠂ ᠡᠳ᠋ ᠤᠨ ᠵᠠᠰᠠᠭ ᠤᠨ ᠳᠢᠩᠬᠢᠮ ᠬᠠᠷᠢᠭᠤᠴᠠᠨ᠎ᠠ︶ | 2. ᠮᠦᠡᠭᠬᠦᠨ ᠬᠦᠢᠯᠭᠡᠭᠡᠨ ᠤ ᠳᠡᠮᠵᠢᠯᠭᠡ᠃ ᠨᠦᠬᠦᠴᠡᠯ ᠲᠠᠢ ᠠᠶᠢᠮᠠᠭ ᠬᠤᠳᠡ᠂ ᠬᠤᠰᠢᠭᠤ ᠰᠢᠶᠡᠨ ︵ | ᠬᠤᠳᠡ᠂ ᠲᠤᠭᠤᠷᠢᠭ︶ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠬᠦᠭᠵᠢᠯᠳᠡ ᠶᠢᠨ ᠰᠠᠭᠤᠷᠢ ᠮᠦᠡᠭᠬᠦ ᠪᠠᠶᠢᠭᠤᠯᠬᠤ ᠶᠢ ᠵᠣᠷᠢᠠᠠᠵᠢᠭᠤᠯᠥᠨ᠎ᠠ᠃ ᠡᠯ᠎ᠠ ᠳᠥᠷᠦᠯ ᠤᠨ ᠮᠦᠡᠭᠬᠦᠨ | ᠬᠦᠢᠯᠭᠡᠭᠡᠨ ᠤ ᠪᠠᠶᠢᠭᠤᠯᠥᠮᠵᠢ ᠶᠢᠨ ᠮᠠᠯᠵᠢᠬᠤ ᠳᠡᠷᠢᠶᠡᠯᠠᠬᠤ ᠣᠷᠣᠨ ᠤ ᠣᠨᠴᠠᠯᠢᠭ ᠲᠤ ᠲᠣᠬᠢᠷᠬᠠᠰᠠᠨ᠂ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠬᠦᠭᠵᠢᠯᠳᠡ ᠶᠢᠨ ᠭᠡᠷᠡᠭᠴᠡᠭᠡ ᠱᠠᠭᠠᠷᠳᠡᠯᠭ᠎ᠠ ᠶᠢ | ᠬᠠᠩᠭᠠᠠᠠᠰᠠᠨ ᠮᠦᠡᠭᠬᠦᠨ ᠬᠦᠢᠯᠭᠡᠭᠡᠨ ᠤ ᠨᠡᠷᠡᠳᠬᠦᠨ ᠰᠣᠳᠣᠯᠥᠨ ᠨᠡᠭᠡᠭᠡᠬᠦ ᠶᠢ ᠵᠣᠷᠢᠠᠠᠵᠢᠭᠤᠯᠥᠨ᠎ᠠ᠃ ᠮᠦᠡᠭᠬᠦᠨ | ᠬᠦᠢᠯᠭᠡᠭᠡᠨ ᠤ ᠦᠢᠯᠡᠴᠢᠯᠡᠭᠡᠨ ᠳᠤ ᠰᠢᠨ᠎ᠡ ᠶᠢ ᠡᠬᠦᠳᠣᠨ᠂ ᠡᠯᠧᠺᠲᠷᠤᠨ ᠬᠤᠳᠠᠯᠳᠤᠭ᠎ᠠ ᠶᠢᠨ ᠠᠲᠠᠯ ᠦᠢᠯᠡᠰ | ᠴᠣᠠᠠᠴᠠᠯᠠᠬᠤ ᠶᠢ ᠳᠡᠮᠵᠢᠵᠦ᠂ ︽ᠳᠡᠷᠢᠶᠡᠯᠡᠩ ᠢ ᠳᠡᠳᠬᠦᠬᠦ ᠮᠦᠡᠭᠬᠦᠨ ᠬᠦᠢᠯᠭᠡᠭᠡᠨ ᠤ ᠦᠢᠯᠡᠴᠢᠯᠡᠭᠡᠨ ᠤ ᠴᠢᠬ︾ ᠤᠨ | ᠴᠢᠳᠠᠮᠵᠢ ᠶᠢ ᠦᠷᠭᠡᠳᠭᠡᠨ᠂ ︽ᠬᠦᠳᠡᠭᠡ ᠲᠣᠰᠬᠤᠨ ᠤ ᠵᠠᠯᠠᠭᠤᠴᠣᠳ ᠤᠨ ᠡᠯᠧᠺᠲᠷᠤᠨ ᠬᠤᠳᠠᠯᠳᠤᠭ᠎ᠠ ᠶᠢ | ᠪᠤᠶᠢᠵᠢᠭᠤᠯᠬᠤ ᠢᠨᠵᠧᠨᠧᠷᠢᠩ︾ ᠲᠠᠢ ᠣᠶᠠᠯᠳᠣᠭᠤᠯᠵᠦ᠂ ᠡᠯᠧᠺᠲᠷᠤᠨ ᠬᠤᠳᠠᠯᠳᠣᠭᠠᠨ ᠤ ᠠᠲᠠᠯ ᠦᠢᠯᠡᠰ | ᠴᠣᠠᠠᠴᠠᠯᠠᠬᠤ ᠮᠦᠡᠭᠬᠦᠨ ᠬᠦᠢᠯᠭᠡᠭᠡᠨ ᠤ ᠦᠢᠯᠡᠴᠢᠯᠡᠭᠡᠨ ᠤ ᠨᠡᠷᠡᠳᠬᠦᠨ ᠢ ᠵᠢᠷᠦᠠᠠᠯᠠᠨ ᠳᠥᠯᠥᠪᠯᠡᠵᠦ᠂ ᠢᠳᠡᠭᠡᠮᠵᠢ | ᠣᠯᠭᠤᠬᠤ ᠲᠤᠭ᠎ᠠ ᠭᠡᠮᠵᠢᠶ᠎ᠠ᠂ ᠬᠦᠥ ᠶᠢᠨ ᠨᠣᠷᠮ᠎ᠠ ᠶᠢᠨ ᠠᠰᠢᠭ ᠬᠦᠷᠳᠡᠭᠡᠬᠦ ᠵᠡᠷᠭᠡ ᠳᠡᠯ᠎ᠠ ᠪᠠᠷ ᠡᠯᠧᠺᠲᠷᠤᠨ | ᠬᠤᠳᠠᠯᠳᠤᠭ᠎ᠠ ᠶᠢᠨ ᠠᠳᠠᠯ ᠦᠢᠯᠡᠰ ᠴᠣᠠᠠᠴᠠᠯᠠᠬᠤ ᠵᠠᠯᠠᠭᠤᠴᠣᠳ ᠲᠤ ᠬᠠᠷᠡᠭᠠᠯᠵᠠᠯ ᠦᠵᠡᠬᠦᠯᠥᠨ᠎ᠠ᠃ ᠳᠠᠭᠠᠳᠬᠠᠯ ᠤᠨ | ᠪᠠᠶᠢᠭᠤᠯᠥᠮᠵᠢ ᠶᠢᠨ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠳᠤ ᠲᠣᠬᠢᠷᠠᠬᠤ | ᠨᠡᠷᠡᠳᠬᠦᠨ ᠨᠡᠭᠡᠭᠡᠨ ᠬᠦᠭᠵᠢᠬᠦᠯᠬᠦ ᠶᠢ ᠵᠣᠷᠢᠠᠠᠵᠢᠭᠤᠯᠵᠦ᠂ ᠢᠨᠲ᠋ᠧᠷ ᠰᠦᠯᠵᠢᠶ᠎ᠠ ᠪᠠᠷ ᠳᠡᠮᠵᠢᠭᠤᠯᠥᠨ ᠬᠠᠷᠢᠴᠠᠭᠠᠨ ᠤ | ᠡᠷᠦᠭᠡ ᠳᠤ ᠮᠡᠳᠡᠭᠡ ᠵᠡᠩᠬᠢ ᠶᠢᠨ ᠯᠠᠪᠯᠠᠯᠭ᠎ᠠ᠂ ᠰᠦᠯᠵᠢᠶᠡᠨ ᠳᠡᠭᠡᠷ᠎ᠠ ᠳᠠᠭᠠᠳᠬᠠᠭᠤᠯᠬᠤ ᠪᠠ ᠳᠠᠭᠠᠳᠬᠠᠬᠤ ᠵᠡᠷᠭᠡ | ᠳᠠᠭᠠᠳᠬᠠᠯ ᠤᠨ ᠲᠣᠬᠠᠶᠢᠯᠬᠠᠰᠠᠨ ᠠᠵᠢᠯ ᠢ ᠬᠠᠩᠭᠠᠨ᠎ᠠ᠃ ︵ᠦᠪᠡᠷᠳᠡᠭᠡᠨ ᠵᠠᠰᠬᠠᠥ ᠣᠷᠣᠨ ᠤ ᠮᠦᠡᠭᠬᠦᠨ | ᠬᠦᠢᠯᠭᠡᠭᠡᠨ ᠤ ᠠᠯᠪᠠᠨ ᠭᠡᠷ᠂ ᠡᠪ ᠬᠠᠮᠳᠣ ᠵᠠᠯᠠᠭᠤᠴᠣᠳ ᠤᠨ ᠡᠪᠯᠡᠯ ᠤᠨ ᠬᠤᠷᠢᠶ᠎ᠠ ᠬᠠᠷᠢᠭᠤᠴᠠᠨ᠎ᠠ︶ | 3. ᠭᠠᠵᠡᠷ ᠰᠢᠷᠦᠢ ᠭᠡᠷᠡᠭᠯᠡᠬᠦ ᠶᠢᠨ ᠳᠡᠮᠵᠢᠯᠭᠡ᠃ ᠡᠯ᠎ᠠ ᠠᠶᠢᠮᠠᠭ ᠬᠤᠳᠡ᠂ ᠬᠤᠰᠢᠭᠤ ᠰᠢᠶᠡᠨ ︵ᠬᠤᠳᠡ᠂ | ᠲᠤᠭᠤᠷᠢᠭ︶ ᠨᠢ ᠡᠷᠭᠡᠪᠰᠢ ᠭᠠᠵᠡᠷ ᠰᠢᠷᠦᠢ ᠶᠢ ᠠᠰᠢᠠᠠᠯᠠᠬᠤ ᠶᠡᠷᠦᠩᠭᠡᠢ ᠳᠥᠯᠥᠪᠵᠢᠬᠦᠯᠭᠡ ᠪᠠ ᠬᠤᠳᠡ ᠬᠦᠳᠡᠭᠡ ᠶᠢᠨ | ᠳᠥᠯᠥᠪᠵᠢᠬᠦᠯᠭᠡ ᠳᠤ ᠨᠡᠶᠢᠴᠡᠬᠦᠯᠥᠭᠰᠡᠨ ᠣᠷᠢᠳᠡᠯ ᠲᠤᠤᠷ᠎ᠠ᠂ ᠰᠣᠯᠡ ᠪᠠᠶᠢᠬᠤ ᠪᠠ ᠤᠭ ᠤᠨ ᠪᠠᠶᠢᠭᠰᠠᠨ ᠭᠡᠷ | ᠬᠦᠷᠦᠩᠭᠡ ᠶᠢ ᠠᠰᠢᠠᠠᠯᠠᠨ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠪᠠᠷᠡᠭᠠᠨ ᠤ ᠬᠦᠢᠯᠭᠡᠭᠡᠨ ᠤ ᠬᠦᠷᠢᠶᠡᠯᠡᠩ | ᠲᠤᠭᠤᠷᠢᠭ ᠢ ᠳᠥᠪᠯᠡᠷᠡᠬᠦᠯᠥᠨ ᠳᠥᠯᠥᠪᠵᠢᠬᠦᠯᠭᠡ ᠬᠢᠵᠦ ᠪᠠᠶᠢᠭᠠᠳ ᠪᠦᠳᠦᠭᠡᠨ ᠪᠠᠶᠢᠭᠤᠯᠵᠦ᠂ ᠠᠵᠦ | ᠠᠬᠤᠶᠢᠯᠠᠯ ᠤᠳ ᠤᠨ ᠡᠯᠧᠺᠲᠷᠤᠨ ᠬᠤᠳᠠᠯᠳᠣᠭᠠᠨ ᠤ ᠶᠠᠪᠤᠳᠡᠯ ᠢ ᠬᠦᠭᠵᠢᠬᠦᠯᠬᠦ ᠶᠢ ᠬᠠᠪᠰᠣᠷᠣᠨ᠂ ᠡᠯᠧᠺᠲᠷᠤᠨ | ᠬᠤᠳᠠᠯᠳᠤᠭ᠎ᠠ ᠶᠢᠨ ᠬᠦᠳᠣᠴᠢ ᠠᠵᠦ ᠠᠬᠤᠶᠢᠯᠠᠯ ᠤᠨ ᠡᠵᠡᠩᠨᠡᠯᠳᠡ ᠪᠠᠨ ᠦᠷᠭᠡᠳᠭᠡᠬᠦ ᠪᠠ ᠴᠢᠬᠤᠯᠡ ᠶᠡᠭᠡ | ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠳᠥᠷᠦᠯ ᠵᠦᠢᠯ ᠳᠤ ᠭᠠᠵᠡᠷ ᠰᠢᠷᠦᠢ ᠭᠡᠷᠡᠭᠯᠡᠬᠦ ᠬᠠᠩᠭᠠᠯᠭ᠎ᠠ ᠶᠢ | ᠣᠷᠢᠳᠡᠪᠡᠷ ᠪᠠᠳᠣᠯᠠᠨ᠎ᠠ᠃ ︵ᠦᠪᠡᠷᠳᠡᠭᠡᠨ ᠵᠠᠰᠬᠠᠥ ᠣᠷᠣᠨ ᠤ ᠣᠯᠥᠰ ᠤᠨ ᠭᠠᠵᠡᠷ ᠰᠢᠷᠦᠢ ᠡᠬᠢ ᠪᠠᠶᠠᠯᠢᠭ ᠤᠨ | ᠳᠢᠩᠬᠢᠮ᠂ ᠣᠷᠣᠨ ᠰᠠᠭᠤᠴᠠ ᠬᠤᠳᠡ ᠬᠦᠳᠡᠭᠡ ᠶᠢᠨ ᠪᠦᠳᠦᠭᠡᠨ ᠪᠠᠶᠢᠭᠤᠯᠥᠯᠳᠡ ᠶᠢᠨ ᠳᠢᠩᠬᠢᠮ ᠬᠠᠷᠢᠭᠤᠴᠠᠨ᠎ᠠ︶ | ︵ᠬᠤᠶᠡᠷ︶ ᠰᠢᠨ᠎ᠡ ᠶᠢ ᠡᠬᠦᠳᠣᠨ ᠠᠳᠠᠯ ᠦᠢᠯᠡᠰ ᠴᠣᠠᠠᠴᠠᠯᠠᠬᠤ ᠣᠷᠴᠢᠨ ᠲᠤᠭᠤᠷᠢᠨ ᠢ ᠪᠤᠢ ᠪᠤᠯᠭᠠᠨ᠎ᠠ᠃ | 1. ᠠᠳᠠᠯ ᠦᠢᠯᠡᠰ ᠴᠣᠠᠠᠴᠠᠯᠠᠬᠤ ᠶᠢ ᠬᠦᠳᠦᠯᠥᠨ ᠵᠢᠯᠥᠭᠤᠳᠬᠤ ᠶᠢ ᠦᠷᠨᠢᠬᠦᠯᠥᠨ᠎ᠠ᠃ ︽ᠬᠦᠳᠡᠭᠡ | ᠲᠣᠰᠬᠤᠨ ᠤ ᠵᠠᠯᠠᠭᠤᠴᠣᠳ ᠤᠨ ᠡᠯᠧᠺᠲᠷᠤᠨ ᠬᠤᠳᠠᠯᠳᠤᠭ᠎ᠠ ᠶᠢ ᠪᠤᠶᠢᠵᠢᠭᠤᠯᠬᠤ ᠢᠨᠵᠧᠨᠧᠷᠢᠩ︾ ᠪᠠ ︽ᠠᠳᠠᠯ | ᠦᠢᠯᠡᠰ ᠴᠣᠠᠠᠴᠠᠯᠠᠨ ᠰᠢᠨ᠎ᠡ ᠶᠢ ᠡᠬᠦᠳᠬᠦ ᠡᠮᠡᠭᠳᠡᠶᠢᠴᠣᠳ ᠤᠨ ᠠᠵᠢᠯᠯᠠᠭᠠᠨ︾ ᠲᠠᠢ ᠣᠶᠠᠯᠳᠣᠭᠤᠯᠥᠨ᠂ ᠡᠪ ᠬᠠᠮᠳᠣ | ᠵᠠᠯᠠᠭᠤᠴᠣᠳ ᠤᠨ ᠡᠪᠯᠡᠯ᠂ ᠡᠮᠡᠭᠳᠡᠶᠢᠴᠦᠳ ᠤᠨ ᠬᠤᠯᠪᠤᠭᠠᠳᠤ ᠬᠤᠷᠠᠯ ᠵᠡᠷᠭᠡ ᠡᠬᠢ ᠪᠠᠶᠠᠯᠢᠭ ᠢ ᠬᠦᠢᠴᠡᠳ ᠡᠮᠬᠢᠯᠡᠨ | ᠨᠡᠶᠢᠯᠡᠬᠦᠯᠥᠨ ᠠᠰᠢᠠᠠᠯᠠᠵᠦ ᠪᠠᠶᠢᠭᠠᠳ ᠮᠠᠯᠵᠢᠬᠤ ᠳᠡᠷᠢᠶᠡᠯᠠᠬᠤ ᠣᠷᠣᠨ ᠤ ᠵᠠᠯᠠᠭᠤᠴᠣᠳ᠂ ᠡᠮᠡᠭᠳᠡᠶᠢᠴᠦᠳ ᠤᠨ | ᠡᠯᠧᠺᠲᠷᠤᠨ ᠬᠤᠳᠠᠯᠳᠤᠭ᠎ᠠ ᠪᠠᠷ ᠠᠳᠠᠯ ᠦᠢᠯᠡᠰ ᠴᠣᠠᠠᠴᠠᠯᠠᠬᠤ ᠪᠤᠯᠪᠠᠰᠣᠷᠡᠭᠤᠯᠥᠯ ᠢ ᠦᠷᠨᠢᠬᠦᠯᠵᠦ᠂ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠤᠭ᠎ᠠ ᠪᠠᠷ ᠠᠳᠠᠯ ᠦᠢᠯᠡᠰ ᠴᠣᠠᠠᠴᠠᠯᠠᠨ ᠰᠢᠨ᠎ᠡ ᠶᠢ ᠡᠬᠦᠳᠬᠦ ᠠᠭᠤᠷ | ᠠᠮᠢᠰᠬᠤᠯ ᠢ ᠪᠤᠢ ᠪᠤᠯᠭᠠᠨ᠎ᠠ᠃ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠤᠭ᠎ᠠ ᠪᠠᠷ ᠰᠢᠨ᠎ᠡ ᠶᠢ | ᠡᠬᠦᠳᠣᠨ ᠠᠳᠠᠯ ᠦᠢᠯᠡᠰ ᠴᠣᠠᠠᠴᠠᠯᠠᠬᠤ ᠣᠷᠣᠯᠳᠣᠭᠠᠨ ᠢ ᠦᠷᠨᠢᠬᠦᠯᠵᠦ᠂ ᠣᠯᠡᠨ ᠨᠡᠶᠢᠲᠡ ᠶᠢᠨ ᠠᠳᠠᠯ ᠦᠢᠯᠡᠰ | ᠴᠣᠠᠠᠴᠠᠯᠠᠬᠤ ᠬᠠᠯᠠᠭᠤᠨ ᠰᠡᠳᠬᠢᠯᠭᠡ ᠶᠢ ᠬᠦᠭᠵᠢᠭᠡᠨ᠎ᠡ᠃ ᠦᠪᠡᠷᠮᠢᠴᠠ ᠣᠨᠴᠠᠯᠢᠠᠠᠳᠣ ᠳᠡᠸᠡᠷ ᠤᠨ | ᠦᠢᠯᠡᠳᠪᠦᠷᠢᠯᠡᠯ ᠤᠨ ᠰᠠᠭᠤᠷᠢ ᠲᠠᠢ ᠬᠦᠳᠡᠭᠡ ᠲᠣᠰᠬᠤᠨ ᠢ ᠬᠦᠳᠦᠯᠥᠨ ᠵᠢᠯᠥᠭᠤᠳᠴᠥ ᠪᠠᠶᠢᠭᠠᠳ ᠡᠯᠧᠺᠲᠷᠤᠨ | ᠬᠤᠳᠠᠯᠳᠣᠭᠠᠨ ᠤ ᠶᠠᠪᠤᠳᠡᠯ᠂ ᠳᠥᠷᠬᠡᠨ ᠳᠡᠮᠵᠢᠭᠤᠯᠬᠤ ᠦᠢᠯᠡᠴᠢᠯᠡᠭᠡᠨ ᠢ ᠦᠷᠨᠢᠬᠦᠯᠵᠦ᠂ ᠮᠠᠯᠴᠢᠨ ᠳᠡᠷᠢᠶᠡᠴᠢᠨ | ᠬᠦᠴᠥ ᠶᠠᠪᠤᠠᠠᠰᠠᠳ ᠢ ᠲᠠᠳᠠᠵᠤ ᠨᠣᠳᠤᠭ ᠲᠤᠨᠢ ᠪᠤᠴᠠᠭᠠᠨ ᠠᠳᠠᠯ ᠦᠢᠯᠡᠰ ᠴᠣᠠᠠᠴᠠᠯᠠᠭᠤᠯᠵᠦ ᠠᠵᠢᠯ ᠣᠯᠭᠤᠨ᠎ᠠ᠃ | ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠬᠦᠮᠦᠨ ᠤ ᠬᠦᠴᠣᠨ ᠤ ᠡᠬᠢ | ᠪᠠᠶᠠᠯᠢᠭ ᠨᠡᠶᠢᠭᠡᠮ ᠤᠨ ᠪᠠᠳᠣᠯᠠᠭ᠎ᠠ ᠶᠢᠨ ᠳᠢᠩᠬᠢᠮ᠂ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠡᠪ ᠬᠠᠮᠳᠣ | ᠵᠠᠯᠠᠭᠤᠴᠣᠳ ᠤᠨ ᠡᠪᠯᠡᠯ ᠤᠨ ᠬᠤᠷᠢᠶ᠎ᠠ᠂ ᠡᠮᠡᠭᠳᠡᠶᠢᠴᠦᠳ ᠤᠨ ᠬᠤᠯᠪᠤᠭᠠᠳᠤ ᠬᠤᠷᠠᠯ᠂ ᠦᠪᠤᠷ ᠮᠣᠩᠭᠤᠯ ᠤᠨ | ᠰᠢᠥᠳᠡᠨ ᠤ ᠶᠠᠪᠤᠳᠡᠯ ᠤᠨ ᠬᠠᠮᠢᠶᠡᠷᠦᠯᠳᠡ ᠶᠢᠨ ᠲᠤᠪᠴᠢᠶ᠎ᠠ ᠬᠠᠷᠢᠭᠤᠴᠠᠨ᠎ᠠ︶ | 2. ᠵᠢᠱᠢᠶ᠎ᠠ ᠦᠵᠡᠬᠦᠯᠬᠦ ᠪᠠ ᠣᠬᠠᠭᠤᠯᠥᠨ ᠳᠡᠯᠭᠡᠷᠡᠬᠦᠯᠬᠦ ᠶᠢ ᠦᠷᠨᠢᠬᠦᠯᠥᠨ᠎ᠠ᠃ ︽ᠴᠢᠬ ᠱᠣᠭᠤᠮ ᠢ | ᠣᠶᠠᠯᠳᠣᠭᠤᠯᠬᠤ︾ ︽ᠳᠥᠪᠯᠡᠷᠡᠵᠤ ᠬᠡᠰᠡᠭᠷᠡᠨ ᠵᠠᠯᠭᠠᠯᠳᠣᠠᠠᠰᠠᠨ︾ ᠵᠬᠠᠪᠤᠷ ᠢ ᠢᠳᠡᠪᠬᠢᠲᠠᠢ ᠭᠡᠷᠡᠭᠯᠡᠨ᠂ᠡᠯᠧᠺᠲᠷᠤᠨ | ᠬᠤᠳᠠᠯᠳᠣᠭᠠᠨ ᠤ ᠶᠠᠪᠤᠳᠡᠯ ᠢ ᠮᠠᠯᠵᠢᠬᠤ ᠳᠡᠷᠢᠶᠡᠯᠠᠬᠤ ᠣᠷᠣᠨ ᠳᠤ ᠣᠷᠣᠭᠤᠯᠬᠤ ᠶᠡᠷᠦᠩᠭᠡᠶᠢᠯᠡᠨ ᠵᠢᠱᠢᠶ᠎ᠠ ᠦᠵᠡᠬᠦᠯᠬᠦ | ᠠᠵᠢᠯ ᠢ ᠦᠷᠨᠢᠬᠦᠯᠵᠦ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠤᠭ᠎ᠠ ᠪᠠᠷ ᠠᠵᠦ ᠦᠢᠯᠡᠰ ᠤᠨ | ᠬᠠᠮᠳᠣᠷᠠᠨ ᠬᠦᠳᠡᠯᠥᠯᠴᠡᠬᠦ ᠶᠢ ᠳᠡᠶᠢᠴᠢᠯᠬᠠᠰᠠᠨ ᠬᠦᠭᠵᠢᠯᠳᠡ ᠶᠢᠨ ᠵᠬᠠᠪᠤᠷ ᠢ ᠬᠠᠶᠢᠨ ᠰᠦᠪᠡᠭᠴᠢᠯᠡᠵᠦ᠂ ᠨᠡᠶᠢᠳᠡᠯᠢᠭ | ᠲᠣᠷᠰᠢᠯᠭ᠎ᠠ ᠪᠠ ᠠᠷᠭ᠎ᠠ ᠪᠠᠷᠢᠯ ᠢ ᠴᠠᠭ ᠲᠣᠬᠠᠢ ᠳᠤᠨᠢ ᠳ᠋ᠦᠩᠨᠡᠬᠦ ᠪᠠ ᠪᠤᠯᠪᠠᠰᠣᠷᠡᠭᠤᠯᠵᠦ᠂ ᠨᠡᠶᠢᠳᠡᠯᠢᠭ ᠭᠡᠷᠩ ᠤᠨ | ᠵᠢᠱᠢᠶ᠎ᠠ ᠶᠢ ᠡᠮᠬᠢᠯᠡᠨ᠂ ᠡᠯᠧᠺᠲᠷᠤᠨ ᠬᠤᠳᠠᠯᠳᠤᠭ᠎ᠠ ᠪᠠᠷ ᠠᠳᠠᠯ ᠦᠢᠯᠡᠰ ᠴᠣᠠᠠᠴᠠᠯᠠᠬᠤ ᠶᠢ ᠦᠷᠨᠢᠬᠦᠯᠥᠭᠰᠡᠨ | ᠮᠠᠯᠵᠢᠬᠤ ᠳᠡᠷᠢᠶᠡᠯᠠᠬᠤ ᠣᠷᠣᠨ ᠤ ᠵᠠᠯᠠᠭᠤᠴᠣᠳ ᠪᠠ ᠡᠮᠡᠭᠳᠡᠶᠢᠴᠦᠳ᠂ ᠰᠢᠨ᠎ᠡ ᠭᠡᠯᠪᠡᠷᠢ ᠶᠢᠨ ᠳᠡᠷᠢᠶᠡᠯᠡᠩ ᠮᠠᠯ ᠠᠵᠦ | ᠠᠬᠤᠢ ᠶᠢᠨ ᠡᠵᠡᠩᠨᠡᠯᠳᠡ ᠶᠢᠨ ᠭᠤᠤᠯ ᠴᠣᠠᠠᠴᠠ ᠪᠤᠯᠥᠨ ᠮᠠᠯᠵᠢᠬᠤ ᠳᠡᠷᠢᠶᠡᠯᠠᠬᠤ ᠣᠷᠣᠨ ᠤ ᠬᠤᠳᠠᠯᠳᠤᠭ᠎ᠠ ᠶᠢᠨ | ᠵᠬᠠᠪᠤᠷ ᠵᠡᠷᠭᠡ ᠶᠢ ᠳ᠋ᠦᠩᠨᠡᠨ ᠳᠡᠯᠭᠡᠷᠡᠬᠦᠯᠵᠦ᠂ ᠭᠠᠵᠡᠷ ᠣᠷᠣᠨ ᠤ ᠬᠤᠭᠤᠷᠣᠨᠳᠣ ᠪᠠᠨ ᠬᠠᠷᠢᠯᠴᠠᠨ ᠲᠣᠯᠢ ᠪᠤᠯᠭᠠᠨ | ᠰᠣᠯᠢᠯᠴᠠᠬᠤ ᠶᠢ ᠠᠬᠢᠭᠤᠯᠥᠨ᠎ᠠ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ | ᠡᠳ᠋ ᠤᠨ ᠵᠠᠰᠠᠭ ᠤᠨ ᠳᠢᠩᠬᠢᠮ᠂ ᠡᠪ ᠬᠠᠮᠳᠣ ᠵᠠᠯᠠᠭᠤᠴᠣᠳ ᠤᠨ ᠡᠪᠯᠡᠯ ᠤᠨ ᠬᠤᠷᠢᠶ᠎ᠠ᠂ ᠡᠮᠡᠭᠳᠡᠶᠢᠴᠦᠳ ᠤᠨ | ᠬᠤᠯᠪᠤᠭᠠᠳᠤ ᠬᠤᠷᠠᠯ ᠬᠠᠷᠢᠭᠤᠴᠠᠨ᠎ᠠ︶ ᠢᠨᠲ᠋ᠧᠷ ᠰᠦᠯᠵᠢᠶ᠎ᠡ᠂ ᠲᠧᠯᠸᠢᠰ ᠬᠤᠷᠢᠶ᠎ᠠ᠂ ᠷᠡᠳᠢᠤ᠋ ᠨᠡᠪᠳᠡᠷᠡᠬᠦᠯᠭᠡ ᠶᠢᠨ | ᠬᠤᠷᠢᠶ᠎ᠠ᠂ ᠰᠣᠨᠢᠨ ᠰᠡᠳᠬᠦᠯ ᠵᠡᠷᠭᠡ ᠵᠠᠭᠤᠴᠢᠯᠠᠭᠤᠷ ᠢ ᠠᠰᠢᠠᠠᠯᠠᠨ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ | ᠬᠤᠳᠠᠯᠳᠣᠭᠠᠨ ᠤ ᠶᠠᠪᠤᠳᠡᠯ ᠤᠨ ᠣᠬᠠᠭᠤᠯᠥᠨ ᠳᠡᠯᠭᠡᠷᠡᠬᠦᠯᠬᠦ ᠡᠷᠴᠢᠮ ᠢ ᠴᠢᠩᠭᠠᠷᠡᠭᠤᠯᠵᠦ᠂ ᠨᠠᠶᠢᠭᠡᠮ ᠤᠨ ᠰᠠᠶᠢᠨ | ᠰᠠᠶᠢᠬᠠᠨ ᠠᠭᠤᠷ ᠠᠮᠢᠰᠬᠤᠯ ᠢ ᠴᠢᠷᠮᠡᠶᠢᠨ ᠪᠤᠢ ᠪᠤᠯᠭᠠᠵᠦ᠂ ᠨᠡᠶᠢᠭᠡᠮ ᠤᠨ ᠡᠯ᠎ᠠ ᠡᠳᠡᠭᠡᠳ ᠤᠨ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠤᠭ᠎ᠠ ᠶᠢᠨ ᠬᠦᠭᠵᠢᠯᠳᠡ ᠶᠢ ᠠᠩᠬᠠᠷᠬᠤ ᠪᠠ ᠳᠡᠮᠵᠢᠬᠦ ᠶᠢ ᠠᠬᠢᠭᠤᠯᠥᠨ᠎ᠠ᠃ ︵ᠡᠯ᠎ᠠ | ᠬᠤᠯᠪᠤᠠᠠᠳᠡᠯ ᠪᠦᠬᠦᠢ ᠰᠠᠯᠠᠭ᠎ᠠ ᠮᠦᠴᠢᠷ ᠤᠳ ᠡᠬᠦᠷᠭᠡ ᠬᠠᠷᠢᠭᠤᠴᠠᠯᠭ᠎ᠠ ᠶᠣᠰᠣᠭᠠᠷ ᠲᠣᠰ ᠲᠣᠰ ᠬᠠᠷᠢᠭᠤᠴᠠᠨ᠎ᠠ︶ | 3. ᠰᠢᠶᠡᠨ ᠤ ᠭᠡᠪᠴᠢᠶᠡᠨ ᠤ ᠡᠯᠧᠺᠲᠷᠤᠨ ᠬᠤᠳᠠᠯᠳᠣᠭᠠᠨ ᠤ ᠠᠵᠦ ᠦᠢᠯᠡᠰ ᠤᠨ ᠬᠦᠷᠢᠶᠡᠯᠡᠩ ᠢ ᠪᠦᠳᠦᠭᠡᠨ | ᠪᠠᠶᠢᠭᠤᠯᠥᠨ᠎ᠠ᠃ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠰᠠᠭᠤᠷᠢ ᠨᠡᠯᠢᠶᠡᠳ ᠰᠠᠶᠢᠨ ᠪᠠᠶᠢᠭ᠎ᠠ ᠭᠠᠵᠡᠷ | ᠣᠷᠣᠨ ᠳᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠠᠵᠦ ᠦᠢᠯᠡᠰ ᠤᠨ | ᠬᠦᠷᠢᠶᠡᠯᠡᠩ᠂ ᠠᠳᠠᠯ ᠦᠢᠯᠡᠰ ᠴᠣᠠᠠᠴᠠᠯᠠᠬᠤ ᠬᠦᠷᠢᠶᠡᠯᠡᠩ ᠪᠤᠶᠤ ᠠᠳᠠᠯ ᠦᠢᠯᠡᠰ ᠴᠣᠠᠠᠴᠠᠯᠠᠨ ᠨᠡᠪᠴᠢᠬᠦᠯᠬᠦ | ᠰᠠᠭᠤᠷᠢᠨ ᠭᠠᠵᠡᠷ ᠪᠠᠶᠢᠭᠤᠯᠬᠤ ᠶᠢ ᠵᠤᠷᠢᠬᠵᠢᠭᠤᠯᠤᠨ᠂ ᠲᠣᠬᠠᠢ ᠶᠢᠨ ᠭᠠᠵᠡᠷ ᠤᠨ ᠰᠦᠯᠵᠢᠶᠡᠨ ᠬᠤᠳᠠᠯᠳᠤᠭ᠎ᠠ ᠪᠠ | ᠡᠯᠧᠺᠲᠷᠤᠨ ᠬᠤᠳᠠᠯᠳᠤᠭ᠎ᠠ ᠪᠠᠷ ᠠᠳᠠᠯ ᠦᠢᠯᠡᠰ ᠴᠣᠠᠠᠴᠠᠯᠬᠠᠴᠢᠳ ᠲᠤ ᠠᠳᠠᠯ ᠦᠢᠯᠡᠰ ᠴᠣᠠᠠᠴᠠᠯᠠᠡᠡ ᠨᠡᠪᠴᠢᠬᠦᠯᠬᠦ᠂ | ᠠᠵᠢᠯᠯᠠᠬᠤ ᠳᠡᠯᠡᠪᠡᠢ ᠭᠠᠵᠡᠷ᠂ ᠠᠳᠠᠯ ᠦᠢᠯᠡᠰ ᠴᠣᠠᠠᠴᠠᠯᠠᠬᠤ ᠦᠢᠯᠡᠴᠢᠯᠡᠭᠡᠨ᠂ ᠲᠣᠣᠷ ᠰᠦᠯᠵᠢᠶ᠎ᠡ ᠶᠢᠨ ᠴᠢᠮᠡᠭᠡ | ᠬᠤᠯᠪᠤᠭ᠎ᠠ᠂ ᠬᠦᠮᠦᠷᠭᠡᠯᠡᠨ ᠬᠠᠳᠠᠭᠠᠯᠠᠵᠦ ᠲᠣᠬᠢᠷᠡᠭᠤᠯᠥᠨ ᠬᠦᠷᠭᠡᠬᠦ᠂ ᠡᠯᠧᠺᠲᠷᠤᠨ ᠬᠤᠳᠠᠯᠳᠤᠭ᠎ᠠ ᠶᠢᠨ | ᠪᠤᠯᠪᠠᠰᠣᠷᠡᠭᠤᠯᠥᠯ ᠵᠡᠷᠭᠡ ᠣᠯᠡᠨ ᠨᠡᠶᠢᠲᠡ ᠶᠢᠨ ᠦᠢᠯᠡᠴᠢᠯᠡᠭᠡᠨ ᠬᠠᠩᠭᠠᠵᠦ᠂ ᠰᠦᠯᠵᠢᠶᠡᠨ ᠬᠤᠳᠠᠯᠳᠤᠭ᠎ᠠ ᠶᠢ | ᠮᠠᠯᠵᠢᠬᠤ ᠳᠡᠷᠢᠶᠡᠯᠠᠬᠤ ᠣᠷᠣᠨ ᠳᠤ ᠳᠥᠪᠯᠡᠷᠡᠨ ᠬᠦᠭᠵᠢᠬᠦᠯᠬᠦ ᠶᠢ ᠠᠬᠢᠭᠤᠯᠥᠨ᠂ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠪᠠᠷᠢᠮᠵᠢᠶᠡᠵᠢᠭᠤᠯᠥᠠᠠᠰᠠᠨ ᠪᠠᠶᠢᠭᠤᠯᠥᠯᠳᠡ ᠶᠢ ᠳᠥᠷᠭᠡᠳᠭᠡᠵᠦ᠂ ᠮᠠᠯᠵᠢᠬᠤ ᠳᠡᠷᠢᠶᠡᠯᠠᠬᠤ ᠣᠷᠣᠨ ᠤ | ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠵᠢᠷᠦᠮᠵᠢᠠᠠᠰᠠᠨ᠂ ᠡᠷᠴᠢᠮᠵᠢᠭᠰᠡᠨ ᠬᠦᠭᠵᠢᠯᠳᠡ ᠶᠢ ᠠᠬᠢᠭᠤᠯᠥᠨ᠎ᠠ᠃ ︵ | ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠬᠦᠮᠦᠨ ᠤ ᠬᠦᠴᠣᠨ ᠤ ᠡᠬᠢ ᠪᠠᠶᠠᠯᠢᠭ | ᠨᠡᠶᠢᠭᠡᠮ ᠤᠨ ᠪᠠᠳᠣᠯᠠᠭ᠎ᠠ ᠶᠢᠨ ᠳᠢᠩᠬᠢᠮ᠂ ᠶᠠᠰᠣ ᠴᠢᠨᠡᠷ ᠲᠤ ᠮᠡᠷᠭᠡᠵᠢᠯ ᠤᠨ ᠬᠢᠨᠠᠯᠳᠡ ᠳᠡᠯᠪᠢᠬᠤ ᠲᠤᠪᠴᠢᠶ᠎ᠠ | ᠬᠠᠷᠢᠭᠤᠴᠠᠨ᠎ᠠ︶ | 4. ᠠᠵᠢᠯᠳᠡᠨ ᠤ ᠪᠤᠯᠪᠠᠰᠣᠷᠡᠭᠤᠯᠥᠯ ᠪᠠ ᠴᠢᠳᠡᠪᠦᠷᠢᠳᠡᠨ ᠤ ᠬᠦᠮᠦᠵᠢᠬᠦᠯᠥᠯ ᠢ ᠴᠢᠩᠭᠠᠳᠬᠠᠨ᠎ᠠ᠃ ᠡᠯ᠎ᠠ | ᠱᠠᠳᠣᠨ ᠤ ᠵᠠᠰᠠᠭ ᠤᠨ ᠣᠷᠳᠣᠨ ᠨᠢ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ | ᠪᠤᠯᠪᠠᠰᠣᠷᠡᠭᠤᠯᠥᠯ ᠤᠨ ᠠᠵᠢᠯ ᠳᠤ ᠵᠤᠬᠢᠶᠡᠨ ᠪᠠᠶᠢᠭᠤᠯᠥᠯᠳᠡ ᠶᠢᠨ ᠵᠢᠯᠥᠭᠤᠳᠦᠯᠭᠠ ᠪᠠᠨ ᠴᠢᠩᠭᠠᠳᠬᠠᠵᠦ᠂ | ᠣᠳᠣ ᠶᠢᠨ ᠪᠠᠶᠢᠭ᠎ᠠ ᠪᠤᠯᠪᠠᠰᠣᠷᠡᠭᠤᠯᠥᠯ ᠤᠨ ᠳᠥᠷᠦᠯ ᠵᠦᠢᠯ ᠪᠠ ᠪᠤᠯᠪᠠᠰᠣᠷᠡᠭᠤᠯᠥᠯ ᠤᠨ ᠡᠬᠢ ᠪᠠᠶᠠᠯᠢᠭ ᠲᠠᠭᠠᠨ | ᠳᠥᠰᠢᠭᠯᠡᠨ᠂ ᠠᠯᠪᠠᠨ ᠪᠠᠶᠢᠭᠤᠯᠭ᠎ᠠ᠂ ᠠᠵᠦ ᠠᠬᠤᠶᠢᠯᠠᠯ᠂ ᠳᠡᠷᠢᠶᠡᠯᠡᠩ ᠮᠠᠯ ᠠᠵᠦ ᠠᠬᠤᠢ ᠶᠢᠨ ᠡᠵᠡᠩᠨᠡᠯᠳᠡ ᠶᠢᠨ | ᠭᠤᠤᠯ ᠴᠣᠠᠠᠴᠠ᠂ ᠮᠠᠯᠴᠢᠨ ᠳᠡᠷᠢᠶᠡᠴᠢᠨ ᠵᠡᠷᠭᠡ ᠳᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠳᠥᠷᠥ ᠶᠢᠨ | ᠪᠤᠳᠣᠯᠭ᠎ᠠ᠂ ᠣᠨᠣᠯ᠂ ᠠᠵᠢᠯᠯᠠᠭᠤᠯᠤᠨ ᠦᠢᠯᠡᠴᠢᠯᠡᠭᠦ᠂ ᠠᠵᠢᠯᠯᠠᠬᠤ ᠵᠡᠷᠭᠡ ᠳᠡᠯ᠎ᠠ ᠶᠢᠨ ᠪᠤᠯᠪᠠᠰᠣᠷᠠᠭᠤᠯᠥᠯ ᠢ ᠬᠢᠨ᠎ᠠ᠃ | ᠨᠦᠬᠦᠴᠡᠯ ᠲᠠᠢ ᠭᠠᠵᠡᠷ ᠣᠷᠣᠨ ᠨᠢ ᠲᠣᠰᠬᠠᠢ ᠮᠡᠷᠭᠡᠵᠢᠯ ᠤᠨ ᠡᠯᠧᠺᠲᠷᠤᠨ ᠬᠤᠳᠠᠯᠳᠤᠭ᠎ᠠ ᠶᠢᠨ ᠴᠢᠳᠡᠪᠦᠷᠢᠳᠡᠨ ᠤ | ᠪᠤᠯᠪᠠᠰᠣᠷᠡᠭᠤᠯᠥᠯ ᠤᠨ ᠰᠠᠭᠤᠷᠢᠨ ᠭᠠᠵᠡᠷ ᠪᠠ ᠪᠠᠭᠰᠢ ᠶᠢᠨ ᠡᠩᠨᠡᠭᠡ ᠶᠢ ᠪᠠᠶᠢᠭᠤᠯᠵᠦ᠂ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠤᠭ᠎ᠠ ᠶᠢᠨ ᠴᠢᠳᠡᠪᠦᠷᠢᠳᠡᠨ ᠢ ᠶᠡᠭᠡᠪᠡᠷ ᠬᠦᠮᠦᠵᠢᠬᠦᠯᠥᠨᠠ᠃ ᠦᠢᠯᠡᠳᠣᠯᠭᠡ ᠶᠢᠨ | ᠲᠣᠷᠰᠢᠯᠭ᠎ᠠ ᠲᠠᠢ ᠡᠯᠧᠺᠲᠷᠤᠨ ᠬᠤᠳᠠᠯᠳᠤᠭ᠎ᠠ ᠡᠷᠬᠢᠯᠡᠭᠰᠡᠳ ᠤᠨ ᠨᠣᠳᠤᠭ ᠲᠠᠭᠠᠨ ᠪᠤᠴᠠᠨ ᠠᠳᠠᠯ ᠦᠢᠯᠡᠰ | ᠴᠣᠠᠠᠴᠠᠯᠠᠬᠤ ᠶᠢ ᠬᠦᠳᠦᠯᠥᠨ ᠵᠢᠯᠥᠭᠤᠳᠴᠥ᠂ ᠡᠯᠧᠺᠲᠷᠤᠨ ᠬᠤᠳᠠᠯᠳᠤᠭ᠎ᠠ ᠶᠢᠨ ᠠᠵᠢᠯ ᠮᠡᠷᠭᠡᠵᠢᠯ ᠤᠨ ᠡᠷᠬᠢᠯᠡᠨ | ᠡᠵᠡᠩᠨᠡᠭᠴᠢ ᠶᠢᠨ ᠮᠠᠯᠵᠢᠬᠤ ᠳᠡᠷᠢᠶᠡᠯᠠᠬᠤ ᠣᠷᠣᠨ ᠳᠤ ᠣᠴᠢᠵᠦ ᠬᠦᠭᠵᠢᠬᠦᠯᠬᠦ ᠶᠢ ᠵᠣᠷᠢᠠᠠᠵᠢᠭᠤᠯᠥᠨ᠂ ᠨᠢᠭᠡ ᠪᠦᠯᠥᠭ | ᠮᠠᠯᠵᠢᠬᠤ ᠳᠡᠷᠢᠶᠡᠯᠠᠬᠤ ᠣᠷᠣᠨ ᠤ ᠠᠳᠠᠯ ᠦᠢᠯᠡᠰ ᠴᠣᠠᠠᠴᠠᠯᠬᠠᠴᠢᠳ ᠢ ᠬᠦᠮᠦᠵᠢᠬᠦᠯᠬᠦ ᠪᠠ ᠳᠡᠶᠢᠴᠢᠯᠠᠨᠠ᠃ ︵ | ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠬᠦᠮᠦᠨ ᠤ ᠬᠦᠴᠣᠨ ᠤ ᠡᠬᠢ ᠪᠠᠶᠠᠯᠢᠭ | ᠨᠡᠶᠢᠭᠡᠮ ᠤᠨ ᠪᠠᠳᠣᠯᠠᠭ᠎ᠠ ᠶᠢᠨ ᠳᠢᠩᠬᠢᠮ᠂ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠬᠠᠩᠭᠠᠨ ᠪᠤᠷᠣᠯᠠᠭᠤᠯᠬᠤ | ᠬᠤᠯᠪᠤᠭᠠᠳᠣ ᠬᠤᠷᠰᠢᠶ᠎ᠠ᠂ ᠦᠪᠤᠷ ᠮᠣᠩᠭᠤᠯ ᠤᠨ ᠰᠢᠥᠳᠡᠨ ᠤ ᠶᠠᠪᠤᠳᠡᠯ ᠤᠨ ᠬᠠᠮᠢᠶᠡᠷᠦᠯᠳᠡ ᠶᠢᠨ ᠲᠤᠪᠴᠢᠶ᠎ᠠ | ᠬᠠᠷᠢᠭᠤᠴᠠᠨ᠎ᠠ︶ | ︵ᠭᠤᠷᠪᠠ︶ ᠬᠤᠳᠠᠯᠳᠤᠭ᠎ᠠ ᠡᠵᠡᠩᠨᠡᠬᠦ ᠣᠷᠴᠢᠨ ᠲᠤᠭᠤᠷᠢᠨ ᠢ ᠰᠢᠯᠢᠳᠡᠭᠵᠢᠬᠦᠯᠦᠨ᠎ᠡ᠃ | 1. ᠶᠠᠰᠣ ᠴᠢᠨᠡᠷ ᠤᠨ ᠪᠠᠳᠣᠯᠠᠭ᠎ᠠ ᠶᠢᠨ ᠰᠢᠰᠲ᠋ᠧᠮᠵᠢ ᠶᠢ ᠳᠡᠬᠦᠯᠳᠡᠷᠵᠢᠬᠦᠯᠦᠨ᠎ᠠ᠃ ᠳᠡᠷᠢᠶᠡᠯᠡᠩ ᠮᠠᠯ ᠤᠨ | ᠠᠰᠢᠭ ᠰᠢᠮ᠎ᠡ ᠶᠢᠨ ᠪᠦᠳᠦᠭᠡᠭᠳᠡᠬᠦᠨ ᠤ ᠪᠡᠷᠢᠮᠵᠢᠶ᠎ᠠ᠂ ᠪᠠᠶᠢᠴᠠᠭᠠᠨ ᠰᠢᠯᠭᠠᠬᠤ ᠪᠠᠶᠢᠴᠠᠭᠠᠨ ᠰᠢᠨᠵᠢᠬᠦ᠂ ᠠᠮᠥᠷ | ᠳᠥᠪᠰᠢᠨ ᠢ ᠬᠢᠨᠡᠨ ᠡᠵᠡᠮᠳᠡᠬᠦ᠂ ᠳᠡᠰ ᠬᠤᠪᠢᠶᠡᠨ ᠪᠤᠭᠤᠳᠡᠯᠯᠠᠬᠤ᠂ ᠬᠦᠯᠳᠡᠭᠡᠵᠦ ᠭᠡᠯᠬᠢᠶᠡᠵᠢᠬᠦᠯᠥᠨ ᠬᠦᠮᠦᠷᠭᠡᠯᠡᠵᠦ | ᠬᠠᠳᠠᠭᠠᠯᠠᠬᠤ᠂ ᠡᠳ᠋ᠰᠢᠬᠦᠯᠵᠦ ᠲᠣᠬᠢᠷᠡᠭᠤᠯᠥᠨ ᠬᠦᠷᠭᠡᠬᠦ᠂ ᠤᠬᠤᠴᠢᠯᠠᠨ ᠮᠦᠷᠳᠡᠬᠦ ᠰᠢᠰᠲ᠋ᠧᠮᠵᠢ ᠵᠡᠷᠭᠡ ᠮᠡᠷᠭᠡᠵᠢᠯ᠂ | ᠪᠡᠯᠡᠳᠭᠡᠮᠵᠢ ᠶᠢᠨ ᠰᠣᠳᠣᠯᠭᠠᠨ᠂ ᠭᠡᠷᠡᠭᠯᠡᠬᠡᠨ ᠪᠠ ᠪᠦᠳᠦᠭᠡᠨ ᠪᠠᠶᠢᠭᠤᠯᠤᠯᠳᠠ ᠶᠢ ᠴᠢᠩᠭᠠᠳᠬᠠᠵᠦ᠂ ᠲᠠᠷᠢᠶᠠᠯᠠᠩ | ᠮᠠᠯ ᠤᠨ ᠠᠰᠢᠭ ᠰᠢᠮ᠎ᠠ ᠶᠢᠨ ᠪᠦᠳᠦᠬᠡᠭᠳᠡᠬᠦᠨ ᠤ ᠪᠤᠭᠤᠳᠠᠯᠯᠠᠬᠤ ᠪᠠᠷᠢᠮᠵᠢᠶ᠎ᠠ ᠶᠢ ᠲᠦᠷᠬᠡᠳᠬᠡᠨ ᠲᠤᠭᠳᠠᠭᠠᠵᠦ᠂ ᠳᠡᠰ | ᠬᠤᠪᠢᠶᠡᠨ ᠪᠠᠷᠢᠮᠵᠢᠶᠡᠵᠢᠭᠤᠯᠬᠤ᠂ ᠪᠤᠭᠤᠳᠡᠯᠯᠠᠬᠤ ᠶᠢ ᠬᠡᠪ ᠪᠠᠷᠢᠮᠵᠢᠶ᠎ᠠ ᠲᠠᠢ ᠪᠤᠯᠭᠠᠬᠤ᠂ ᠪᠦᠳᠦᠬᠡᠭᠳᠡᠬᠦᠨ ᠢ | ᠨᠣᠮᠤᠷᠵᠢᠭᠤᠯᠬᠤ ᠶᠢ ᠳᠡᠯᠭᠡᠷᠡᠬᠦᠯᠵᠦ᠂ ᠪᠦᠳᠦᠭᠡᠭᠳᠡᠬᠦᠨ ᠤ ᠦᠢᠯᠡᠳᠪᠦᠷᠢᠯᠡᠬᠦ᠂ ᠡᠳ᠋ᠰᠢᠬᠦᠯᠬᠦ ᠪᠠ ᠪᠤᠷᠣᠯᠠᠭᠤᠯᠬᠤ ᠵᠡᠷᠭᠡ | ᠭᠤᠨᠴᠤᠭᠠ ᠶᠢᠨ ᠶᠠᠰᠣ ᠴᠢᠨᠡᠷ ᠲᠤ ᠬᠢᠨᠡᠯᠳᠡ ᠳᠡᠯᠪᠢᠬᠤ ᠶᠢ ᠴᠢᠩᠭᠠᠳᠬᠠᠵᠦ᠂ ᠲᠡᠬᠡᠳᠤ ᠪᠠ ᠲᠣᠣᠷᠡᠳᠣ ᠬᠡᠯᠬᠢᠶ᠎ᠠ ᠶᠢᠨ | ᠠᠵᠦ ᠠᠬᠤᠶᠢᠯᠠᠯ ᠤᠨ ᠤᠬᠤᠴᠢᠯᠠᠨ ᠮᠦᠷᠳᠡᠬᠦ ᠰᠢᠰᠲ᠋ᠧᠮᠵᠢ ᠶᠢ ᠵᠤᠯᠭᠠᠭᠤᠯᠬᠤ ᠪᠠ ᠮᠡᠳᠡᠭᠡ ᠵᠠᠩᠬᠢ ᠶᠢᠨ ᠬᠠᠷᠢᠯᠴᠠᠨ | ᠨᠡᠪᠳᠡᠷᠡᠵᠦ ᠬᠠᠮᠳᠣᠪᠡᠷ ᠬᠦᠷᠲᠡᠬᠦ ᠶᠢ ᠴᠢᠩᠭᠠᠷᠡᠭᠤᠯᠵᠦ᠂ ᠤᠬᠤᠴᠢᠯᠠᠨ ᠮᠦᠷᠳᠡᠬᠦ ᠰᠢᠰᠲ᠋ᠧᠮᠵᠢ ᠶᠢᠨ ᠪᠦᠷᠬᠦᠯᠲᠡ ᠶᠢᠨ | ᠭᠡᠪᠴᠢᠶ᠎ᠠ ᠶᠢ ᠦᠷᠭᠡᠳᠭᠡᠵᠦ᠂ ᠪᠦᠳᠦᠭᠡᠭᠳᠡᠬᠦᠨ ᠤ ︽ᠳᠡᠷᠢᠶᠡᠨ ᠭᠠᠵᠡᠷ ᠮᠠᠯᠵᠢᠯ ᠤᠨ ᠳᠡᠯᠡᠪᠡᠢ ᠠᠴᠠ ᠬᠤᠭᠤᠯᠡᠨ | ᠰᠢᠷᠡᠭᠡ ᠬᠦᠷᠳᠡᠯᠡᠬᠢ︾ ᠪᠦᠬᠦ ᠶᠠᠪᠤᠴᠠ ᠶᠢ ᠤᠬᠤᠴᠢᠯᠠᠨ ᠮᠦᠷᠳᠡᠵᠦ ᠪᠤᠯᠬᠤ ᠶᠢ ᠠᠯᠬᠤᠮ ᠠᠯᠬᠤᠮ ᠢᠶᠠᠷ | ᠪᠠᠶᠠᠯᠠᠬᠦᠯᠥᠨ᠎ᠠ᠃ ︵ᠦᠪᠡᠷᠳᠡᠭᠡᠨ ᠵᠠᠰᠬᠠᠥ ᠣᠷᠣᠨ ᠤ ᠶᠠᠰᠣ ᠴᠢᠨᠡᠷ ᠲᠤ ᠮᠡᠷᠭᠡᠵᠢᠯ ᠤᠨ ᠬᠢᠨᠡᠯᠳᠡ ᠳᠡᠯᠪᠢᠬᠤ | ᠲᠤᠪᠴᠢᠶ᠎ᠠ᠂ ᠢᠳᠡᠭᠡᠨ ᠪᠠ ᠡᠮ ᠤᠨ ᠵᠦᠢᠯ ᠤᠨ ᠬᠢᠨᠡᠯᠳᠡ ᠬᠠᠮᠢᠶᠡᠷᠦᠯᠳᠡ ᠶᠢᠨ ᠲᠤᠪᠴᠢᠶ᠎ᠠ᠂ ᠬᠤᠳᠠᠯᠳᠣᠭᠠᠨ ᠤ | ᠶᠠᠪᠤᠳᠡᠯ ᠤᠨ ᠳᠢᠩᠬᠢᠮ᠂ ᠳᠡᠷᠢᠶᠡᠯᠡᠩ ᠠᠵᠦ ᠠᠬᠤᠢ ᠶᠢᠨ ᠳᠢᠩᠬᠢᠮ᠂ ᠠᠵᠦ ᠦᠢᠯᠡᠳᠪᠦᠷᠢ ᠬᠤᠳᠠᠯᠳᠤᠭ᠎ᠠ ᠶᠢᠨ | ᠵᠠᠰᠠᠭ ᠵᠠᠬᠢᠷᠭᠠᠨ ᠤ ᠬᠠᠮᠢᠶᠡᠷᠦᠯᠳᠡ ᠶᠢᠨ ᠲᠤᠪᠴᠢᠶ᠎ᠠ ᠬᠠᠷᠢᠭᠤᠴᠠᠨ᠎ᠠ︶ | 2. ᠦᠨᠡᠨᠴᠢ ᠢᠳᠡᠭᠡᠮᠵᠢᠳᠡᠢ ᠪᠠᠶᠢᠬᠤ ᠣᠷᠴᠢᠨ ᠲᠤᠭᠤᠷᠢᠨ ᠤ ᠪᠠᠶᠢᠭᠤᠯᠥᠯᠳᠡ ᠶᠢ ᠠᠬᠢᠭᠤᠯᠥᠨ᠎ᠠ᠃ ᠮᠠᠯᠵᠢᠬᠤ | ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠦᠨᠡᠨᠴᠢ ᠢᠳᠡᠭᠡᠮᠵᠢ ᠶᠢᠨ ᠰᠢᠰᠲ᠋ᠧᠮᠵᠢ ᠶᠢ | ᠪᠠᠶᠢᠭᠤᠯᠥᠨ᠂ ᠦᠨᠡᠨᠴᠢ ᠢᠳᠡᠭᠡᠮᠵᠢ ᠶᠢᠨ ︽ᠨᠡᠷ᠎ᠠ ᠶᠢᠨ ᠬᠠᠷ᠎ᠠ ᠳᠡᠩᠰᠡ︾ ᠶᠢᠨ ᠳᠥᠷᠢᠮ ᠢ ᠪᠠᠶᠢᠭᠤᠯᠵᠦ᠂ | ᠢᠳᠡᠭᠡᠮᠵᠢ ᠠᠯᠳᠠᠬᠤ ᠶᠢᠨ ᠦᠪᠡᠷ ᠤᠨ ᠦᠷᠲᠡᠭ ᠢ ᠳᠡᠭᠡᠭᠰᠢᠯᠡᠬᠦᠯᠵᠦ᠂ ᠬᠠᠦᠯᠢ ᠶᠢ ᠰᠠᠬᠢᠵᠦ ᠦᠨᠡᠨᠴᠢ ᠢᠳᠡᠭᠡᠮᠵᠢᠳᠡᠢ | ᠡᠵᠡᠩᠨᠡᠯᠳᠡ ᠬᠢᠬᠦ ᠶᠢ ᠠᠬᠢᠭᠤᠯᠥᠨ᠎ᠠ᠃ ᠭᠤᠷᠪᠡᠳᠡᠬᠢ ᠡᠳᠡᠭᠡᠳ ᠤᠨ ᠳᠡᠪᠴᠠᠩ ᠤᠨ ᠲᠣᠳᠣᠭᠠᠳᠣ ᠶᠢᠨ | ᠬᠠᠮᠢᠶᠡᠷᠦᠯᠳᠡ ᠪᠠᠨ ᠴᠢᠩᠭᠠᠳᠬᠠᠬᠤ ᠶᠢ ᠰᠢᠮᠳᠡᠭᠤᠯᠵᠦ᠂ ᠭᠤᠤᠯ ᠴᠣᠠᠠᠴᠠ ᠶᠢᠨ ᠵᠦᠪᠰᠢᠶᠡᠷᠡᠨ ᠣᠷᠣᠭᠤᠯᠬᠤ ᠶᠢ | ᠵᠢᠷᠦᠮᠵᠢᠭᠤᠯᠥᠨ᠂ ︽ᠢᠳᠡᠭᠡᠮᠵᠢᠳᠡᠢ ᠪᠠᠶᠢᠬᠤ ᠪᠠᠷ ᠠᠪᠤᠷᠢᠯᠠᠬᠤ︾ ᠵᠡᠷᠭᠡ ᠮᠡᠭᠡᠯᠡᠨ ᠬᠢᠬᠠᠬᠤ ᠠᠵᠢᠯᠯᠠᠭ᠎ᠠ ᠶᠢ | ᠬᠤᠷᠢᠠᠠᠯᠠᠨ᠎ᠠ᠃ ᠭᠤᠷᠪᠡᠳᠡᠬᠢ ᠡᠳᠡᠭᠡᠳ ᠤᠨ ᠢᠳᠡᠭᠡᠮᠵᠢ ᠶᠢᠨ ᠦᠨᠡᠯᠡᠬᠦ ᠲᠤᠠᠠᠳᠡᠴᠠ ᠪᠠᠶᠢᠭᠤᠯᠬᠤ ᠶᠢ ᠳᠡᠮᠵᠢᠵᠦ᠂ | ᠠᠵᠢᠯ ᠳᠥᠷᠦᠯ ᠤᠨ ᠨᠡᠶᠢᠭᠡᠮᠯᠢᠭ ᠤᠨ ᠭᠡᠰᠢᠬᠦᠳ ᠤᠨ ᠢᠳᠡᠭᠡᠮᠵᠢ ᠶᠢᠨ ᠳᠡᠩᠰᠡ ᠡᠪᠭᠡᠮᠡᠯ ᠪᠠᠶᠢᠭᠤᠯᠬᠤ ᠶᠢ | ᠵᠣᠷᠢᠠᠠᠵᠢᠭᠤᠯᠥᠨ᠂ ᠠᠵᠢᠯ ᠳᠥᠷᠦᠯ ᠤᠨ ᠨᠡᠶᠢᠭᠡᠮᠯᠢᠭ ᠤᠨ ᠢᠳᠡᠭᠡᠮᠵᠢ ᠶᠢᠨ ᠮᠡᠳᠡᠭᠡ ᠵᠠᠩᠬᠢ ᠶᠢ ᠬᠠᠮᠳᠣᠪᠡᠷ ᠬᠦᠷᠲᠡᠬᠦ | ᠲᠣᠠᠠᠳᠡᠴᠠ ᠪᠠᠶᠢᠭᠤᠯᠬᠤ ᠶᠢ ᠠᠬᠢᠭᠤᠯᠥᠨ᠎ᠠ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ | ᠳᠢᠩᠬᠢᠮ᠂ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠠᠵᠦ ᠦᠢᠯᠡᠳᠪᠦᠷᠢ ᠬᠤᠳᠠᠯᠳᠤᠭ᠎ᠠ ᠶᠢᠨ ᠵᠠᠰᠠᠭ | ᠵᠠᠬᠢᠷᠭᠠᠨ ᠤ ᠬᠠᠮᠢᠶᠡᠷᠦᠯᠳᠡ ᠶᠢᠨ ᠲᠤᠪᠴᠢᠶ᠎ᠠ᠂ ᠲᠣᠳᠣᠭᠠᠳᠣ ᠶᠢ ᠬᠠᠮᠠᠭᠠᠯᠠᠬᠤ ᠳᠢᠩᠬᠢᠮ᠂ ᠨᠠᠮ ᠤᠨ ᠬᠤᠷᠢᠶ᠎ᠠ ᠶᠢᠨ | ᠢᠨᠲ᠋ᠧᠷ ᠰᠦᠯᠵᠢᠶ᠎ᠠ ᠶᠢᠨ ᠮᠡᠳᠡᠭᠡ ᠵᠠᠩᠬᠢ ᠶᠢᠨ ᠠᠯᠪᠠᠨ ᠭᠡᠷ ᠬᠠᠷᠢᠭᠤᠴᠠᠨ᠎ᠠ︶ | 3. ᠠᠮᠥᠷ ᠳᠥᠪᠰᠢᠨ ᠤ ᠬᠢᠨᠡᠯᠳᠡ ᠳᠡᠯᠪᠢᠬᠤ ᠲᠤᠠᠠᠳᠡᠴᠠ ᠶᠢ ᠪᠠᠶᠢᠭᠤᠯᠥᠨ᠎ᠠ᠃ ᠲᠣᠣᠷ ᠰᠦᠯᠵᠢᠶ᠎ᠡ ᠶᠢᠨ | ᠵᠠᠬ᠎ᠠ ᠳᠡᠯᠭᠡᠬᠦᠷ ᠪᠤᠯᠥᠨ ᠲᠣᠣᠷ ᠰᠦᠯᠵᠢᠶ᠎ᠠ ᠶᠢᠨ ᠠᠮᠥᠷ ᠳᠥᠪᠰᠢᠨ ᠤ ᠬᠢᠨᠡᠯᠳᠡ ᠬᠠᠮᠢᠶᠡᠷᠦᠯᠳᠡ ᠶᠢ ᠴᠢᠩᠭᠠᠳᠬᠠᠵᠦ᠂ | ᠠᠮᠥᠷ ᠳᠥᠪᠰᠢᠨ ᠪᠤᠯᠥᠨ ᠶᠠᠰᠣ ᠴᠢᠨᠡᠷ ᠤᠨ ᠱᠠᠭᠠᠷᠳᠡᠯᠭ᠎ᠠ ᠶᠢ ᠴᠢᠩᠭᠠᠷᠡᠭᠤᠯᠥᠨ᠂ ᠬᠤᠳᠠᠯ ᠬᠠᠭᠤᠷᠮᠠᠭ ᠣᠬᠠᠭᠤᠯᠥᠯ᠂ | ᠲᠥᠪ ᠪᠤᠰᠣ ᠦᠷᠢᠰᠦᠯᠳᠦᠭᠡᠨ᠂ ᠮᠡᠳᠡᠯᠭᠡ ᠶᠢᠨ ᠪᠦᠳᠦᠭᠡᠭᠳᠡᠬᠦᠨ ᠤ ᠦᠮᠴᠢᠯᠡᠬᠦ ᠡᠷᠬᠡ ᠳᠤ ᠬᠠᠯᠳᠠᠬᠤ ᠪᠠ | ᠰᠦᠯᠵᠢᠶᠡᠨ ᠳᠡᠭᠡᠷ᠎ᠠ ᠬᠠᠭᠤᠷᠮᠠᠭ ᠮᠠᠭᠤ ᠳᠡᠸᠡᠷ ᠪᠤᠷᠣᠯᠠᠭᠤᠯᠬᠤ ᠵᠡᠷᠭᠡ ᠬᠠᠦᠯᠢ ᠠᠴᠠ ᠵᠦᠷᠢᠴᠡᠭᠰᠡᠨ ᠠᠵᠢᠯᠯᠠᠭ᠎ᠠ ᠳᠤ | ᠴᠢᠩᠭ᠎ᠠ ᠴᠣᠬᠢᠯᠳᠡ ᠦᠭᠴᠥ᠂ ᠲᠣᠣᠷ ᠰᠦᠯᠵᠢᠶ᠎ᠠ ᠪᠠᠷ ᠭᠡᠷᠡᠭᠯᠡᠭᠡ ᠬᠢᠬᠦ ᠰᠠᠶᠢᠨ ᠰᠠᠶᠢᠬᠠᠨ ᠣᠷᠴᠢᠨ ᠲᠤᠭᠤᠷᠢᠨ ᠢ | ᠪᠤᠢ ᠪᠤᠯᠭᠠᠨ᠎ᠠ᠃ ᠳᠡᠸᠡᠷ ᠤᠨ ᠵᠢᠷᠣᠭᠠᠰᠣᠨ ᠺᠣᠳ᠋ ᠢ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ | ᠬᠤᠳᠠᠯᠳᠣᠭᠠᠨ ᠤ ᠶᠠᠪᠤᠳᠡᠯ ᠳᠤ ᠭᠡᠷᠡᠭᠯᠡᠬᠦ ᠶᠢ ᠳᠡᠯᠭᠡᠷᠡᠬᠦᠯᠥᠨ᠂ ᠳᠡᠬᠦᠨ ᠢ ᠪᠦᠬᠦ ᠣᠷᠣᠨ ᠤ ᠮᠠᠯᠵᠢᠬᠤ ᠳᠡᠷᠢᠶᠡᠯᠠᠬᠤ | ᠣᠷᠣᠨ ᠤ ᠪᠦᠳᠦᠭᠡᠭᠳᠡᠬᠦᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠢ ᠤᠬᠤᠴᠢᠯᠠᠨ ᠮᠦᠷᠲᠡᠬᠦ ᠰᠢᠰᠲ᠋ᠧᠮᠵᠢ ᠳᠤ | ᠠᠯᠬᠤᠮ ᠠᠯᠬᠤᠮ ᠢᠶᠠᠷ ᠣᠷᠣᠭᠤᠯᠵᠦ᠂ ᠬᠠᠭᠤᠷᠮᠠᠭ ᠮᠠᠭᠤ ᠳᠡᠸᠡᠷ ᠤᠨ ᠠᠷᠡᠯᠵᠢᠶᠡᠨ ᠤ ᠭᠤᠬᠴᠤᠭ᠎ᠠ ᠳᠤ ᠣᠷᠣᠬᠤ ᠶᠢ | ᠢᠷᠡᠯᠳᠡ ᠠᠴᠠ ᠨᠢ ᠰᠡᠷᠭᠡᠶᠢᠯᠡᠨ᠎ᠠ᠃ ︵ᠦᠪᠡᠷᠳᠡᠭᠡᠨ ᠵᠠᠰᠬᠠᠥ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ | ᠶᠠᠰᠣ ᠴᠢᠨᠡᠷ ᠲᠤ ᠮᠡᠷᠭᠡᠵᠢᠯ ᠤᠨ ᠬᠢᠨᠡᠯᠳᠡ ᠳᠡᠯᠪᠢᠬᠤ ᠲᠤᠪᠴᠢᠶ᠎ᠠ᠂ ᠨᠠᠮ ᠤᠨ ᠬᠤᠷᠢᠶ᠎ᠠ ᠶᠢᠨ ᠢᠨᠲ᠋ᠧᠷ | ᠰᠦᠯᠵᠢᠶ᠎ᠠ ᠶᠢᠨ ᠮᠡᠳᠡᠭᠡ ᠵᠠᠩᠬᠢ ᠶᠢᠨ ᠠᠯᠪᠠᠨ ᠭᠡᠷ᠂ ᠲᠣᠳᠣᠭᠠᠳᠣ ᠶᠢ ᠬᠠᠮᠠᠭᠠᠯᠠᠬᠤ ᠳᠢᠩᠬᠢᠮ ᠬᠠᠷᠢᠭᠤᠴᠠᠨ᠎ᠠ︶ | ᠳᠥᠷᠪᠡ᠂ ᠵᠤᠬᠢᠶᠡᠨ ᠪᠠᠶᠢᠭᠤᠯᠥᠨ ᠭᠡᠷᠡᠭᠵᠢᠬᠦᠯᠦᠨ᠎ᠡ | ᠦᠪᠡᠷᠳᠡᠭᠡᠨ ᠵᠠᠰᠬᠠᠥ ᠣᠷᠣᠨ ᠤ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠳᠢᠩᠬᠢᠮ ᠤᠨ ᠬᠠᠮᠳᠣᠷᠬᠠᠰᠠᠨ ᠬᠤᠷᠡᠯ ᠤᠨ ᠳᠥᠷᠢᠮ ᠢ ᠪᠠᠶᠢᠭᠤᠯᠵᠦ᠂ ᠦᠪᠡᠷᠳᠡᠭᠡᠨ ᠵᠠᠰᠬᠠᠥ ᠣᠷᠣᠨ ᠤ | ᠬᠤᠳᠠᠯᠳᠣᠭᠠᠨ ᠤ ᠶᠠᠪᠤᠳᠡᠯ ᠤᠨ ᠳᠢᠩᠬᠢᠮ ᠨᠢ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ | ᠶᠠᠪᠤᠳᠡᠯ ᠤᠨ ᠠᠵᠢᠯ ᠢ ᠠᠬᠢᠭᠤᠯᠬᠤ ᠶᠢᠨ ᠳᠥᠷᠦᠬᠦᠯᠡᠬᠦ ᠰᠠᠯᠠᠭ᠎ᠠ ᠮᠦᠴᠢᠷ ᠤᠨ ᠬᠤᠪᠢ ᠳᠤ ᠬᠠᠮᠳᠣᠷᠬᠠᠰᠠᠨ | ᠬᠤᠷᠡᠯ ᠤᠨ ᠪᠦᠷᠢᠯᠳᠦᠬᠦᠨ ᠨᠢᠭᠡᠴᠡ ᠯᠦᠭᠡ ᠬᠠᠮᠵᠢᠯᠴᠠᠨ ᠨᠢᠭᠡᠳᠦᠯᠳᠡᠢ ᠳᠥᠯᠥᠪᠯᠡᠨ ᠵᠤᠬᠢᠴᠠᠭᠤᠯᠬᠤ ᠪᠠ ᠮᠦᠷᠳᠡᠨ | ᠰᠢᠮᠳᠠᠭᠤᠯᠥᠨ ᠪᠠᠶᠢᠴᠠᠭᠠᠬᠤ ᠪᠠᠨ ᠴᠢᠩᠭᠠᠳᠬᠠᠵᠦ᠂ ᠲᠣᠷᠰᠢᠯᠭ᠎ᠠ ᠪᠠᠨ ᠴᠠᠭ ᠲᠤᠬᠠᠢ ᠳᠤᠨᠢ ᠳ᠋ᠦᠩᠨᠡᠨ ᠳᠡᠯᠭᠡᠷᠡᠬᠦᠯᠵᠦ᠂ | ᠠᠰᠠᠭᠤᠳᠡᠯ ᠢ ᠵᠤᠬᠢᠴᠠᠭᠤᠯᠥᠨ ᠰᠢᠢᠳᠪᠦᠷᠢᠯᠡᠵᠦ᠂ ᠡᠯ᠎ᠠ ᠵᠦᠢᠯ ᠤᠨ ᠠᠷᠭ᠎ᠠ ᠭᠡᠮᠵᠢᠶ᠎ᠠ ᠶᠢ ᠨᠠᠶᠢᠢᠳᠠᠪᠤᠷᠢᠵᠢᠭᠤᠯᠤᠨ | ᠪᠤᠳᠡᠳᠡᠶᠢᠵᠢᠭᠤᠯᠬᠤ ᠶᠢ ᠦᠨᠡᠨᠬᠦ ᠪᠠᠳᠣᠯᠠᠨ᠎ᠠ᠃ ᠡᠯ᠎ᠠ ᠰᠠᠯᠠᠭ᠎ᠠ ᠮᠦᠴᠢᠷ ᠤᠳ ᠡᠬᠦᠷᠭᠡ ᠴᠢᠳᠡᠪᠦᠷᠢ ᠶᠢᠨ ᠠᠵᠢᠯ ᠤᠨ | ᠬᠤᠪᠢᠶᠡᠷᠢᠯᠡᠯ ᠶᠣᠰᠣᠭᠠᠷ ᠬᠠᠷᠢᠭᠤᠴᠠᠯᠭ᠎ᠠ ᠪᠠᠨ ᠨᠡᠶᠢᠳᠡᠪᠦᠷᠢᠵᠢᠭᠤᠯᠵᠦ᠂ ᠵᠣᠬᠢᠴᠠᠭᠤᠯᠭ᠎ᠠ ᠪᠠᠨ ᠴᠢᠩᠭᠠᠳᠬᠠᠨ᠂ | ᠨᠡᠶᠢᠯᠡᠮᠠᠯ ᠬᠦᠴᠣᠨ ᠢ ᠪᠦᠷᠢᠯᠳᠦᠬᠦᠯᠥᠨ᠎ᠠ᠃ ᠡᠯ᠎ᠠ ᠠᠶᠢᠮᠠᠭ ᠤᠨ ᠵᠠᠬᠢᠷᠭ᠎ᠠ᠂ ᠬᠤᠳᠡ ᠶᠢᠨ ᠠᠷᠡᠳ ᠤᠨ ᠵᠠᠰᠠᠭ ᠤᠨ | ᠣᠷᠳᠣᠨ᠂ ᠡᠯ᠎ᠠ ᠬᠤᠰᠢᠭᠤ ᠰᠢᠶᠡᠨ ︵ᠬᠤᠳᠡ᠂ ᠲᠤᠭᠤᠷᠢᠭ︶ ᠤ ᠠᠷᠡᠳ ᠤᠨ ᠵᠠᠰᠠᠭ ᠤᠨ ᠣᠷᠳᠣᠨ ᠨᠢ | ᠳᠡᠨᠢᠯᠳᠡ ᠪᠠᠨ ᠳᠡᠭᠡᠭᠰᠢᠯᠡᠬᠦᠯᠵᠦ᠂ ᠣᠨᠴᠣᠭᠤᠶᠢᠯᠠᠨ ᠣᠯᠥᠰ ᠤᠨ ᠳᠡᠰ ᠤᠨ ︽ᠡᠯᠧᠺᠲᠷᠤᠨ ᠬᠤᠳᠠᠯᠳᠣᠭᠠᠨ ᠤ | ᠶᠠᠪᠤᠳᠡᠯ ᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠭᠡᠶᠢᠯᠡᠨ ᠵᠢᠱᠢᠶ᠎ᠠ ᠦᠵᠡᠬᠦᠯᠬᠦ ᠰᠢᠶᠡᠨ︾ ᠳᠤ | ᠵᠢᠠᠠᠰᠠᠭᠠᠠᠠᠳ᠋ᠬᠠᠰᠠᠨ ᠬᠤᠰᠢᠭᠤ ᠰᠢᠶᠡᠨ ︵ᠬᠤᠳᠡ᠂ ᠲᠤᠭᠤᠷᠢᠭ︶ ᠨᠢ᠂ ᠵᠤᠬᠢᠶᠡᠨ ᠪᠠᠶᠢᠭᠤᠯᠥᠯᠳᠡ ᠶᠢᠨ | ᠣᠳᠣᠷᠢᠳᠣᠯᠭ᠎ᠠ ᠪᠠ ᠨᠢᠭᠡᠳᠦᠯᠳᠡᠢ ᠳᠥᠯᠥᠪᠯᠡᠨ ᠵᠤᠬᠢᠴᠠᠭᠤᠯᠬᠤ ᠪᠠᠨ ᠴᠢᠩᠭᠠᠳᠬᠠᠵᠦ᠂ ᠮᠠᠯᠵᠢᠬᠤ ᠳᠡᠷᠢᠶᠡᠯᠠᠬᠤ | ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠢ ᠬᠦᠭᠵᠢᠬᠦᠯᠬᠦ ᠶᠢ ᠮᠠᠨ ᠤ ᠣᠷᠣᠨ ᠤ ᠮᠠᠯᠵᠢᠬᠤ ᠳᠡᠷᠢᠶᠡᠯᠠᠬᠤ | ᠣᠷᠣᠨ ᠤ ᠠᠵᠦ ᠠᠬᠤᠢ ᠶᠢᠨ ᠰᠢᠨ᠎ᠡ ᠨᠢᠭᠡᠨ ᠡᠭᠡᠯᠵᠢ ᠶᠢᠨ ᠬᠦᠭᠵᠢᠯᠳᠡ ᠶᠢᠨ ᠪᠠᠶᠢᠯᠳᠣᠬᠤ ᠪᠤᠳᠣᠯᠭ᠎ᠠ ᠶᠢᠨ ᠠᠷᠭ᠎ᠠ | ᠭᠡᠮᠵᠢᠶ᠎ᠠ ᠪᠤᠯᠭᠠᠵᠦ ᠪᠠᠶᠢᠭᠠᠳ ᠠᠬᠢᠭᠤᠯᠥᠨ᠎ᠠ︔ ᠲᠣᠰ ᠭᠠᠵᠡᠷ ᠣᠷᠣᠨ ᠤ ᠪᠤᠳᠡᠳᠡᠢ ᠲᠠᠢ ᠪᠠᠨ ᠣᠶᠠᠯᠳᠣᠭᠤᠯᠥᠨ᠂ | ᠳᠥᠯᠥᠪᠵᠢᠬᠦᠯᠥᠨ ᠬᠦᠳᠦᠯᠥᠨ ᠵᠢᠯᠥᠭᠤᠳᠬᠤ ᠪᠠᠨ ᠴᠢᠩᠭᠠᠳᠬᠠᠵᠦ᠂ ᠲᠤᠬᠠᠢ ᠶᠢᠨ ᠭᠠᠵᠡᠷ ᠣᠷᠣᠨ ᠤ | ᠪᠠᠶᠢᠳᠡᠯ ᠳᠠᠭᠠᠨ ᠲᠣᠬᠢᠷᠡᠭᠤᠯᠥᠨ ᠭᠡᠷᠡᠭᠵᠢᠬᠦᠯᠬᠦ ᠳᠥᠰᠥᠯ ᠢ ᠲᠣᠠᠠᠳᠠᠭᠠᠵᠦ᠂ ᠴᠢᠭᠯᠡᠬᠦᠯᠬᠦ ᠴᠢᠨᠡᠷᠳᠡᠢ ᠪᠤᠳᠡᠳᠡᠢ ᠠᠷᠭ᠎ᠠ | ᠭᠡᠮᠵᠢᠶ᠎ᠠ ᠨᠡᠶᠢᠳᠡᠯᠡᠨ᠂ ᠮᠠᠯᠵᠢᠬᠤ ᠳᠡᠷᠢᠶᠡᠯᠠᠬᠤ ᠣᠷᠣᠨ ᠤ ᠡᠯᠧᠺᠲᠷᠤᠨ ᠬᠤᠳᠠᠯᠳᠣᠭᠠᠨ ᠤ ᠶᠠᠪᠤᠳᠡᠯ ᠤᠨ ᠡᠷᠡᠬᠦᠯ ᠢᠶᠠᠷ | ᠬᠦᠭᠵᠢᠬᠦ ᠶᠢ ᠠᠬᠢᠭᠤᠯᠥᠨ᠎ᠠ᠃ |