| ᠯᠢ ᠵᠢᠢ ᠾᠧᠩ ︽ᠬᠠᠶᠢᠷ᠎ᠠ ᠰᠡᠳᠬᠢᠯ ᠶᠢᠨ ᠬᠠᠶᠢᠷᠴᠠᠭ︾ ᠲᠤ ᠬᠠᠭᠤᠴᠢᠨ ᠰᠤᠨᠢᠨ ᠬᠢᠵᠦ ᠪᠠᠶᠢᠭ᠎ᠠ ᠨᠢ | | ᠬᠠᠨᠳᠢᠪ ᠡᠷᠭᠦᠬᠦ ᠠᠬᠤᠢ ᠲᠠᠯᠠᠪᠠᠢ | 3 ᠳ᠋ᠤᠭᠠᠷ ᠰᠠᠷ᠎ᠠ ᠶᠢᠨ 9 ᠤ ᠦᠷᠯᠦᠬᠡ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠷᠠᠯ ᠳᠤ ᠣᠷᠣᠯᠴᠠᠵᠣ ᠪᠠᠶᠢᠭ᠎ᠠ ᠦᠪᠦᠷ | ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠤᠷᠠᠯ ᠤᠨ ᠲᠠᠯᠠᠪᠠᠢ ᠶᠢᠨ ᠭᠠᠳᠠᠨ᠎ᠠ ᠳᠠᠯᠪᠢᠭᠳᠠᠭᠰᠠᠨ ᠰᠢᠷ᠎ᠠ | ᠦᠩᠬᠡ ᠲᠠᠢ ︽ᠬᠠᠭᠤᠳᠠᠰᠤ ᠴᠠᠭᠠᠰᠤ ᠪᠠᠷ ᠬᠠᠶᠢᠷ᠎ᠠ ᠪᠠᠨ ᠡᠷᠭᠦᠬᠦ ᠠᠵᠢᠯᠯᠠᠭ᠎ᠠ︾ ᠶᠢᠨ ᠬᠠᠶᠢᠷᠴᠠᠬ ᠬᠦᠮᠦᠰ ᠤᠨ | ᠠᠩᠬᠠᠷᠤᠯ ᠢ ᠣᠨᠴᠠ ᠲᠠᠳᠠᠨ᠎ᠠ᠃ ᠪᠦᠯᠬᠦᠮ ᠤᠨ ᠬᠤᠷᠠᠯ ᠳᠤ ᠤᠷᠤᠯᠴᠠᠵᠦ ᠪᠠᠶᠢᠭ᠎ᠠ ᠲᠦᠯᠦᠭᠡᠯᠡᠭᠴᠢᠳ ᠭᠠᠷ ᠲᠠᠬᠢ | ᠬᠠᠭᠤᠴᠢᠨ ᠰᠤᠨᠢᠨ ᠪᠤᠯᠤᠨ ᠬᠠᠶᠠᠬᠳᠠᠮᠠᠯ ᠴᠠᠭᠠᠰᠤ ᠪᠠᠨ ᠬᠠᠶᠢᠷᠴᠠᠬ ᠲᠤ ᠬᠢᠵᠦ᠂ ᠪᠤᠳᠠᠳᠤ ᠠᠵᠢᠯᠯᠠᠭ᠎ᠠ ᠪᠠᠷ ᠢᠶᠠᠨ | ᠡᠨᠡᠬᠦ ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ ᠶᠢ ᠲᠡᠮᠵᠢᠵᠦ ᠪᠠᠶᠢᠬᠤ ᠪᠠᠨ ᠢᠯᠡᠳᠬᠡᠵᠡᠭᠡᠪᠡ᠃ | ᠯᠢ ᠵᠢᠢ ᠾᠧᠩ᠂ ᠪᠦ᠋ ᠰᠢᠶᠤᠤ ᠯᠢᠨ ᠨᠠᠷ ᠠᠵᠢᠯᠯᠠᠭ᠎ᠠ ᠳᠤ ᠤᠷᠤᠯᠴᠠᠵᠠᠢ᠃ | ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠲᠤᠰᠠᠯᠠᠬᠤ ᠴᠢᠬ ᠲᠤ ᠲᠠᠯᠪᠢᠭᠰᠠᠨ ᠬᠠᠶᠢᠷᠴᠠᠬ | ᠲᠡᠭᠡᠷ᠎ᠠ ︽ᠶᠠᠳᠠᠭᠤ ᠬᠦᠴᠢᠷᠳᠠᠯᠳᠠᠢ ᠠᠴᠠ ᠪᠤᠯᠵᠦ ᠲᠦᠷᠦᠯᠬᠢ ᠶᠢᠨ ᠵᠢᠷᠦᠬᠡᠨ ᠡᠪᠡᠳᠴᠢᠨ ᠲᠠᠢ ᠨᠢᠬᠡ ᠬᠡᠤᠬᠡᠳ ᠤᠨ | ᠵᠢᠷᠦᠬᠡᠨ ᠴᠤᠬᠢᠯᠠᠭ᠎ᠠ ᠶᠢ ᠴᠤ ᠵᠤᠬᠰᠤᠭᠠᠬᠤ ᠦᠬᠡᠢ᠃ ᠲᠠ ᠨᠢᠬᠡ ᠬᠠᠭᠤᠳᠠᠰᠣ ᠬᠠᠶᠠᠬᠳᠠᠮᠠᠯ ᠴᠠᠭᠠᠰᠤ ᠪᠠᠨ | ᠬᠠᠨᠳᠢᠪᠯᠠᠬᠰᠠᠨ ᠴᠤ ᠠᠮᠢᠳᠤᠷᠠᠯ ᠨᠢ ᠶᠠᠳᠠᠭᠤ ᠬᠦᠴᠢᠷᠳᠡᠯᠳᠡᠢ ᠡᠪᠡᠳᠴᠢᠨ ᠲᠠᠢ ᠬᠡᠤᠬᠡᠳ ᠪᠤᠯᠤᠨ ᠬᠦᠴᠢᠷᠳᠡᠯᠳᠡᠢ | ᠤᠯᠠᠨ ᠲᠦᠮᠡᠨ ᠢ ᠬᠠᠪᠰᠤᠷᠤᠬᠰᠠᠨ ᠶᠠᠪᠤᠳᠠᠯ ᠪᠤᠯᠬᠤ ᠶᠤᠮ︾ ᠭᠡᠰᠡᠨ ᠦᠰᠦᠭ ᠤᠳ ᠠᠵᠢᠯᠯᠠᠭ᠎ᠠ ᠳᠤ | ᠤᠷᠤᠯᠴᠠᠬᠰᠠᠨ ᠲᠦᠯᠦᠭᠡᠯᠡᠭᠴᠢᠳ ᠤᠨ ᠰᠡᠳᠬᠢᠯ ᠢ ᠲᠤᠬᠳᠤᠯᠤᠭᠤᠯᠣᠯᠠ᠃ | ︽ᠬᠡᠳᠦ᠋ᠢᠪᠡᠷ ᠬᠠᠭᠤᠴᠢᠨ ᠰᠤᠨᠢᠨ ᠢᠶᠠᠨ ᠬᠠᠨᠳᠢᠪᠯᠠᠬᠰᠠᠨ ᠵᠢᠵᠢᠭᠬᠡᠨ ᠶᠠᠪᠤᠳᠠᠯ ᠪᠤᠯᠪᠠᠴᠤ ᠮᠠᠨ ᠤ ᠠᠷᠠᠳ ᠤᠨ | ᠲᠦᠯᠦᠭᠡᠯᠡᠭᠴᠢᠳ ᠤᠨ ᠠᠵᠢᠯᠯᠠᠭ᠎ᠠ ᠪᠠᠷ ᠲᠠᠮᠵᠢᠨ᠂ ᠨᠡᠩ ᠤᠯᠨᠨ ᠬᠦᠮᠦᠨ ᠢ ᠲᠠᠭᠠᠭᠤᠯᠤᠨ ᠳᠠᠶᠢᠴᠢᠯᠠᠵᠣ | ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ ᠳᠤ ᠤᠷᠤᠯᠴᠠᠭᠤᠯᠬᠤ ᠶᠢ ᠬᠦᠰᠡᠵᠦ ᠪᠠᠶᠢᠨ᠎ᠠ︾ ᠬᠡᠵᠦ ᠰᠢᠩ ᠶᠦᠩ ᠮᠢᠩ | ᠲᠦᠯᠦᠭᠡᠯᠡᠭᠴᠢ ᠬᠡᠯᠡᠨ᠎ᠡ᠃ | ︽ᠲᠤᠰᠤᠯ ᠢ ᠬᠤᠷᠢᠶᠠᠪᠠᠯ ᠲᠠᠯᠠᠢ ᠪᠤᠯᠳᠠᠬ᠃ ᠠᠷᠠᠳ ᠤᠨ ᠲᠦᠯᠦᠭᠡᠯᠡᠭᠴᠢ ᠬᠠᠶᠢᠷ᠎ᠠ ᠶᠢᠨ ᠡᠯᠴᠢ ᠪᠠ | ᠨᠡᠶᠢᠬᠡᠮ ᠤᠨ ᠲᠠᠪᠰᠢᠯᠳᠠ ᠶᠢᠨ ᠠᠬᠢᠭᠤᠯᠤᠭᠴᠢ ᠪᠤᠯᠪᠠᠯ ᠵᠤᠬᠢᠨ᠎ᠠ︾ ᠬᠡᠵᠦ ᠳ᠋ᠧᠩ ᠸᠧᠢ ᠲᠦᠯᠦᠭᠡᠯᠡᠭᠴᠢ | ᠲᠦᠷᠦᠭᠳᠡᠯ ᠢᠶᠠᠨ ᠬᠡᠯᠡᠨ᠎ᠠ᠃ | ︽ᠬᠠᠭᠤᠳᠠᠰᠤ ᠴᠠᠭᠠᠰᠤ ᠪᠠᠷ ᠬᠠᠶᠢᠷ᠎ᠠ ᠪᠠᠨ ᠡᠷᠭᠦᠬᠦ ᠠᠵᠢᠯᠯᠠᠭ᠎ᠠ︾ ᠶᠢ ᠪᠤᠯ ᠲᠤᠮᠳᠠᠳᠤ ᠶᠢᠨ | ᠨᠢᠬᠦᠯᠡᠰᠦᠩᠬᠦᠢ ᠶᠢᠨ ᠶᠡᠷᠦᠩᠬᠡᠢ ᠨᠡᠶᠢᠬᠡᠮᠯᠢᠭ ᠠᠴᠠ ᠰᠠᠨᠠᠭᠠᠴᠢᠯᠠᠨ ᠰᠡᠳᠦᠵᠦ᠂ ᠨᠡᠶᠢᠬᠡᠮ ᠤᠨ ᠡᠯ᠎ᠠ ᠡᠳᠡᠭᠡᠳ ᠪᠠ | ᠨᠡᠶᠢᠭᠡᠮ ᠨᠡᠶᠢᠳᠡ ᠶᠢᠨ ᠬᠠᠭᠤᠴᠢᠨ ᠰᠤᠨᠢᠨ ᠢᠶᠠᠨ ᠲᠤᠰᠠᠯᠠᠬᠤ ᠶᠢ ᠰᠠᠨᠠᠭᠠᠴᠢᠯᠠᠵᠦ᠂ ᠬᠤᠳᠠᠯᠳᠤᠵᠦ ᠤᠯᠤᠬᠰᠠᠨ | ᠨᠢᠬᠦᠯᠡᠰᠦᠩᠬᠦᠢ ᠶᠢᠨ ᠮᠦᠩᠬᠦ ᠶᠢ ᠶᠠᠳᠠᠭᠤ ᠬᠦᠴᠢᠷᠳᠡᠯᠳᠡᠢ ᠬᠡᠷ ᠪᠦᠯᠢ ᠶᠢᠨ ᠲᠦᠷᠦᠯᠬᠢ ᠶᠢᠨ ᠵᠢᠷᠦᠬᠡᠨ | ᠡᠪᠡᠳᠴᠢᠨ ᠲᠠᠢ ᠪᠤᠯᠤᠨ ᠴᠢᠰᠤ ᠴᠠᠶᠢᠬᠤ ᠡᠪᠡᠳᠴᠢᠨ ᠲᠠᠢ ᠬᠡᠤᠬᠡᠳ ᠢ ᠠᠪᠤᠷᠨᠨ ᠲᠤᠰᠠᠯᠠᠬᠤ ᠳᠤ ᠬᠡᠷᠡᠭᠯᠡᠬᠦ ᠪᠠᠷ | ᠵᠤᠷᠢᠯᠳᠠ ᠪᠠᠨ ᠪᠣᠯᠭᠠᠵᠠᠢ᠃ ᠠᠵᠢᠯᠯᠠᠭ᠎ᠠ ᠨᠢ 2008 ᠣᠨ ᠠᠴᠠ ᠡᠬᠢᠯᠡᠵᠦ᠂ ᠪᠦᠷᠢᠨ ᠪᠤᠰᠤ ᠪᠦᠷᠢᠳᠬᠡᠯ ᠢ | ᠦᠨᠳᠦᠰᠦᠯᠡᠪᠡᠯ 2016 ᠣᠨ ᠤ ᠰᠡᠬᠦᠯᠴᠢ ᠪᠤᠯᠳᠠᠯ᠎ᠠ᠂ ᠪᠦᠬᠦ ᠤᠯᠤᠰ ᠢᠶᠠᠷ ᠢᠶᠠᠨ ᠨᠡᠶᠢᠳᠡ 5 ᠲᠦᠮᠡ ᠭᠠᠷᠤᠢ | ᠲᠤᠨ ᠬᠠᠶᠠᠬᠳᠠᠮᠠᠯ ᠬᠠᠭᠤᠴᠢᠨ ᠰᠤᠨᠢᠨ ᠴᠤᠬᠯᠠᠭᠤᠯᠵᠦ᠂ 3600 ᠲᠦᠮᠡᠨ ᠲᠦᠬᠦᠷᠢᠭ ᠤᠨ ᠨᠢᠬᠦᠯᠡᠰᠦᠩᠬᠦᠢ ᠶᠢᠨ | ᠮᠦᠩᠬᠦ ᠬᠤᠷᠠᠮᠳᠤᠭᠤᠯᠵᠦ᠂ 470 ᠭᠠᠷᠤᠢ ᠶᠠᠳᠠᠭᠤ ᠬᠦᠴᠢᠷᠳᠡᠯᠳᠡᠢ ᠬᠡᠷ ᠪᠦᠯᠢ ᠶᠢᠨ ᠲᠦᠷᠦᠯᠬᠢ ᠶᠢᠨ ᠵᠢᠷᠦᠬᠡᠨ | ᠡᠪᠡᠳᠴᠢᠨ ᠲᠠᠢ ᠬᠡᠤᠬᠡᠳ ᠢ ᠠᠪᠤᠷᠠᠨ ᠲᠤᠰᠠᠯᠠᠭᠰᠠᠨ ᠪᠢᠯᠡ᠃ | ᠲᠤᠮᠳᠠᠳᠤ ᠶᠢᠨ ᠨᠢᠬᠦᠯᠡᠰᠦᠩᠬᠦᠢ ᠶᠢᠨ ᠶᠡᠷᠦᠩᠬᠡᠢ ᠨᠡᠶᠢᠬᠡᠮᠯᠢᠭ ᠤᠨ ᠰᠤᠨᠢᠨ ᠮᠡᠳᠡᠬᠡᠨ ᠤ ᠡᠳᠡᠭᠡᠳ ᠤᠨ | ᠨᠢᠬᠦᠯᠡᠰᠦᠩᠬᠦᠢ ᠶᠢ ᠠᠬᠢᠭᠤᠯᠬᠤ ᠨᠡᠶᠢᠬᠡᠮᠯᠢᠭ ᠤᠨ ᠭᠦᠢᠴᠡᠳᠭᠡᠭᠴᠢ ᠲᠠᠷᠤᠭ᠎ᠠ ᠰᠢᠤᠢ ᠢ ᠰᠢᠤᠸᠠᠨ ᠤ | ᠲᠠᠨᠢᠯᠴᠠᠭᠤᠯᠤᠬᠰᠠᠨ ᠢᠶᠠᠷ᠂ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠪᠤᠯ ᠡᠨᠡ ᠤᠳᠠᠭ᠎ᠠ ᠶᠢᠨ ᠪᠦᠬᠦ | ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ ︽ᠬᠠᠭᠤᠳᠠᠰᠤ ᠴᠠᠭᠠᠰᠤ ᠪᠠᠷ ᠬᠠᠶᠢᠷ᠎ᠠ ᠪᠠᠨ ᠡᠷᠭᠦᠬᠦ | ᠠᠵᠢᠯᠯᠠᠭ᠎ᠠ︾ ᠶᠢ ᠬᠠᠮᠤᠭ ᠤᠨ ᠲᠦᠷᠦᠭᠦᠨ ᠳᠤ ᠵᠤᠬᠢᠶᠠᠨ ᠪᠠᠶᠢᠭᠤᠯᠵᠤ ᠦᠷᠨᠢᠭᠦᠯᠦᠭᠰᠡᠨ ᠲᠦᠯᠦᠭᠡᠯᠡᠭᠴᠢᠳ ᠤᠨ | ᠪᠦᠯᠬᠦᠮ ᠪᠣᠯᠣᠨ᠎ᠠ᠃ ︽ᠬᠠᠭᠤᠳᠠᠰᠤ ᠴᠠᠭᠠᠰᠤ ᠪᠠᠷ ᠬᠠᠶᠢᠷ᠎ᠠ ᠪᠠᠨ ᠡᠷᠭᠦᠬᠦ ᠠᠵᠢᠯᠯᠠᠭ᠎ᠠ︾ ᠪᠤᠯᠤᠨ ᠨᠡᠶᠢᠬᠡᠮ ᠤᠨ | ᠡᠯ᠎ᠠ ᠡᠳᠡᠬᠡᠳ ᠤᠨ ᠬᠠᠯᠠᠭᠤᠨ ᠰᠡᠳᠬᠢᠯᠳᠤ ᠬᠦᠮᠦᠰ ᠤᠨ ᠬᠠᠨᠳᠢᠪ ᠢᠶᠠᠷ ᠲᠠᠮᠵᠢᠨ ᠦᠪᠦᠷ ᠮᠤᠩᠭᠤᠯ ᠨᠢᠬᠡᠨᠳᠡ 117 | ᠶᠠᠳᠠᠭᠤ ᠬᠦᠴᠢᠷᠳᠡᠯᠳᠡᠢ ᠬᠡᠷ ᠪᠦᠯᠢ ᠶᠢᠨ ᠲᠦᠷᠦᠯᠬᠢ ᠶᠢᠨ ᠵᠢᠷᠦᠬᠡᠨ ᠡᠪᠡᠳᠴᠢᠨ ᠲᠠᠢ ᠬᠡᠤᠬᠡᠳ ᠢ ᠰᠦᠢᠳᠭᠡᠯ | ᠬᠤᠷᠢᠶᠠᠬᠤ ᠦᠭᠡᠢ ᠪᠠᠷ ᠠᠪᠤᠷᠠᠨ ᠵᠠᠰᠠᠵᠣ᠂ ᠪᠠᠰᠠ 11 ᠡᠪᠡᠳᠴᠢᠨ ᠲᠠᠢ ᠬᠡᠤᠬᠡᠳ ᠢ ᠶᠠᠭ ᠲᠤᠮᠳᠠᠳᠤ ᠤᠯᠤᠰ ᠤᠨ | ᠠᠷᠠᠳ ᠤᠨ ᠴᠢᠯᠦᠭᠡᠯᠡᠬᠦ ᠴᠡᠷᠢᠭ ᠤᠨ ᠠᠭᠠᠷ ᠤᠨ ᠴᠡᠷᠢᠭ ᠤᠨ ᠶᠡᠷᠦᠩᠬᠡᠢ ᠡᠮᠨᠡᠯᠬᠡ ᠶᠢᠨ ᠬᠤᠷᠢᠶ᠎ᠠ ᠳᠤ ᠡᠮᠨᠡᠨ | ᠵᠠᠰᠠᠭᠤᠯᠵᠤ ᠪᠠᠶᠢᠨ᠎ᠠ ᠬᠡᠯ᠎ᠠ᠃ |