ᠦᠪᠦᠷ ᠮᠣᠩᠭᠤᠯ ᠤᠨ ᠲᠦᠯᠦᠭᠡᠯᠡᠭᠴᠢᠳ ᠤᠨ ᠪᠦᠯᠬᠦᠮ ᠰᠠᠭᠤᠭ᠎ᠠ ᠭᠠᠵᠠᠷ ᠲᠠᠭᠠᠨ ᠪᠦᠯᠬᠦᠮ ᠤᠨ ᠪᠦᠭᠦᠳᠡ ᠬᠤᠷᠠᠯ ᠬᠢᠪᠡ
ᠨᠡᠶᠢᠲᠡᠯᠡᠭᠰᠡᠨ ᠴᠠᠭ᠄
2017/3/15
     3 ᠳ᠋ᠤᠭᠠᠷ ᠰᠠᠷ᠎ᠠ ᠶᠢᠨ 14᠎ ᠤ ᠡᠳᠦᠷ ᠤᠨ ᠦᠳᠡ ᠶᠢᠨ ᠬᠤᠶᠢᠨ᠎ᠠ᠂ ᠠᠷᠪᠠᠨ ᠬᠤᠶᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠠᠪᠣᠳᠣᠭᠠᠷ ᠬᠤᠷᠠᠯ ᠳᠤ ᠣᠷᠣᠯᠴᠠᠵᠣ ᠪᠠᠶᠢᠭ᠎ᠠ ᠦᠪᠦᠷ ᠮᠣᠩᠭᠤᠯ ᠤᠨ ᠲᠦᠯᠦᠭᠡᠯᠡᠭᠴᠢᠳ ᠤᠨ ᠪᠦᠯᠬᠦᠮ ᠰᠠᠭᠤᠭ᠎ᠠ ᠭᠠᠵᠠᠷ ᠲᠠᠭᠠᠨ ᠪᠦᠯᠬᠦᠮ ᠤᠨ ᠪᠦᠭᠦᠳᠡ ᠬᠤᠷᠠᠯ ᠬᠢᠵᠦ᠂ ᠵᠠᠰᠠᠭ ᠤᠨ ᠣᠷᠳᠣᠨ ᠤ ᠠᠵᠢᠯ ᠤᠨ ᠢᠯᠡᠳᠭᠡᠯ ᠤᠨ ᠳᠣᠬᠠᠢ ᠰᠢᠢᠳᠪᠦᠷᠢ ᠶᠢᠨ ᠲᠦᠰᠦᠯ᠂ 2016 ᠣᠨ ᠤ ᠣᠯᠣᠰ ᠠᠷᠠᠳ ᠤᠨ ᠠᠵᠣ ᠠᠬᠤᠢ ᠪᠣᠯᠣᠨ ᠨᠡᠶᠢᠭᠡᠮ ᠤᠨ ᠬᠦᠭᠵᠢᠯᠳᠡ ᠶᠢᠨ ᠲᠦᠯᠦᠪᠯᠡᠭᠡ ᠶᠢ ᠬᠡᠷᠡᠭᠵᠢᠭᠦᠯᠦᠭᠰᠡᠨ ᠪᠠᠶᠢᠳᠠᠯ ᠵᠢᠴᠢ 2017 ᠣᠨ ᠤ ᠣᠯᠣᠰ ᠠᠷᠠᠳ ᠤᠨ ᠠᠵᠣ ᠠᠬᠤᠢ ᠪᠣᠯᠣᠨ ᠨᠡᠶᠢᠭᠡᠮ ᠤᠨ ᠬᠦᠭᠵᠢᠯᠳᠡ ᠶᠢᠨ ᠲᠦᠯᠦᠪᠯᠡᠭᠡ ᠶᠢᠨ ᠳᠣᠬᠠᠢ ᠰᠢᠢᠳᠪᠦᠷᠢ ᠶᠢᠨ ᠲᠦᠰᠦᠯ᠂ 2016 ᠣᠨ ᠤ ᠲᠦᠪ ᠤᠨ ᠪᠠ ᠣᠷᠣᠨ ᠨᠣᠳᠤᠭ ᠤᠨ ᠲᠦᠰᠦᠪ ᠢ ᠭᠦᠢᠴᠡᠳᠭᠡᠭᠰᠡᠨ ᠪᠠᠶᠢᠳᠠᠯ ᠵᠢᠴᠢ 2017 ᠣᠨ ᠤ ᠲᠦᠪ ᠤᠨ ᠪᠠ ᠣᠷᠣᠨ ᠨᠣᠳᠤᠭ ᠤᠨ ᠲᠦᠰᠦᠪ ᠤᠨ ᠳᠣᠬᠠᠢ ᠰᠢᠢᠳᠪᠦᠷᠢ ᠶᠢᠨ ᠲᠦᠰᠦᠯ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠠᠵᠢᠯ ᠤᠨ ᠮᠡᠳᠡᠭᠦᠯᠦᠯᠳᠡ ᠶᠢᠨ ᠳᠣᠬᠠᠢ ᠰᠢᠢᠳᠪᠦᠷᠢ ᠶᠢᠨ ᠲᠦᠰᠦᠯ᠂ ᠠᠷᠠᠳ ᠤᠨ ᠳᠡᠭᠡᠳᠦ ᠰᠢᠭᠦᠬᠦ ᠬᠤᠷᠢᠶ᠎ᠠ ᠶᠢᠨ ᠠᠵᠢᠯ ᠤᠨ ᠮᠡᠳᠡᠭᠦᠯᠦᠯᠳᠡ ᠶᠢᠨ ᠳᠣᠬᠠᠢ ᠰᠢᠢᠳᠪᠦᠷᠢ ᠶᠢᠨ ᠲᠦᠰᠦᠯ᠂ ᠠᠷᠠᠳ ᠤᠨ ᠳᠡᠭᠡᠳᠦ ᠪᠠᠶᠢᠴᠠᠭᠠᠬᠤ ᠬᠤᠷᠢᠶ᠎ᠠ ᠶᠢᠨ ᠠᠵᠢᠯ ᠤᠨ ᠮᠡᠳᠡᠭᠦᠯᠦᠯᠳᠡ ᠶᠢᠨ ᠳᠣᠬᠠᠢ ᠰᠢᠢᠳᠪᠦᠷᠢ ᠶᠢᠨ ᠲᠦᠰᠦᠯ᠂ ᠢᠷᠭᠡᠨ ᠤ ᠬᠠᠣᠯᠢ ᠶᠢᠨ ᠶᠡᠷᠦᠩᠬᠡᠢ ᠳᠦᠷᠢᠮ ᠤᠨ ᠲᠦᠰᠦᠯ ᠤᠨ ᠰᠠᠨᠠᠭᠤᠯᠭ᠎ᠠ ᠶᠢᠨ ᠪᠠᠳᠣᠯᠠᠭᠤᠯᠬᠤ ᠨᠣᠣᠷᠠᠭ᠂ ᠠᠷᠪᠠᠨ ᠭᠤᠷᠪᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢᠨ ᠣᠷᠣᠨ ᠳᠤᠭ᠎ᠠ ᠪᠣᠯᠣᠨ ᠰᠣᠩᠭᠤᠭᠤᠯᠢ ᠶᠢᠨ ᠠᠰᠠᠭᠤᠳᠠᠯ ᠤᠨ ᠳᠣᠬᠠᠢ ᠳᠣᠭᠳᠠᠭᠠᠯ ᠤᠨ ᠲᠦᠰᠦᠯ ᠤᠨ ᠰᠠᠨᠠᠭᠤᠯᠭ᠎ᠠ ᠶᠢᠨ ᠪᠠᠳᠣᠯᠠᠭᠤᠯᠬᠤ ᠨᠣᠣᠷᠠᠭ᠂ ᠰᠢᠶᠠᠩᠭᠠᠩ ᠵᠠᠰᠠᠭ ᠵᠠᠬᠢᠷᠭᠠᠨ ᠤ ᠣᠨᠴᠠᠭᠠᠢ ᠣᠷᠣᠨ ᠤ ᠠᠷᠪᠠᠨ ᠭᠤᠷᠪᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠰᠣᠩᠭᠤᠬᠤ ᠠᠷᠭ᠎ᠠ ᠶᠢᠨ ᠲᠦᠰᠦᠯ ᠤᠨ ᠰᠠᠨᠠᠭᠤᠯᠭ᠎ᠠ ᠶᠢᠨ ᠪᠠᠳᠣᠯᠠᠭᠤᠯᠬᠤ ᠨᠣᠣᠷᠠᠭ᠂ ᠣᠣᠮᠧᠨ ᠵᠠᠰᠠᠭ ᠵᠠᠬᠢᠷᠭᠠᠨ ᠤ ᠣᠨᠴᠠᠭᠠᠢ ᠣᠷᠣᠨ ᠤ ᠠᠷᠪᠠᠨ ᠭᠤᠷᠪᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢ ᠰᠣᠩᠭᠤᠬᠤ ᠠᠷᠭ᠎ᠠ ᠶᠢᠨ ᠲᠦᠰᠦᠯ ᠤᠨ ᠰᠠᠨᠠᠭᠤᠯᠭ᠎ᠠ ᠶᠢᠨ ᠪᠠᠳᠣᠯᠠᠭᠤᠯᠬᠤ ᠨᠣᠣᠷᠠᠭ᠂ ᠰᠢᠣᠢ ᠰᠢᠶᠠᠨ ᠮᠢᠩ ᠤᠨ ᠠᠷᠪᠠᠨ ᠬᠤᠶᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠭᠡᠰᠢᠭᠦᠨ ᠤ ᠳᠣᠰᠢᠶᠠᠯ ᠠᠴᠠ ᠪᠠᠨ ᠪᠠᠭᠤᠬᠤ ᠡᠷᠭᠦᠳᠡᠯ ᠢ ᠬᠦᠯᠢᠶᠡᠨ ᠠᠪᠬᠤ ᠳᠣᠭᠳᠠᠭᠠᠯ ᠤᠨ ᠲᠦᠰᠦᠯ ᠢ ᠬᠢᠨᠠᠨ ᠵᠦᠪᠯᠡᠪᠡ᠃      ᠬᠢᠨᠠᠨ ᠵᠦᠪᠯᠡᠬᠦ ᠪᠠᠷ ᠳᠠᠮᠵᠢᠨ᠂ ᠬᠤᠷᠠᠯ ᠠᠴᠠ ᠳᠡᠭᠡᠷᠡᠬᠢ ᠡᠳᠡᠭᠡᠷ ᠰᠢᠢᠳᠪᠦᠷᠢ ᠶᠢᠨ ᠲᠦᠰᠦᠯ ᠂ ᠳᠣᠭᠳᠠᠭᠠᠯ ᠤᠨ ᠲᠦᠰᠦᠯ ᠢ ᠠᠷᠪᠠᠨ ᠬᠤᠶᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠠᠪᠣᠳᠣᠭᠠᠷ ᠬᠤᠷᠠᠯ ᠤᠨ ᠳᠡᠭᠦᠰᠬᠦ ᠬᠤᠷᠠᠯ ᠳᠤ ᠳᠡᠪᠰᠢᠭᠦᠯᠦᠨ ᠪᠠᠳᠣᠯᠠᠭᠤᠯᠬᠤ ᠪᠠᠷ ᠳᠣᠭᠳᠠᠵᠠᠢ᠃  
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号