ᠥᠪᠡᠷᠲᠡᠭᠡᠨ ᠵᠠᠰᠠᠬᠤ ᠣᠷᠣᠨ ᠤ ᠠᠷᠪᠠᠳᠤᠭᠠᠷ ᠤᠳᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ | ᠪᠣᠯᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠳᠤᠭᠠᠷ ᠬᠤᠭᠤᠴᠠᠭᠠᠨ ᠤ ᠬᠤᠶᠠᠳᠤᠭᠠᠷ | ᠪᠥᠬᠦᠳᠡ ᠬᠤᠷᠠᠯ ᠪᠦᠬᠦ ᠲᠠᠯ᠎ᠠ ᠪᠠ ᠪᠠᠶᠢᠯᠳᠤᠬᠤ ᠪᠤᠳᠤᠯᠭ᠎ᠠ ᠶᠢᠨ ᠳᠡᠭᠡᠳᠦ ᠬᠡᠮᠵᠢᠶ᠎ᠡ ᠠᠴᠠ ᠮᠠᠨ ᠤ ᠣᠷᠣᠨ ᠤ ᠠᠵᠤ | ᠠᠬᠤᠶ ᠶᠢᠨ ᠬᠥᠭᠵᠢᠯᠲᠡ ᠶᠢᠨ ᠠᠷᠭ᠎ᠠ ᠮᠠᠶ᠋ᠢᠭ ᠢ ᠬᠤᠪᠢᠷᠠᠭᠤᠯᠬᠤ᠂ ᠠᠵᠤ ᠦᠢᠯᠡᠰ ᠤᠨ ᠪᠦᠲᠦᠴᠡ ᠶᠢ | ᠲᠣᠬᠢᠷᠠᠭᠤᠯᠬᠤ ᠲᠤᠬᠠᠶ ᠪᠦᠬᠦ ᠲᠠᠯ᠎ᠠ ᠪᠠᠷ ᠪᠠᠶᠢᠷᠢᠯᠠᠭᠤᠯᠤᠯᠲᠠ ᠬᠢᠵᠦ᠂ ᠠᠵᠤ ᠠᠬᠤᠶ ᠶᠢᠨ ᠬᠡᠯᠪᠡᠷᠢ ᠶᠢ | ᠬᠤᠪᠢᠷᠠᠭᠤᠯᠤᠨ ᠲᠡᠰ ᠳᠡᠪᠰᠢᠭᠦᠯᠬᠦ ᠶᠢ ᠲᠦᠷᠭᠡᠨ ᠳᠥᠯᠭᠢᠨ ᠠᠬᠢᠭᠤᠯᠬᠤ ᠭᠤᠣᠯ ᠰᠢᠪᠲᠤᠯᠤᠯᠲᠠ ᠶᠢᠨ ᠴᠢᠭᠯᠡᠯ ᠢ | ᠲᠣᠳᠣᠷᠬᠠᠶᠢᠯᠠᠵᠤ᠂ ︽ᠤᠯᠠᠨ ᠡᠰᠢᠵᠢᠬᠦᠯᠦᠨ ᠬᠥᠭᠵᠢᠭᠦᠯᠬᠦ᠂ ᠤᠳᠤ ᠦᠶ᠎ᠡ ᠶᠢᠨ ᠠᠵᠤ ᠦᠢᠯᠡᠰ ᠢ ᠣᠯᠠᠨ | ᠲᠦᠢᠯ ᠢᠶᠠᠷ ᠲᠤᠯᠭᠠᠭᠤᠷᠢᠯᠠᠬᠤ ᠰᠢᠰᠲ᠋ᠧᠮᠵᠢ︾ ᠶᠢ ᠪᠠᠶᠢᠭᠤᠯᠬᠤ ᠬᠥᠭᠵᠢᠯᠲᠡ ᠶᠢᠨ ᠬᠠᠷᠠᠯᠲᠠ ᠶᠢ ᠳᠤᠷᠠᠳᠤᠨ | ᠭᠠᠷᠭᠠᠪᠠ᠃ 2017 ᠣᠨ ᠤ 2 ᠳ᠋ᠤᠭᠠᠷ ᠰᠠᠷ᠎ᠠ ᠶᠢᠨ 8 ᠤ ᠡᠳᠦᠷ᠂ ᠥᠪᠥᠷ ᠮᠣᠩᠭᠤᠯ ᠤᠨ ᠵᠢᠭᠤᠯᠴᠢᠯᠠᠯ ᠤᠨ | ᠬᠥᠭᠵᠢᠯᠲᠡ ᠶᠢᠨ ᠶᠡᠭᠡ ᠬᠤᠷᠠᠯ ᠨᠢ ᠪᠥᠬᠦ ᠣᠷᠣᠨ ᠤ ᠵᠢᠭᠤᠯᠴᠢᠯᠠᠯ ᠤᠨ ᠰᠢᠨᠵᠢᠯᠡᠬᠦ ᠤᠬᠠᠭᠠᠨᠴᠢ᠂ ᠡᠮᠬᠢ ᠵᠢᠷᠤᠮ ᠲᠠᠢ | ᠬᠥᠭᠵᠢᠭᠦᠯᠬᠦ ᠲᠠᠭᠠᠷᠢᠯᠲᠠ ᠶᠢᠨ ᠪᠦᠷᠢᠶ᠎ᠡ ᠶᠢ ᠬᠠᠩᠭᠢᠨᠠᠭᠤᠯᠪᠠ᠃ ᠥᠪᠡᠷᠲᠡᠭᠡᠨ ᠵᠠᠰᠠᠬᠤ ᠣᠷᠣᠨ ᠤ ᠵᠠᠰᠠᠭ ᠤᠨ | ᠣᠷᠳᠣᠨ ᠤ ᠳᠠᠷᠤᠮᠠᠯᠯᠠᠨ ᠲᠠᠷᠬᠠᠭᠠᠭᠰᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿13 · 5﹀ | ᠶᠢᠨ ᠬᠤᠭᠤᠴᠠᠭᠠᠨ ᠳᠠᠬᠢ ᠵᠢᠭᠤᠯᠴᠢᠯᠠᠯ ᠤᠨ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ︾ ᠨᠢ ᠪᠥᠬᠦ | ᠣᠷᠣᠨ ᠤ ᠵᠢᠭᠤᠯᠴᠢᠯᠠᠯ ᠤᠨ ᠬᠥᠭᠵᠢᠯᠲᠡ ᠶᠢᠨ ᠵᠢᠷᠤᠭ ᠢ ᠵᠢᠷᠤᠭᠯᠠᠵᠤ᠂ ᠡᠨᠡᠬᠦ ᠵᠢᠷᠤᠭ ᠨᠢ ᠰᠡᠳᠬᠢᠯ ᠢᠶᠠᠨ ᠨᠢᠭᠡᠳᠬᠡᠨ | ᠬᠦᠴᠦ ᠪᠠᠨ ᠬᠠᠮᠲᠤᠳᠬᠠᠵᠤ᠂ ︽ᠨᠢᠭᠡ ᠠᠵᠢᠯ ᠲᠦᠷᠦᠯ ᠬᠥᠭᠵᠢᠪᠡᠯ᠂ ᠠᠵᠢᠯ ᠦᠢᠯᠡᠰ ᠪᠦᠬᠦᠨ ᠥᠭᠡᠳᠡᠯᠡᠬᠦ︾ | ᠠᠵᠤ ᠦᠢᠯᠡᠰ ᠤᠨ ᠶᠡᠭᠡ ᠪᠠᠶᠢᠷᠢᠰᠢᠯ ᠢ ᠦᠵᠡᠭᠦᠯᠪᠡ᠃ | ᠨᠢᠭᠡ᠂ ᠥᠪᠥᠷ ᠮᠣᠩᠭᠤᠯ ᠤᠨ ᠵᠢᠭᠤᠯᠴᠢᠯᠠᠯ ᠤᠨ ᠰᠠᠭᠤᠷᠢ ᠶᠢ ᠲᠣᠳᠣᠷᠬᠠᠶ ᠣᠶᠢᠯᠠᠭᠠᠨ᠎ᠠ | ᠠᠵᠤ ᠠᠬᠤᠶ ᠶᠢᠨ ᠰᠢᠨ᠎ᠡ ᠬᠡᠪ ᠪᠠᠶᠢᠳᠠᠯ ᠪᠣᠯᠣᠨ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠤᠷᠢᠲᠠᠯ | ᠳᠣᠣᠷ᠎ᠠ᠂ ︽ᠨᠢᠭᠡ ᠪᠦᠰᠡ ᠨᠢᠭᠡ ᠵᠠᠮ︾ ᠤᠨ ᠪᠠᠶᠢᠯᠳᠤᠬᠤ ᠪᠣᠳᠣᠯᠭ᠎ᠠ ᠪᠠᠷ ᠬᠥᠲᠥᠯᠥᠨ ᠵᠢᠯᠣᠭᠤᠳᠤᠭᠤᠯᠵᠤ | ᠪᠠᠶᠢᠭᠠᠳ ᠨᠡᠭᠡᠭᠡᠯᠲᠡᠲᠦ ᠮᠠᠶ᠋ᠢᠭ ᠤᠨ ᠠᠵᠤ ᠠᠬᠤᠶ ᠶᠢᠨ ᠰᠢᠨ᠎ᠡ ᠪᠠᠶᠢᠭᠤᠯᠤᠯ ᠢ ᠪᠠᠶᠢᠭᠤᠯᠵᠤ᠂ ᠤᠯᠤᠰ ᠤᠨ | ᠳᠣᠲᠣᠭᠠᠳᠤ ᠶᠢᠨ ᠡᠯ᠎ᠡ ᠬᠦᠷᠢᠶᠡᠨ ᠳᠠᠬᠢ ᠥᠭᠡᠷᠡᠴᠢᠯᠡᠯᠲᠡ ᠬᠥᠭᠵᠢᠭᠦᠯᠦᠯᠲᠡ ᠶᠢ ᠪᠦᠬᠦ ᠲᠠᠯ᠎ᠠ ᠪᠠᠷ ᠨᠢᠭᠡᠳᠦᠯᠲᠡᠶ | ᠲᠥᠯᠥᠪᠯᠡᠨ ᠠᠬᠢᠭᠤᠯᠬᠤ ᠬᠡᠷᠡᠭᠲᠡᠢ᠃ ᠮᠠᠨ ᠤ ᠣᠷᠣᠨ ᠤ ᠵᠢᠭᠤᠯᠴᠢᠯᠠᠯ ᠨᠢ ᠣᠷᠣᠨ ᠪᠠᠶᠢᠷᠢ ᠶᠢᠨ ᠳᠠᠪᠠᠭᠤᠯᠢᠭ ᠲᠤ | ᠲᠦᠰᠢᠭᠯᠡᠨ᠂ ︽ᠨᠢᠭᠡ ᠬᠤᠩᠬᠢᠯ ᠨᠢᠭᠡ ᠰᠤᠳᠠᠯ︾᠂ ᠲᠦᠷᠪᠡᠨ ᠶᠡᠭᠡ ᠬᠡᠰᠡᠭ ᠲᠣᠭᠤᠷᠢᠭ᠂ ᠲᠠᠪᠤᠨ ᠶᠡᠭᠡ | ᠬᠠᠮᠵᠢᠯᠴᠠᠨ ᠬᠥᠭᠵᠢᠭᠦᠯᠬᠦ ᠣᠷᠣᠨ ᠢ ᠪᠠᠶᠢᠭᠤᠯᠵᠤ᠂ ᠠᠷᠪᠠᠨ ᠶᠡᠭᠡ ᠰᠠᠭᠤᠷᠢᠨ ᠭᠠᠵᠠᠷ ᠢᠶᠠᠷ ᠰᠢᠪᠲᠤᠯᠬᠤ ᠴᠢᠭ᠋ | ᠪᠣᠯᠭᠠᠭᠰᠠᠨ᠂ ︽ᠳᠥᠷᠪᠡᠨ ᠨᠢᠭᠡ ᠵᠠᠭᠤ︾ ᠴᠢᠭ᠋ ᠱᠤᠭᠤᠮ ᠢ ᠲᠦᠰᠢᠭᠯᠡᠭᠰᠡᠨ ᠶᠡᠷᠦᠩᠬᠡᠶ ᠬᠥᠭᠵᠢᠯᠲᠡ ᠶᠢᠨ | ᠪᠠᠶᠢᠷᠢᠰᠢᠭᠤᠯᠤᠯ ᠢ ᠪᠠᠶᠢᠭᠤᠯᠤᠨ᠎ᠠ᠃ ᠳᠥᠷᠪᠡᠨ ᠶᠡᠭᠡ ᠬᠡᠰᠡᠭ ᠲᠣᠭᠤᠷᠢᠭ ᠲᠤ ᠵᠡᠭᠦᠨ ᠬᠤᠶᠢᠲᠤ ᠣᠷᠣᠨ ᠤ ᠤᠢ | ᠰᠢᠭᠤᠶ ᠡᠪᠡᠰᠦ ᠪᠡᠯᠴᠢᠭᠡᠷ ᠤᠨ ᠰᠣᠶᠣᠯ ᠤᠨ ᠳᠥᠷᠪᠡᠨ ᠤᠯᠠᠷᠢᠯ ᠤᠨ ᠪᠦᠷᠢᠨ ᠠᠮᠢ ᠠᠬᠤᠶ ᠶᠢᠨ ᠵᠢᠭᠤᠯᠴᠢᠯᠠᠯ ᠤᠨ | ᠬᠡᠰᠡᠭ ᠲᠣᠭᠤᠷᠢᠭ ︵ᠬᠥᠯᠥᠨ ᠪᠤᠶᠢᠷ ᠬᠤᠲᠠ᠂ ᠬᠢᠩᠭᠠᠨ ᠠᠶᠢᠮᠠᠭ᠂ ᠲᠦᠩᠯᠢᠶᠣᠤ ᠬᠤᠲᠠ︶᠂ ᠪᠡᠭᠡᠵᠢᠩ | ᠲᠢᠶᠠᠨᠵᠢᠨ ᠾᠧᠪᠸᠢ ᠶᠢ ᠲᠣᠭᠤᠷᠢᠭᠰᠠᠨ ᠲᠠᠯ᠎ᠠ ᠨᠤᠲᠤᠭ ᠤᠨ ᠵᠠᠩ ᠦᠢᠯᠡ ᠶᠢᠨ ᠵᠢᠭᠤᠯᠴᠢᠯᠠᠯ ᠤᠨ ᠬᠡᠰᠡᠭ ᠲᠣᠭᠤᠷᠢᠭ | ︵ᠤᠯᠠᠭᠠᠨᠬᠠᠳᠠ᠂ ᠰᠢᠯᠢ ᠶᠢᠨ ᠭᠤᠣᠯ ᠠᠶᠢᠮᠠᠭ᠂ ᠤᠯᠠᠭᠠᠨᠴᠠᠪ ᠬᠤᠲᠠ︶᠂ ᠴᠡᠯᠡᠭᠡᠷ ᠲᠠᠯ᠎ᠠ ᠤᠳᠤ ᠦᠶ᠎ᠡ ᠶᠢᠨ | ᠲᠠᠯ᠎ᠠ ᠨᠤᠲᠤᠭ ᠤᠨ ᠪᠣᠯᠪᠠᠰᠤᠨ ᠵᠢᠭᠤᠯᠴᠢᠯᠠᠯ ᠤᠨ ᠬᠡᠰᠡᠭ ᠲᠣᠭᠤᠷᠢᠭ ︵ᠬᠥᠬᠡᠬᠤᠲᠠ᠂ ᠪᠤᠭᠤᠲᠤ ᠬᠤᠳᠠ᠂ | ᠤᠷᠳᠤᠰ ᠬᠤᠳᠠ᠂ ᠪᠠᠶᠠᠨᠨᠠᠭᠤᠷ ᠬᠤᠳᠠ︶᠂ ᠪᠠᠷᠠᠭᠤᠨ ᠬᠤᠶᠢᠲᠤ ᠣᠷᠣᠨ ᠤ ᠲᠣᠣᠷᠠᠶ ᠶᠢᠨ ᠭᠠᠶᠢᠬᠠᠮᠰᠢᠭᠲᠤ | ᠣᠷᠣᠨ ᠤ ᠪᠠᠷᠲᠠᠭ᠎ᠠ ᠰᠢᠨᠵᠢᠯᠡᠬᠦ ᠵᠢᠭᠤᠯᠴᠢᠯᠠᠯ ᠤᠨ ᠬᠡᠰᠡᠭ ᠲᠣᠭᠤᠷᠢᠭ ︵ᠦᠬᠠᠶ ᠬᠤᠲᠠ᠂ ᠠᠯᠠᠱᠠ ᠠᠶᠢᠮᠠᠭ︶ ᠢ | ᠬᠦᠴᠦᠯᠡᠨ ᠪᠠᠶᠢᠭᠤᠯᠤᠨ᠎ᠠ᠃ | ᠯᠢ ᠵᠢᠶ ᠾᠧᠩ ᠱᠦᠵᠢ ᠵᠢᠭᠤᠯᠴᠢᠯᠠᠯ ᠤᠨ ᠬᠥᠭᠵᠢᠯᠲᠡ ᠶᠢᠨ ᠶᠡᠭᠡ ᠬᠤᠷᠠᠯ ᠳᠡᠭᠡᠷ᠎ᠡ ᠵᠢᠭᠠᠵᠤ | ᠭᠠᠷᠭᠠᠭᠰᠠᠨ ᠨᠢ᠂ ︽ᠲᠥᠯᠥᠪᠵᠢᠭᠦᠯᠭᠡ ᠶᠢ ᠡᠷᠬᠡ ᠰᠦᠷ ᠲᠠᠢ ᠪᠠᠶᠢᠯᠭᠠᠵᠤ᠂ ᠦᠨᠡᠨᠬᠦ ᠰᠢᠰᠲ᠋ᠧᠮᠵᠢ ᠲᠠᠢ ᠪᠣᠯᠭᠠᠵᠤ᠂ | ᠵᠣᠯᠭᠠᠭᠤᠯᠤᠭᠠ ᠶᠢ ᠰᠠᠶᠢᠳᠤᠷ ᠬᠢᠵᠦ᠂ ᠬᠡᠷᠡᠭᠵᠢᠭᠦᠯᠦᠯᠲᠡ ᠶᠢ ᠴᠢᠩᠭᠠᠷᠠᠭᠤᠯᠬᠤ ᠬᠡᠷᠡᠭᠲᠡᠢ᠃ ᠰᠢᠰᠲ᠋ᠧᠮᠵᠢᠲᠦ | ᠲᠥᠯᠥᠪᠯᠡᠯ ᠢ ᠴᠢᠩᠭᠠᠳᠬᠠᠬᠤ ᠳᠤ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢ | ᠰᠠᠶᠢᠲᠤᠷ ᠬᠢᠬᠦ ᠢᠶᠠᠷ ᠪᠠᠷᠠᠬᠤ ᠦᠭᠡᠢ ᠪᠠᠰᠠ ᠵᠢᠭᠤᠯᠴᠢᠯᠠᠯ ᠤᠨ ᠡᠬᠢ ᠪᠠᠶᠠᠯᠢᠭ ᠢ ᠬᠠᠮᠠᠭᠠᠯᠠᠬᠤ ᠲᠥᠯᠥᠪᠵᠢᠭᠦᠯᠭᠡ ᠶᠢ | ᠰᠠᠶᠢᠲᠤᠷ ᠬᠢᠬᠦ ᠬᠡᠷᠡᠭᠲᠡᠶ︔ ᠦᠵᠡᠮᠵᠢ ᠶᠢᠨ ᠣᠷᠣᠨ ᠤ ᠪᠦᠲᠦᠭᠡᠨ ᠪᠠᠶᠢᠭᠤᠯᠤᠯᠲᠠ ᠵᠡᠷᠭᠡ ᠪᠣᠳᠠᠰ ᠤᠨ | ᠲᠥᠯᠥᠪᠵᠢᠭᠦᠯᠭᠡ ᠲᠠᠢ ᠪᠠᠶᠢᠬᠤ ᠪᠠᠷ ᠪᠠᠷᠠᠬᠤ ᠦᠭᠡᠢ ᠪᠠᠰᠠ ᠴᠢᠳᠠᠪᠤᠷᠢᠲᠠᠨ ᠢ ᠬᠥᠮᠦᠵᠢᠭᠦᠯᠬᠦ ᠵᠡᠷᠭᠡ ᠬᠥᠮᠦᠰ ᠤᠨ | ᠲᠥᠯᠥᠪᠵᠢᠭᠦᠯᠭᠡ ᠲᠠᠢ ᠪᠠᠶᠢᠬᠤ ᠬᠡᠷᠡᠭᠲᠡᠢ︔ ︿ᠬᠠᠲᠠᠭᠤ ᠣᠷᠴᠢᠨ ᠨᠥᠬᠦᠴᠡᠯ﹀ ᠤᠨ ᠲᠥᠯᠥᠪᠵᠢᠭᠦᠯᠭᠡ ᠲᠠᠢ | ᠪᠠᠶᠢᠬᠤ ᠪᠠᠷ ᠪᠠᠷᠠᠬᠤ ᠦᠭᠡᠢ ᠪᠠᠰᠠ ︿ᠵᠥᠭᠡᠯᠡᠨ ᠣᠷᠴᠢᠨ ᠨᠥᠬᠦᠴᠡᠯ﹀ ᠤᠨ ᠲᠥᠯᠥᠪᠵᠢᠭᠦᠯᠭᠡ ᠲᠠᠢ ᠪᠠᠶᠢᠬᠤ | ᠬᠡᠷᠡᠭᠲᠡᠢ᠃ ᠢᠯᠠᠩᠭᠤᠶ᠎ᠠ ᠬᠠᠮ ᠵᠢᠭᠤᠯᠴᠢᠯᠠᠯ ᠵᠡᠷᠭᠡ ᠶᠡᠷᠦᠩᠬᠡᠶ ᠲᠥᠯᠥᠪᠵᠢᠭᠦᠯᠭᠡ ᠳᠤ ᠳᠡᠭᠡᠪᠦᠷ ᠤᠨ ᠵᠢᠷᠤᠭ | ᠲᠥᠯᠥᠪᠯᠡᠭᠡ ᠪᠣᠯᠣᠨ ᠠᠯᠤᠰ ᠬᠡᠳᠦ ᠶᠢᠨ ᠲᠥᠯᠥᠪᠯᠡᠯ ᠢ ᠡᠷᠬᠡᠪᠰᠢ ᠴᠢᠩᠭᠠᠳᠬᠠᠵᠤ᠂ ᠪᠥᠬᠦ ᠣᠷᠣᠨ ᠤ | ᠵᠢᠭᠤᠯᠴᠢᠯᠠᠯ ᠤᠨ ᠦᠶᠯᠡᠰ ᠤᠨ ᠬᠥᠭᠵᠢᠯᠲᠡ ᠶᠢᠨ ᠣᠨᠣᠯᠵᠢᠬᠤᠨ᠂ ᠬᠥᠭᠵᠢᠯᠲᠡ ᠶᠢᠨ ᠰᠡᠳᠬᠢᠮᠵᠢ᠂ ᠬᠥᠭᠵᠢᠯᠲᠡ ᠶᠢᠨ | ᠬᠡᠪ ᠵᠠᠭᠪᠤᠷ᠂ ᠬᠥᠭᠵᠢᠯᠲᠡ ᠶᠢᠨ ᠪᠠᠶᠢᠷᠢᠯᠠᠭᠤᠯᠤᠯᠲᠠ᠂ ᠬᠥᠭᠵᠢᠯᠲᠡ ᠶᠢᠨ ᠬᠠᠷᠠᠯᠲᠠ ᠪᠣᠯᠣᠨ ᠴᠢᠬᠤᠯᠠ ᠶᠡᠭᠡ | ᠢᠨᠵᠧᠨᠧᠷᠢᠩ᠂ ᠭᠤᠣᠯᠳᠠᠯᠭ᠎ᠠ ᠲᠠᠢ ᠡᠭᠦᠷᠭᠡ᠂ ᠴᠢᠬᠤᠯᠠ ᠠᠷᠭ᠎ᠠ ᠪᠠᠷᠢᠯ ᠢ ᠲᠣᠳᠣᠷᠬᠠᠶᠢᠯᠠᠵᠤ᠂ ᠵᠢᠭᠤᠯᠴᠢᠯᠠᠯ ᠤᠨ | ᠦᠢᠯᠡᠰ ᠤᠨ ᠬᠥᠭᠵᠢᠯᠲᠡ ᠶᠢᠨ ᠶᠡᠷᠦᠩᠬᠡᠶ ᠬᠥᠲᠥᠯᠪᠦᠷᠢ ᠶᠡᠷᠦᠩᠬᠡᠶ ᠬᠠᠷᠠᠯᠲᠠ ᠶᠢ ᠪᠤᠢ ᠪᠣᠯᠭᠠᠬᠤ ᠬᠡᠷᠡᠭᠲᠡᠶ᠃ ᠤᠯᠠᠨ | ᠲᠥᠯᠥᠪᠵᠢᠭᠦᠯᠭᠡ ᠶᠢ ᠨᠢᠭᠡᠳᠬᠡᠬᠦ ᠶᠢ ᠲᠦᠯᠬᠢᠨ ᠠᠬᠢᠭᠤᠯᠵᠤ᠂ ᠵᠢᠭᠤᠯᠴᠢᠯᠠᠯ ᠤᠨ ᠲᠥᠯᠥᠪᠵᠢᠭᠦᠯᠭᠡ ᠶᠢ ᠠᠵᠤ ᠠᠬᠤᠶ | ᠨᠡᠶᠢᠭᠡᠮ ᠤᠨ ᠬᠥᠭᠵᠢᠯᠲᠡ ᠶᠢᠨ ᠲᠥᠯᠥᠪᠵᠢᠭᠦᠯᠭᠡ᠂ ᠬᠤᠳᠠ ᠬᠥᠳᠡᠭᠡ ᠶᠢᠨ ᠪᠥᠳᠥᠭᠡᠨ ᠪᠠᠶᠢᠭᠤᠯᠤᠯᠲᠠ ᠶᠢᠨ | ᠲᠥᠯᠥᠪᠵᠢᠭᠦᠯᠭᠡ᠂ ᠰᠣᠶᠣᠯ ᠤᠨ ᠬᠥᠭᠵᠢᠯᠲᠡ ᠶᠢᠨ ᠲᠥᠯᠥᠪᠵᠢᠭᠦᠯᠭᠡ᠂ ᠭᠠᠵᠠᠷ ᠰᠢᠷᠤᠢ ᠶᠢ ᠠᠰᠢᠭᠯᠠᠬᠤ | ᠲᠥᠯᠥᠪᠵᠢᠭᠦᠯᠭᠡ᠂ ᠣᠷᠴᠢᠨ ᠲᠣᠭᠤᠷᠢᠨ ᠢ ᠬᠠᠮᠠᠭᠠᠯᠠᠬᠤ ᠲᠥᠯᠥᠪᠵᠢᠭᠦᠯᠭᠡ ᠵᠢᠴᠢ ᠲᠠᠷᠢᠶᠠᠯᠠᠩ ᠮᠠᠯ ᠠᠵᠤ ᠠᠬᠤᠢ | ᠤᠢ ᠰᠢᠭᠤᠢ ᠤᠰᠤ᠂ ᠤᠯᠤᠰ ᠤᠨ ᠨᠤᠲᠤᠭ ᠳᠡᠪᠢᠰᠬᠡᠷ ᠢ ᠨᠡᠭᠡᠭᠡᠨ ᠠᠰᠢᠭᠯᠠᠬᠤ ᠵᠡᠷᠭᠡ ᠡᠯ᠎ᠡ ᠲᠠᠯ᠎ᠠ ᠶᠢᠨ | ᠲᠥᠯᠥᠪᠵᠢᠭᠦᠯᠭᠡ ᠲᠠᠢ ᠵᠣᠯᠭᠠᠯᠳᠤᠭᠤᠯᠬᠤ ᠪᠠ ᠵᠣᠬᠢᠴᠠᠯᠳᠤᠭᠤᠯᠬᠤ ᠶᠢ ᠴᠢᠩᠭᠠᠳᠬᠠᠵᠤ᠂ ᠣᠯᠠᠨ ᠵᠦᠢᠯ ᠤᠨ | ᠡᠯᠧᠮᠧᠨ᠋ᠲ ᠢ ᠨᠢᠭᠡ ᠯᠠ ᠵᠢᠷᠤᠭ ᠳᠡᠭᠡᠷ᠎ᠡ ᠲᠥᠪᠯᠡᠷᠡᠭᠦᠯᠵᠦ᠂ ᠲᠥᠯᠥᠪᠵᠢᠭᠦᠯᠭᠡ ᠶᠢᠨ ᠠᠭᠤᠰᠤᠯᠴᠠᠭ᠎ᠠ ᠪᠠᠷ ᠠᠵᠤ | ᠦᠢᠯᠡᠰ᠂ ᠠᠵᠢᠯ ᠲᠥᠷᠥᠯ᠂ ᠠᠵᠢᠯ ᠦᠢᠯᠡᠰ ᠤᠨ ᠠᠭᠤᠰᠤᠯᠴᠠᠭ᠎ᠠ ᠶᠢ ᠠᠬᠢᠭᠤᠯᠬᠤ ᠬᠡᠷᠡᠭᠲᠡᠢ᠃ | ᠲᠥᠯᠥᠪᠵᠢᠭᠦᠯᠭᠡ ᠶᠢᠨ ᠬᠡᠷᠡᠭᠵᠢᠭᠦᠯᠦᠯᠲᠡ ᠶᠢ ᠴᠢᠩᠭ᠎ᠠ ᠠᠳᠬᠤᠵᠤ᠂ ᠶᠡᠷᠦᠩᠬᠡᠶ ᠲᠥᠯᠥᠪᠵᠢᠭᠦᠯᠭᠡ ᠭᠡᠰᠡᠨ ᠴᠦ ᠲᠡᠷᠡ | ᠲᠥᠯᠥᠪᠵᠢᠭᠦᠯᠭᠡ ᠭᠡᠰᠡᠨ ᠴᠦ ᠲᠡᠷᠡ ᠴᠥᠮ ᠦᠨᠡᠬᠡᠷ ᠲᠤᠰᠠᠲᠠᠶ᠂ ᠶᠠᠪᠤᠭᠳᠠᠭᠤᠰᠢᠲᠠᠢ ᠪᠠ ᠨᠠᠶᠢᠳᠠᠪᠤᠷᠢᠵᠢᠭᠤᠰᠢᠲᠠᠢ | ᠪᠠᠶᠢᠬᠤ ᠱᠠᠭᠠᠷᠳᠠᠯᠭ᠎ᠠ ᠪᠠᠷ ᠬᠢᠵᠦ᠂ ᠴᠥᠮ ᠨᠢᠭᠡ ᠲᠥᠯᠥᠪᠵᠢᠭᠦᠯᠭᠡ ᠪᠠᠷ ᠡᠴᠦᠰ ᠲᠤᠨᠢ ᠲᠤᠯᠲᠠᠯ᠎ᠠ ᠬᠠᠮᠢᠶᠠᠷᠬᠤ᠂ | ᠨᠢᠭᠡ ᠵᠢᠷᠤᠭ ᠲᠥᠰᠦᠪ ᠢᠶᠠᠷ ᠡᠴᠦᠰ ᠲᠤᠨᠢ ᠲᠤᠯᠲᠠᠯ᠎ᠠ ᠵᠢᠷᠤᠬᠤ ᠶᠢ ᠪᠠᠷᠢᠮᠲᠠᠯᠠᠵᠤ᠂ ᠲᠥᠯᠥᠪᠵᠢᠭᠦᠯᠭᠡ ᠶᠢᠨ | ᠰᠢᠨᠵᠢᠯᠡᠬᠦ ᠤᠬᠠᠭᠠᠨᠴᠢ ᠴᠢᠨᠠᠷ ᠪᠣᠯᠣᠨ ᠡᠷᠬᠡ ᠰᠦᠷᠲᠦ ᠴᠢᠨᠠᠷ ᠢ ᠪᠠᠲᠤᠯᠠᠵᠤ᠂ ᠲᠥᠯᠥᠪᠵᠢᠭᠦᠯᠭᠡ ᠶᠢ ᠦᠨᠡᠨᠬᠦ | ᠬᠥᠭᠵᠢᠯᠲᠡ ᠶᠢ ᠬᠥᠲᠥᠯᠥᠨ ᠳᠠᠭᠠᠭᠤᠯᠬᠤ ︿ᠵᠠᠮᠴᠢ﹀ ᠪᠠ ᠪᠠᠷᠢᠯᠭ᠎ᠠ ᠶᠢᠨ ᠵᠢᠷᠤᠭ ᠪᠣᠯᠭᠠᠵᠤ᠂ ᠳᠠᠬᠢᠨ ᠳᠠᠪᠲᠠᠬᠤ ᠪᠠ | ᠡᠷᠦᠢ ᠬᠤᠷᠤᠢ ᠦᠭᠡᠢ ᠬᠢᠬᠦ ᠶᠢ ᠡᠷᠡᠰ ᠬᠤᠷᠢᠭᠯᠠᠬᠤ ᠬᠡᠷᠡᠭᠲᠡᠢ︾ ᠭᠡᠪᠡ᠃ | ᠥᠪᠡᠷᠲᠡᠭᠡᠨ ᠵᠠᠰᠠᠬᠤ ᠣᠷᠣᠨ ᠤ ︽13·5︾ ᠶᠢᠨ ᠵᠢᠭᠤᠯᠴᠢᠯᠠᠯ ᠤᠨ ᠲᠥᠯᠥᠪᠵᠢᠭᠦᠯᠭᠡ ᠬᠡᠷᠡᠭᠵᠢᠭᠦᠯᠬᠦ | ᠳᠤ᠂ ᠨᠢᠭᠡ ᠳᠤ᠂ ᠭᠠᠳᠠᠭᠰᠢ ᠪᠠᠨ ᠬᠤᠯᠪᠣᠭᠠᠯᠠᠨᠠ᠂ ᠬᠥᠷᠰᠢ ᠵᠡᠷᠭᠡᠯᠡᠳᠡᠭᠡ ᠤᠯᠤᠰ ᠣᠷᠣᠨ ᠪᠣᠯᠣᠨ ᠮᠤᠵᠢ ᠬᠤᠲᠠ | ᠯᠤᠭ᠎ᠠ ᠬᠠᠮᠲᠤᠷᠠᠨ ᠠᠵᠢᠯᠯᠠᠬᠤ ᠶᠢ ᠴᠢᠩᠭᠠᠳᠬᠠᠵᠤ᠂ ᠵᠢᠭᠤᠯᠴᠢᠯᠠᠯ ᠤᠨ ᠡᠬᠢ ᠪᠠᠶᠠᠯᠢᠭ ᠢ ᠬᠠᠮᠲᠤ ᠪᠠᠷ ᠨᠡᠭᠡᠭᠡᠨ | ᠠᠰᠢᠭᠯᠠᠵᠤ᠂ ᠵᠢᠭᠤᠯᠴᠢᠯᠠᠯ ᠤᠨ ᠣᠭᠢ ᠰᠠᠶᠢᠨ ᠱᠤᠭᠤᠮ ᠢ ᠪᠣᠢ ᠪᠣᠯᠭᠠᠬᠤ ᠪᠣᠯ ᠮᠠᠨ ᠤ ᠣᠷᠣᠨ ᠤ ᠵᠢᠭᠤᠯᠴᠢᠯᠠᠯ | ᠤᠨ ᠲᠠᠪᠠᠯᠳᠠᠳᠤ ᠮᠠᠶ᠋ᠢᠭ ᠤᠨ ᠬᠥᠭᠵᠢᠯᠲᠡ ᠶᠢ ᠪᠡᠶᠡᠯᠡᠭᠦᠯᠬᠦ ᠬᠠᠮᠤᠭ ᠤᠨ ᠯᠠᠪᠳᠠᠭᠤᠨ ᠪᠠᠲᠤᠲᠠᠶ ᠨᠢᠭᠡ ᠠᠯᠬᠤᠮ | ᠪᠣᠯᠣᠨ᠎ᠠ᠃ ᠭᠠᠨᠰᠦ ᠮᠤᠵᠢ ᠪᠣᠯᠤᠨ ᠨᠢᠩᠰᠢᠶᠠ ᠶᠢᠨ ᠬᠤᠲᠣᠩ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠤ | ᠡᠷᠭᠢᠨ ᠲᠣᠭᠤᠷᠢᠨ ᠤ ᠭᠠᠵᠠᠷ ᠣᠷᠣᠨ ᠯᠤᠭ᠎ᠠ ᠣᠷᠣᠨ ᠪᠦᠰᠡ ᠠᠯᠤᠰᠯᠠᠭᠰᠠᠨ ᠵᠢᠭᠤᠯᠴᠢᠯᠠᠯ ᠤᠨ ᠦᠢᠯᠡᠳᠬᠦᠨ ᠢ | ᠬᠠᠮᠲᠤ ᠪᠠᠷ ᠲᠥᠯᠥᠪᠵᠢᠭᠦᠯᠦᠨ ᠪᠥᠳᠥᠭᠡᠨ ᠪᠠᠶᠢᠭᠤᠯᠵᠤ᠂ ᠥᠪᠥᠷ ᠮᠣᠩᠭᠤᠯ ᠭᠠᠨᠰᠦ ᠨᠢᠩᠰᠢᠶᠠ ᠶᠢᠨ ᠲᠣᠷᠭᠠᠨ | ᠵᠠᠮ ᠤᠨ ᠵᠢᠭᠤᠯᠴᠢᠯᠠᠯ ᠤᠨ ᠨᠡᠷᠡᠳᠬᠦᠨ ᠢ ᠴᠣᠭᠴᠠᠯᠠᠨ᠎ᠠ︔ ᠱᠠᠨ ᠰᠢ ᠮᠤᠵᠢ᠂ ᠱᠠᠨᠰᠢ ᠮᠤᠵᠢ ᠶᠢᠨ ᠬᠥᠷᠰᠢ | ᠵᠡᠷᠭᠡᠯᠡᠳᠡᠭᠡ ᠲᠤᠰᠬᠠᠶ ᠣᠷᠣᠨ ᠬᠤᠲᠠ ᠯᠤᠭ᠎ᠠ ᠥᠪᠥᠷ ᠮᠣᠩᠭᠤᠯ᠂ ᠱᠠᠨ ᠰᠢ᠂ ᠱᠠᠨᠰᠢ᠂ ᠬᠠᠲᠤᠨ ᠭᠤᠣᠯ ᠪᠣᠯᠤᠨ | ᠲᠡᠦᠬᠡ ᠰᠣᠶᠣᠯ ᠤᠨ ᠵᠢᠭᠤᠯᠴᠢᠯᠠᠯ ᠤᠨ ᠣᠷᠣᠨ ᠢ ᠬᠠᠮᠲᠤᠪᠠᠷ ᠴᠤᠭᠴᠠᠯᠠᠵᠤ᠂ ᠤᠮᠠᠷᠠᠲᠤ ᠣᠷᠣᠨ ᠤ ᠬᠠᠮᠤᠭ ᠤᠨ | ᠣᠨᠴᠠᠯᠢᠭ ᠪᠦᠬᠦᠢ ᠤᠰᠤᠨ ᠳᠡᠭᠡᠷᠡᠬᠢ ᠦᠵᠡᠮᠵᠢ ᠪᠠᠭ᠋ᠠᠷᠬᠠᠬᠤ ᠬᠤᠩᠭᠢᠯ ᠢ ᠪᠠᠶᠢᠭᠤᠯᠤᠨ᠎ᠠ︔ ︽ᠮᠢᠩᠭᠠᠨ ᠭᠠᠵᠠᠷ ᠤᠨ | ᠲᠠᠯ᠎ᠠ ᠨᠤᠲᠤᠭ ᠤᠨ ᠵᠢᠭᠤᠯᠴᠢᠯᠠᠯ ᠤᠨ ᠳᠠᠷᠳᠠᠩ ᠵᠠᠮ︾ ᠵᠡᠷᠭᠡ ᠲᠦᠷᠦᠯ ᠵᠦᠢᠯ ᠢᠶᠠᠷ ᠭᠠᠷᠲᠠᠴᠠ ᠪᠣᠯᠭᠠᠵᠤ᠂ | ᠪᠡᠭᠡᠵᠢᠩ ᠲᠢᠶᠠᠨᠵᠢᠨ ᠾᠧᠪᠸᠢ ᠶᠢᠨ ᠨᠢᠭᠡ ᠴᠤᠭᠴᠠᠵᠢᠭᠰᠠᠨ ᠬᠠᠮᠵᠢᠯᠴᠠᠨ ᠬᠥᠭᠵᠢᠭᠦᠯᠬᠦ ᠳᠤ ᠢᠳᠡᠪᠬᠢᠲᠡᠶ | ᠣᠷᠣᠯᠴᠠᠨ᠎ᠠ︔ ᠵᠡᠭᠦᠨ ᠬᠤᠶᠢᠲᠤ ᠣᠷᠣᠨ ᠤ ᠭᠤᠷᠪᠠᠨ ᠮᠤᠵᠢ ᠶᠢᠨ ᠵᠢᠭᠤᠯᠴᠢᠯᠠᠯ ᠤᠨ ᠬᠠᠮᠲᠤᠷᠠᠯᠴᠠᠭᠠᠨ ᠤ | ᠪᠠᠶᠢᠷᠢᠰᠢᠯ ᠳᠤ ᠰᠠᠨᠠᠭᠠᠴᠢᠯᠠᠭ᠎ᠠ ᠠᠴᠠ ᠪᠠᠨ ᠢᠳᠡᠪᠬᠢᠲᠡᠶ ᠠᠭᠤᠰᠤᠯᠴᠠᠵᠤ᠂ ︽ᠭᠤᠶᠣᠯᠢᠭ ᠰᠠᠶᠢᠬᠠᠨ ᠤᠮᠠᠷᠠᠲᠤ ᠶᠢᠨ | ᠦᠵᠡᠮᠵᠢ ᠶᠢᠨ ᠣᠷᠣᠨ ᠤ ᠳᠠᠷᠳᠠᠩ ᠵᠠᠮ︾ ᠤᠨ ᠬᠤᠪᠢ ᠶᠢᠨ ᠮᠠᠰᠢᠨ ᠢᠶᠠᠷ ᠵᠢᠭᠤᠯᠴᠢᠯᠠᠬᠤ ᠱᠤᠭᠤᠮ ᠪᠣᠯᠤᠨ ᠵᠡᠭᠦᠨ | ᠬᠤᠶᠢᠲᠤ ᠲᠣᠮᠣ ᠣᠷᠣᠨ ᠤ ᠮᠥᠰᠥ ᠴᠠᠰᠤᠨ ᠤ ᠵᠢᠭᠤᠯᠴᠢᠯᠠᠯ ᠤᠨ ᠵᠠᠮ ᠱᠤᠭᠤᠮ ᠢ ᠬᠠᠮᠲᠤᠪᠠᠷ ᠠᠬᠢᠭᠤᠯᠤᠨ᠎ᠠ᠃ | ᠬᠤᠶᠠᠷ ᠲᠤ᠂ ᠳᠣᠲᠣᠭᠠᠳᠤᠬᠢ ᠪᠠᠨ ᠵᠠᠰᠠᠨ᠎ᠠ᠂ ᠭᠤᠣᠯ ᠪᠣᠯᠬᠤ ᠬᠤᠳᠠ ᠪᠠᠷ ᠲᠥᠪ ᠪᠣᠯᠭᠠᠵᠤ᠂ ᠴᠢᠨᠠᠷ ᠰᠠᠶᠢᠲᠠᠶ | ᠵᠢᠭᠤᠯᠴᠢᠯᠠᠯ ᠤᠨ ᠡᠬᠢ ᠪᠠᠶᠠᠯᠢᠭ ᠤᠨ ᠣᠨᠴᠠᠯᠢᠭ ᠢᠶᠠᠷ ᠵᠢᠯᠣᠭᠤᠳᠤᠮᠵᠢ ᠪᠣᠯᠭᠠᠵᠤ᠂ ᠨᠡᠷᠡᠳᠥ ᠲᠡᠮᠳᠡᠭᠲᠦ ᠶᠢᠨ | ᠪᠠᠶᠢᠯᠳᠤᠬᠤ ᠪᠤᠳᠤᠯᠭ᠎ᠠ ᠪᠠᠷ ᠲᠦᠰᠢᠭ ᠲᠤᠯᠭᠠᠭᠤᠷᠢ ᠪᠣᠯᠭᠠᠨ᠂ ᠤᠨᠴᠠᠯᠢᠭᠳᠤ ᠱᠤᠭᠤᠮ ᠢᠶᠠᠷ ᠬᠤᠯᠪᠣᠭᠠᠰᠤ ᠪᠣᠯᠭᠠᠵᠤ | ᠂ ᠬᠥᠬᠡᠬᠤᠲᠠ — ᠪᠤᠭᠤᠲᠤ ᠶᠢᠨ ᠵᠢᠭᠤᠯᠴᠢᠯᠠᠯ ᠤᠨ ᠰᠠᠭᠤᠷᠢᠨ ᠭᠠᠵᠠᠷ ᠢ ᠪᠠᠶᠢᠭᠤᠯᠵᠤ ︽ᠬᠥᠬᠡᠬᠤᠲᠠ ᠪᠤᠭᠤᠲᠤ | ᠣᠷᠳᠣᠰ︾ ᠤᠨ ᠨᠢᠭᠡ ᠴᠠᠭ ᠤᠨ ᠵᠢᠭᠤᠯᠴᠢᠯᠠᠯ ᠤᠨ ᠲᠤᠭᠤᠷᠢᠭ ᠪᠠᠶᠢᠭᠤᠯᠤᠨ᠎ᠠ᠃ ᠬᠥᠯᠥᠨ ᠪᠤᠶᠢᠷ ᠤᠨ ᠵᠢᠭᠤᠯᠴᠢᠯᠠᠯ | ᠤᠨ ᠰᠠᠭᠤᠷᠢᠨ ᠭᠠᠵᠠᠷ ᠨᠢ ᠦᠨᠳᠦᠰᠦᠲᠡᠨ ᠤ ᠰᠣᠶᠣᠯ ᠢ ᠲᠣᠪᠣᠶᠢᠯᠭᠠᠵᠤ᠂ ᠳᠤᠮᠳᠠᠳᠤ ᠤᠯᠤᠰ ᠤᠨ ᠬᠦᠶᠲᠡᠨ ᠤ | ᠲᠦᠢᠯ ᠵᠡᠷᠭᠡ ᠳᠡᠭᠡᠳᠦ ᠲᠡᠰ ᠤᠨ ᠮᠥᠰᠥ ᠴᠠᠰᠤᠨ ᠤ ᠵᠢᠭᠤᠯᠴᠢᠯᠠᠯ ᠤᠨ ᠵᠦᠢᠯᠡᠰ ᠢ ᠪᠦᠲᠦᠭᠡᠨ᠎ᠡ᠃ ᠬᠢᠩᠭᠠᠨ ᠤ | ᠵᠢᠭᠤᠯᠴᠢᠯᠠᠯ ᠤᠨ ᠰᠠᠭᠤᠷᠢᠨ ᠭᠠᠵᠠᠷ ᠨᠢ ᠳᠤᠮᠳᠠᠳᠤ ᠣᠷᠣᠰ ᠮᠣᠩᠭᠤᠯ ᠤᠨ ᠣᠯᠠᠨ ᠤᠯᠤᠰ ᠤᠨ ᠭᠡᠷᠡᠯ ᠵᠢᠷᠤᠭ ᠤᠨ | ᠨᠠᠶᠢᠷ᠂ ᠬᠥᠬᠦᠭᠡ ᠶᠢᠨ ᠪᠠᠶᠠᠷ ᠵᠡᠷᠭᠡ ᠪᠠᠶᠠᠷ ᠳᠤᠷᠠᠰᠬᠠᠯ ᠤᠨ ᠨᠠᠶᠢᠷ ᠡᠷᠬᠢᠯᠡᠨ᠎ᠡ᠃ ᠲᠦᠩᠯᠢᠶᠣᠤ ᠶᠢᠨ ᠵᠢᠭᠤᠯᠴᠢᠯᠠᠯ | ᠤᠨ ᠰᠠᠭᠤᠷᠢᠨ ᠭᠠᠵᠠᠷ ᠨᠢ ︽ᠵᠡᠭᠦᠨ ᠬᠤᠶᠢᠲᠤ ᠣᠷᠣᠨ ᠠᠴᠠ ᠲᠠᠯ᠎ᠠ ᠨᠤᠲᠤᠭ ᠢ ᠪᠠᠷᠠᠯᠠᠵᠤ᠂ ᠥᠪᠡᠷ ᠢᠶᠠᠨ ᠮᠠᠰᠢᠨ | ᠵᠢᠯᠣᠭᠤᠳᠴᠤ ᠲᠦᠩᠯᠢᠶᠣᠤ ᠪᠠᠷ ᠵᠤᠭᠠᠴᠠᠬᠤ︾ ᠥᠪᠥᠷ ᠮᠣᠩᠭᠤᠯ ᠤᠨ ᠵᠡᠭᠦᠨ ᠬᠡᠰᠡᠭ ᠤᠨ ᠭᠠᠵᠠᠷ ᠣᠷᠣᠨ ᠤ | ᠤᠨᠴᠠᠯᠢᠬᠳᠤ ᠵᠢᠭᠤᠯᠴᠢᠯᠠᠯ ᠤᠨ ᠵᠦᠢᠯᠡᠰ ᠢ ᠪᠦᠲᠦᠭᠡᠨ᠎ᠡ᠃ ᠤᠯᠠᠭᠠᠨᠬᠠᠳᠠ ᠶᠢᠨ ᠵᠢᠭᠤᠯᠴᠢᠯᠠᠯ ᠤᠨ ᠰᠠᠭᠤᠷᠢᠨ ᠭᠠᠵᠠᠷ | ᠨᠢ ᠠᠮᠢ ᠠᠬᠤᠶ᠂ ᠭᠡᠷᠡᠯ ᠵᠢᠷᠤᠭ᠂ ᠷᠠᠰᠢᠶᠠᠨ ᠰᠤᠪᠢᠯᠠᠯᠲᠠ ᠪᠠ ᠤᠯᠠᠨ ᠤᠯᠤᠰ ᠤᠨ ᠣᠨᠴᠠᠯᠢᠭ ᠪᠦᠬᠦᠢ | ᠵᠢᠭᠤᠯᠴᠢᠯᠠᠯ ᠤᠨ ᠵᠣᠷᠢᠯᠭᠠᠲᠤ ᠭᠠᠵᠠᠷ ᠢ ᠪᠠᠶᠢᠭᠤᠯᠤᠨ᠎ᠠ᠃ ᠰᠢᠯᠢ ᠶᠢᠨ ᠭᠤᠣᠯ ᠤᠨ ᠵᠢᠭᠤᠯᠴᠢᠯᠠᠯ ᠤᠨ ᠰᠠᠭᠤᠷᠢᠨ | ᠭᠠᠵᠠᠷ ᠨᠢ ᠲᠠᠯ᠎ᠠ ᠨᠤᠲᠤᠭ ᠤᠨ ᠤᠯᠤᠰ ᠤᠨ ᠴᠡᠴᠡᠷᠯᠢᠭ ᠪᠠ ᠪᠡᠭᠡᠵᠢᠩ ᠲᠢᠶᠠᠨᠵᠢᠨ ᠾᠧᠪᠸᠢ ᠳᠤ ᠬᠠᠨᠳᠤᠭᠤᠯᠤᠭᠰᠠᠨ | ᠲᠠᠯ᠎ᠠ ᠨᠤᠲᠤᠭ ᠤᠨ ᠠᠮᠢ ᠠᠬᠤᠶ ᠶᠢᠨ ᠵᠢᠭᠤᠯᠴᠢᠯᠠᠯ ᠤᠨ ᠰᠠᠭᠤᠷᠢᠨ ᠭᠠᠵᠠᠷ ᠢ ᠪᠥᠳᠥᠭᠡᠨ ᠪᠠᠶᠢᠭᠤᠯᠤᠨ᠎ᠠ᠃ | ᠤᠯᠠᠭᠠᠨᠴᠠᠪ ᠤᠨ ᠵᠢᠭᠤᠯᠴᠢᠯᠠᠯ ᠤᠨ ᠰᠠᠭᠤᠷᠢᠨ ᠭᠠᠵᠠᠷ ᠨᠢ ᠨᠢᠭᠡ ᠪᠦᠯᠦᠭ ᠳᠤᠮᠳᠠ ᠳᠡᠭᠡᠳᠦ ᠳᠡᠰ ᠤᠨ ᠨᠠᠰᠤᠵᠢᠯ ᠤᠨ | ᠠᠰᠠᠷᠠᠮᠵᠢ ᠶᠢᠨ ᠰᠤᠪᠢᠯᠠᠯᠲᠠ ᠶᠢᠨ ᠨᠡᠶᠢᠭᠡᠮ ᠲᠣᠭᠤᠷᠢᠭ ᠪᠣᠯᠤᠨ ᠬᠢᠲᠠᠳ ᠮᠤᠩᠭᠤᠯ ᠡᠮ ᠡᠮᠨᠡᠯᠭᠡ ᠡᠷᠡᠭᠦᠯ ᠮᠠᠨᠳᠦ ᠶᠢᠨ | ᠰᠤᠪᠢᠯᠠᠯᠲᠠ ᠬᠢᠬᠦ ᠵᠢᠱᠢᠶ᠎ᠡ ᠦᠵᠡᠭᠦᠯᠬᠦ ᠨᠢᠭᠡᠴᠡ ᠶᠢ ᠪᠦᠲᠦᠭᠡᠨ ᠪᠠᠶᠢᠭᠤᠯᠵᠤ᠂ ︽ᠨᠡᠭᠦᠳᠡᠯ ᠤᠨ ᠰᠢᠪᠠᠭᠤ ᠬᠡᠯᠪᠡᠷᠢᠲᠤ | ᠂ ᠨᠢᠭᠡ ᠪᠢᠯᠧᠲ ᠥᠭᠬᠦ ᠳᠦᠷᠢᠮᠲᠦ︾ ᠪᠡᠶ᠎ᠡ ᠰᠤᠪᠢᠯᠠᠬᠤ ᠨᠠᠰᠤᠵᠢᠯ ᠤᠨ ᠠᠰᠠᠷᠠᠮᠵᠢ ᠶᠢᠨ ᠤᠨᠴᠠᠯᠢᠭᠳᠤ ᠵᠦᠢᠯᠡᠰ ᠢ | ᠨᠡᠭᠡᠭᠡᠨ ᠬᠥᠭᠵᠢᠭᠦᠯᠦᠨ᠎ᠡ᠃ ᠣᠷᠳᠣᠰ ᠤᠨ ᠵᠢᠭᠤᠯᠴᠢᠯᠠᠯ ᠤᠨ ᠦᠶᠯᠡᠰ ᠤᠨ ᠰᠠᠭᠤᠷᠢᠨ ᠭᠠᠵᠠᠷ ᠨᠢ ᠤᠯᠤᠰ ᠤᠨ | ᠬᠠᠮ ᠵᠢᠭᠤᠯᠴᠢᠯᠠᠯ ᠤᠨ ᠵᠢᠱᠢᠶ᠎ᠡ ᠦᠵᠡᠭᠦᠯᠬᠦ ᠣᠷᠣᠨ ᠪᠠ ᠤᠯᠠᠨ ᠤᠯᠤᠰ ᠤᠨ ᠣᠨᠴᠠᠯᠢᠭ ᠪᠦᠬᠦᠢ ᠵᠢᠭᠤᠯᠴᠢᠯᠠᠯ ᠤᠨ | ᠵᠣᠷᠢᠯᠭᠠᠲᠤ ᠭᠠᠵᠠᠷ ᠢ ᠴᠤᠭᠴᠠᠯᠠᠨ᠎ᠠ᠃ ᠪᠠᠶᠠᠨᠨᠠᠭᠤᠷ ᠵᠢᠭᠤᠯᠴᠢᠯᠠᠯ ᠤᠨ ᠰᠠᠭᠤᠷᠢᠨ ᠭᠠᠵᠠᠷ ᠨᠢ ᠥᠪᠥᠷ ᠮᠣᠩᠭᠤᠯ ᠤᠨ | ᠪᠠᠷᠠᠭᠤᠨ ᠣᠷᠣᠨ ᠤ ᠣᠨᠴᠠᠯᠢᠭ ᠲᠠᠢ ᠵᠢᠭᠤᠯᠴᠢᠯᠠᠯ ᠤᠨ ᠵᠣᠷᠢᠯᠭᠠᠲᠤ ᠭᠠᠵᠠᠷ ᠢ ᠪᠠᠶᠢᠭᠤᠯᠤᠨ᠎ᠠ᠃ ᠦᠬᠠᠶ — | ᠠᠯᠠᠱᠠ ᠵᠢᠭᠤᠯᠴᠢᠯᠠᠯ ᠤᠨ ᠰᠠᠭᠤᠷᠢᠨ ᠭᠠᠵᠠᠷ ᠨᠢ ᠣᠨᠴᠠᠯᠢᠭ ᠪᠦᠬᠦᠢ ᠡᠯᠡᠰᠦᠨ ᠴᠥᠯ ᠤᠨ ᠤᠯᠤᠰ ᠤᠨ ᠴᠡᠴᠡᠷᠯᠢᠭ | ᠪᠣᠯᠤᠨ ᠬᠠᠮ ᠵᠢᠭᠤᠯᠴᠢᠯᠠᠯ ᠤᠨ ᠵᠢᠱᠢᠶ᠎ᠡ ᠦᠵᠡᠭᠦᠯᠬᠦ ᠣᠷᠣᠨ᠂ ᠤᠯᠠᠨ ᠤᠯᠤᠰ ᠤᠨ ᠣᠨᠴᠠᠯᠢᠭ ᠪᠦᠬᠦᠢ | ᠵᠢᠭᠤᠯᠴᠢᠯᠠᠯ ᠤᠨ ᠵᠣᠷᠢᠯᠭᠠᠲᠤ ᠭᠠᠵᠠᠷ ᠢ ᠪᠠᠶᠢᠭᠤᠯᠤᠨ᠎ᠠ᠃ | ᠬᠤᠶᠠᠷ᠂ ᠠᠷᠪᠠᠨ ᠶᠡᠭᠡ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠦᠨ ᠳᠥᠷᠪᠡᠨ ᠤᠯᠠᠷᠢᠯ ᠤᠨ ᠵᠢᠭᠤᠯᠴᠢᠯᠠᠯ ᠢ | ᠪᠠᠶᠢᠭᠤᠯᠤᠨ᠎ᠠ | ᠯᠢ ᠵᠢᠶ ᠾᠧᠩ ᠵᠢᠭᠠᠭᠰᠠᠨ ᠨᠢ᠂ ︽ᠰᠢᠨᠵᠢᠯᠡᠬᠦ ᠤᠬᠠᠭᠠᠨᠴᠢ ᠪᠠᠷ ᠲᠥᠯᠥᠪᠵᠢᠭᠦᠯᠬᠦ ᠪᠣᠯ ᠬᠠᠮᠤᠭ ᠤᠨ ᠶᠡᠭᠡ | ᠦᠷ᠎ᠡ ᠠᠰᠢᠭ ᠮᠥᠨ᠂ ᠲᠥᠯᠥᠪᠵᠢᠭᠦᠯᠭᠡ ᠶᠢᠨ ᠠᠯᠳᠠᠰᠢ ᠪᠣᠯ ᠬᠠᠮᠤᠭ ᠤᠨ ᠶᠡᠭᠡ ᠪᠦᠷᠢᠯᠭᠡᠨ ᠰᠦᠢᠳᠬᠡᠯ ᠮᠥᠨ᠂ | ᠲᠥᠯᠥᠪᠵᠢᠭᠦᠯᠭᠡ ᠶᠢᠨ ᠳᠡᠩᠰᠡᠯᠭᠡ ᠪᠣᠯ ᠬᠠᠮᠤᠭ ᠤᠨ ᠶᠡᠭᠡ ᠶᠡᠭᠡ ᠴᠡᠬᠡᠷ ᠮᠥᠨ᠃ ᠬᠤᠶᠢᠰᠢᠳᠠ ᠵᠢᠭᠤᠯᠴᠢᠯᠠᠯ ᠤᠨ | ᠦᠢᠯᠡᠰ ᠢ ᠬᠥᠭᠵᠢᠭᠦᠯᠬᠦ ᠳᠤ᠂ ᠵᠠᠪᠠᠯ ᠤᠷᠢᠳᠠᠪᠠᠷ ᠲᠥᠯᠥᠪᠵᠢᠭᠦᠯᠵᠤ᠂ ᠲᠥᠯᠥᠪᠵᠢᠭᠦᠯᠭᠡ ᠪᠠᠷ ᠬᠥᠲᠥᠯᠥᠨ | ᠳᠠᠭᠠᠭᠤᠯᠬᠤ ᠶᠢ ᠲᠡᠮᠦᠷ ᠮᠡᠲᠦ ᠵᠢᠮ᠎ᠡ ᠶᠣᠰᠣ ᠪᠣᠯᠭᠠᠵᠤ᠂ ᠦᠵᠡᠯ ᠰᠠᠨᠠᠭᠠᠨ ᠳᠠᠭᠠᠨ ᠪᠠᠲᠤ ᠲᠣᠭᠲᠠᠪᠤᠷᠢᠵᠢᠭᠤᠯᠵᠤ᠂ | ᠦᠢᠯᠡᠳᠦᠯᠭᠡ ᠶᠢᠨ ᠳᠤᠮᠳᠠ ᠭᠦᠨ ᠦᠨᠳᠦᠰᠦᠯᠡᠭᠦᠯᠬᠦ ᠬᠡᠷᠡᠭᠲᠡᠢ︾ ᠭᠡᠪᠡ᠃ ᠬᠠᠮ ᠵᠢᠭᠤᠯᠴᠢᠯᠠᠯ ᠤᠨ | ᠬᠥᠭᠵᠢᠯᠲᠡ ᠶᠢᠨ ᠲᠥᠯᠥᠪᠵᠢᠭᠦᠯᠭᠡ ᠂ ᠳᠥᠷᠪᠡᠨ ᠤᠯᠠᠷᠢᠯ ᠤᠨ ᠵᠢᠭᠤᠯᠴᠢᠯᠠᠯ ᠂ ︽ᠵᠢᠭᠤᠯᠴᠢᠯᠠᠯ +︾᠂ ᠨᠡᠷᠡᠳᠥ | ᠲᠡᠮᠳᠡᠭᠲᠦ ᠡᠭᠦᠳᠬᠦ᠂ ᠥᠪᠡᠷ ᠢᠶᠠᠨ ᠮᠠᠰᠢᠨ ᠵᠢᠯᠣᠭᠤᠳᠴᠤ ᠵᠢᠭᠤᠯᠴᠢᠯᠠᠬᠤ ᠶᠢ ᠬᠥᠭᠵᠢᠭᠦᠯᠬᠦ᠂ ︽ᠲᠠᠯ᠎ᠠ ᠨᠤᠲᠤᠭ + | ︾᠂ ︽ᠭᠠᠷᠠᠭ ᠤᠨ ᠰᠡᠭᠦᠯᠴᠢ ᠶᠢᠨ ᠥᠪᠥᠷ ᠮᠣᠩᠭᠤᠯ︾᠂ ᠬᠠᠮᠲᠤᠪᠠᠷ ᠪᠠᠶᠢᠭᠤᠯᠤᠨ ᠬᠠᠮᠲᠤᠪᠠᠷ ᠬᠦᠷᠲᠡᠬᠦ ᠂ | ᠪᠣᠬᠢᠷᠳᠣᠯ ᠥᠬᠡᠶ ᠬᠥᠭᠵᠢᠭᠦᠯᠬᠦ᠂ ᠳᠡᠭᠡᠳᠦ ᠲᠡᠰ ᠤᠨ ᠵᠢᠭᠤᠯᠴᠢᠯᠠᠯ ᠢ ᠬᠥᠭᠵᠢᠭᠦᠯᠬᠦ ᠠᠷᠪᠠᠨ ᠶᠡᠭᠡ ᠪᠠᠶᠢᠯᠳᠤᠬᠤ | ᠪᠤᠳᠤᠯᠭ᠎ᠠ ᠶᠢ ᠲᠥᠯᠥᠪᠵᠢᠭᠦᠯᠦᠨ ᠬᠡᠷᠡᠭᠵᠢᠭᠦᠯᠵᠦ᠂ ᠠᠭᠤᠰᠤᠯᠴᠠᠨ ᠬᠥᠭᠵᠢᠭᠦᠯᠬᠦ ᠪᠠᠷ ᠬᠥᠳᠡᠯᠭᠡᠬᠦ ᠬᠦᠴᠦᠨ | ᠪᠣᠯᠭᠠᠵᠤ᠂ ᠵᠢᠭᠤᠯᠴᠢᠯᠠᠯ ᠤᠨ ᠰᠢᠨ᠎ᠡ ᠦᠢᠯᠡᠳᠬᠦᠨ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠢ ᠪᠤᠶᠢᠵᠢᠭᠤᠯᠵᠤ᠂ | ︽ᠪᠦᠬᠦ ᠠᠵᠤ ᠦᠢᠯᠡᠰ ᠣᠷᠣᠯᠴᠠᠭᠰᠠᠨ︾ ᠵᠢᠭᠤᠯᠴᠢᠯᠠᠯ ᠤᠨ ᠠᠵᠤ ᠦᠢᠯᠡᠰ ᠢ ᠪᠠᠶᠢᠭᠤᠯᠤᠨ᠎ᠠ᠃ ︽ᠵᠢᠯ ᠤᠨ | ᠳᠦᠷᠪᠡᠨ ᠤᠯᠠᠷᠢᠯ ᠤᠨ ᠦᠵᠡᠮᠵᠢ︾ ᠶᠢᠨ ᠲᠤᠭᠤᠷᠢᠨ ᠳᠤ᠂ ᠳᠥᠷᠪᠡᠨ ᠤᠯᠠᠷᠢᠯ ᠳᠤ ᠪᠦᠷ ᠵᠢᠭᠤᠯᠴᠢᠯᠠᠵᠤ ᠪᠣᠯᠬᠤ | ᠣᠨᠴᠠᠯᠢᠬᠳᠦ ᠵᠢᠭᠤᠯᠴᠢᠯᠠᠯ ᠤᠨ ᠵᠣᠷᠢᠯᠭᠠᠲᠤ ᠭᠠᠵᠠᠷ ᠢᠶᠠᠷ ᠪᠦᠷᠢᠯᠳᠦᠭᠰᠡᠨ ᠳᠥᠷᠪᠡᠨ ᠤᠯᠠᠷᠢᠯ ᠤᠨ ᠵᠢᠭᠤᠯᠴᠢᠯᠠᠯ ᠤᠨ | ᠵᠦᠢᠯᠡᠰ ᠢ ᠳᠣᠪᠣᠶᠢᠯᠭᠠᠨ᠎ᠠ︔ ︽1+3+X︾ ᠤᠨ ᠵᠢᠭᠤᠯᠴᠢᠯᠠᠯ ᠤᠨ ᠶᠡᠷᠦᠩᠬᠡᠶᠢᠯᠡᠭᠰᠡᠨ ᠬᠠᠮᠢᠶᠠᠷᠤᠯᠲᠠ ᠶᠢᠨ | ᠪᠠᠶᠢᠭᠤᠯᠤᠯ ᠢ ᠪᠦᠬᠦ ᠲᠠᠯ᠎ᠠ ᠪᠠᠷ ᠪᠠᠶᠢᠭᠤᠯᠵᠤ᠂ ᠵᠢᠭᠤᠯᠴᠢᠯᠠᠯ + ᠰᠣᠶᠣᠯ ︽ᠲᠠᠷᠢᠶᠠᠯᠠᠩ ᠮᠠᠯ ᠠᠵᠤ ᠠᠬᠤᠶ ᠤᠰᠤ | ᠤᠢ ᠰᠢᠭᠤᠢ︾ ᠵᠡᠷᠭᠡ ᠠᠭᠤᠰᠤᠯᠴᠠᠨ ᠬᠥᠭᠵᠢᠬᠦ ᠲᠣᠭᠲᠠᠴᠠ ᠶᠢ ᠪᠠᠶᠢᠭᠤᠯᠤᠨ᠎ᠠ︔ ᠡᠳᠦᠶ ᠲᠡᠳᠦᠶ ᠨᠡᠷᠡᠳᠬᠦᠨ ᠢᠶᠠᠷ | ᠲᠦᠰᠢᠭ ᠲᠤᠯᠭᠠᠭᠤᠷᠢ ᠪᠣᠯᠭᠠᠨ᠂ ︽ᠭᠤᠶᠣᠮᠰᠤᠭ ᠥᠪᠥᠷ ᠮᠣᠩᠭᠤᠯ᠂ ᠦᠵᠡᠮᠵᠢ ᠶᠢᠨ ᠣᠷᠣᠨ︾ ᠤ ᠳᠦᠷᠢᠮᠲᠦ | ᠨᠡᠷᠡᠲᠦ ᠲᠡᠮᠳᠡᠭ ᠢ ᠲᠥᠪᠯᠡᠷᠡᠭᠦᠯᠦᠨ ᠡᠭᠦᠳᠦᠨ᠎ᠡ᠃ ᠲᠠᠯ᠎ᠠ ᠨᠤᠲᠤᠭ + ᠬᠤᠲᠠ ᠪᠠᠯᠭᠠᠰᠤ᠂ ᠬᠥᠳᠡᠭᠡ ᠲᠣᠰᠬᠤᠨ | ᠳᠤ ᠵᠢᠭᠤᠯᠴᠢᠯᠠᠯ ᠤᠨ ᠵᠦᠢᠯᠡᠰ ᠤᠨ ᠤᠶᠠᠯᠳᠤᠯ ᠢ ᠠᠬᠢᠭᠤᠯᠵᠤ᠂ ᠬᠤᠲᠠ ᠪᠠᠯᠭᠠᠰᠤ᠂ ᠦᠵᠡᠮᠵᠢ ᠶᠢᠨ ᠣᠷᠣᠨ ᠤ | ᠡᠷᠭᠢᠨ ᠲᠣᠭᠤᠷᠢᠨ᠂ ᠵᠡᠷᠭᠡᠯᠡᠳᠡᠭᠡ ᠨᠠᠢᠮᠠᠨ ᠮᠤᠵᠢ ᠬᠤᠲᠠ ᠣᠷᠣᠨ ᠤ ᠵᠠᠬ᠎ᠠ ᠨᠡᠶᠢᠯᠡᠵᠦ ᠪᠠᠶᠢᠭ᠎ᠠ ᠭᠠᠵᠠᠷ᠂ ᠨᠡᠷᠡᠳᠥ | ᠲᠡᠮᠳᠡᠭᠲᠦ ᠤᠨ ᠱᠤᠭᠤᠮ ᠳᠠᠭᠠᠤ ᠣᠷᠣᠨ ᠪᠠ ᠴᠥᠭᠡᠨ ᠲᠣᠭᠠᠲᠤ ᠦᠨᠳᠦᠰᠦᠲᠡᠨ ᠤ ᠲᠥᠪᠯᠡᠷᠡᠨ ᠰᠠᠭᠤᠵᠤ ᠪᠠᠶᠢᠭ᠎ᠠ | ᠭᠠᠵᠠᠷ ᠲᠤ ᠬᠥᠳᠡᠭᠡ ᠲᠣᠰᠬᠤᠨ ᠤ ᠵᠢᠭᠤᠯᠴᠢᠯᠠᠯ ᠤᠨ ᠣᠨᠴᠠᠯᠢᠭ ᠪᠥᠬᠦᠶ ᠵᠦᠢᠯᠡᠰ ᠢ ᠴᠣᠭᠴᠠᠯᠠᠵᠤ᠂ ︽ᠭᠠᠷᠠᠭ ᠤᠨ | ᠰᠡᠭᠦᠯᠴᠢ ᠶᠢᠨ ᠥᠪᠥᠷ ᠮᠣᠩᠭᠤᠯ︾ ᠤᠨ ᠰᠡᠯᠡᠭᠦᠴᠡᠯ ᠤᠨ ᠵᠢᠭᠤᠯᠴᠢᠯᠠᠯ ᠢ ᠶᠡᠬᠡᠪᠡᠷ ᠥᠷᠨᠢᠭᠦᠯᠦᠨ᠎ᠡ᠃ ᠣᠨᠴᠠ | ᠲᠣᠭᠲᠠᠭᠠᠭᠰᠠᠨ ᠵᠣᠴᠢᠳ ᠤᠨ ᠰᠤᠷᠪᠤᠯᠵᠢ ᠶᠢ ᠨᠠᠷᠢᠯᠢᠭ ᠣᠨᠣᠴᠠᠲᠠᠶ ᠡᠵᠡᠮᠳᠡᠬᠦ ᠶᠢ ᠴᠢᠩᠭᠠᠳᠬᠠᠵᠤ᠂ ᠥᠪᠥᠷ | ᠮᠣᠩᠭᠤᠯᠴᠤᠳ ᠥᠪᠥᠷ ᠮᠣᠩᠭᠤᠯ ᠳᠠᠭᠠᠨ ᠵᠢᠭᠤᠯᠴᠢᠯᠠᠬᠤ ᠬᠥᠮᠥᠨ ᠤ ᠲᠤᠭ᠎ᠠ ᠶᠢ ᠵᠢᠭᠤᠯᠴᠢᠯᠠᠭᠴᠢᠳ ᠤᠨ ᠪᠦᠬᠦ | ᠲᠣᠭᠠᠨ ᠤ 40 % ᠠᠴᠠ ᠳᠡᠭᠡᠭᠰᠢ ᠳᠤ ᠡᠵᠡᠯᠡᠭᠦᠯᠦᠨ᠎ᠡ︔ ᠡᠷᠭᠢᠨ ᠲᠣᠭᠤᠷᠢᠨ ᠤ ᠮᠤᠵᠢ ᠬᠤᠲᠠ ᠣᠷᠣᠨ ᠤ | ᠵᠢᠭᠤᠯᠴᠢᠯᠠᠭᠴᠢᠳ ᠢ ᠲᠠᠲᠠᠵᠤ᠂ ᠨᠡᠩ ᠤᠯᠠᠨ ᠵᠢᠭᠤᠯᠴᠢᠯᠠᠭᠤᠯᠤᠨᠠ᠃ | ᠭᠤᠷᠪᠠ᠂ ᠠᠷᠪᠠᠨ ᠶᠡᠭᠡ ᠢᠨᠵᠧᠨᠧᠷᠢᠩ ᠢ ᠬᠡᠷᠡᠭᠵᠢᠬᠦᠯᠵᠤ ︽ᠲᠦᠷᠪᠡᠨ ᠲᠠᠯ᠎ᠠ ᠪᠠᠷ ᠭᠤᠶᠤᠮᠰᠤᠭ ᠰᠠᠶᠢᠬᠠᠨ | ᠥᠪᠥᠷ ᠮᠣᠩᠭᠤᠯ︾ ᠢ ᠴᠤᠭᠴᠠᠯᠠᠨ᠎ᠠ | ᠥᠪᠡᠷᠲᠡᠭᠡᠨ ᠵᠠᠰᠠᠬᠤ ᠣᠷᠣᠨ ᠤ ᠠᠷᠪᠠᠳᠤᠭᠠᠷ ᠤᠳᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ | ᠳᠡᠭᠡᠷ᠎ᠡ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠱᠦᠵᠢ ᠯᠢ ᠵᠢᠶ ᠾᠧᠩ ᠴᠢᠬᠤᠯᠠᠴᠢᠯᠠᠭᠰᠠᠨ ᠨᠢ | ᠂ ᠵᠢᠭᠤᠯᠴᠢᠯᠠᠯ ᠤᠨ ᠦᠢᠯᠡᠰ ᠪᠤᠯ ᠶᠡᠷᠦᠩᠬᠡᠶᠢᠯᠡᠭᠰᠡᠨ ᠴᠢᠨᠠᠷᠲᠠᠶ ᠠᠵᠤ ᠦᠢᠯᠡᠰ ᠮᠦᠨ᠂ ᠠᠵᠤ ᠠᠬᠤᠶ ᠶᠢᠨ | ᠨᠡᠮᠡᠭᠳᠡᠯ ᠢ ᠳᠠᠶᠢᠴᠢᠯᠠᠬᠤ ᠴᠢᠬᠤᠯᠠ ᠬᠥᠳᠡᠯᠭᠡᠬᠦ ᠬᠦᠴᠦᠨ ᠮᠦᠨ᠃ ᠥᠪᠥᠷ ᠮᠣᠩᠭᠤᠯ ᠤᠨ ᠪᠠᠶᠢᠭᠠᠯᠢ ᠶᠢᠨ ᠥᠩᠭᠡ | ᠦᠵᠡᠮᠵᠢ ᠥᠷᠭᠡᠨ ᠠᠭᠤᠳᠠᠮ ᠪᠦᠭᠡᠳ ᠰᠦᠷᠯᠢᠭ ᠰᠠᠶᠢᠬᠠᠨ᠂ ᠦᠨᠳᠦᠰᠦᠲᠡᠨ ᠤ ᠰᠣᠶᠣᠯ ᠥᠪᠡᠷᠮᠢᠴᠡ | ᠣᠨᠴᠠᠯᠢᠭ ᠲᠠᠢ ᠪᠠᠶᠢᠳᠠᠭ᠂ ᠬᠠᠮ ᠵᠢᠭᠤᠯᠴᠢᠯᠠᠯ᠂ ᠳᠥᠷᠪᠡᠨ ᠤᠯᠠᠷᠢᠯ ᠤᠨ ᠵᠢᠭᠤᠯᠴᠢᠯᠠᠯ ᠠᠴᠠ ᠭᠠᠷᠳᠠᠵᠤ᠂ ︽ | ᠵᠢᠭᠤᠯᠴᠢᠯᠠᠯ +︾ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠵᠤ᠂ ᠥᠨᠳᠥᠷ ᠲᠦᠪᠰᠢᠨ ᠠᠴᠠ ᠲᠦᠯᠦᠪᠵᠢᠬᠦᠯᠵᠤ᠂ | ᠴᠢᠩᠭ᠎ᠠ ᠡᠷᠴᠢᠮ ᠲᠠᠢ ᠪᠠᠷ ᠪᠠᠯᠠ ᠣᠷᠣᠭᠤᠯᠵᠤ᠂ ᠥᠨᠳᠥᠷ ᠪᠠᠷᠢᠮᠵᠢᠶ᠎ᠠ ᠪᠠᠷ ᠪᠦᠳᠦᠬᠡᠡ ᠪᠠᠶᠢᠭᠤᠯᠵᠤ᠂ ᠦᠨᠳᠦᠷ | ᠪᠦᠲᠦᠮᠵᠢᠲᠠᠢ ᠪᠠᠷ ᠬᠠᠮᠢᠶᠠᠷᠴᠤ᠂ ᠪᠦᠬᠦ ᠲᠠᠯ᠎ᠠ ᠪᠠᠷ ᠲᠠᠨᠢᠯᠴᠠᠭᠤᠯᠵᠤ᠂ ︽ᠭᠤᠶᠤᠮᠰᠤᠭ ᠰᠠᠶᠢᠬᠠᠨ ᠥᠪᠥᠷ ᠮᠣᠩᠭᠤᠯ | · ᠦᠵᠡᠰᠬᠦᠯᠡᠩᠲᠦ ᠰᠠᠶᠢᠬᠠᠨ ᠦᠵᠡᠮᠵᠢ ᠶᠢᠨ ᠱᠤᠭᠤᠮ︾ ᠤᠨ ᠲᠦᠷᠦᠯ ᠲᠡᠮᠳᠡᠭ ᠢ ᠴᠤᠭᠴᠠᠯᠠᠵᠤ᠂ ᠮᠠᠨ ᠤ | ᠣᠷᠣᠨ ᠢᠶᠠᠨ ᠤᠯᠤᠰ ᠤᠨ ᠳᠣᠲᠣᠭᠠᠳᠤ ᠭᠠᠳᠠᠭᠠᠳᠤ ᠶᠢᠨ ᠨᠡᠷᠡᠳᠦ ᠵᠢᠭᠤᠯᠴᠢᠯᠠᠯ ᠤᠨ ᠤᠷᠤᠨ ᠪᠤᠯᠭᠠᠨ ᠪᠦᠲᠦᠭᠡᠨ | ᠪᠠᠶᠢᠭᠤᠯᠬᠤ ᠬᠡᠷᠡᠭᠲᠠᠢ ᠬᠡᠪᠡ᠃ | ᠬᠤᠶᠢᠰᠢᠳᠠ ᠶᠢᠨ ᠵᠢᠯ ᠤᠳ ᠲᠤ᠂ ᠮᠠᠨ ᠤ ᠣᠷᠣᠨ ᠤ ᠵᠢᠭᠤᠯᠴᠢᠯᠠᠯ ᠨᠢ ︽ᠲᠦᠷᠪᠡᠨ ᠲᠠᠯ᠎ᠠ ᠪᠠᠷ | ᠭᠤᠶᠤᠮᠰᠤᠭ ᠰᠠᠶᠢᠬᠠᠨ ᠥᠪᠥᠷ ᠮᠣᠩᠭᠤᠯ︾ ᠢ ᠪᠠᠶᠢᠭᠤᠯᠬᠤ ᠲᠠᠢ ᠤᠶᠠᠯᠳᠤᠭᠤᠯᠤᠨ᠂ ᠠᠷᠪᠠᠨ ᠶᠡᠭᠡ ᠢᠨᠵᠧᠨᠧᠷᠢᠩ ᠢ | ᠬᠦᠴᠦᠯᠡᠨ ᠬᠡᠷᠡᠭᠵᠢᠬᠦᠯᠵᠤ᠂ ︽ᠨᠢᠭᠡ ᠠᠵᠢᠯ ᠲᠦᠷᠦᠯ ᠬᠦᠭᠵᠢᠪᠡᠯ᠂ ᠦᠢᠯᠡᠰ ᠪᠦᠬᠦᠨ ᠦᠬᠡᠳᠡᠯᠡᠬᠦ︾ ᠶᠢ ᠪᠦᠬᠦ | ᠲᠠᠯ᠎ᠠ ᠪᠠᠷ ᠲᠦᠯᠬᠢᠨ ᠠᠬᠢᠭᠤᠯᠤᠨ᠎ᠠ᠃ | ᠠᠷᠪᠠᠨ ᠶᠡᠭᠡ ᠢᠨᠵᠧᠨᠧᠷᠢᠩ ᠤᠨ ᠲᠠᠯ᠎ᠠ ᠪᠠᠷ ᠬᠡᠷᠡᠭᠯᠡᠭᠡ ᠲᠠᠢ ᠤᠶᠠᠯᠳᠤᠭᠤᠯᠤᠨ᠂ ᠵᠢᠯᠣᠭᠤᠳᠬᠤ ᠴᠢᠨᠠᠷ ᠢ | ᠳᠤᠪᠤᠶᠢᠯᠭᠠᠨ᠎ᠠ᠂ ᠵᠢᠱᠢᠶᠡᠯᠡᠪᠡᠯ᠂ 2020 ᠣᠨ ᠪᠣᠯᠬᠤ ᠳᠤ ᠲᠦᠷᠦᠯ ᠲᠡᠮᠳᠡᠭᠲᠦ ᠡᠭᠦᠳᠬᠦ ᠢᠨᠵᠧᠨᠧᠷᠢᠩ ᠤᠨ ᠲᠠᠯ᠎ᠠ | ᠪᠠᠷ ᠤᠯᠤᠰ ᠤᠨ 5 A ᠲᠠᠰ ᠤᠨ ᠦᠵᠡᠮᠵᠢ ᠶᠢᠨ ᠣᠷᠣᠨ ᠪᠤᠯᠤᠨ ᠤᠯᠤᠰ ᠤᠨ ᠵᠢᠭᠤᠯᠴᠢᠯᠠᠯ ᠤᠨ ᠠᠮᠠᠷᠠᠯᠲᠠ ᠶᠢᠨ | ᠣᠷᠣᠨ ᠢ ᠪᠦᠬᠦ ᠤᠯᠤᠰ ᠤᠨ ᠳᠤᠮᠳᠠᠴᠢ ᠲᠦᠪᠰᠢᠨ ᠳᠤ ᠬᠦᠷᠦᠬᠦᠯᠦᠨ᠎ᠡ ᠬᠡᠵᠤ ᠳᠤᠷᠠᠳᠪᠠ᠃ ᠵᠢᠭᠰᠠᠭᠠᠭᠰᠠᠨ | ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠤᠨ ᠦᠵᠡᠮᠵᠢ ᠶᠢᠨ ᠣᠷᠣᠨ ᠢ ᠪᠠᠶᠢᠭᠤᠯᠬᠤ ᠠᠵᠢᠯᠯᠠᠭ᠎ᠠ ᠶᠢᠨ ᠲᠠᠯ᠎ᠠ | ᠪᠠᠷ ᠤᠯᠠᠭᠠᠨᠬᠦᠦ ᠶᠢᠨ ᠠᠵᠢᠯᠯᠠᠵᠤ ᠪᠠᠶᠢᠭᠰᠠᠨ ᠬᠠᠭᠤᠴᠢᠨ ᠪᠠᠭᠤᠷᠢ᠂ ︽5.1︾ ᠤ ᠬᠤᠷᠠᠯ ᠤᠨ ᠪᠠᠭᠤᠷᠢ ᠶᠢᠨ ᠶᠠᠨ | ᠠᠨ ᠤ ᠦᠨᠳᠦᠰᠦᠲᠡᠨ ᠤ ᠳᠡᠭᠡᠲᠦ ᠰᠤᠷᠭᠠᠭᠤᠯᠢ ᠶᠢᠨ ᠴᠸᠡᠭ ᠴᠤᠸᠠᠨ ᠳᠤᠷᠠᠰᠬᠠᠯ ᠤᠨ ᠣᠷᠳᠣᠨ ᠵᠡᠷᠭᠡ | ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠤᠨ ᠡᠬᠢ ᠪᠠᠶᠠᠯᠢᠭ ᠤᠨ ᠳᠠᠪᠠᠭᠤᠯᠢᠭ ᠲᠤ ᠲᠦᠰᠢᠭᠯᠡᠨ᠂ | ᠬᠤᠪᠢᠰᠬᠠᠯ ᠤᠨ ᠭᠧᠨ ᠢ ᠤᠯᠠᠮᠵᠢᠯᠠᠨ᠎ᠠ᠃ ᠲᠦᠮᠡᠳ ᠵᠡᠭᠦᠨ ᠬᠤᠰᠢᠭᠤ᠂ ᠯᠢᠶᠠᠩᠴᠧᠩ ᠰᠢᠶᠠᠨ ᠵᠡᠷᠭᠡ | ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠤᠨ ᠨᠡᠷᠡᠲᠦ ᠬᠤᠲᠠ ᠶᠢ ᠭᠤᠣᠯᠳᠠᠯᠭ᠎ᠠ ᠲᠠᠢ ᠴᠤᠭᠴᠠᠯᠠᠵᠤ᠂ ᠥᠪᠥᠷ | ᠮᠣᠩᠭᠤᠯ ᠤᠨ ᠬᠤᠪᠢᠰᠬᠠᠯ ᠤᠨ ᠦᠯᠢᠭᠡᠷ ᠢ ᠰᠠᠶᠢᠲᠤᠷ ᠶᠠᠷᠢᠵᠤ᠂ ᠵᠢᠭᠤᠯᠴᠢᠯᠠᠭᠴᠢᠳ ᠲᠤ ︽ᠬᠤᠪᠢᠰᠬᠠᠯ ᠤᠨ ᠱᠠᠬᠠᠶ | ᠡᠮᠦᠰᠦᠭᠡᠳ᠂ ᠬᠤᠪᠢᠰᠬᠠᠯ ᠤᠨ ᠵᠠᠮ ᠢᠶᠠᠷ ᠶᠠᠪᠤᠵᠤ᠂ ᠬᠤᠪᠢᠰᠬᠠᠯ ᠤᠨ ᠭᠠᠰᠢᠭᠤᠨ ᠢ ᠠᠮᠰᠠᠵᠤ᠂ ᠬᠤᠪᠢᠰᠬᠠᠯ ᠤᠨ | ᠬᠦᠨᠡᠰᠦ ᠶᠢ ᠢᠳᠡᠬᠦ︾ ᠵᠡᠷᠭᠡ ᠵᠦᠢᠯᠡᠰ ᠢ ᠵᠢᠷᠤᠭᠯᠠᠨ ᠦᠭᠴᠦ᠂ ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠢ | ᠬᠦᠭᠵᠢᠭᠡᠨ᠎ᠡ᠃ | ᠰᠠᠭᠤᠷᠢ ᠪᠡᠯᠡᠳᠭᠡᠮᠵᠢ ᠪᠤᠯᠤᠨ ᠤᠯᠠᠨ ᠨᠡᠶᠢᠲᠡ ᠶᠢᠨ ᠦᠢᠯᠡᠴᠯᠡᠭᠡ ᠶᠢ ᠳᠡᠭᠡᠭᠰᠢᠯᠡᠭᠦᠯᠬᠦ᠂ ︽ᠵᠢᠭᠤᠯᠴᠢᠯᠠᠯ +︾ | ᠠᠭᠤᠰᠤᠯᠴᠠᠭᠤᠯᠤᠨ ᠬᠦᠭᠵᠢᠬᠦᠯᠬᠦ ᠪᠠ ᠬᠥᠳᠡᠭᠡ ᠲᠣᠰᠬᠤᠨ ᠤ ᠵᠢᠭᠤᠯᠴᠢᠯᠠᠯ ᠢᠶᠠᠷ ᠠᠷᠠᠳ ᠢ ᠪᠠᠶᠠᠵᠢᠭᠤᠯᠤᠨ | ᠶᠠᠳᠠᠭᠤ ᠶᠢ ᠲᠡᠳᠬᠦᠬᠦ ᠢᠨᠵᠧᠨᠧᠷᠢᠩ ᠢ ᠲᠣᠭᠲᠠᠭᠠᠬᠤ ᠳᠤ ᠮᠠᠨ ᠤ ᠣᠷᠣᠨ ᠤ ᠵᠢᠭᠤᠯᠴᠢᠯᠠᠯ ᠤᠨ ᠬᠥᠭᠵᠢᠯᠲᠡ ᠶᠢᠨ | ᠪᠣᠳᠠᠲᠤ ᠪᠠᠶᠢᠳᠠᠯ ᠲᠠᠢ ᠤᠶᠠᠯᠳᠤᠭᠤᠯᠤᠨ᠎ᠠ᠃ ᠬᠥᠳᠡᠭᠡ ᠲᠣᠰᠬᠤᠨ ᠤ ᠵᠢᠭᠤᠯᠴᠢᠯᠠᠯ ᠳᠤ ᠶᠠᠭᠤᠨ ᠤ ᠡᠮᠦᠨ᠎ᠡ ᠬᠥᠳᠡᠭᠡ | ᠲᠣᠰᠬᠤᠨ ᠤ ᠶᠠᠳᠠᠭᠤ ᠶᠢ ᠲᠡᠳᠬᠦᠬᠦ ᠠᠵᠢᠯᠯᠠᠭ᠎ᠠ ᠶᠢ ᠦᠷᠨᠢᠬᠦᠯᠦᠨ᠎ᠡ᠃ ᠥᠪᠡᠷᠮᠢᠴᠡ ᠣᠨᠴᠠᠯᠢᠭ ᠲᠠᠢ ᠬᠥᠳᠡᠭᠡ | ᠲᠣᠰᠬᠤᠨ ᠤ ᠵᠢᠭᠤᠯᠴᠢᠯᠠᠯ ᠤᠨ ᠶᠠᠳᠠᠭᠤ ᠶᠢ ᠲᠡᠳᠬᠦᠬᠦ ᠲᠣᠰᠬᠤᠨ 200 ᠶᠢ ᠪᠠᠶᠢᠭᠤᠯᠤᠨ᠎ᠠ᠃ 2020 ᠣᠨ | ᠪᠣᠯᠬᠤ ᠳᠤ᠂ ᠤᠯᠤᠰ ᠤᠨ ᠪᠠ ᠥᠪᠡᠷᠲᠡᠭᠡᠨ ᠵᠠᠰᠠᠬᠤ ᠣᠷᠣᠨ᠂ ᠠᠶᠢᠮᠠᠭ ᠬᠤᠲᠠ᠂ ᠰᠢᠶᠠᠨ ᠰᠢᠶᠠᠩ ᠤᠨ ᠳᠡᠰ ᠤᠨ | ᠵᠢᠱᠢᠶ᠎ᠡ ᠦᠵᠡᠭᠦᠯᠬᠦ ᠲᠤᠰᠬᠤᠨ ᠢ ᠲᠤᠰ ᠲᠤᠰ 100᠂ 50 ᠪᠠᠶᠢᠭᠤᠯᠬᠤ ᠪᠠ ᠬᠥᠳᠡᠭᠡ ᠲᠣᠰᠬᠤᠨ ᠤ | ᠵᠢᠭᠤᠯᠴᠢᠯᠠᠯ ᠤᠨ ᠵᠢᠱᠢᠶ᠎ᠡ ᠦᠵᠡᠭᠦᠯᠬᠦ ᠲᠤᠰᠬᠤᠨ ᠢ 10 ᠣᠷᠴᠢᠮ ᠪᠠᠶᠢᠭᠤᠯᠤᠨ᠎ᠠ᠃ ᠰᠡᠯᠡᠭᠦᠴᠡᠬᠦ ᠲᠠᠷᠢᠶᠠᠯᠠᠩ ᠤᠨ | ᠲᠠᠯᠠᠪᠤᠷ᠂ ᠣᠨᠴᠠᠯᠢᠭ ᠪᠦᠬᠦᠢ ᠠᠷᠠᠳ ᠤᠨ ᠰᠠᠭᠤᠴᠠ ᠵᠡᠷᠭᠡ ᠬᠥᠳᠡᠭᠡ ᠲᠣᠰᠬᠤᠨ ᠤ ᠰᠡᠯᠡᠭᠦᠴᠡᠨ ᠠᠮᠠᠷᠠᠬᠤ | ᠵᠦᠢᠯᠡᠰ ᠤᠨ ᠰᠢᠨ᠎ᠡ ᠶᠢ ᠡᠭᠦᠳᠦᠨ ᠨᠡᠭᠡᠭᠡᠨ ᠬᠦᠭᠵᠢᠬᠦᠯᠵᠤ᠂ ᠨᠢᠭᠡ ᠭᠠᠴᠠᠭ᠎ᠠ ᠳᠤ ᠨᠢᠭᠡ ᠦᠢᠯᠡᠳᠬᠦᠨ᠂ ᠨᠢᠭᠡ | ᠲᠣᠰᠬᠤᠨ ᠳᠤ ᠨᠢᠭᠡ ᠦᠵᠡᠮᠵᠢ ᠲᠠᠢ ᠪᠠᠶᠢᠬᠤ ᠬᠥᠭᠵᠢᠯᠲᠡ ᠶᠢᠨ ᠪᠠᠶᠢᠷᠢᠰᠢᠭᠤᠯᠤᠯᠲᠠ ᠲᠠᠢ ᠪᠤᠯᠭᠠᠨ᠎ᠠ᠃ ᠬᠥᠳᠡᠭᠡ | ᠲᠣᠰᠬᠤᠨ ᠤ ᠵᠢᠭᠤᠯᠴᠢᠯᠠᠯ ᠤᠨ ᠠᠵᠢᠯ ᠣᠯᠭᠤᠬᠤ ᠠᠳᠠᠯ ᠦᠢᠯᠡᠰ ᠴᠣᠭᠴᠠᠯᠠᠬᠤ ᠠᠵᠢᠯᠯᠠᠭ᠎ᠠ ᠳᠤ ᠬᠥᠳᠡᠭᠡ | ᠲᠣᠰᠬᠤᠨ ᠤ ᠵᠢᠭᠤᠯᠴᠢᠯᠠᠯ ᠤᠨ ᠠᠵᠢᠯ ᠲᠦᠷᠦᠯ ᠤᠨ ᠪᠦᠬᠦ ᠠᠵᠢᠯᠲᠠᠨ ᠠᠵᠢᠯᠴᠢᠨ ᠢ ᠬᠥᠮᠦᠵᠢᠭᠦᠯᠦᠨ | ᠪᠣᠯᠪᠠᠰᠤᠷᠠᠭᠤᠯᠬᠤ ᠲᠥᠯᠥᠪᠯᠡᠭᠡ ᠶᠢ ᠬᠡᠷᠡᠭᠵᠢᠬᠦᠯᠦᠨ᠎ᠡ᠃ ᠬᠥᠳᠡᠭᠡ ᠲᠣᠰᠬᠤᠨ ᠤ ᠵᠢᠭᠤᠯᠴᠢᠯᠠᠯ ᠤᠨ ︽ᠡᠭᠦᠳᠦᠭᠴᠢ | ᠴᠣᠭᠴᠠᠯᠠᠭᠴᠢ ᠶᠢᠨ ᠰᠠᠭᠤᠷᠢᠨ ᠭᠠᠵᠠᠷ︾ ᠢ ᠲᠥᠯᠬᠢᠨ ᠠᠬᠢᠭᠤᠯᠵᠤ᠂ ᠨᠢᠭᠡ ᠪᠦᠯᠦᠭ ᠨᠤᠲᠤᠭ ᠲᠤ ᠪᠠᠨ ᠪᠤᠴᠠᠭᠰᠠᠨ | ᠬᠦᠴᠦ ᠶᠠᠪᠤᠭᠴᠢ ᠮᠠᠯᠴᠢᠨ ᠲᠠᠷᠢᠶᠠᠴᠢᠨ᠂ ᠤᠶᠤᠲᠠᠳ᠂ ᠵᠠᠯᠠᠭᠤᠴᠤᠳ ᠤᠨ ᠠᠳᠠᠯ ᠦᠢᠯᠡᠰ ᠴᠤᠭᠴᠠᠯᠠᠬᠤ ᠪᠦᠯᠬᠦᠮ | ᠨᠡᠶᠢᠲᠡ ᠵᠡᠷᠭᠡ ᠶᠢ ᠳᠡᠮᠵᠢᠨ ᠵᠢᠯᠤᠭᠤᠳᠴᠦ ᠪᠠᠶᠢᠭᠠᠳ ᠬᠥᠳᠡᠭᠡ ᠲᠣᠰᠬᠤᠨ ᠤ ᠵᠢᠭᠤᠯᠴᠢᠯᠠᠯ ᠢ ᠦᠷᠨᠢᠬᠦᠯᠬᠦ ᠪᠠᠷ | ᠳᠠᠮᠵᠢᠭᠤᠯᠤᠨ ᠪᠡᠶ᠎ᠡ ᠪᠠᠨ ᠳᠠᠭᠠᠭᠠᠵᠤ ᠠᠳᠠᠯ ᠦᠢᠯᠡᠰ ᠴᠣᠭᠴᠠᠯᠠᠬᠤ ᠶᠢ ᠨᠢ ᠪᠡᠶᠡᠯᠡᠬᠦᠯᠵᠤ᠂ ᠨᠢᠭᠡ ᠪᠦᠯᠦᠭ ᠬᠥᠳᠡᠭᠡ | ᠲᠣᠰᠬᠤᠨ ᠤ ᠵᠢᠭᠤᠯᠴᠢᠯᠠᠯ ᠤᠨ ︽ᠡᠭᠦᠳᠦᠭᠴᠢ ᠴᠣᠭᠴᠠᠯᠠᠭᠴᠢ ᠶᠢᠨ ᠰᠠᠭᠤᠷᠢᠨ ᠭᠠᠵᠠᠷ︾ ᠢ ᠴᠤᠭᠴᠠᠯᠠᠨ᠎ᠠ᠃ | 2020 ᠣᠨ ᠪᠣᠯᠬᠤ ᠳᠤ᠂ ᠪᠥᠬᠦ ᠣᠷᠣᠨ ᠤ ᠬᠥᠳᠡᠭᠡ ᠲᠣᠰᠬᠤᠨ ︵ᠮᠠᠯᠵᠢᠬᠤ ᠣᠷᠣᠨ︶ ᠤ ᠵᠢᠭᠤᠯᠴᠢᠯᠠᠯ ᠢᠶᠠᠷ | 17 ᠲᠦᠮᠡ ᠭᠠᠷᠤᠢ ᠬᠦᠮᠦᠨ ᠳᠤ ᠰᠢᠭᠤᠳ ᠠᠵᠢᠯ ᠤᠯᠭᠤᠵᠤ᠂ 85 ᠲᠦᠮᠡᠨ ᠬᠥᠮᠦᠨ ᠳᠤ ᠳᠠᠮ ᠠᠵᠢᠯ | ᠤᠯᠭᠤᠨ᠎ᠠ᠃ | ᠬᠤᠲᠠ ᠪᠠᠯᠭᠠᠰᠤ ᠶᠢᠨ ᠵᠢᠭᠤᠯᠴᠢᠯᠠᠯ ᠢ ᠬᠠᠮᠴᠢᠯᠠᠨ ᠪᠦᠳᠦᠭᠡᠨ ᠪᠠᠶᠢᠭᠤᠯᠬᠤ᠂ ᠵᠢᠭᠤᠯᠴᠢᠯᠠᠯ ᠤᠨ ᠮᠡᠳᠡᠭᠡ | ᠵᠠᠩᠭᠢᠵᠢᠯᠲᠠ ᠶᠢ ᠠᠬᠢᠭᠤᠯᠬᠤ᠂ ᠵᠢᠭᠤᠯᠴᠢᠯᠠᠯ ᠤᠨ ᠡᠵᠡᠩᠨᠡᠨ ᠪᠤᠷᠤᠯᠠᠭᠤᠯᠤᠯᠲᠠ ᠪᠠ ᠵᠠᠬ᠎ᠠ ᠳᠡᠯᠭᠡᠭᠦᠷ ᠢ ᠨᠡᠭᠡᠭᠡᠨ | ᠬᠥᠭᠵᠢᠭᠦᠯᠬᠦ᠂ ᠬᠠᠮᠢᠶᠠᠷᠤᠯᠲᠠ ᠶᠢᠨ ᠰᠢᠨ᠎ᠡ ᠶᠢ ᠡᠭᠦᠳᠬᠦ ᠬᠢᠭᠡᠳ ᠦᠢᠯᠡᠴᠢᠯᠡᠭᠡ ᠶᠢ ᠳᠡᠭᠡᠭᠰᠢᠯᠡᠭᠦᠯᠬᠦ ᠪᠠ | ᠵᠢᠭᠤᠯᠴᠢᠯᠠᠯ ᠤᠨ ᠲᠠᠸᠠᠷ ᠢ ᠨᠡᠭᠡᠭᠡᠨ ᠬᠥᠭᠵᠢᠭᠦᠯᠬᠦ ᠢᠨᠵᠧᠨᠧᠷᠢᠩ ᠵᠡᠷᠭᠡ ᠶᠢ ᠲᠤᠭᠲᠠᠭᠠᠬᠤ ᠳᠤ ᠪᠤᠳᠠᠲᠤ ᠬᠡᠷᠡᠭᠯᠡᠭᠡᠨ ᠤ | ᠴᠢᠨᠠᠷ ᠢ ᠴᠢᠬᠤᠯᠠᠴᠢᠯᠠᠨ᠎ᠠ᠃ ᠵᠢᠭᠤᠯᠴᠢᠯᠠᠯ ᠤᠨ ᠲᠠᠸᠠᠷ ᠢ ᠨᠡᠭᠡᠭᠡᠨ ᠬᠥᠭᠵᠢᠭᠦᠯᠬᠦ ᠳᠤ ᠡᠩ ᠲᠡᠷᠢᠭᠦᠨ ᠳᠤ | ᠵᠢᠭᠤᠯᠴᠢᠯᠠᠯ ᠤᠨ ᠲᠠᠸᠠᠷ ᠢ ᠨᠡᠶᠢᠳᠡᠮ ᠪᠠᠶᠢᠴᠠᠭᠠᠬᠤ ᠠᠵᠢᠯᠯᠠᠭ᠎ᠠ ᠦᠷᠨᠢᠭᠦᠯᠵᠤ᠂ ᠭᠠᠷ ᠤᠷᠠᠯᠠᠯ ᠤᠨ ᠪᠦᠲᠦᠭᠡᠭᠳᠡᠬᠦᠨ᠂ | ᠨᠤᠲᠤᠭ ᠤᠨ ᠣᠨᠴᠠ ᠭᠠᠷᠤᠯᠲᠠ ᠵᠡᠷᠭᠡ ᠲᠠᠪᠤᠨ ᠶᠡᠭᠡ ᠲᠥᠷᠥᠯ ᠤᠨ ᠵᠢᠭᠤᠯᠴᠢᠯᠠᠯ ᠤᠨ ᠲᠠᠸᠠᠷ ᠲᠤ ᠪᠠᠶᠢᠴᠠᠭᠠᠯᠲᠠ | ᠬᠢᠵᠤ᠂ ᠥᠪᠥᠷ ᠮᠣᠩᠭᠤᠯ ᠤᠨ ᠵᠢᠭᠤᠯᠴᠢᠯᠠᠯ ᠤᠨ ᠲᠠᠸᠠᠷ ᠤᠨ ᠮᠡᠳᠡᠭᠡ ᠵᠠᠩᠭᠢ ᠶᠢᠨ ᠬᠥᠮᠥᠷᠭᠡ ᠶᠢ ᠪᠠᠶᠢᠭᠤᠯᠤᠨ᠎ᠠ᠃ | ᠵᠢᠭᠤᠯᠴᠢᠯᠠᠯ ᠤᠨ ᠲᠠᠸᠠᠷ ᠢ ᠰᠤᠳᠤᠯᠤᠨ ᠨᠡᠭᠡᠭᠡᠬᠦ ᠪᠠ ᠪᠣᠷᠣᠯᠠᠭᠤᠯᠬᠤ ᠶᠢ ᠨᠢᠭᠡ ᠴᠤᠭᠴᠠᠵᠢᠭᠤᠯᠤᠬᠰᠠᠨ ︽ᠥᠪᠥᠷ | ᠮᠣᠩᠭᠤᠯ ᠤᠨ ᠪᠡᠯᠡᠭ︾ ᠤᠨ ᠲᠦᠷᠦᠯ ᠲᠡᠮᠳᠡᠭᠲᠦ ᠶᠢᠨ ᠪᠥᠳᠥᠭᠡᠨ ᠪᠠᠶᠢᠭᠤᠯᠤᠯᠲᠠ ᠶᠢ ᠠᠬᠢᠭᠤᠯᠤᠨ᠎ᠠ᠃ | ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ ᠪᠠ ᠨᠠᠮ ᠨᠢᠰᠦᠯᠲᠡ ᠶᠢᠨ ᠠᠭᠠᠷ ᠤᠨ ᠵᠢᠭᠤᠯᠴᠢᠯᠠᠯ ᠪᠣᠯ | ᠰᠢᠨ᠎ᠡ ᠪᠠᠷ ᠬᠥᠭᠵᠢᠭᠰᠡᠨ ᠵᠢᠭᠤᠯᠴᠢᠯᠠᠯ ᠤᠨ ᠵᠦᠢᠯ ᠪᠤᠯᠤᠨ᠎ᠠ᠂ ᠮᠠᠨ ᠤ ᠣᠷᠣᠨ ᠤ ᠳᠠᠪᠠᠭᠤᠯᠢᠭ ᠵᠢᠭᠤᠯᠴᠢᠯᠠᠯ ᠤᠨ | ᠡᠬᠢ ᠪᠠᠶᠠᠯᠢᠭ ᠨᠢ ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ ᠳᠤ ᠡᠯᠪᠡᠭ ᠪᠠᠶᠠᠯᠢᠭ ᠵᠢᠭᠤᠯᠴᠢᠯᠠᠯ ᠤᠨ | ᠵᠦᠢᠯ ᠢ ᠬᠠᠩᠭᠠᠭᠰᠠᠨ ᠪᠠᠶᠢᠨ᠎ᠠ᠃ ᠡᠶᠢᠮᠦ ᠠᠴᠠ ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ ᠨᠢᠭᠡᠳᠦᠯᠲᠡᠶ | ᠳᠠᠭᠤᠳᠠᠯᠲᠠ ᠶᠢᠨ ᠲᠥᠪ ᠢ ᠬᠠᠮᠲᠤᠷᠠᠨ ᠴᠤᠭᠴᠠᠯᠠᠬᠤ ᠪᠠ ᠨᠢᠰᠭᠡᠯ ᠠᠴᠠ ᠪᠠᠭᠤᠭᠰᠠᠨ ᠤ ᠰᠡᠭᠦᠯᠡᠷ ᠦᠪᠡᠷ ᠢᠶᠠᠨ | ᠮᠠᠰᠢᠨ ᠵᠢᠯᠤᠭᠤᠳᠴᠤ ᠵᠢᠭᠤᠯᠴᠢᠯᠠᠵᠤ᠂ ᠤᠨᠳᠤᠤ ᠭᠠᠵᠠᠷ ᠲᠤ ᠲᠡᠷᠭᠡ ᠶᠢ ᠪᠤᠴᠠᠭᠠᠬᠤ ᠶᠢ ᠬᠦᠭᠵᠢᠬᠦᠯᠦᠨ | ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ ᠦᠢᠯᠡᠴᠢᠯᠡᠭᠡ ᠶᠢ ᠳᠡᠭᠡᠭᠰᠢᠯᠡᠬᠦᠯᠬᠦ ᠨᠢ ᠡᠨᠡ ᠬᠦ ᠵᠠᠬ᠎ᠠ | ᠳᠡᠯᠭᠡᠭᠦᠷ ᠢ ᠦᠷᠭᠡᠳᠭᠡᠬᠦ ︽ᠣᠨᠴᠠ ᠡᠷᠳᠡᠮ︾ ᠪᠤᠯᠤᠨ᠎ᠠ᠃ ᠮᠠᠨ ᠤ ᠣᠷᠣᠨ ᠤ ᠥᠷᠭᠡᠨ ᠠᠭᠤᠳᠠᠮ ᠭᠠᠵᠠᠷ ᠤᠷᠤᠨ | ᠨᠢ ᠴᠤ ᠨᠠᠮ ᠨᠢᠰᠦᠯᠲᠡ ᠶᠢᠨ ᠠᠭᠠᠷ ᠤᠨ ᠵᠢᠭᠤᠯᠴᠢᠯᠠᠯ ᠤᠨ ᠬᠥᠭᠵᠢᠯᠲᠡ ᠳᠤ ᠨᠥᠬᠦᠴᠡᠯ ᠪᠦᠷᠢᠯᠳᠦᠭᠦᠯᠵᠦ | ᠥᠭᠭᠦᠭᠰᠡᠨ ᠪᠠᠶᠢᠨ᠎ᠠ᠂ ᠡᠯ᠎ᠡ ᠰᠠᠯᠪᠤᠷᠢ ᠱᠤᠭᠤᠮ ᠪᠣᠯᠤᠨ ᠨᠡᠶᠢᠳᠡᠮ ᠬᠡᠷᠡᠭᠯᠡᠭᠡᠨ ᠤ ᠨᠢᠰᠬᠡᠯ ᠤᠨ ᠪᠠᠭᠤᠳᠠᠯ ᠤᠨ | ᠠᠭᠠᠷ ᠤᠨ ᠵᠢᠭᠤᠯᠴᠢᠯᠠᠯ ᠤᠨ ᠲᠤᠭᠤᠷᠢᠯ ᠱᠤᠭᠤᠮ ᠢ ᠨᠡᠭᠡᠭᠡᠨ ᠬᠥᠭᠵᠢᠭᠦᠯᠬᠦ ᠨᠢ ᠵᠢᠭᠤᠯᠴᠢᠯᠠᠭᠴᠢᠳ ᠲᠤ ᠨᠠᠮ | ᠨᠢᠰᠦᠯᠲᠡ ᠶᠢᠨ ᠠᠭᠠᠷ ᠤᠨ ᠵᠢᠭᠤᠯᠴᠢᠯᠠᠯ ᠤᠨ ᠤᠷᠤᠨ ᠳᠤ ᠬᠦᠷᠬᠦ ᠳᠤᠨᠢ ᠨᠡᠩ ᠳᠥᠭᠦᠮ ᠳᠥᠲᠡ ᠨᠥᠬᠦᠴᠡᠯ | ᠪᠦᠷᠢᠯᠳᠦᠬᠦᠯᠦᠨ ᠦᠭᠴᠦ᠂ ︽ᠠᠭᠠᠷ ᠠᠴᠠ ᠲᠠᠯ᠎ᠠ ᠨᠤᠲᠤᠭ᠂ ᠣᠢ ᠰᠢᠭᠤᠶ᠂ ᠡᠯᠡᠰᠦ ᠮᠠᠩᠬ᠎ᠠ᠂ ᠬᠠᠲᠤᠨ ᠭᠤᠣᠯ ᠢ | ᠬᠠᠷᠠᠵᠤ᠂ ᠨᠢᠰᠦᠯᠲᠡ ᠶᠢᠨ ᠨᠠᠭᠠᠳᠤᠮ ᠤᠨ ᠬᠤᠷᠠᠯ᠂ ᠬᠠᠯᠠᠭᠤᠨ ᠬᠡᠶᠢᠲᠦ ᠪᠥᠮᠪᠦᠭᠡ᠂ ᠬᠠᠯᠢᠯᠲᠠ︾ ᠵᠡᠷᠭᠡ | ᠠᠵᠢᠯᠯᠠᠭ᠎ᠠ ᠪᠠᠷ ᠵᠢᠭᠤᠯᠴᠢᠯᠠᠭᠴᠢᠳ ᠢ ᠲᠠᠲᠠᠨ ᠵᠠᠬ᠎ᠠ ᠳᠡᠯᠭᠡᠭᠦᠷ ᠢᠶᠠᠨ ᠦᠷᠭᠡᠳᠭᠡᠨ᠎ᠡ᠃ | ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ᠂ ᠨᠠᠮ ᠨᠢᠰᠦᠯᠲᠡ ᠶᠢᠨ ᠠᠭᠠᠷ ᠤᠨ ᠵᠢᠭᠤᠯᠴᠢᠯᠠᠯ ᠪᠣᠯ | ᠮᠠᠨ ᠤ ᠣᠷᠣᠨ ᠤ ᠳᠡᠭᠡᠳᠦ ᠲᠡᠰ ᠤᠨ ᠵᠢᠭᠤᠯᠴᠢᠯᠠᠯ ᠢ ᠦᠷᠨᠢᠬᠦᠯᠬᠦ ᠴᠢᠬᠤᠯᠠ ᠠᠷᠭ᠎ᠠ ᠵᠠᠮ ᠮᠦᠨ᠂ ︽ | ᠬᠠᠮᠠᠭᠠᠯᠠᠬᠤ ᠶᠢ ᠲᠡᠷᠢᠭᠦᠨ ᠳᠤ ᠲᠠᠯᠪᠢᠬᠤ︾ ᠴᠢᠬᠤᠯᠠ ᠠᠷᠭ᠎ᠠ ᠪᠠᠷᠢᠯ ᠪᠤᠯᠤᠨ᠎ᠠ᠃ ᠡᠶᠢᠮᠦ ᠠᠴᠠ᠂ ᠵᠢᠭᠤᠯᠴᠢᠯᠠᠯ ᠤᠨ | ᠲᠤᠪᠴᠢᠶ᠎ᠠ ᠨᠢ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠵᠣᠬᠢᠴᠠᠭᠤᠯᠵᠤ ᠪᠠᠶᠢᠭᠠᠳ ᠨᠠᠮ ᠨᠢᠰᠦᠯᠲᠡ ᠶᠢᠨ ᠠᠭᠠᠷ ᠤᠨ | ᠵᠢᠭᠤᠯᠴᠢᠯᠠᠯ ᠢ ᠬᠦᠭᠵᠢᠬᠦᠯᠬᠦ ᠬᠤᠯᠪᠤᠭᠠᠲᠤ ᠬᠤᠷᠠᠯ ᠤᠨ ᠲᠤᠭᠲᠠᠴᠠ ᠶᠢ ᠪᠠᠶᠢᠭᠤᠯᠵᠤ᠂ ᠬᠤᠯᠪᠣᠭᠠᠯᠠᠨ ᠠᠵᠢᠯᠯᠠᠵᠤ | ᠬᠦᠴᠦ ᠪᠠᠨ ᠬᠠᠮᠲᠤᠳᠬᠠᠨ ᠳᠥᠯᠭᠢᠨ ᠠᠬᠢᠭᠤᠯᠬᠤ ᠬᠡᠷᠡᠭᠲᠠᠢ᠃ ᠨᠢᠭᠡ ᠪᠦᠯᠦᠭ ᠦᠪᠡᠷ ᠢᠶᠠᠨ ᠮᠠᠰᠢᠨ ᠵᠢᠯᠤᠭᠤᠳᠴᠤ | ᠵᠢᠭᠤᠯᠴᠢᠯᠠᠬᠤ ᠪᠠ ᠨᠠᠮ ᠨᠢᠰᠦᠯᠲᠡ ᠶᠢᠨ ᠠᠭᠠᠷ ᠤᠨ ᠵᠢᠭᠤᠯᠴᠢᠯᠠᠯ ᠤᠨ ᠰᠠᠭᠤᠷᠢᠨ ᠭᠠᠵᠠᠷ ᠢ ᠢᠳᠡᠪᠬᠢᠲᠡᠶ | ᠪᠠᠶᠢᠭᠤᠯᠵᠤ᠂ ᠦᠪᠡᠷ ᠢᠶᠠᠨ ᠮᠠᠰᠢᠨ ᠵᠢᠯᠤᠭᠤᠳᠴᠤ ᠵᠢᠭᠤᠯᠴᠢᠯᠠᠬᠤ ᠪᠠ ᠨᠠᠮ ᠨᠢᠰᠦᠯᠲᠡ ᠶᠢᠨ ᠠᠭᠠᠷ ᠤᠨ | ᠵᠢᠭᠤᠯᠴᠢᠯᠠᠯ ᠢ ᠲᠦᠷᠭᠡᠨ ᠬᠦᠭᠵᠢᠬᠦᠯᠬᠦ ᠶᠢ ᠠᠬᠢᠭᠤᠯᠬᠤ ᠬᠡᠷᠡᠭᠲᠠᠢ᠃ |