2015 ᠣᠨ ᠳᠤ᠂ ᠥᠪᠥᠷ ᠮᠣᠩᠭᠤᠯ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ 2015 | ᠣᠨ ᠠᠴᠠ ᠡᠬᠢᠯᠡᠬᠦ ᠡᠩ ᠤᠨ ᠶᠡᠭᠡ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠤᠪᠢ ᠨᠡᠮᠡᠬᠦ | ᠵᠦᠢᠯ ᠪᠣᠯᠣᠨ ᠬᠤᠪᠢ ᠶᠢᠨ ᠬᠡᠮᠵᠢᠶ᠎ᠡ ᠶᠢ ᠬᠡᠷᠡᠭᠵᠢᠭᠦᠯᠬᠦ ᠲᠥᠰᠥᠯ︾ ᠢ ᠲᠣᠭᠲᠠᠭᠠᠵᠤ᠂ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠶᠡᠭᠡ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠳᠤ ᠬᠤᠪᠢ | ᠨᠡᠮᠡᠬᠦ ᠵᠦᠢᠯ ᠪᠣᠯᠣᠨ ᠬᠤᠪᠢ ᠶᠢᠨ ᠬᠡᠮᠵᠢᠶ᠎ᠡ ᠶᠢ ᠠᠯᠬᠤᠮ ᠠᠯᠬᠤᠮ ᠢᠶᠠᠷ ᠪᠠᠭᠠᠰᠬᠠᠬᠤ᠂ ᠬᠦᠴᠦᠨ ᠦᠭᠡᠢ ᠪᠣᠯᠭᠠᠬᠤ | ᠴᠠᠭ ᠪᠣᠯᠣᠨ ᠠᠯᠬᠤᠮ ᠳᠠᠷᠠᠭ᠎ᠠ ᠶᠢ ᠲᠣᠳᠣᠷᠬᠠᠶᠢᠯᠠᠪᠠ᠂ ᠲᠤᠬᠠᠶᠢᠯᠠᠪᠠᠯ᠂ 2015 ᠣᠨ ᠠᠴᠠ 2018 ᠣᠨ | ᠪᠣᠯᠲᠠᠯ᠎ᠠ᠂ ᠶᠡᠭᠡ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠤᠪᠢ ᠨᠡᠮᠡᠬᠦ ᠵᠦᠢᠯ ᠪᠣᠯᠣᠨ | ᠬᠤᠪᠢ ᠶᠢᠨ ᠬᠡᠮᠵᠢᠶ᠎ᠡ ᠶᠢᠨ ᠥᠭᠡᠷᠡᠴᠢᠯᠡᠯᠲᠡ ᠶᠢᠨ ᠠᠵᠢᠯ ᠢ ᠪᠡᠶᠡᠯᠡᠭᠦᠯᠦᠨ᠎ᠡ᠃ | ᠣᠳᠣᠬᠠᠨ᠂ ᠮᠠᠨ ᠤ ᠣᠷᠣᠨ ᠳᠤ ᠬᠡᠷᠡᠭᠵᠢᠭᠦᠯᠵᠦ ᠪᠠᠶᠢᠭ᠎ᠠ ᠶᠡᠭᠡ ᠳᠡᠭᠡᠳᠦ ᠰᠤᠷᠭᠠᠭᠤᠯᠢ ᠳᠤ ᠰᠤᠷᠤᠭᠴᠢ | ᠡᠯᠰᠡᠬᠦ ᠰᠢᠯᠭᠠᠯᠲᠠ ᠶᠢᠨ ᠬᠤᠪᠢ ᠨᠡᠮᠡᠬᠦ ᠲᠥᠷᠥ ᠶᠢᠨ ᠪᠣᠳᠣᠯᠭ᠎ᠠ ᠨᠢ ᠳᠣᠣᠷᠠᠬᠢ ᠮᠡᠲᠦ᠄ | 1. ᠴᠡᠷᠢᠭ ᠤᠨ ᠠᠯᠪᠠ ᠬᠠᠭᠠᠵᠤ ᠪᠠᠶᠢᠬᠤ ᠬᠤᠭᠤᠴᠠᠭᠠᠨ ᠳᠠᠭᠠᠨ ᠬᠤᠶᠠᠳᠤᠭᠠᠷ ᠳᠡᠰ ︵ᠪᠠᠭᠲᠠᠨ᠎ᠠ︶ ᠠᠴᠠ | ᠳᠡᠭᠡᠭᠰᠢ ᠪᠤᠶᠤ ᠶᠡᠭᠡ ᠴᠡᠷᠢᠭ ᠤᠨ ᠲᠣᠭᠤᠷᠢᠭ ︵ᠪᠠᠭᠲᠠᠨ᠎ᠠ︶ ᠠᠴᠠ ᠳᠡᠭᠡᠭᠰᠢᠬᠢ ᠨᠢᠭᠡᠴᠡ ᠶᠢᠨ ᠢᠷᠠᠭᠤ ᠠᠯᠳᠠᠷ ᠤᠨ | ᠴᠣᠯᠠ ᠶᠢ ᠭᠥᠷᠳᠡᠭᠰᠡᠨ ᠴᠡᠷᠢᠭ ᠠᠴᠠ ᠬᠠᠯᠠᠭᠳᠠᠭᠰᠠᠨ ᠰᠢᠯᠭᠠᠭᠤᠯᠤᠭᠴᠢ᠂ ᠪᠡᠶ᠎ᠡ ᠪᠠᠨ ᠳᠠᠭᠠᠭᠠᠵᠤ ᠠᠵᠢᠯ | ᠣᠯᠤᠭᠰᠠᠨ ᠴᠡᠷᠢᠭ ᠤᠨ ᠠᠯᠪᠠᠨ ᠠᠴᠠ ᠬᠠᠯᠠᠭᠳᠠᠭᠰᠠᠨ ᠪᠠᠶᠢᠯᠳᠤᠭᠴᠢ ᠰᠢᠯᠭᠠᠭᠤᠯᠤᠭᠴᠢ᠂ ᠮᠣᠩᠭᠤᠯ ᠦᠨᠳᠦᠰᠦᠲᠡᠨ᠂ | ᠳᠠᠭᠤᠷ ᠦᠨᠳᠦᠰᠦᠲᠡᠨ᠂ ᠣᠷᠴᠣᠨ ᠦᠨᠳᠦᠰᠦᠲᠡᠨ᠂ ᠡᠸᠡᠩᠬᠢ ᠦᠨᠳᠦᠰᠦᠲᠡᠨ᠂ ᠣᠷᠤᠰ ᠦᠨᠳᠦᠰᠦᠲᠡᠨ ᠤ | ᠰᠢᠯᠭᠠᠭᠤᠯᠤᠭᠴᠢ᠂ ᠤᠯᠤᠰ ᠲᠠᠭᠠᠨ ᠪᠤᠴᠠᠵᠤ ᠢᠷᠡᠭᠰᠡᠨ ᠬᠠᠷᠢᠶᠠᠲᠤ᠂ ᠳᠤᠮᠳᠠᠳᠤ ᠶᠢᠨ ᠬᠠᠷᠢᠶᠠᠲᠤ ᠶᠢᠨ ᠦᠷ᠎ᠡ | ᠬᠡᠦᠬᠡᠳ᠂ ᠤᠯᠤᠰ ᠲᠠᠭᠠᠨ ᠪᠤᠴᠠᠵᠤ ᠢᠷᠡᠭᠰᠡᠨ ᠬᠠᠷᠢᠶᠠᠲᠤ ᠶᠢᠨ ᠦᠷ᠎ᠡ ᠬᠡᠦᠬᠡᠳ ᠪᠣᠯᠤᠨ ᠲᠠᠶᠢᠸᠠᠨ ᠮᠤᠵᠢ ᠳᠤ | ᠨᠤᠲᠤᠭ ᠲᠠᠢ ᠰᠢᠯᠭᠠᠭᠤᠯᠤᠭᠴᠢ᠂ ᠨᠥᠭᠴᠢᠭᠰᠡᠨ ᠪᠠᠭᠠᠲᠤᠷ ᠤᠨ ᠦᠷ᠎ᠡ ᠬᠡᠦᠬᠡᠳ᠂ ᠲᠡᠳᠡ ᠨᠠᠷ ᠤᠨ ᠨᠢᠭᠡᠳᠦᠯᠲᠡᠶ | ᠰᠢᠯᠭᠠᠯᠲᠠ ᠶᠢᠨ ᠬᠢᠷᠢ ᠪᠦᠲᠦᠮᠵᠢ ᠶᠢᠨ ᠶᠡᠷᠦᠩᠬᠡᠶ ᠬᠤᠪᠢ ᠶᠢᠨ ᠰᠠᠭᠤᠷᠢ ᠳᠡᠭᠡᠷ᠎ᠡ 10 ᠬᠤᠪᠢ ᠨᠡᠮᠡᠵᠦ ᠪᠤᠯᠤᠨ᠎ᠠ᠃ | 2. ᠡᠨᠡ ᠵᠢᠯ ᠠᠴᠠ ᠡᠮᠦᠨ᠎ᠡ ᠳᠡᠭᠡᠳᠦ ᠳᠡᠰ ᠤᠨ ᠳᠤᠮᠳᠠᠳᠤ ᠵᠡᠷᠭᠡ ᠶᠢᠨ ᠰᠤᠷᠭᠠᠨ ᠬᠥᠮᠦᠵᠢᠯ ᠤᠨ | ᠱᠠᠲᠤᠨ ᠳᠤ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠬᠤ ᠲᠤᠰ ᠬᠤᠭᠤᠴᠠᠭᠠᠨ ᠳᠤ ᠰᠤᠷᠭᠠᠭᠤᠯᠢ | ᠲᠡᠭᠦᠰᠦᠭᠰᠡᠨ ᠰᠢᠯᠭᠠᠭᠤᠯᠤᠭᠴᠢ ᠬᠤᠯᠪᠣᠭᠳᠠᠯ ᠪᠦᠬᠦᠢ ᠲᠣᠭᠲᠠᠭᠠᠯ ᠪᠣᠯᠤᠨ ᠳᠡᠰ ᠳᠠᠷᠠᠭᠠᠯᠠᠯ ᠶᠣᠰᠣᠭᠠᠷ ᠬᠢᠷᠢ | ᠬᠡᠮ ᠢᠶᠠᠨ ᠦᠨᠡᠮᠰᠢᠭᠦᠯᠵᠦ᠂ ᠲᠤᠰ ᠬᠤᠭᠤᠴᠠᠭᠠᠨ ᠤ ᠲᠡᠭᠦᠰᠬᠦ ᠲᠤᠰ ᠵᠢᠯ ᠤᠨ ᠳᠡᠭᠡᠳᠦ ᠰᠤᠷᠭᠠᠭᠤᠯᠢ ᠳᠤ ᠡᠯᠰᠡᠬᠦ | ᠰᠢᠯᠭᠠᠯᠲᠠ ᠶᠢᠨ ᠬᠤᠪᠢ ᠨᠡᠮᠡᠬᠦ ᠬᠢᠷᠢ ᠬᠡᠮ ᠢ ᠪᠦᠷᠢᠯᠳᠦᠭᠦᠯᠦᠭᠰᠡᠨ ᠪᠤᠯ 5 ᠬᠤᠪᠢ ᠨᠡᠮᠡᠨ᠎ᠡ᠃ 2015 ᠤᠨ ᠤ 1 | ᠳ᠋ᠦ᠋ᠭᠡᠷ ᠰᠠᠷ᠎ᠠ ᠶᠢᠨ 1 ᠤ ᠡᠳᠦᠷ ᠠᠴᠠ ᠰᠡᠭᠦᠯᠡᠷ ᠬᠢᠷᠢ ᠬᠡᠮ ᠤᠯᠤᠭᠰᠠᠨ ᠨᠢ ᠴᠥᠮ ᠶᠡᠭᠡ ᠳᠡᠭᠡᠳᠦ ᠰᠤᠷᠭᠠᠭᠤᠯᠢ ᠳᠤ | ᠡᠯᠰᠡᠬᠦ ᠰᠢᠯᠭᠠᠯᠲᠠ ᠶᠢᠨ ᠬᠤᠪᠢ ᠨᠡᠮᠡᠬᠦ ᠬᠢᠷᠢ ᠬᠡᠮ ᠦᠭᠡᠢ︔ ᠬᠤᠪᠢ ᠨᠡᠮᠡᠬᠦ ᠵᠦᠢᠯ ᠢ ᠵᠥᠪᠬᠡᠨ 2017 ᠣᠨ | ᠬᠦᠷᠲᠡᠯ᠎ᠡ ᠦᠯᠡᠳᠡᠭᠡᠵᠦ᠂ 2018 ᠣᠨ ᠠᠴᠠ ᠡᠬᠢᠯᠡᠨ ᠪᠦᠬᠦᠨ ᠢ ᠨᠢ ᠬᠦᠴᠦᠨ ᠦᠭᠡᠢ ᠪᠣᠯᠭᠠᠨ᠎ᠠ᠃ | ᠪᠡᠶ᠎ᠡ ᠶᠢᠨ ᠲᠠᠮᠢᠷ ᠤᠨ ᠬᠤᠪᠢ ᠨᠡᠮᠡᠬᠦ ᠳᠤ᠄ ᠴᠢᠬᠤᠯᠠ ᠶᠡᠭᠡ ᠤᠯᠠᠨ ᠤᠯᠤᠰ ᠤᠨ ᠪᠡᠶ᠎ᠡ ᠶᠢᠨ ᠲᠠᠮᠢᠷ ᠤᠨ | ᠤᠷᠤᠯᠳᠤᠭᠠᠨ ᠳᠤ ᠬᠠᠮᠲᠤ ᠶᠢᠨ ᠪᠤᠶᠤ ᠬᠤᠪᠢ ᠬᠥᠮᠦᠨ ᠤ ᠤᠷᠤᠯᠳᠤᠭᠠᠨ ᠤ ᠲᠦᠷᠦᠯ ᠵᠦᠢᠯ ᠳᠤ ᠲᠦᠷᠦᠭᠦᠦ | ᠵᠢᠷᠭᠤᠭᠠᠨ ᠨᠡᠷ᠎ᠡ ᠳᠤ ᠤᠷᠤᠭᠰᠠᠳ ᠵᠢᠴᠢ ᠪᠦᠬᠦ ᠤᠯᠤᠰ ᠤᠨ ᠴᠢᠨᠠᠷᠲᠠᠶ ᠪᠡᠶ᠎ᠡ ᠶᠢᠨ ᠲᠠᠮᠢᠷ ᠤᠨ ᠤᠷᠤᠯᠳᠤᠭᠠᠨ ᠤ | ᠬᠤᠪᠢ ᠬᠥᠮᠦᠨ ᠤ ᠤᠷᠤᠯᠳᠤᠭᠠᠨ ᠤ ᠲᠦᠷᠦᠯ ᠵᠦᠢᠯ ᠳᠤ ᠲᠦᠷᠦᠭᠦᠦ ᠵᠢᠷᠭᠤᠭᠠᠨ ᠨᠡᠷ᠎ᠡ ᠳᠤ ᠤᠷᠤᠭᠰᠠᠳ ᠪᠤᠶᠤ | ᠥᠪᠡᠷᠲᠡᠭᠡᠨ ᠵᠠᠰᠠᠬᠤ ᠣᠷᠣᠨ ᠤ ᠱᠠᠲᠤᠨ ᠤ ᠪᠡᠶ᠎ᠡ ᠶᠢᠨ ᠲᠠᠮᠢᠷ ᠤᠨ ᠤᠷᠤᠯᠳᠤᠭᠠᠨ ᠤ ᠬᠠᠮᠲᠤ ᠶᠢᠨ ᠲᠦᠷᠦᠯ ᠵᠦᠢᠯ | ᠳᠤ ᠲᠦᠷᠦᠭᠦᠦ ᠭᠤᠷᠪᠠᠨ ᠨᠡᠷ᠎ᠡ ᠳᠤ ᠤᠷᠤᠭᠰᠠᠳ ᠪᠤᠶᠤ ᠬᠤᠪᠢ ᠬᠥᠮᠦᠨ ᠤ ᠲᠦᠷᠦᠯ ᠵᠦᠢᠯ ᠳᠤ ᠲᠦᠷᠦᠭᠦᠦ | ᠵᠢᠷᠭᠤᠭᠠᠨ ᠨᠡᠷ᠎ᠡ ᠳᠤ ᠤᠷᠤᠭᠰᠠᠳ ᠲᠤ ᠬᠤᠪᠢ ᠨᠡᠮᠡᠨ᠎ᠡ᠃ | ᠶᠡᠭᠡ ᠳᠡᠭᠡᠳᠦ ᠰᠤᠷᠭᠠᠭᠤᠯᠢ ᠳᠤ ᠡᠯᠰᠡᠬᠦ ᠰᠢᠯᠭᠠᠯᠲᠠ ᠶᠢᠨ ᠪᠡᠶ᠎ᠡ ᠶᠢᠨ ᠲᠠᠮᠢᠷ ᠤᠨ ᠬᠤᠪᠢ ᠨᠡᠮᠡᠬᠦ ᠶᠢ | ᠬᠦᠷᠲᠡᠬᠦ ᠥᠪᠡᠷᠲᠡᠭᠡᠨ ᠵᠠᠰᠠᠬᠤ ᠣᠷᠣᠨ ᠤ ᠱᠠᠲᠤᠨ ᠤ ᠪᠡᠶ᠎ᠡ ᠶᠢᠨ ᠲᠠᠮᠢᠷ ᠤᠨ ᠤᠷᠤᠯᠳᠤᠭᠠᠨ ᠲᠠᠮᠢᠷ ᠤᠨ | ᠬᠥᠳᠡᠯᠭᠡᠭᠡᠨ ᠤ ᠲᠦᠷᠦᠯ ᠵᠦᠢᠯ ᠤᠨ ᠬᠢᠵᠠᠭᠠᠷᠯᠠᠯ ᠨᠢ ᠪᠤᠯ᠄ ᠬᠦᠨᠳᠦ ᠬᠥᠩᠭᠡᠨ ᠪᠡᠶ᠎ᠡ ᠶᠢᠨ ᠲᠠᠮᠢᠷ᠂ ᠰᠠᠭᠰᠤᠨ | ᠪᠥᠮᠪᠦᠭᠡ᠂ ᠬᠥᠯ ᠪᠥᠮᠪᠦᠭᠡ᠂ ᠠᠯᠠᠭᠠᠳᠠᠬᠤ ᠪᠥᠮᠪᠦᠭᠡ᠂ ᠫᠢᠩᠫᠠᠩ ᠪᠥᠮᠪᠦᠭᠡ᠂ ᠵᠡᠪᠰᠡᠭ ᠤᠨ ᠡᠷᠳᠡᠮ᠂ ᠤᠮᠪᠠᠯᠲᠠ᠂ | ᠥᠳᠥᠨ ᠪᠥᠮᠪᠦᠭᠡ᠂ ᠳᠤᠮᠳᠠᠳᠤ ᠮᠠᠶ᠋ᠢᠭ ᠤᠨ ᠪᠥᠬᠡ ᠪᠠ ᠲᠡᠪᠡᠭ ᠪᠤᠯᠤᠨ᠎ᠠ᠃ ᠲᠤᠰ ᠲᠥᠷᠥᠯ ᠤᠨ | ᠰᠢᠯᠭᠠᠭᠤᠯᠤᠭᠰᠠᠳ ᠨᠢ ᠪᠦᠬᠦ ᠣᠷᠣᠨ ᠤ ᠨᠢᠭᠡᠳᠦᠯᠲᠡᠢ ᠰᠣᠷᠢᠯᠲᠠ ᠳᠤ ᠣᠷᠣᠯᠴᠠᠬᠤ ᠮᠥᠷᠲᠡᠭᠡᠨ ᠰᠣᠷᠢᠯᠲᠠ ᠶᠢᠨ | ᠬᠢᠷᠢ ᠪᠦᠲᠦᠮᠵᠢ ᠨᠢ ᠵᠣᠬᠢᠴᠠᠩᠭᠤᠢ ᠪᠠᠷᠢᠮᠵᠢᠶ᠎ᠠ ᠳᠤ ᠬᠦᠷᠦᠭᠰᠡᠨ ᠪᠠᠶᠢᠬᠤ ᠬᠡᠷᠡᠭᠲᠡᠢ᠃ | ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠬᠢᠴᠢᠶᠡᠯ ᠲᠥᠷᠥᠯ ᠤᠨ ᠣᠯᠢᠮᠫᠢᠺ ᠤᠨ ᠤᠷᠤᠯᠳᠤᠭᠠᠨ ᠤ | ᠬᠤᠪᠢ ᠨᠡᠮᠡᠬᠦ ᠨᠢ᠄ ᠪᠦᠬᠦ ᠤᠯᠤᠰ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ︵ᠲᠣᠭᠠᠨ ᠤ ᠤᠬᠠᠭᠠᠨ᠂ | ᠹᠢᠽᠢᠺ᠂ ᠬᠢᠮᠢ᠂ ᠪᠢᠤᠯᠤᠬᠢ ᠶᠢᠨ ᠤᠬᠠᠭᠠᠨ᠂ ᠮᠡᠳᠡᠭᠡ ᠵᠠᠩᠭᠢ ᠶᠢᠨ ᠤᠬᠠᠭᠠᠨ︶ ᠤᠨ ᠣᠯᠢᠮᠫᠢᠺ ᠤᠨ | ᠤᠷᠤᠯᠳᠤᠭᠠᠨ ᠤ ᠪᠦᠬᠦ ᠤᠯᠤᠰ ᠤᠨ ᠰᠢᠢᠳᠪᠦᠷᠢᠲᠦ ᠤᠷᠤᠯᠳᠤᠭᠠᠨ ᠳᠤ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ | ᠳᠡᠰ ᠤᠨ ᠱᠠᠩᠨᠠᠯ ᠬᠦᠷᠲᠡᠭᠰᠡᠳ ᠪᠣᠯᠣᠨ᠎ᠠ᠃ | ᠰᠢᠨᠵᠢᠯᠡᠬᠦ ᠤᠬᠠᠭᠠᠨ ᠮᠡᠷᠭᠡᠵᠢᠯ ᠤᠨ ᠲᠥᠷᠥᠯ ᠤᠨ ᠤᠷᠤᠯᠳᠤᠭᠠᠨ ᠤ ᠬᠤᠪᠢ ᠨᠡᠮᠡᠬᠦ ᠨᠢ᠄ ᠪᠦᠬᠦ ᠤᠯᠤᠰ ᠤᠨ | ᠵᠠᠯᠠᠭᠤᠴᠤᠳ ᠪᠠᠭᠠᠴᠤᠳ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠡᠭᠦᠳᠦᠯᠲᠡ ᠶᠢᠨ ᠤᠷᠤᠯᠳᠤᠭᠠᠨ ︵ᠪᠦᠬᠦ | ᠤᠯᠤᠰ ᠤᠨ ᠵᠠᠯᠠᠭᠤᠴᠤᠳ ᠪᠠᠭᠠᠴᠤᠳ ᠤᠨ ᠠᠮᠢᠳᠤ ᠪᠤᠳᠠᠰ ᠪᠠ ᠣᠷᠴᠢᠨ ᠲᠣᠭᠤᠷᠢᠨ ᠤ ᠰᠢᠨᠵᠢᠯᠡᠬᠦ ᠤᠬᠠᠭᠠᠨ ᠤ | ᠦᠢᠯᠡᠳᠦᠯᠭᠡ ᠶᠢᠨ ᠠᠵᠢᠯᠯᠠᠭ᠎ᠠ ᠪᠠᠭᠲᠠᠨ᠎ᠠ︶ ᠪᠤᠶᠤ ︽ᠢᠷᠡᠭᠡᠳᠦᠶ ᠶᠢᠨ ᠪᠢᠴᠢᠬᠠᠨ ᠰᠢᠨᠵᠢᠯᠡᠬᠦ ᠤᠬᠠᠭᠠᠨᠲᠠᠨ︾ ᠤ | ᠱᠠᠩᠨᠠᠯᠲᠤ ᠠᠵᠢᠯᠯᠠᠭ᠎ᠠ ᠪᠤᠶᠤ ᠪᠦᠬᠦ ᠤᠯᠤᠰ ᠤᠨ ᠳᠤᠮᠳᠠᠳᠤ ᠪᠠᠭ᠎ᠠ ᠰᠤᠷᠭᠠᠭᠤᠯᠢ ᠶᠢᠨ ᠺᠣᠮᠫᠢᠦ᠋ᠲ᠋ᠧᠷ ᠢᠶᠠᠷ ᠦᠢᠯᠡᠳᠬᠦ | ᠠᠵᠢᠯᠯᠠᠭ᠎ᠠ ᠳᠤ ᠨᠢᠭᠡᠳᠦᠭᠡᠷ᠂ ᠬᠤᠶᠠᠳᠤᠭᠠᠷ ᠳᠡᠰ ᠤᠨ ᠱᠠᠩᠨᠠᠯ ᠬᠦᠷᠲᠡᠭᠰᠡᠳ᠂ ᠡᠰᠡᠬᠦᠯ᠎ᠡ ᠣᠯᠠᠨ ᠤᠯᠤᠰ ᠤᠨ | ᠰᠢᠨᠵᠢᠯᠡᠬᠦ ᠤᠬᠠᠭᠠᠨ ᠬᠢᠭᠡᠳ ᠢᠨᠵᠧᠨᠧᠷᠢᠩ ᠤᠨ ᠲᠣᠮᠣ ᠱᠠᠩᠨᠠᠯᠲᠤ ᠤᠷᠤᠯᠳᠤᠭᠠᠨ ᠪᠤᠶᠤ ᠣᠯᠠᠨ ᠤᠯᠤᠰ ᠤᠨ | ᠣᠷᠴᠢᠨ ᠲᠣᠭᠤᠷᠢᠨ ᠤ ᠰᠢᠨᠵᠢᠯᠡᠬᠦ ᠤᠬᠠᠭᠠᠨ ᠤ ᠰᠤᠳᠤᠯᠤᠯ ᠤᠨ ᠲᠥᠷᠥᠯ ᠵᠦᠢᠯ ᠤᠨ ᠣᠯᠢᠮᠫᠢᠺ ᠤᠨ | ᠤᠷᠤᠯᠳᠤᠭᠠᠨ ᠳᠤ ᠱᠠᠩᠨᠠᠯ ᠬᠦᠷᠲᠡᠭᠰᠡᠳ ᠪᠣᠯᠣᠨ᠎ᠠ᠃ | ᠥᠪᠡᠷᠲᠡᠭᠡᠨ ᠵᠠᠰᠠᠬᠤ ᠣᠷᠣᠨ ᠤ ᠱᠠᠲᠤᠨ ᠤ ᠰᠢᠯᠢᠳᠡᠭ ᠰᠣᠷᠤᠭᠴᠢᠳ ᠤᠨ ᠬᠤᠪᠢ ᠨᠡᠮᠡᠬᠦ ᠨᠢ᠄ ᠥᠪᠡᠷᠲᠡᠭᠡᠨ | ᠵᠠᠰᠠᠬᠤ ᠣᠷᠣᠨ ᠱᠠᠲᠤᠨ ᠤ ᠰᠢᠯᠢᠳᠡᠭ ᠰᠤᠷᠤᠭᠴᠢ ᠪᠠᠷ ᠴᠤᠯᠠᠯᠠᠭᠳᠠᠭᠰᠠᠳ ᠪᠣᠯᠣᠨ᠎ᠠ᠃ | ᠦᠵᠡᠯ ᠰᠠᠨᠠᠭ᠎ᠠ ᠤᠯᠤᠰ ᠲᠥᠷᠥ ᠶᠣᠰᠣ ᠮᠣᠷᠠᠯ ᠤᠨ ᠲᠤᠪᠤᠶᠢᠮ᠎ᠠ ᠦᠢᠯᠡ ᠠᠵᠢᠯᠯᠠᠭ᠎ᠠ ᠳᠤ ᠬᠤᠪᠢ ᠨᠡᠮᠡᠬᠦ ᠨᠢ | ᠄ ᠦᠵᠡᠯ ᠰᠠᠨᠠᠭ᠎ᠠ ᠤᠯᠤᠰ ᠲᠥᠷᠥ ᠶᠣᠰᠣ ᠮᠣᠷᠠᠯ ᠤᠨ ᠲᠠᠯ᠎ᠠ ᠪᠠᠷ ᠲᠤᠪᠦ᠋ᠢᠬᠰᠡᠠ ᠤᠢᠢᠯᠠ ᠠᠵᠢᠯᠯᠠᠭ᠎ᠠ ᠲᠠᠢ ᠪᠠᠷ | ᠦᠨᠡᠮᠰᠢᠭᠦᠯᠦᠭᠰᠡᠳ ᠪᠣᠯᠣᠨ᠎ᠠ᠃ | 3. 2003 ᠣᠨ᠂ 2004 ᠣᠨ ᠳᠤ ᠠᠯᠪᠠᠨ ᠶᠠᠪᠤᠳᠠᠯ ᠢᠶᠠᠷ ︽ᠰᠠᠷᠰ︾ ᠬᠠᠯᠳᠠᠪᠤᠷᠢᠯᠠᠨ ᠦᠬᠦᠭᠰᠡᠨ | ᠪᠤᠶᠤ ︽ᠰᠠᠷᠰ︾ ᠤᠨ ᠵᠡᠮᠳᠡᠭ ᠤᠨ ᠦᠨᠡᠮᠯᠡᠯ ᠲᠠᠢ ᠠᠵᠢᠯᠳᠠᠨ ᠤ ᠦᠷ᠎ᠡ ᠬᠡᠦᠬᠡᠳ ᠤᠨ ᠰᠢᠯᠭᠠᠭᠤᠯᠤᠭᠴᠢ ᠪᠤᠯᠤᠨ᠎ᠠ᠂ | ᠲᠡᠳᠡ ᠨᠠᠷ ᠤᠨ ᠨᠢᠭᠡᠳᠦᠯᠲᠡᠶ ᠰᠢᠯᠭᠠᠯᠲᠠ ᠶᠢᠨ ᠬᠢᠷᠢ ᠪᠦᠲᠦᠮᠵᠢ ᠶᠢᠨ ᠶᠡᠷᠦᠩᠬᠡᠶ ᠬᠤᠪᠢ ᠶᠢᠨ ᠰᠠᠭᠤᠷᠢ ᠳᠡᠭᠡᠷ᠎ᠡ 10 | ᠬᠤᠪᠢ ᠨᠡᠮᠡᠵᠦ ᠪᠤᠯᠤᠨ᠎ᠠ᠃ | 2017 ᠣᠨ ᠪᠣᠯᠲᠠᠯ᠎ᠠ᠂ ᠮᠣᠩᠭᠤᠯ ᠦᠨᠳᠦᠰᠦᠲᠡᠨ᠂ ᠳᠠᠭᠤᠷ ᠦᠨᠳᠦᠰᠦᠲᠡᠨ᠂ ᠣᠷᠴᠣᠨ ᠦᠨᠳᠦᠰᠦᠲᠡᠨ᠂ | ᠡᠸᠡᠩᠬᠢ ᠦᠨᠳᠦᠰᠦᠲᠡᠨ᠂ ᠣᠷᠤᠰ ᠦᠨᠳᠦᠰᠦᠲᠡᠨ ᠤ ᠰᠢᠯᠭᠠᠭᠤᠯᠤᠭᠰᠠᠳ ᠬᠡᠷᠪᠡ ᠪᠠᠰᠠ ᠶᠡᠭᠡ ᠳᠡᠭᠡᠳᠦ | ᠰᠤᠷᠭᠠᠭᠤᠯᠢ ᠳᠤ ᠡᠯᠰᠡᠬᠦ ᠰᠢᠯᠭᠠᠯᠲᠠ ᠶᠢᠨ ᠬᠤᠪᠢ ᠨᠡᠮᠡᠬᠦ ᠪᠤᠰᠤᠳ ᠪᠠᠶᠢᠳᠠᠯ ᠳᠤ ᠨᠡᠶᠢᠴᠡᠪᠡᠯ᠂ ᠪᠤᠰᠤᠳ ᠬᠤᠪᠢ | ᠨᠡᠮᠡᠬᠦ ᠵᠦᠢᠯ ᠠᠴᠠ ᠬᠠᠮᠤᠭ ᠤᠨ ᠦᠨᠳᠦᠷ ᠬᠤᠪᠢ ᠶᠢᠨ ᠬᠡᠮᠵᠢᠶ᠎ᠡ ᠶᠢ ᠴᠥᠭᠡᠨ ᠲᠣᠭᠠᠲᠤ ᠦᠨᠳᠦᠰᠦᠲᠡᠨ ᠤ ᠨᠡᠮᠡᠬᠦ | ᠬᠤᠪᠢ ᠶᠢᠨ ᠬᠠᠮᠲᠤ ᠳᠠᠪᠬᠤᠷᠳᠠᠭᠤᠯᠤᠨ ᠨᠡᠮᠡᠵᠦ ᠪᠣᠯᠣᠨ᠎ᠠ᠃ ᠶᠡᠭᠡ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ | ᠰᠢᠯᠭᠠᠯᠲᠠ ᠶᠢᠨ ᠬᠤᠪᠢ ᠨᠡᠮᠡᠬᠦ ᠬᠠᠷᠠᠭᠠᠯᠵᠠᠯ ᠢ ᠭᠥᠷᠳᠡᠬᠦ ᠰᠢᠯᠭᠠᠭᠤᠯᠤᠭᠴᠢ ᠪᠡᠶ᠎ᠡ ᠶᠢᠨ ᠲᠠᠮᠢᠷ ᠤᠨ ᠲᠥᠷᠥᠯ᠂ | ᠤᠷᠠᠯᠢᠭ ᠤᠨ ᠲᠥᠷᠥᠯ ᠤᠨ ᠲᠤᠰᠬᠠᠶ ᠮᠡᠷᠭᠡᠵᠢᠯ ᠳᠤ ᠰᠢᠯᠭᠠᠭᠤᠯᠤᠭᠰᠠᠨ ᠪᠣᠯ᠂ ᠰᠣᠶᠣᠯ ᠤᠨ ᠬᠢᠴᠢᠶᠡᠯ ᠤᠨ ᠶᠡᠷᠦᠩᠬᠡᠶ | ᠬᠤᠪᠢ ᠳᠤ ᠬᠠᠮᠤᠭ ᠤᠨ ᠦᠨᠳᠦᠷ ᠲᠡᠭᠡᠨ 10 ᠬᠤᠪᠢ ᠨᠡᠮᠡᠨ᠎ᠡ᠃ ᠪᠤᠢ ᠪᠦᠬᠦᠢ ᠶᠡᠭᠡ ᠳᠡᠬᠡᠳᠦ ᠰᠤᠷᠭᠠᠭᠤᠯᠢ ᠳᠤ | ᠡᠯᠰᠡᠬᠦ ᠰᠢᠯᠭᠠᠯᠲᠠ ᠶᠢᠨ ᠬᠤᠪᠢ ᠨᠡᠮᠡᠬᠦ ᠬᠠᠷᠠᠭᠠᠯᠵᠠᠯ ᠢ ᠭᠥᠷᠳᠡᠬᠦ ᠰᠢᠯᠭᠠᠭᠤᠯᠤᠭᠰᠠᠳ ᠡᠷᠬᠡᠪᠰᠢ ᠥᠪᠡᠷ ᠤᠨ | ᠪᠡᠶ᠎ᠡ ᠪᠠᠷ ᠢᠶᠠᠨ ᠱᠠᠭᠠᠷᠳᠠᠯᠭ᠎ᠠ ᠶᠣᠰᠣᠭᠠᠷ ᠭᠤᠶᠤᠴᠢᠯᠠᠵᠤ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠲᠣᠭᠲᠠᠭᠠᠯ | ᠶᠣᠰᠣᠭᠠᠷ ᠬᠢᠨᠠᠨ ᠬᠠᠷᠭᠤᠭᠤᠯᠵᠤ᠂ ᠥᠪᠡᠷᠲᠡᠭᠡᠨ ᠵᠠᠰᠠᠬᠤ ᠣᠷᠣᠨ᠂ ᠠᠶᠢᠮᠠᠭ ᠬᠤᠳᠠ᠂ ᠬᠤᠰᠢᠭᠤ ᠰᠢᠶᠠᠨ᠂ | ᠰᠤᠷᠤᠯᠴᠠᠵᠤ ᠪᠠᠶᠢᠭ᠎ᠠ ᠳᠤᠮᠳᠠᠳᠤ ᠰᠤᠷᠭᠠᠭᠤᠯᠢ ᠵᠡᠷᠭᠡ ᠳᠥᠷᠪᠡᠨ ᠱᠠᠲᠤ ᠵᠠᠷᠯᠠᠨ ᠨᠡᠶᠢᠲᠡᠯᠡᠭᠡᠳ ᠠᠰᠠᠭᠤᠳᠠᠯ ᠦᠭᠡᠢ | ᠪᠣᠯ ᠰᠠᠶ᠋ᠢ ᠦᠨᠡᠮᠰᠢᠨ᠎ᠡ᠃ | |