︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ︾ ᠳᠤ ᠵᠠᠰᠠᠪᠣᠷᠢ ᠣᠷᠣᠭᠤᠯᠬᠤ ᠲᠣᠬᠠᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠣᠨ ᠤᠨ ᠵᠠᠰᠠᠭ ᠤᠨ ᠣᠷᠳᠣᠨ ᠤ ᠲᠣᠭᠳᠠᠭᠠᠯ
ᠨᠡᠶᠢᠲᠡᠯᠡᠭᠰᠡᠨ ᠴᠠᠭ᠄
2017/5/10

    ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ
                                   222 ᠳ᠋ᠤᠭᠠᠷ ᠲᠤᠭᠠᠳᠤ
    ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ︾ ᠳᠤ ᠵᠠᠰᠠᠪᠣᠷᠢ ᠣᠷᠣᠭᠤᠯᠬᠤ ᠲᠣᠬᠠᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠣᠨ ᠤ ᠵᠠᠰᠠᠭ ᠤᠨ ᠣᠷᠳᠣᠨ ᠤ ᠲᠣᠭᠳᠠᠭᠠᠯ ᠢ 2016 ᠣᠨ ᠤ 12 ᠳ᠋ᠤᠭᠠᠷ ᠰᠠᠷ᠎ᠠ ᠶᠢᠨ 9 ᠤ ᠡᠳᠦᠷ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ 80 ᠳ᠋ᠣᠭᠠᠷ ᠤᠳᠠᠭ᠎ᠠ ᠶᠢᠨ ᠪᠠᠶᠢᠩᠭᠤ ᠶᠢᠨ ᠬᠤᠷᠠᠯ ᠢᠶᠠᠷ ᠬᠢᠨᠠᠨ ᠪᠠᠳᠤᠯᠠᠭᠠᠳ ᠡᠳᠦᠭᠡ ᠨᠡᠶᠢᠳᠡᠯᠡᠪᠡ᠂ ᠨᠠᠶᠢᠳᠡᠯᠡᠭᠰᠠᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃
                            ᠥᠪᠡᠷᠲᠡᠭᠡᠨ ᠵᠠᠰᠠᠬᠤ ᠤᠷᠤᠨ ᠤ ᠲᠡᠷᠢᠭᠦᠯᠡᠭᠴᠢ   ᠪᠦ᠋ ᠰᠢᠶᠤᠤ ᠯᠢᠨ
                                  2017 ᠣᠨ ᠤ 1 ᠳ᠋ᠤᠭᠡᠷ ᠰᠠᠷ᠎ᠠ ᠶᠢᠨ 17 ᠤ ᠡᠳᠦᠷ


     ᠦᠪᠡᠷᠳᠡᠭᠡᠨ ᠵᠠᠰᠠᠬᠤ ᠤᠷᠤᠨ ᠤ ᠠᠷᠠᠣᠨ ᠤ ᠵᠠᠰᠠᠭ ᠤᠨ ᠣᠷᠳᠣᠨ ᠠᠴᠠ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ︾ ᠳᠤ ᠲᠣᠣᠷᠠᠬᠢ ᠮᠡᠳᠣ ᠵᠠᠰᠠᠪᠣᠷᠢ ᠣᠷᠣᠭᠤᠯᠬᠤ ᠪᠠᠷ ᠲᠣᠭᠳ᠋ᠭᠠᠠᠪᠠ᠄
     ᠨᠢᠭᠡ᠂ ᠨᠠᠢᠮᠠᠳᠤᠭᠠᠷ ᠵᠦᠢᠯ ᠳᠤ᠄ ︽ᠠᠭᠤᠷᠬᠠᠢ ᠮᠠᠯᠳᠠᠬᠤ ᠡᠷᠭᠡ ᠭᠤᠶᠣᠴᠢᠯᠠᠭᠴᠢ ᠠᠴᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠭᠦᠢᠴᠡᠣᠡᠭᠡᠭᠦ ᠪᠠᠷ ᠭᠤᠶᠣᠴᠢᠯᠠᠬᠤ ᠳᠠᠭᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠳᠡᠪᠰᠢᠭᠦᠯᠭᠦ ᠬᠡᠷᠩᠳᠠᠢ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠭᠤᠶᠣᠴᠢᠯᠠᠭᠴᠢ ᠠᠴᠠ ᠱᠠᠭᠠᠷᠳᠠᠯᠭ᠎ᠠ ᠶᠣᠰᠣᠭᠠᠷ ᠦᠪᠡᠰᠦᠪᠠᠨ ᠨᠠᠶᠢᠷᠠᠭᠤᠯᠣᠨ ᠵᠤᠬᠢᠶᠠᠵᠦ ᠪᠣᠯᠬᠤ ᠪᠦᠭᠡᠣᠨ ᠪᠠᠰᠠ ᠬᠤᠯᠪᠣᠭᠳᠠᠯ ᠪᠦᠭᠦᠢ ᠪᠠᠶᠢᠭᠤᠯᠣᠮᠵᠢ ᠳᠤ ᠨᠠᠶᠢᠳᠠᠨ ᠨᠠᠶᠢᠷᠠᠭᠤᠯᠣᠨ ᠵᠣᠬᠢᠶᠠᠵᠣ ᠪᠣᠯᠬᠤ ᠶᠢᠨ ᠬᠠᠮᠳᠣ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠵᠣ ᠬᠢᠨᠠᠨ ᠪᠠᠶᠢᠴᠠᠭᠠᠯᠭᠠᠬᠤ ᠬᠡᠷᠩᠳᠠᠢ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠳᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠲᠦᠰᠣᠯ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠰᠣᠯ ᠪᠠᠭᠳᠠᠨ᠎ᠠ︾ ᠭᠡᠵᠣ ᠵᠠᠰᠠᠪᠣᠷᠢ

ᠣᠷᠣᠭᠤᠯᠣᠨ᠎ᠠ᠃
     ᠬᠤᠶᠠᠷ᠂ ᠠᠷᠪᠠᠨ ᠬᠤᠶᠠᠳᠣᠭᠠᠷ ᠵᠦᠢᠯ ᠳᠤ᠄ ︽ᠠᠭᠤᠷᠬᠠᠢ ᠮᠠᠯᠳᠠᠬᠤ ᠡᠷᠭᠡᠳᠣ ᠭᠦᠮᠣᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠦᠨᠳᠣᠰᠣᠯᠡᠵᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠶᠢ ᠬᠤᠭᠤᠴᠠᠭ᠎ᠠ ᠬᠤᠪᠢᠶᠠᠨ ᠵᠠᠰᠠᠬᠤ ᠲᠦᠰᠣᠯ ︵ᠲᠣᠷᠤᠬᠰᠢ ᠬᠤᠭᠤᠴᠠᠭ᠎ᠠ ᠬᠤᠪᠢᠶᠠᠨ ᠵᠠᠰᠠᠬᠤ ᠲᠦᠰᠣᠯ ᠭᠡᠵᠣ ᠲᠣᠪᠴᠢᠯᠠᠨ᠎ᠠ︶ ᠢ ᠨᠠᠶᠢᠷᠠᠭᠤᠯᠣᠨ ᠵᠣᠬᠢᠶᠠᠬᠤ ᠬᠡᠷᠩᠳᠠᠢ᠃
     ᠬᠤᠭᠤᠴᠠᠭ᠎ᠠ ᠬᠤᠪᠢᠶᠠᠨ ᠵᠠᠰᠠᠬᠤ ᠲᠦᠰᠣᠯ ᠢ ᠭᠤᠶᠣᠴᠢᠯᠠᠭᠴᠢ ᠠᠴᠠ ᠱᠠᠭᠠᠷᠳᠠᠯᠭ᠎ᠠ ᠶᠣᠰᠣᠭᠠᠷ ᠦᠪᠡᠰᠣᠪᠡᠨ ᠨᠠᠶᠢᠷᠠᠭᠤᠯᠣᠨ ᠵᠣᠬᠢᠶᠠᠵᠣ ᠪᠣᠯᠬᠤ ᠪᠦᠭᠡᠣᠨ ᠪᠠᠰᠠ ᠬᠤᠯᠪᠣᠭᠳᠠᠯ ᠪᠦᠭᠦᠢ ᠪᠠᠶᠢᠭᠤᠯᠣᠮᠵᠢ ᠳᠤ ᠨᠠᠶᠢᠳᠠᠨ ᠨᠠᠶᠢᠷᠠᠭᠤᠯᠣᠨ ᠵᠣᠬᠢᠶᠠᠵᠣ ᠪᠣᠯᠬᠤ ᠶᠢᠨ ᠬᠠᠮᠳᠣ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠵᠣ ᠬᠢᠨᠠᠨ ᠪᠠᠶᠢᠴᠠᠭᠠᠯᠭᠠᠬᠤ ᠬᠡᠷᠩᠳᠠᠢ︾ ᠭᠡᠵᠣ ᠵᠠᠰᠠᠪᠣᠷᠢ ᠣᠷᠣᠭᠤᠯᠣᠨ᠎ᠠ᠃
     ᠲᠣᠰ ᠲᠣᠭᠳᠠᠭᠠᠯ ᠢ ᠨᠠᠶᠢᠳᠡᠯᠡᠭᠰᠠᠨ ᠡᠳᠣᠷ ᠠᠴᠠ ᠡᠬᠢᠯᠠᠨ ᠬᠡᠷᠩᠵᠢᠭᠦᠯᠣᠨ᠎ᠠ᠃
     ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ︾ ᠨᠢ ᠲᠣᠰ ᠲᠣᠭᠳᠠᠭᠠᠯ ᠢ ᠦᠨᠳᠣᠰᠣᠯᠠᠨ ᠬᠠᠮᠢᠶ᠎ᠠ ᠪᠦᠭᠦᠢ ᠵᠠᠰᠠᠪᠣᠷᠢ ᠣᠷᠣᠭᠤᠯᠵᠣ᠂ ᠳᠠᠬᠢᠨ ᠰᠢᠨ᠎ᠠ ᠪᠠᠷ ᠨᠠᠶᠢᠳᠡᠯᠠᠨ᠎ᠠ᠃


          ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ
             ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ


     ︵2015 ᠣᠨ ᠤ 3 ᠳ᠋ᠣᠭᠠᠷ ᠰᠠᠷ᠎ᠠ ᠶᠢᠨ 27 ᠤ ᠡᠳᠣᠷ ᠦᠪᠡᠷᠳᠡᠭᠡᠨ ᠵᠠᠰᠠᠬᠤ ᠣᠷᠣᠨ ᠤ ᠠᠷᠠᠣᠨ ᠤᠨ ᠵᠠᠰᠠᠭ ᠤᠨ ᠣᠷᠳᠣᠨ ᠤ ᠵᠠᠷᠯᠢᠭ 212 ᠳ᠋ᠣᠭᠠᠷ ᠲᠣᠭᠠᠳᠣ ᠶᠢ ᠨᠠᠶᠢᠳᠡᠯᠡᠪᠠ 2017 ᠣᠨ ᠤ 1 ᠳ᠋ᠣᠭᠡᠷ ᠰᠠᠷ᠎ᠠ ᠶᠢᠨ 17 ᠤ ᠡᠳᠣᠷ ᠤᠨ ︽︿ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠷᠭ᠎ᠠ﹀ ᠳᠤ ᠵᠠᠰᠠᠪᠣᠷᠢ ᠣᠷᠣᠭᠤᠯᠬᠤ ᠲᠣᠬᠠᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠣᠨ ᠤᠨ ᠵᠠᠰᠠᠭ ᠤᠨ ᠣᠷᠳᠣᠨ ᠤ ᠲᠣᠭᠳᠠᠭᠠᠯ︾ ᠶᠢ ᠦᠨᠳᠣᠰᠣᠯᠡᠨ ᠵᠠᠰᠠᠪᠣᠷᠢ ᠣᠷᠣᠭᠤᠯᠪᠠ︶
     ᠨᠢᠭᠡᠳᠣᠭᠡᠷ ᠪᠦᠯᠦᠭ ᠶᠡᠷᠣᠩᠬᠡᠢ ᠲᠦᠷᠢᠮ
     ᠨᠢᠭᠡᠳᠦᠭᠡᠷ ᠵᠦᠢᠯ   ᠠᠭᠤᠷᠬᠠᠢ ᠶᠢᠨ ᠭᠠᠷᠣᠯᠳᠠ ᠶᠢᠨ ᠡᠬᠢ ᠪᠠᠶᠠᠯᠢᠭ ᠢ ᠨᠡᠭᠡᠭᠡᠨ ᠮᠠᠯᠳᠠᠬᠤ ᠠᠵᠢᠯᠯᠠᠭ᠎ᠠ ᠠᠴᠠ ᠪᠣᠯᠣᠭᠰᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠤ ᠡᠪᠳᠡᠯᠭᠡ ᠶᠢ ᠪᠠᠭᠠᠰᠬᠠᠵᠣ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠶᠢᠨ ᠲᠣᠰᠠᠳᠠ᠂ ︽ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠷᠢᠮ︾᠂ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠲᠦᠷᠢᠮ︾ ᠪᠣᠯᠣᠨ ᠣᠯᠣᠰ ᠤᠨ ᠬᠤᠯᠪᠣᠭᠳᠠᠯ ᠪᠦᠭᠦᠢ ᠬᠠᠣᠯᠢ ᠴᠠᠭᠠᠵᠨ ᠬᠠᠣᠯᠢ ᠲᠣᠭᠳᠠᠭᠠᠯ ᠢ ᠦᠨᠳᠣᠰᠣᠯᠡᠵᠣ᠂ ᠦᠪᠡᠷᠳᠡᠭᠡᠨ ᠵᠠᠰᠠᠬᠤ ᠣᠷᠣᠨ ᠤ ᠪᠣᠳᠠᠳᠠᠢ ᠲᠠᠢ ᠣᠶᠠᠯᠳᠣᠭᠤᠯᠣᠨ᠂ ᠲᠣᠰ ᠠᠷᠭ᠎ᠠ ᠶᠢ ᠲᠣᠭᠳᠠᠭᠠᠪᠠ᠃
    ᠬᠤᠶᠠᠳᠤᠭᠠᠷ ᠵᠦᠢᠯ   ᠦᠪᠡᠷᠳᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠣᠷᠣᠨ ᠤ ᠲᠣᠳᠣᠷᠠᠬᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠵᠢᠯᠯᠠᠭ᠎ᠠ ᠳᠤ ᠳᠤᠰ ᠠᠷᠭ᠎ᠠ ᠬᠡᠷᠩᠯᠡᠭᠳᠠᠨ᠎ᠠ᠃
     ᠲᠣᠰ ᠠᠷᠭ᠎ᠠ ᠳᠤ ᠬᠡᠯᠡᠵᠣ ᠪᠠᠶᠢᠭ᠎ᠠ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠳᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠳ ᠰᠡᠷᠭᠦᠭᠡᠨ ᠵᠠᠰᠠᠬᠤ᠂ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠪᠠᠭᠳᠠᠨ᠎ᠠ᠃
     ᠭᠤᠷᠪᠠᠳᠤᠭᠠᠷ ᠵᠦᠢᠯ   ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠳᠤ ᠬᠠᠮᠠᠭᠠᠯᠠᠬᠤ ᠶᠢ ᠳᠡᠷᠢᠭᠦᠨ ᠳᠤ ᠳᠠᠯᠪᠢᠬᠤ᠂ ᠣᠷᠢᠣᠡᠴᠢᠯᠠᠨ ᠰᠡᠷᠭᠡᠶᠢᠯᠡᠭᠦ ᠪᠠᠷ ᠭᠤᠣᠯ ᠪᠣᠯᠭᠠᠬᠤ᠂ ᠶᠠᠷᠣᠩᠬᠡᠶᠢᠯᠠᠨ ᠵᠠᠰᠠᠬᠤ᠂ ᠣᠯᠠᠨ ᠨᠠᠶᠢᠳᠠ ᠪᠠᠷ ᠢᠶᠠᠨ ᠣᠷᠣᠯᠴᠠᠬᠤ᠂ ᠬᠤᠬᠢᠷᠠᠭᠤᠯᠪᠡᠯ ᠬᠠᠷᠢᠭᠤᠴᠠᠯᠭ᠎ᠠ ᠡᠭᠦᠷᠭᠡᠯᠡᠭᠦ ᠵᠠᠷᠴᠢᠮ ᠢ ᠪᠠᠷᠢᠮᠳᠠᠯᠠᠨ᠎ᠠ᠃
     ᠳᠦᠷᠪᠡᠳᠦᠭᠡᠷ ᠵᠦᠢᠯ   ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠲᠣᠰ ᠵᠠᠰᠠᠭ ᠵᠠᠬᠢᠷᠭᠠᠨ ᠤ ᠣᠷᠣᠨ ᠤ ᠲᠣᠳᠣᠷᠠᠬᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠠᠵᠢᠯ ᠳᠤ ᠬᠢᠨᠠᠯᠳᠠ ᠳᠠᠯᠪᠢᠵᠣ ᠬᠠᠮᠢᠶᠠᠷᠬᠤ ᠶᠢ ᠬᠠᠷᠢᠭᠤᠴᠠᠨ᠎ᠠ᠃
     ᠪᠣᠰᠣᠣᠨ ᠬᠤᠯᠪᠣᠭᠳᠠᠯ ᠪᠦᠭᠦᠢ ᠰᠠᠯᠠᠭ᠎ᠠ ᠮᠦᠴᠢᠷ ᠨᠢ ᠲᠣᠰ ᠲᠣᠰ ᠤᠨ ᠲᠣᠰᠢᠶᠠᠯ ᠬᠠᠷᠢᠭᠤᠴᠠᠯᠭ᠎ᠠ ᠶᠣᠰᠣᠭᠠᠷ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠮᠢᠶ᠎ᠠ ᠪᠦᠭᠦᠢ ᠠᠵᠢᠯ ᠢ ᠰᠠᠶᠢᠳᠣᠷ ᠬᠢᠨ᠎ᠠ᠃
     ᠳᠠᠪᠤᠳᠤᠭᠠᠷ ᠵᠦᠢᠯ  ᠠᠭᠤᠷᠬᠠᠢ ᠮᠠᠯᠳᠠᠬᠤ ᠡᠷᠭᠡᠳᠣ ᠭᠦᠮᠣᠨ ᠪᠣᠯ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠷᠢᠭᠤᠴᠠᠯᠭ᠎ᠠ ᠶᠢᠨ ᠭᠤᠣᠯ ᠴᠣᠭᠴᠨ ᠪᠣᠯᠣᠨ᠎ᠠ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠡᠭᠦᠷᠭᠡ ᠶᠢ ᠪᠦᠭᠦ ᠳᠠᠯ᠎ᠠ ᠪᠠᠷ ᠭᠦᠢᠴᠡᠣᠡᠭᠡᠵᠣ᠂ ᠵᠠᠰᠠᠬᠤ ᠵᠠᠷᠣᠳᠠᠯ ᠢ ᠦᠢᠯᠡᠣᠡᠪᠣᠷᠢᠯᠡᠯ ᠤᠨ ᠦᠪᠡᠷ ᠤᠨ ᠦᠷᠳᠡᠭ ᠲᠤ ᠵᠢᠭᠰᠠᠭᠠᠨ ᠣᠷᠣᠭᠤᠯᠣᠨ᠎ᠠ᠃
     ᠵᠢᠷᠭᠤᠳᠤᠭᠠᠷ ᠵᠦᠢᠯ  ᠦᠪᠡᠷᠳᠡᠭᠡᠨ ᠵᠠᠰᠠᠬᠤ ᠣᠷᠣᠨ ᠠᠴᠠ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠶᠢᠨ ᠰᠢᠨᠵᠢᠯᠡᠭᠦ ᠣᠬᠠᠭᠠᠨ ᠮᠡᠷᠭᠡᠵᠢᠯ ᠤᠨ ᠰᠣᠳᠣᠯᠣᠯ ᠢ ᠵᠣᠷᠢᠬᠵᠢᠭᠤᠯᠵᠣ᠂ ᠬᠠᠮᠢᠶ᠎ᠠ ᠪᠦᠭᠦᠢ ᠰᠢᠨᠵᠢᠯᠡᠭᠦ ᠣᠬᠠᠭᠠᠨ ᠮᠠᠷᠭᠡᠵᠢᠯ ᠤᠨ ᠮᠡᠳᠡᠯᠭᠡ ᠶᠢ ᠲᠦᠭᠡᠮᠡᠯᠵᠢᠭᠦᠯᠣᠨ᠂ ᠲᠡᠷᠢᠭᠦᠨ ᠤ ᠮᠠᠷᠭᠡᠵᠢᠯ ᠪᠠ ᠠᠷᠭ᠎ᠠ ᠶᠢ ᠳᠡᠯᠭᠡᠷᠡᠭᠦᠯᠣᠨ ᠬᠡᠷᠩᠯᠡᠨ᠎ᠠ᠃
     ᠠᠷᠠᠣᠨ ᠢᠷᠭᠡᠨ᠂ ᠬᠠᠣᠯᠢ ᠶᠢᠨ ᠡᠷᠭᠡᠳᠠᠨ ᠪᠠ ᠪᠣᠰᠣᠣᠨ ᠵᠣᠬᠢᠶᠠᠨ ᠪᠠᠶᠢᠭᠤᠯᠣᠯᠳᠠ ᠶᠢᠨ ᠨᠢᠭᠡᠨᠳᠠ ᠬᠠᠭᠠᠭᠰᠠᠨ ᠪᠣᠶᠣ ᠬᠠᠶᠠᠭᠰᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠳᠤ ᠪᠡᠯᠨ ᠣᠷᠣᠭᠤᠯᠵᠣ ᠵᠠᠰᠠᠬᠤ ᠶᠢ ᠵᠣᠷᠢᠬᠵᠢᠭᠤᠯᠣᠨ᠎ᠠ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠭᠰᠠᠨ ᠤ ᠰᠡᠭᠦᠯᠡᠷ᠂ ᠲᠣᠭᠤᠷᠢᠨ ᠰᠣᠨᠢᠷᠬᠠᠬᠤ ᠦᠨ᠎ᠠ ᠦᠷᠳᠡᠭ ᠲᠠᠢ᠂ ᠰᠢᠨᠵᠢᠯᠡᠭᠦ ᠣᠬᠠᠭᠠᠨ ᠤ ᠰᠣᠳᠣᠯᠣᠯ ᠤᠨ ᠦᠨ᠎ᠡ ᠦᠷᠳᠡᠭ ᠲᠠᠢ ᠠᠭᠤᠷᠬᠠᠢ ᠶᠢᠨ ᠦᠯᠡᠳᠡᠭᠳᠡᠯ ᠢ ᠠᠭᠤᠷᠬᠠᠢ ᠶᠢᠨ ᠴᠠᠴᠡᠷᠯᠢᠭ ᠪᠣᠯᠭᠠᠨ ᠨᠡᠭᠡᠭᠡᠨ ᠭᠦᠭᠵᠢᠭᠦᠯᠭᠦ ᠶᠢ ᠵᠣᠷᠢᠬᠵᠢᠭᠤᠯᠣᠨ᠎ᠠ᠃
     ᠬᠤᠶᠠᠳᠣᠭᠠᠷ ᠪᠦᠯᠦᠭ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ
     ᠳᠤᠯᠤᠳᠤᠭᠠᠷ ᠵᠦᠢᠯ   ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠲᠣᠰ ᠵᠠᠰᠠᠭ ᠵᠠᠬᠢᠷᠭᠠᠨ ᠤ ᠣᠷᠣᠨ ᠳᠠᠬᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠯᠣᠪᠵᠢᠭᠦᠯᠭᠡ ᠶᠢᠨ ᠨᠠᠶᠢᠷᠠᠭᠤᠯᠣᠨ ᠵᠣᠬᠢᠶᠠᠬᠤ ᠶᠢ ᠬᠠᠷᠢᠭᠤᠴᠠᠵᠣ᠂ ᠲᠣᠰ ᠱᠠᠳᠣᠨ ᠤ ᠠᠷᠠᠣᠨ ᠤᠨ ᠵᠠᠰᠠᠭ ᠤᠨ ᠣᠷᠳᠣᠨ ᠳᠤ ᠮᠡᠳᠡᠭᠦᠯᠣᠨ ᠵᠦᠪᠰᠢᠶᠡᠷᠡᠭᠦᠯᠵᠣ ᠬᠡᠷᠩᠵᠢᠭᠦᠯᠣᠨ᠎ᠠ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠯᠣᠪᠵᠢᠭᠦᠯᠭᠡ ᠨᠢ ᠭᠠᠵᠡᠷ ᠰᠢᠷᠣᠢ ᠶᠢ ᠠᠰᠢᠭᠯᠠᠬᠤ ᠶᠡᠷᠣᠩᠬᠡᠢ ᠲᠦᠯᠣᠪᠵᠢᠭᠦᠯᠭᠡ᠂ ᠬᠤᠳᠠ ᠪᠠᠯᠭᠠᠰᠣᠨ ᠤ ᠲᠦᠯᠣᠪᠵᠢᠭᠦᠯᠭᠡ ᠪᠠ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠶᠢᠨ ᠶᠡᠷᠣᠩᠬᠡᠢ ᠲᠦᠯᠣᠪᠵᠢᠭᠦᠯᠭᠡ ᠳᠤ ᠨᠠᠶᠢᠴᠡᠭᠦ ᠶᠢᠨ ᠬᠠᠮᠳᠣ᠂ ᠭᠠᠵᠡᠷ ᠰᠢᠨᠵᠢᠯᠡᠭᠡᠨ ᠤ ᠭᠠᠮᠰᠢᠭ ᠢ ᠰᠡᠷᠭᠡᠶᠢᠯᠡᠨ ᠵᠠᠰᠠᠬᠤ ᠲᠦᠯᠣᠪᠵᠢᠭᠦᠯᠭᠡ᠂ ᠭᠠᠵᠡᠷ ᠰᠢᠷᠣᠢ ᠶᠢ ᠴᠡᠭᠴᠡᠯᠡᠨ ᠵᠠᠰᠠᠬᠤ ᠲᠦᠯᠣᠪᠵᠢᠭᠦᠯᠭᠡ ᠵᠡᠷᠭᠡ ᠲᠠᠢ ᠬᠠᠷᠢᠯᠴᠠᠨ ᠵᠣᠬᠢᠴᠠᠯᠳᠣᠭᠰᠠᠨ ᠪᠠᠶᠢᠬᠤ ᠬᠡᠷᠩᠳᠠᠢ᠃
     ᠨᠠᠢᠮᠠᠳᠤᠭᠠᠷ ᠵᠦᠢᠯ  ᠠᠭᠤᠷᠬᠠᠢ ᠮᠠᠯᠳᠠᠬᠤ ᠡᠷᠭᠡ ᠭᠤᠶᠣᠴᠢᠯᠠᠭᠴᠢ ᠠᠴᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠭᠦᠢᠴᠡᠣᠡᠭᠡᠭᠦ ᠪᠠᠷ ᠭᠤᠶᠣᠴᠢᠯᠠᠬᠤ ᠳᠠᠭᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠳᠡᠪᠰᠢᠭᠦᠯᠭᠦ ᠬᠡᠷᠩᠳᠠᠢ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠭᠤᠶᠣᠴᠢᠯᠠᠭᠴᠢ ᠠᠴᠠ ᠱᠠᠭᠠᠷᠳᠠᠯᠭ᠎ᠠ ᠶᠣᠰᠣᠭᠠᠷ ᠦᠪᠡᠰᠦᠪᠠᠨ ᠨᠠᠶᠢᠷᠠᠭᠤᠯᠣᠨ ᠵᠣᠬᠢᠶᠠᠵᠣ ᠪᠣᠯᠬᠤ ᠪᠦᠭᠡᠣᠨ ᠪᠠᠰᠠ ᠬᠤᠯᠪᠣᠭᠳᠠᠯ ᠪᠦᠭᠦᠢ ᠪᠠᠶᠢᠭᠤᠯᠣᠮᠵᠢ ᠳᠤ ᠨᠠᠶᠢᠳᠠᠨ ᠨᠠᠶᠢᠷᠠᠭᠤᠯᠣᠨ ᠵᠣᠬᠢᠶᠠᠵᠣ ᠪᠣᠯᠬᠤ ᠶᠢᠨ ᠬᠠᠮᠳᠣ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠵᠣ ᠬᠢᠨᠠᠨ ᠪᠠᠶᠢᠴᠠᠭᠠᠯᠭᠠᠬᠤ ᠬᠡᠷᠩᠳᠠᠢ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠳᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠲᠦᠰᠣᠯ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠰᠣᠯ ᠪᠠᠭᠳᠠᠨ᠎ᠠ᠃
    ᠶᠢᠰᠦᠳᠦᠭᠡᠷ ᠵᠦᠢᠯ   ᠠᠭᠤᠷᠬᠠᠢ ᠮᠠᠯᠳᠠᠬᠤ ᠡᠷᠭᠡ ᠭᠤᠶᠣᠴᠢᠯᠠᠭᠴᠢ ᠠᠴᠠ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠨᠠᠶᠢᠷᠠᠭᠤᠯᠣᠨ ᠵᠣᠬᠢᠶᠠᠭᠰᠠᠨ ᠦᠭᠡᠢ ᠪᠣᠶᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠨᠢ ᠱᠠᠭᠠᠷᠳᠠᠯᠭ᠎ᠠ ᠳᠤ ᠨᠠᠶᠢᠴᠡᠭᠦ ᠦᠭᠡᠢ ᠪᠠᠶᠢᠪᠡᠯ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠢ ᠣᠯᠭᠤᠵᠤ ᠪᠣᠯᠬᠤ

ᠦᠭᠡᠢ᠃
     ᠠᠷᠪᠠᠳᠣᠭᠠᠷ ᠵᠦᠢᠯ   ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠶᠠᠮᠣᠨ ᠠᠴᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠣᠯᠭᠤᠬᠰᠠᠨ ᠪᠠᠶᠢᠪᠡᠯ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠬᠢᠨᠠᠨ ᠪᠠᠶᠢᠴᠠᠭᠠᠯᠳᠠ ᠪᠠᠷ ᠳᠠᠮᠵᠢᠬᠰᠡᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠲᠦᠰᠣᠯ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠰᠣᠯ ᠢᠶᠠᠨ ᠠᠭᠤᠷᠬᠠᠢ ᠶᠢᠨ ᠪᠠᠶᠢᠭ᠎ᠠ ᠭᠠᠵᠠᠷ ᠤᠨ ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠣᠭᠰᠠᠨ ᠬᠤᠳᠠ ᠶᠢᠨ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠵᠣ ᠪᠦᠷᠢᠳᠭᠡᠨ ᠳᠠᠩᠰᠠᠯᠠᠭᠤᠯᠬᠤ ᠬᠡᠷᠩᠳᠠᠢ᠃
     ᠠᠷᠪᠠᠨ ᠨᠢᠭᠡᠳᠣᠭᠡᠷ ᠵᠦᠢᠯ  ᠲᠣᠰ ᠠᠷᠭ᠎ᠠ ᠶᠢ ᠬᠡᠷᠩᠵᠢᠭᠦᠯᠭᠦ ᠠᠴᠠ ᠡᠮᠣᠨ᠎ᠠ ᠨᠢᠭᠡᠨᠳᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠢᠶᠠᠨ ᠣᠯᠣᠭᠰᠠᠨ ᠪᠦᠭᠡᠣᠨ ᠲᠣᠰ ᠠᠷᠭ᠎ᠠ ᠶᠢ ᠬᠡᠷᠩᠵᠢᠭᠦᠯᠣᠭ᠍ᠰᠠᠨ ᠤ ᠳᠠᠷᠠᠭ᠎ᠠ ᠦᠷᠭᠦᠯᠵᠢᠯᠡᠨ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠶᠢ ᠨᠡᠭᠡᠭᠡᠬᠦ ᠠᠵᠢᠯ ᠬᠢᠵᠦ ᠪᠠᠶᠢᠭ᠎ᠠ ᠠᠭᠤᠷᠬᠠᠢ ᠮᠠᠯᠳᠠᠬᠤ ᠡᠷᠭᠡᠳᠣ ᠭᠦᠮᠣᠨ ᠨᠢ ᠲᠣᠰ ᠠᠷᠭ᠎ᠠ ᠶᠢ ᠬᠡᠷᠩᠵᠢᠭᠦᠯᠣᠭ᠍ᠰᠠᠨ ᠡᠳᠣᠷ ᠠᠴᠠ ᠡᠬᠢᠯᠠᠨ ᠨᠢᠭᠡ ᠵᠢᠯ ᠤᠨ ᠲᠣᠳᠣᠷ᠎ᠠ᠂ ᠲᠣᠰ ᠠᠷᠭ᠎ᠠ ᠶᠢᠨ ᠲᠣᠭᠳᠠᠭᠠᠯ ᠶᠣᠰᠣᠭᠠᠷ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠨᠦᠭᠦᠪᠣᠷᠢᠯᠡᠨ ᠨᠠᠶᠢᠷᠠᠭᠤᠯᠣᠨ ᠵᠣᠬᠢᠶᠠᠬᠤ ᠬᠡᠷᠩᠳᠠᠢ᠃
    ᠠᠷᠪᠠᠨ ᠬᠤᠶᠠᠳᠣᠭᠠᠷ ᠵᠦᠢᠯ  ᠠᠭᠤᠷᠬᠠᠢ ᠮᠠᠯᠳᠠᠬᠤ ᠡᠷᠭᠡᠳᠣ ᠭᠦᠮᠣᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠦᠨᠳᠣᠰᠣᠯᠡᠵᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠶᠢ ᠬᠤᠭᠤᠴᠠᠭ᠎ᠠ ᠬᠤᠪᠢᠶᠠᠨ ᠵᠠᠰᠠᠬᠤ ᠲᠦᠰᠣᠯ ︵ᠲᠣᠷᠤᠬᠰᠢ ᠬᠤᠭᠤᠴᠠᠭ᠎ᠠ ᠬᠤᠪᠢᠶᠠᠨ ᠵᠠᠰᠠᠬᠤ ᠲᠦᠰᠣᠯ ᠭᠡᠵᠣ ᠲᠣᠪᠴᠢᠯᠠᠨ᠎ᠠ︶ ᠢ ᠨᠠᠶᠢᠷᠠᠭᠤᠯᠣᠨ ᠵᠣᠬᠢᠶᠠᠬᠤ ᠬᠡᠷᠩᠳᠠᠢ᠃
     ᠬᠤᠭᠤᠴᠠᠭ᠎ᠠ ᠬᠤᠪᠢᠶᠠᠨ ᠵᠠᠰᠠᠬᠤ ᠲᠦᠰᠣᠯ ᠢ ᠭᠤᠶᠣᠴᠢᠯᠠᠭᠴᠢ ᠠᠴᠠ ᠱᠠᠭᠠᠷᠳᠠᠯᠭ᠎ᠠ ᠶᠣᠰᠣᠭᠠᠷ ᠦᠪᠡᠰᠣᠪᠡᠨ ᠨᠠᠶᠢᠷᠠᠭᠤᠯᠣᠨ ᠵᠣᠬᠢᠶᠠᠵᠣ ᠪᠣᠯᠬᠤ ᠪᠦᠭᠡᠣᠨ ᠪᠠᠰᠠ ᠬᠤᠯᠪᠣᠭᠳᠠᠯ ᠪᠦᠭᠦᠢ ᠪᠠᠶᠢᠭᠤᠯᠣᠮᠵᠢ ᠳᠤ ᠨᠠᠶᠢᠳᠠᠨ ᠨᠠᠶᠢᠷᠠᠭᠤᠯᠣᠨ ᠵᠣᠬᠢᠶᠠᠵᠣ ᠪᠣᠯᠬᠤ ᠶᠢᠨ ᠬᠠᠮᠳᠣ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠣᠨ ᠬᠢᠨᠠᠨ ᠪᠠᠶᠢᠴᠠᠭᠠᠯᠭᠠᠬᠤ ᠬᠡᠷᠩᠳᠠᠢ᠃
     ᠠᠷᠪᠠᠨ ᠭᠤᠷᠪᠠᠳᠣᠭᠠᠷ ᠵᠦᠢᠯ  ᠭᠦᠷᠰᠢ ᠵᠡᠷᠭᠡᠯᠡᠳᠡᠭᠡ ᠠᠭᠤᠷᠬᠠᠢ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠶᠠᠪᠣᠴᠨ ᠳᠤ ᠬᠤᠯᠪᠣᠭᠠᠯᠠᠨ ᠵᠠᠰᠠᠬᠤ ᠶᠢ ᠬᠡᠷᠩᠵᠢᠭᠦᠯᠣᠨ᠂ ᠬᠤᠯᠪᠣᠭᠠᠯᠠᠨ ᠬᠤᠭᠤᠴᠠᠭ᠎ᠠ ᠬᠤᠪᠢᠶᠠᠨ ᠵᠠᠰᠠᠬᠤ ᠲᠦᠰᠣᠯ ᠨᠠᠶᠢᠷᠠᠭᠤᠯᠣᠨ ᠵᠣᠬᠢᠶᠠᠵᠣ᠂ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠢᠶᠠᠷ ᠬᠢᠨᠠᠨ ᠪᠠᠶᠢᠴᠠᠭᠠᠯᠭᠠᠭᠰᠠᠨ ᠤ ᠳᠠᠷᠠᠭ᠎ᠠ ᠬᠡᠷᠩᠵᠢᠭᠦᠯᠭᠦ ᠶᠢ ᠵᠣᠷᠢᠬᠵᠢᠭᠤᠯᠣᠨ᠎ᠠ᠃ ᠨᠢᠭᠡᠨᠳᠠ ᠬᠤᠯᠪᠣᠭᠠᠯᠠᠨ ᠬᠤᠭᠤᠴᠠᠭ᠎ᠠ ᠬᠤᠪᠢᠶᠠᠵᠣ ᠵᠠᠰᠠᠬᠤ ᠲᠦᠰᠣᠯ ᠢ ᠨᠠᠶᠢᠷᠠᠭᠤᠯᠣᠨ ᠵᠣᠬᠢᠶᠠᠭᠰᠠᠨ ᠪᠠᠶᠢᠪᠡᠯ᠂ ᠳᠠᠬᠢᠵᠣ ᠭᠠᠭᠴᠨᠬᠦ ᠠᠭᠤᠷᠬᠠᠢ ᠶᠢᠨ ᠬᠤᠭᠤᠴᠠᠭ᠎ᠠ ᠬᠤᠪᠢᠶᠠᠵᠣ ᠵᠠᠰᠠᠬᠤ ᠲᠦᠰᠣᠯ ᠢ ᠨᠠᠶᠢᠷᠠᠭᠤᠯᠣᠨ ᠵᠣᠬᠢᠶᠠᠬᠤ ᠦᠭᠡᠢ᠃
    ᠠᠷᠪᠠᠨ ᠲᠦᠷᠪᠡᠳᠣᠭᠡᠷ ᠵᠦᠢᠯ  ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠶᠢ ᠭᠤᠷᠪᠠᠨ ᠵᠢᠯ ᠳᠤ ᠨᠢᠭᠡ ᠵᠠᠰᠠᠬᠤ ᠦᠶᠡᠯᠡᠯ ᠤᠨ ᠬᠤᠭᠤᠴᠠᠭ᠎ᠠ ᠪᠣᠯᠭᠠᠨ᠎ᠠ᠃
     ᠠᠭᠤᠷᠬᠠᠢ ᠶᠢᠨ ᠦᠢᠯᠡᠴᠢᠯᠡᠭᠦ ᠦᠯᠡᠳᠡᠭᠰᠠᠨ ᠬᠤᠭᠤᠴᠠᠭ᠎ᠠ ᠨᠢ ᠭᠤᠷᠪᠠᠨ ᠵᠢᠯ ᠠᠴᠠ ᠲᠣᠷᠣᠭᠰᠢ ᠪᠠᠶᠢᠪᠠᠯ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠵᠠᠰᠠᠬᠤ ᠲᠦᠰᠣᠯ ᠢᠶᠠᠨ ᠦᠨᠳᠣᠰᠣᠯᠡᠵᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠤ ᠨᠦᠭᠡ ᠪᠦᠭᠯᠡᠨ ᠵᠠᠰᠠᠬᠤ ᠶᠢ ᠨᠢᠭᠡᠯᠨ ᠣᠳᠠᠭ᠎ᠠ ᠶᠢᠨ ᠴᠢᠨᠠᠷᠳᠠᠢ ᠪᠠᠷ ᠪᠡᠶᠡᠯᠡᠭᠦᠯᠭᠦ ᠬᠡᠷᠩᠳᠠᠢ᠃ ᠠᠭᠤᠷᠬᠠᠢ ᠶᠢᠨ ᠦᠢᠯᠡᠴᠢᠯᠡᠭᠦ ᠦᠯᠡᠳᠡᠭᠰᠠᠨ ᠬᠤᠭᠤᠴᠠᠭ᠎ᠠ ᠨᠢ ᠭᠤᠷᠪᠠᠨ ᠵᠢᠯ ᠠᠴᠠ ᠳᠡᠭᠡᠭᠰᠢ ᠪᠠᠶᠢᠪᠠᠯ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠬᠤᠭᠤᠴᠠᠭ᠎ᠠ ᠬᠤᠪᠢᠶᠠᠨ ᠵᠠᠰᠠᠬᠤ ᠲᠦᠰᠣᠯ ᠢᠶᠠᠨ ᠦᠨᠳᠣᠰᠣᠯᠡᠵᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠶᠢ ᠬᠡᠷᠩᠵᠢᠭᠦᠯᠣᠨ᠎ᠠ᠃
     ᠠᠷᠪᠠᠨ ᠲᠠᠪᠣᠳᠣᠭᠠᠷ ᠵᠦᠢᠯ   ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠮᠠᠯᠳᠠᠬᠤ ᠠᠴᠠ ᠪᠠᠨ ᠡᠮᠣᠨ᠎ᠠ ᠡᠩ ᠳᠡᠷᠢᠭᠦᠨ ᠳᠤ ᠡᠪᠳᠡᠭᠳᠡᠵᠣ ᠮᠡᠳᠡᠭᠦ ᠳᠠᠷᠢᠶᠠᠨ ᠭᠠᠵᠡᠷ᠂ ᠦᠢᠳᠣ ᠭᠠᠵᠡᠷ᠂ ᠬᠠᠳᠤᠯᠠᠩ ᠪᠡᠯᠴᠢᠭᠡᠷ ᠲᠠᠢ ᠭᠠᠵᠡᠷ ᠤᠨ ᠭᠠᠳᠠᠷᠭᠤ ᠶᠢᠨ ᠭᠦᠷᠣᠰᠣ ᠶᠢ ᠬᠤᠰᠤᠵᠦ ᠠᠪᠬᠤ ᠶᠢᠨ ᠬᠠᠮᠳᠣ ᠠᠰᠳᠠᠭᠠᠨ ᠬᠤᠷᠢᠶᠠᠨ ᠬᠠᠳᠠᠭᠠᠯᠠᠵᠣ᠂ ᠬᠤᠰᠤᠵᠦ ᠠᠪᠣᠭᠰᠠᠨ ᠭᠦᠷᠣᠰᠣ ᠶᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠰᠡᠷᠭᠦᠭᠡᠨ ᠵᠠᠰᠠᠬᠤ ᠳᠤ ᠬᠡᠷᠩᠯᠡᠨ᠎ᠠ᠃
     ᠠᠷᠪᠠᠨ ᠵᠢᠷᠭᠤᠳᠣᠭᠠᠷ ᠵᠦᠢᠯ   ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠨᠢ ᠠᠷᠭ᠎ᠠ ᠭᠡᠮᠵᠢᠶ᠎ᠠ ᠠᠪᠴᠣ ᠪᠠᠶᠢᠭᠠᠣᠨ᠂ ᠲᠡᠣᠭᠡᠨ ᠠᠴᠠ ᠦᠯᠡᠳᠡᠭᠳᠡᠭᠰᠠᠨ᠂ ᠲᠦᠷᠣ ᠶᠢᠨ ᠪᠣᠳᠣᠯᠭ᠎ᠠ ᠶᠢᠨ ᠴᠢᠨᠠᠷᠳᠠᠢ ᠬᠠᠭᠠᠭᠰᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠡᠷᠩᠳᠠᠢ᠃
     ᠠᠷᠪᠠᠨ ᠲᠣᠯᠣᠳᠣᠭᠠᠷ ᠵᠦᠢᠯ  ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠣᠨ ᠤ ᠪᠠᠶᠢᠴᠠᠭᠠᠬᠤ ᠲᠦᠷᠢᠮ ᠢ ᠪᠠᠶᠢᠭᠤᠯᠵᠣ᠂ ᠪᠦᠭᠦ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠤᠨ ᠨᠠᠶᠢᠳᠠᠪᠣᠷᠢᠵᠢᠭᠤᠯᠣᠯᠳᠠ ᠳᠤ ᠬᠢᠨᠠᠯᠳᠠ ᠳᠠᠯᠪᠢᠵᠣ ᠪᠠᠶᠢᠴᠠᠭᠠᠬᠤ ᠬᠡᠷᠩᠳᠠᠢ᠃
     ᠭᠤᠷᠪᠠᠳᠣᠭᠠᠷ ᠪᠦᠯᠦᠭ ᠪᠠᠳᠣᠯᠠᠭ᠎ᠠ ᠶᠢᠨ ᠮᠦᠩᠭᠦ ᠶᠢ ᠲᠣᠰᠢᠶᠠᠵᠣ ᠬᠠᠳᠠᠭᠠᠯᠠᠬᠤ ᠬᠢᠭᠡᠣᠨ ᠬᠠᠮᠢᠶᠠᠷᠬᠤ
     ᠠᠷᠪᠠᠨ ᠨᠠᠢᠮᠠᠳᠤᠭᠠᠷ ᠵᠦᠢᠯ   ᠦᠪᠡᠷᠳᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠣᠷᠣᠨ ᠤ ᠲᠣᠳᠣᠷ᠎ᠠ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠮᠠᠯᠳᠠᠬᠤ ᠠᠵᠢᠯ ᠬᠢᠵᠦ ᠪᠠᠶᠢᠭ᠎ᠠ ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠵᠣ ᠬᠠᠳᠠᠭᠠᠯᠠᠬᠤ ᠬᠡᠷᠩᠳᠠᠢ᠃
     ᠠᠷᠪᠠ ᠶᠢᠰᠣᠳᠣᠭᠡᠷ ᠵᠦᠢᠯ   ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠬᠠᠮᠠᠭᠠᠯᠠᠬᠤ ᠬᠢᠭᠡᠣᠨ ᠰᠡᠷᠭᠦᠭᠡᠨ ᠵᠠᠰᠠᠬᠤ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠶᠢᠨ ᠪᠠᠳᠣᠯᠠᠭ᠎ᠠ ᠶᠢᠨ ᠮᠦᠩᠭᠦ ᠳᠤ ᠬᠠᠷᠢᠶᠠᠯᠠᠬᠳᠠᠨ᠎ᠠ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠪᠠᠨ ᠨᠢᠭᠡᠨᠳᠠ ᠲᠣᠰᠢᠶᠠᠵᠣ ᠬᠠᠳᠠᠭᠠᠯᠠᠭᠤᠯᠣᠭᠰᠠᠨ ᠪᠠᠶᠢᠪᠡᠯ᠂ ᠭᠠᠵᠡᠷ ᠰᠢᠷᠣᠢ ᠳᠠᠬᠢᠨ ᠬᠠᠭᠠᠯᠪᠣᠷᠢᠯᠠᠬᠤ ᠵᠠᠷᠣᠳᠠᠯ ᠳᠠᠬᠢᠵᠣ ᠲᠣᠰᠢᠶᠠᠬᠤ ᠦᠭᠡᠢ᠃
     ᠬᠤᠷᠢᠳᠣᠭᠠᠷ ᠵᠦᠢᠯ   ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠳᠤ ᠠᠵᠣ ᠠᠬᠤᠶᠢᠯᠡᠯ ᠠᠴᠠ ᠦᠮᠴᠢᠯᠡᠭᠦ᠂ ᠵᠠᠰᠠᠭ ᠤᠨ ᠣᠷᠳᠣᠨ ᠬᠢᠨᠠᠨ ᠬᠠᠮᠢᠶᠠᠷᠬᠤ᠂ ᠲᠣᠰᠬᠠᠢ ᠳᠠᠩᠰᠨ ᠡᠷᠣᠭᠡ ᠳᠤ ᠬᠠᠳᠠᠭᠠᠯᠠᠬᠤ᠂ ᠲᠣᠰᠬᠠᠢ ᠳᠠᠩᠰᠠ ᠪᠠᠷ ᠲᠣᠭᠠᠴᠠᠭ᠎ᠠ ᠬᠢᠭᠦ ᠶᠢ ᠬᠡᠷᠩᠵᠢᠭᠦᠯᠣᠨ᠎ᠠ᠃ ᠶᠠᠮᠠᠷᠪᠠ ᠨᠢᠭᠡᠴᠨ ᠪᠠ ᠬᠤᠪᠢ ᠭᠦᠮᠣᠨ ᠬᠡᠳ ᠰᠠᠭᠠᠣᠠᠬᠠᠨ ᠦᠯᠡᠳᠡᠭᠡᠭᠦ᠂ ᠰᠢᠬᠠᠨ ᠡᠵᠡᠯᠡᠭᠦ᠂ ᠨᠡᠭᠦᠯᠭᠡᠨ ᠬᠡᠷᠩᠯᠡᠵᠣ ᠪᠣᠯᠬᠤ ᠦᠭᠡᠢ᠃
     ᠬᠤᠷᠢᠨ ᠨᠢᠭᠡᠳᠣᠭᠡᠷ ᠵᠦᠢᠯ   ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠣᠭᠰᠠᠨ ᠬᠤᠳᠠ ᠶᠢᠨ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠵᠣ ᠬᠠᠳᠠᠭᠠᠯᠠᠬᠤ ᠶᠢ ᠬᠠᠮᠢᠶᠠᠷᠬᠤ ᠪᠠᠶᠢᠭᠤᠯᠭ᠎ᠠ ᠪᠠᠶᠢᠵᠦ᠂ ᠪᠠᠳᠣᠯᠠᠭ᠎ᠠ ᠶᠢᠨ ᠮᠦᠩᠭᠦ ᠶᠢᠨ ᠲᠣᠰᠢᠶᠠᠵᠣ ᠬᠠᠳᠠᠭᠠᠯᠠᠬᠤ ᠪᠠ ᠬᠠᠮᠢᠶᠠᠷᠬᠤ ᠶᠢ ᠬᠠᠷᠢᠭᠤᠴᠠᠨ᠎ᠠ᠃
     ᠬᠤᠷᠢᠨ ᠬᠤᠶᠠᠳᠣᠭᠠᠷ ᠵᠦᠢᠯ   ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠳᠤ ᠬᠠᠷᠢᠶᠠᠳᠣ ᠭᠠᠵᠡᠷ ᠤᠨ ᠬᠠᠮᠢᠶᠠᠷᠣᠯᠳᠠ ᠶᠢ ᠬᠡᠷᠩᠵᠢᠭᠦᠯᠣᠨ᠎ᠠ᠃ ᠠᠭᠤᠷᠬᠠᠢ ᠮᠠᠯᠳᠠᠬᠤ ᠡᠷᠭᠡ ᠶᠢᠨ ᠭᠦᠷᠢᠶ᠎ᠡ ᠴᠠᠷᠠᠭ᠎ᠠ ᠨᠢ ᠵᠠᠰᠠᠭ ᠵᠠᠬᠢᠷᠭᠠᠨ ᠤ ᠣᠷᠣᠨ ᠠᠯᠣᠰᠯᠠᠭᠰᠠᠨ ᠪᠠᠶᠢᠪᠡᠯ᠂ ᠪᠠᠳᠣᠯᠠᠭ᠎ᠠ ᠶᠢᠨ ᠮᠦᠩᠭᠦ ᠶᠢ ᠠᠭᠤᠷᠬᠠᠢ ᠮᠠᠯᠳᠠᠬᠤ ᠡᠷᠭᠡ ᠶᠢᠨ ᠡᠳᠣᠷ ᠲᠣᠳᠣᠮ ᠤᠨ ᠬᠢᠨᠠᠯᠳᠠ ᠬᠠᠮᠢᠶᠠᠷᠣᠯᠳᠠ ᠶᠢ ᠬᠠᠷᠢᠭᠤᠴᠠᠵᠣ ᠪᠦᠭᠦᠢ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠲᠣᠰᠢᠶᠠᠵᠣ ᠬᠠᠳᠠᠭᠠᠯᠠᠬᠤ ᠬᠡᠷᠩᠳᠠᠢ᠃
     ᠬᠤᠷᠢᠨ ᠭᠤᠷᠪᠠᠳᠣᠭᠠᠷ ᠵᠦᠢᠯ   ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠣᠭᠰᠠᠨ ᠬᠤᠳᠠ ᠶᠢᠨ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠡᠩ ᠤᠨ ᠪᠠᠷᠢᠯᠭ᠎ᠠ ᠶᠢᠨ ᠮᠠᠲ᠋ᠧᠷᠢᠶᠠᠯ ᠳᠤ ᠬᠡᠷᠩᠯᠡᠭᠦ ᠬᠠᠶᠢᠷ᠂ ᠴᠢᠯᠠᠭᠤ᠂ ᠨᠠᠩᠬᠢ ᠰᠢᠷᠣᠢ ᠲᠠᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠵᠣ ᠬᠠᠳᠠᠭᠠᠯᠠᠬᠤ ᠪᠠ ᠬᠠᠮᠢᠶᠠᠷᠬᠤ ᠶᠢ ᠬᠤᠰᠢᠭᠤ ᠰᠢᠶᠠᠨ ᠤ ᠱᠠᠳᠣᠨ ᠤ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠵᠠᠰᠠᠭ ᠵᠠᠬᠢᠷᠭᠠᠨ ᠤ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠲᠤ ᠨᠠᠶᠢᠳᠠᠨ ᠬᠡᠷᠩᠵᠢᠭᠦᠯᠭᠦ ᠬᠡᠷᠩᠳᠠᠢ᠃
     ᠬᠤᠷᠢᠨ ᠲᠦᠷᠪᠡᠳᠣᠭᠡᠷ ᠵᠦᠢᠯ   ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠠᠳᠠᠯᠢ ᠱᠠᠳᠣᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠯᠦᠭᠡ ᠬᠠᠮᠲᠤᠷᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠶᠢᠨ ᠬᠠᠮᠢᠶᠠᠷᠣᠯᠳᠠ ᠳᠤ ᠬᠢᠨᠠᠯᠳᠠ ᠳᠠᠯᠪᠢᠬᠤ ᠶᠢ ᠬᠡᠷᠩᠵᠢᠭᠦᠯᠭᠦ ᠬᠡᠷᠩᠳᠠᠢ᠃
     ᠬᠤᠷᠢᠨ ᠲᠠᠪᠣᠳᠣᠭᠠᠷ ᠵᠦᠢᠯ  ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠶᠢ ᠲᠣᠰᠢᠶᠠᠵᠣ ᠬᠠᠳᠠᠭᠠᠯᠠᠬᠤ ᠦᠶ᠎ᠡ ᠳᠤ᠂ ᠪᠠᠶᠢᠭ᠎ᠠ ᠭᠠᠵᠡᠷ ᠤᠨ ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠣᠭᠰᠠᠨ ᠬᠤᠳᠠ ᠶᠢᠨ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠯᠦᠭᠡ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠷᠢᠭᠤᠴᠠᠯᠭ᠎ᠠ ᠶᠢᠨ ᠪᠢᠴᠢᠭ ᠲᠤ ᠭᠠᠷ ᠤᠨ ᠦᠰᠦᠭ ᠵᠢᠷᠣᠵᠣ ᠲᠣᠭᠳᠠᠭᠠᠬᠤ ᠬᠡᠷᠩᠳᠠᠢ᠃
     ᠬᠤᠷᠢᠨ ᠵᠢᠷᠭᠤᠳᠣᠭᠠᠷ ᠵᠦᠢᠯ  ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠬᠤ ᠪᠠᠷᠢᠮᠵᠢᠶ᠎ᠠ ᠶᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠵᠠᠷᠣᠳᠠᠯ ᠠᠴᠠ ᠲᠣᠣᠷ᠎ᠡ ᠪᠠᠶᠢᠯᠭᠠᠬᠤ ᠦᠭᠡᠢ ᠪᠠᠶᠢᠬᠤ ᠵᠠᠷᠴᠢᠮ ᠶᠣᠰᠣᠭᠠᠷ᠂ ᠲᠣᠰ ᠠᠷᠭ᠎ᠠ ᠳᠤ ᠳᠠᠭᠠᠯᠳᠣᠭᠤᠯᠣᠭᠰᠠᠨ ︽ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠬᠤ ᠪᠠᠷᠢᠮᠵᠢᠶ᠎ᠠ ᠵᠢᠴᠢ ᠨᠦᠯᠣᠭᠡᠯᠡᠭᠦ ᠢᠯᠡᠣᠡᠭᠡᠮᠵᠢ ᠶᠢᠨ ᠭᠦᠰᠣᠨᠣᠭ᠍ᠳᠣ︾ ᠶᠢ ᠦᠨᠳᠣᠰᠣᠯᠡᠵᠣ᠂ ᠭᠦᠴᠣᠨ ᠵᠦᠢᠯ ᠤᠨ ᠠᠷᠭ᠎ᠠ ᠪᠠᠷ ᠪᠣᠳᠣᠬᠤ ᠪᠠ ᠵᠠᠰᠠᠬᠤ ᠲᠦᠰᠣᠯ ᠯᠦᠭᠡ ᠶᠡᠷᠣᠩᠬᠡᠶᠢᠯᠠᠨ ᠬᠠᠷᠢᠴᠠᠭᠤᠯᠵᠣ᠂ ᠦᠨᠳᠣᠷ ᠪᠠᠶᠢᠯᠭᠠᠬᠤ ᠵᠠᠷᠴᠢᠮ ᠢᠶᠠᠷ ᠲᠣᠭᠳᠠᠭᠠᠬᠤ ᠬᠡᠷᠩᠳᠠᠢ᠃
     ᠬᠤᠷᠢᠨ ᠲᠣᠯᠣᠳᠣᠭᠠᠷ ᠵᠦᠢᠯ   ᠡᠩ ᠤᠨ ᠪᠠᠷᠢᠯᠭ᠎ᠠ ᠶᠢᠨ ᠮᠠᠲ᠋ᠧᠷᠢᠶᠠᠯ ᠳᠤ ᠬᠡᠷᠩᠯᠡᠭᠦ ᠬᠠᠶᠢᠷ᠂ ᠴᠢᠯᠠᠭᠤ᠂ ᠨᠠᠩᠬᠢ ᠰᠢᠷᠣᠢ ᠲᠠᠢ ᠠᠭᠤᠷᠬᠠᠢ ᠶᠢ ᠨᠡᠭᠡᠭᠡᠨ ᠮᠠᠯᠳᠠᠬᠤ ᠪᠠ ᠠᠭᠤᠷᠬᠠᠢ ᠶᠢᠨ ᠦᠢᠯᠡᠴᠢᠯᠡᠭᠦ ᠦᠯᠡᠳᠡᠭᠰᠡᠨ ᠬᠤᠭᠤᠴᠠᠭ᠎ᠠ ᠨᠢ ᠭᠤᠷᠪᠡᠨ ᠵᠢᠯ ᠠᠴᠠ ᠲᠣᠷᠣᠭᠰᠢ ᠪᠠᠶᠢᠪᠡᠯ᠂ ᠪᠠᠳᠣᠯᠠᠭ᠎ᠠ ᠶᠢᠨ ᠮᠦᠩᠭᠦ ᠪᠠᠨ ᠨᠢᠭᠡᠯᠨ ᠣᠳᠠᠭ᠎ᠠ ᠶᠢᠨ ᠴᠢᠨᠠᠷᠲᠠᠢ ᠪᠠᠷ ᠪᠦᠭᠦ ᠲᠤᠭ᠎ᠠ ᠪᠠᠷ ᠲᠣᠰᠢᠶᠠᠬᠤ ᠬᠡᠷᠩᠳᠠᠢ︔ ᠠᠭᠤᠷᠬᠠᠢ ᠶᠢᠨ ᠦᠢᠯᠡᠴᠢᠯᠡᠭᠦ ᠦᠯᠡᠳᠡᠭᠰᠡᠨ ᠬᠤᠭᠤᠴᠠᠭ᠎ᠠ ᠨᠢ ᠭᠤᠷᠪᠡᠨ ᠵᠢᠯ ᠠᠴᠠ ᠳᠡᠭᠡᠭᠰᠢ ᠪᠠᠶᠢᠪᠡᠯ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠵᠣᠭᠤᠰ ᠲᠣᠰᠢᠶᠠᠬᠤ ᠲᠦᠯᠣᠪᠯᠡᠭᠡ ᠪᠠ ᠠᠮᠠᠯᠠᠯᠳᠠ ᠶᠢᠨ ᠪᠢᠴᠢᠭ ᠢᠶᠠᠨ ᠦᠭᠭᠦᠭᠰᠡᠨ ᠤ ᠳᠠᠷᠠᠭ᠎ᠠ᠂ ᠬᠤᠭᠤᠴᠠᠭ᠎ᠠ ᠬᠤᠪᠢᠶᠠᠨ ᠲᠣᠰᠢᠶᠠᠵᠣ ᠪᠣᠯᠣᠨ᠎ᠠ᠂ ᠬᠤᠭᠤᠴᠠᠭ᠎ᠠ ᠪᠦᠷᠢ ᠲᠣᠰᠢᠶᠠᠬᠤ ᠲᠤᠭ᠎ᠠ ᠨᠢ ᠭᠤᠷᠪᠠᠨ ᠵᠢᠯ ᠤᠨ ᠲᠣᠰᠢᠶᠠᠬᠤ ᠲᠤᠭ᠎ᠠ ᠠᠴᠠ ᠲᠣᠣᠷ᠎ᠡ ᠪᠠᠶᠢᠵᠣ ᠪᠣᠯᠬᠤ ᠦᠭᠡᠢ᠃
     ᠬᠤᠷᠢᠨ ᠨᠠᠢᠮᠠᠳᠤᠭᠠᠷ ᠵᠦᠢᠯ  ᠠᠭᠤᠷᠬᠠᠢ ᠮᠠᠯᠳᠠᠬᠤ ᠠᠷᠭ᠎ᠠ ᠮᠠᠶ᠋ᠢᠭ᠂ ᠠᠭᠤᠷᠬᠠᠢ ᠶᠢᠨ ᠲᠣᠭᠤᠷᠢᠭ ᠤᠨ ᠭᠦᠷᠢᠶ᠎ᠡ ᠴᠠᠷᠠᠭ᠎ᠠ᠂ ᠦᠢᠯᠡᠣᠡᠪᠣᠷᠢᠯᠡᠯ ᠤᠨ ᠭᠦᠷᠢᠶ᠎ᠡ ᠬᠡᠪᠴᠢᠶ᠎ᠠ᠂ ᠭᠤᠣᠯ ᠮᠠᠯᠳᠠᠬᠤ ᠠᠭᠤᠷᠬᠠᠢ ᠶᠢᠨ ᠵᠦᠢᠯ ᠨᠢ ᠬᠤᠪᠢᠷᠠᠯᠳᠠ ᠭᠠᠷᠣᠭᠰᠠᠨ ᠪᠠᠶᠢᠪᠡᠯ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢᠶᠠᠨ ᠳᠠᠬᠢᠨ ᠰᠢᠨ᠎ᠠ ᠪᠠᠷ ᠨᠠᠶᠢᠷᠠᠭᠤᠯᠣᠨ ᠵᠣᠬᠢᠶᠠᠵᠣ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠷᠢᠭᠤᠴᠠᠯᠭ᠎ᠠ ᠶᠢᠨ ᠪᠢᠴᠢᠭ ᠲᠤ ᠳᠠᠬᠢᠨ ᠭᠠᠷ ᠤᠨ ᠦᠰᠦᠭ ᠵᠢᠷᠣᠵᠣ ᠲᠤᠬᠲᠠᠭᠠᠨ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠪᠠᠨ ᠳᠠᠬᠢᠨ ᠬᠠᠷᠭᠤᠭᠤᠯᠬᠤ ᠶᠢᠨ ᠬᠠᠮᠳᠣ ᠲᠣᠰᠢᠶᠠᠬᠤ ᠬᠡᠷᠩᠳᠠᠢ᠃
     ᠠᠭᠤᠷᠬᠠᠢ ᠮᠠᠯᠳᠠᠬᠤ ᠡᠷᠭᠡ ᠪᠠᠨ ᠰᠢᠯᠵᠢᠭᠦᠯᠣᠭ᠍ᠰᠠᠨ ᠪᠠᠶᠢᠪᠡᠯ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠷᠢᠭᠤᠴᠠᠯᠭ᠎ᠠ ᠪᠠ ᠨᠢᠭᠡᠨᠳᠠ ᠲᠣᠰᠢᠶᠠᠭᠰᠠᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠪᠠᠨ ᠬᠠᠮᠳᠣᠪᠠᠷ ᠰᠢᠯᠵᠢᠭᠦᠯᠭᠦ ᠬᠡᠷᠩᠳᠠᠢ︔ ᠪᠠᠳᠣᠯᠠᠭ᠎ᠠ ᠶᠢᠨ ᠮᠦᠩᠭᠦ ᠪᠠᠨ ᠰᠢᠯᠵᠢᠭᠦᠯᠭᠦ ᠶᠢᠨ ᠠᠷᠭ᠎ᠠ ᠦᠭᠡᠢ ᠪᠠᠶᠢᠪᠡᠯ᠂ ᠳᠠᠬᠢᠨ ᠰᠢᠨ᠎ᠠ ᠪᠠᠷ ᠲᠣᠰᠢᠶᠠᠬᠤ ᠶᠢᠨ ᠬᠠᠮᠳᠣ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠠᠷᠢᠭᠤᠴᠠᠯᠭ᠎ᠠ ᠶᠢᠨ ᠪᠢᠴᠢᠭ ᠲᠤ ᠳᠠᠬᠢᠨ ᠰᠢᠨ᠎ᠠ ᠪᠠᠷ ᠭᠠᠷ ᠤᠨ ᠦᠰᠦᠭ ᠵᠢᠷᠣᠵᠣ ᠲᠣᠭᠳᠠᠭᠠᠬᠤ ᠬᠡᠷᠩᠳᠠᠢ᠃
     ᠬᠤᠷᠢ ᠶᠢᠰᠣᠳᠣᠭᠡᠷ ᠵᠦᠢᠯ   ᠬᠤᠭᠤᠴᠠᠭ᠎ᠠ ᠪᠦᠷᠢ ᠶᠢᠨ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠢᠨᠵᠧᠨᠧᠷᠢᠩ ᠢ ᠪᠡᠶᠡᠯᠡᠭᠦᠯᠣᠭ᠍ᠰᠡᠨ ᠤ ᠳᠠᠷᠠᠭ᠎ᠠ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠭᠰᠠᠨ ᠢᠨᠵᠧᠨᠧᠷᠢᠩ ᠢ ᠰᠢᠯᠭᠠᠨ ᠠᠪᠣᠭᠤᠯᠬᠤ ᠪᠠᠷ ᠭᠤᠶᠣᠴᠢᠯᠠᠬᠤ ᠬᠡᠷᠩᠳᠠᠢ᠃ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠰᠢᠯᠭᠠᠨ ᠠᠪᠣᠭᠤᠯᠬᠤ ᠭᠤᠶᠣᠴᠢᠯᠠᠯ ᠢ ᠣᠯᠣᠭᠰᠠᠨ ᠡᠳᠣᠷ ᠠᠴᠠ ᠡᠬᠢᠯᠠᠨ ᠭᠤᠴᠢᠨ ᠡᠳᠣᠷ ᠤᠨ ᠲᠣᠳᠣᠷ᠎ᠡ ᠰᠢᠯᠭᠠᠨ ᠠᠪᠬᠤ ᠶᠢ ᠪᠡᠶᠡᠯᠡᠭᠦᠯᠭᠦ ᠬᠡᠷᠩᠳᠠᠢ᠂ ᠰᠢᠯᠭᠠᠨ ᠠᠪᠬᠤ ᠳᠤ ᠬᠢᠷᠢ ᠲᠡᠩᠴᠡᠭᠰᠡᠨ ᠪᠠᠶᠢᠪᠡᠯ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠶᠢ ᠳᠠᠷᠠᠭᠠᠴᠢ ᠶᠢᠨ ᠨᠢᠭᠡ ᠵᠠᠰᠠᠬᠤ ᠦᠶᠡᠯᠡᠯ ᠤᠨ ᠬᠤᠭᠤᠴᠠᠭᠠᠨ ᠳᠤ ᠳ᠋ᠦᠩᠨᠠᠨ ᠰᠢᠯᠵᠢᠭᠦᠯᠭᠦ ᠬᠡᠷᠩᠳᠠᠢ᠃
     ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠰᠢᠯᠭᠠᠨ ᠠᠪᠬᠤ ᠳᠤ ᠵᠠᠯᠭᠠᠭᠠᠣᠨ ᠬᠤᠶᠠᠷ ᠬᠤᠭᠤᠴᠠᠭ᠎ᠠ ᠬᠢᠷᠢ ᠳᠡᠭᠴᠡᠭᠰᠠᠨ ᠦᠢᠯᠡᠣᠡᠪᠣᠷᠢᠯᠡᠯ ᠤᠨ ᠠᠭᠤᠷᠬᠠᠢ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠨ ᠬᠠᠳᠠᠭᠠᠯᠬᠤ ᠪᠠ ᠬᠠᠮᠢᠶᠠᠷᠬᠤ ᠪᠠᠶᠢᠭᠤᠯᠭ᠎ᠠ ᠪᠠᠷ ᠵᠦᠪᠰᠢᠶᠡᠷᠡᠭᠦᠯᠦᠭᠰᠡᠨ ᠪᠠᠶᠢᠪᠠᠯ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠡᠰᠡᠭ ᠪᠠᠳᠣᠯᠠᠭ᠎ᠠ ᠶᠢᠨ ᠮᠦᠩᠭᠦ ᠶᠢ ᠭᠠᠷᠭᠠᠨ ᠠᠪᠴᠣ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠳᠤ ᠲᠣᠰᠬᠠᠢ ᠵᠦᠢᠯ ᠢᠶᠠᠷ ᠬᠡᠷᠩᠯᠡᠵᠣ ᠪᠣᠯᠣᠨ᠎ᠠ᠃
     ᠭᠤᠴᠢᠳᠣᠭᠠᠷ ᠵᠦᠢᠯ  ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠮᠠᠯᠳᠠᠬᠤ ᠠᠵᠢᠯᠯᠠᠭ᠎ᠠ ᠪᠠᠨ ᠵᠣᠭᠰᠣᠭᠠᠬᠤ ᠪᠣᠶᠣ ᠠᠭᠤᠷᠬᠠᠢ ᠶᠢᠨ ᠨᠦᠭᠡ ᠶᠢ ᠪᠦᠭᠯᠡᠭᠦ ᠠᠴᠠ ᠡᠮᠣᠨ᠎ᠠ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠭᠰᠠᠨ ᠢᠨᠵᠧᠨᠧᠷᠢᠩ ᠢ ᠰᠢᠯᠭᠠᠨ ᠠᠪᠣᠭᠤᠯᠬᠤ ᠪᠠᠷ ᠭᠤᠶᠣᠴᠢᠯᠠᠬᠤ ᠬᠡᠷᠩᠳᠠᠢ᠃ ᠰᠢᠯᠭᠠᠨ ᠠᠪᠬᠤ ᠳᠤ ᠬᠢᠷᠢ ᠲᠡᠩᠴᠡᠭᠰᠡᠨ ᠪᠠᠶᠢᠪᠡᠯ᠂ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠡᠯᠠᠭ᠎ᠠ ᠮᠦᠴᠢᠷ ᠨᠢ ᠲᠣᠯᠣᠭᠠᠨ ᠡᠳᠣᠷ ᠤᠨ ᠲᠣᠳᠣᠷ᠎ᠡ ᠪᠠᠳᠣᠯᠠᠭ᠎ᠠ ᠶᠢᠨ ᠮᠦᠩᠭᠦ ᠪᠠ ᠭᠦᠣ ᠮᠦᠩᠭᠦ ᠶᠢ ᠨᠢ ᠪᠣᠴᠠᠭᠠᠬᠤ ᠬᠡᠷᠩᠳᠠᠢ᠃
     ᠲᠦᠷᠪᠡᠳᠣᠭᠡᠷ ᠪᠦᠯᠦᠭ ᠬᠠᠣᠯᠢ ᠴᠠᠭᠠᠵᠨ ᠶᠢᠨ ᠬᠠᠷᠢᠭᠤᠴᠠᠯᠭ᠎ᠠ
     ᠭᠤᠴᠢᠨ ᠨᠢᠭᠡᠳᠣᠭᠡᠷ ᠵᠦᠢᠯ   ᠨᠠᠶᠢᠷᠠᠭᠤᠯᠣᠨ ᠵᠣᠬᠢᠶᠠᠬᠤ ᠨᠢᠭᠡᠴᠨ ᠠᠴᠠ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠨᠠᠶᠢᠷᠠᠭᠤᠯᠵᠣ ᠵᠣᠬᠢᠶᠠᠬᠤ ᠪᠣᠶᠣ ᠬᠤᠭᠤᠴᠠᠭ᠎ᠠ ᠬᠤᠪᠢᠶᠠᠨ ᠵᠠᠰᠠᠬᠤ ᠲᠦᠰᠣᠯ ᠢ ᠬᠤᠳᠠᠯ ᠬᠠᠭᠤᠷᠮᠠᠭ ᠵᠣᠬᠢᠶᠠᠭᠰᠠᠨ ᠪᠠᠶᠢᠪᠡᠯ᠂ ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ 3 ᠲᠦᠮᠡᠨ ᠲᠦᠭᠦᠷᠢᠭ ᠢᠶᠠᠷ ᠲᠣᠷᠭᠠᠨ ᠰᠢᠣᠡᠭᠡᠵᠣ᠂ ᠪᠣᠰᠣᠣᠨ ᠭᠦᠮᠣᠨ ᠳᠤ ᠬᠤᠬᠢᠷᠠᠯ ᠣᠴᠠᠷᠠᠭᠤᠯᠣᠭᠰᠠᠨ ᠪᠠᠶᠢᠪᠡᠯ᠂ ᠬᠠᠣᠯᠢ ᠶᠣᠰᠣᠭᠠᠷ ᠲᠦᠯᠣᠪᠣᠷᠢ ᠶᠢᠨ ᠬᠠᠷᠢᠭᠤᠴᠠᠯᠭ᠎ᠠ ᠡᠭᠦᠷᠭᠡᠯᠡᠭᠦ

ᠬᠡᠷᠩᠳᠠᠢ᠃
     ᠭᠤᠴᠢᠨ ᠬᠤᠶᠠᠳᠣᠭᠠᠷ ᠵᠦᠢᠯ  ᠲᠣᠰ ᠠᠷᠭ᠎ᠠ ᠶᠢ ᠬᠡᠷᠩᠵᠢᠭᠦᠯᠭᠦ ᠠᠴᠠ ᠡᠮᠣᠨ᠎ᠠ ᠨᠢᠭᠡᠨᠳᠠ ᠠᠭᠤᠷᠬᠠᠢ ᠮᠠᠯᠳᠠᠬᠤ ᠶᠢ ᠵᠦᠪᠰᠢᠶᠡᠷᠡᠭᠦ ᠦᠨᠡᠮᠯᠡᠯ ᠣᠯᠵᠣ᠂ ᠲᠣᠰ ᠠᠷᠭ᠎ᠠ ᠶᠢ ᠬᠡᠷᠩᠵᠢᠭᠦᠯᠣᠭ᠍ᠰᠡᠨ ᠤ ᠳᠠᠷᠠᠭ᠎ᠠ ᠦᠷᠭᠦᠯᠵᠢᠯᠡᠨ ᠠᠭᠤᠷᠬᠠᠢ ᠨᠡᠭᠡᠭᠡᠭᠦ ᠠᠵᠢᠯ ᠬᠢᠵᠦ ᠪᠠᠶᠢᠭ᠎ᠠ ᠠᠭᠤᠷᠬᠠᠢ ᠮᠠᠯᠳᠠᠬᠤ ᠡᠷᠭᠡᠳᠣ ᠭᠦᠮᠣᠨ ᠨᠢ ᠲᠣᠭᠳᠠᠭᠠᠯ ᠶᠣᠰᠣᠭᠠᠷ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠲᠦᠰᠣᠯ ᠢ ᠨᠦᠬᠦᠪᠦᠷᠢᠯᠡᠨ ᠨᠠᠶᠢᠷᠠᠭᠤᠯᠵᠣ ᠵᠣᠬᠢᠶᠠᠭᠰᠠᠨ ᠦᠭᠡᠢ ᠪᠠᠶᠢᠪᠡᠯ᠂ ︽ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠷᠢᠮ︾ ᠤᠨ ᠭᠤᠴᠢᠨ ᠲᠣᠯᠣᠳᠣᠭᠠᠷ ᠵᠦᠢᠯ ᠤᠨ ᠲᠣᠭᠳᠠᠭᠠᠯ ᠢ ᠦᠨᠳᠣᠰᠣᠯᠡᠵᠣ᠂ ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠣᠭᠳᠠᠭᠰᠠᠨ ᠬᠤᠭᠤᠴᠠᠭᠠᠨ ᠳᠤ ᠦᠭᠡᠷᠡᠴᠢᠯᠡᠭᠦᠯᠬᠦ ᠪᠠᠷ ᠵᠠᠷᠯᠢᠭᠳᠠᠨ᠎ᠠ︔ ᠬᠤᠭᠤᠴᠠᠭ᠎ᠠ ᠨᠢ ᠬᠡᠲᠦᠷᠡᠭᠰᠡᠨ ᠪᠠᠶᠢᠲᠠᠯ᠎ᠠ ᠦᠭᠡᠷᠡᠴᠢᠯᠡᠭᠰᠠᠨ ᠦᠭᠡᠢ ᠪᠠᠶᠢᠪᠡᠯ᠂ 10 ᠲᠦᠮᠨᠨ ᠲᠦᠭᠦᠷᠢᠭ ᠠᠴᠠ ᠳᠡᠭᠡᠭᠰᠢ 20 ᠲᠦᠮᠡᠨ ᠲᠦᠭᠦᠷᠢᠭ ᠠᠴᠠ ᠲᠣᠷᠣᠭᠰᠢ ᠵᠣᠭᠤᠰ ᠢᠶᠠᠷ ᠲᠣᠷᠭᠠᠵᠣ ᠰᠢᠣᠡᠭᠡᠨ᠎ᠠ᠃
     ᠭᠤᠴᠢᠨ ᠭᠤᠷᠪᠠᠳᠣᠭᠠᠷ ᠵᠦᠢᠯ   ᠲᠣᠰ ᠠᠷᠭ᠎ᠠ ᠶᠢᠨ ᠲᠣᠭᠳᠠᠭᠠᠯ ᠠᠴᠠ ᠵᠦᠷᠢᠴᠠᠵᠣ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠡᠪᠳᠡᠭᠳᠡᠵᠣ ᠮᠡᠳᠡᠭᠦ ᠳᠠᠷᠢᠶᠠᠨ ᠭᠠᠵᠡᠷ᠂ ᠦᠢᠳᠣ ᠭᠠᠵᠡᠷ᠂ ᠬᠠᠳᠤᠯᠠᠩ ᠪᠡᠯᠴᠢᠭᠡᠷ ᠲᠠᠢ ᠭᠠᠵᠡᠷ ᠤᠨ ᠭᠠᠳᠠᠷᠭᠤ ᠶᠢᠨ ᠭᠦᠷᠣᠰᠣ ᠶᠢ ᠬᠤᠰᠤᠵᠦ ᠠᠪᠣᠭᠰᠠᠨ ᠪᠠᠶᠢᠪᠡᠯ᠂ ︽ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠷᠢᠮ︾ ᠤᠨ ᠭᠤᠴᠢ ᠶᠢᠰᠣᠳᠣᠭᠡᠷ ᠵᠦᠢᠯ ᠤᠨ ᠲᠣᠭᠳᠠᠭᠠᠯ ᠢ ᠦᠨᠳᠣᠰᠣᠯᠡᠵᠣ᠂ ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠣᠭᠳᠠᠭᠰᠠᠨ ᠬᠤᠭᠤᠴᠠᠭᠠᠨ ᠳᠤ ᠦᠭᠡᠷᠡᠴᠢᠯᠡᠭᠦᠯᠬᠦ ᠪᠠᠷ ᠵᠠᠷᠯᠢᠭᠳᠠᠨ᠎ᠠ︔ ᠬᠤᠭᠤᠴᠠᠭ᠎ᠠ ᠨᠢ ᠬᠡᠲᠦᠷᠡᠭᠰᠡᠨ ᠪᠠᠶᠢᠲᠠᠯ᠎ᠠ ᠦᠭᠡᠷᠡᠴᠢᠯᠡᠭᠰᠠᠨ ᠦᠭᠡᠢ ᠪᠠᠶᠢᠪᠡᠯ᠂ ᠭᠠᠵᠡᠷ ᠤᠨ ᠭᠠᠳᠠᠷᠭᠤ ᠶᠢᠨ ᠭᠦᠷᠣᠰᠣ ᠶᠢᠨ ᠬᠤᠰᠤᠵᠦ ᠠᠪᠤᠬᠰᠠᠨ ᠭᠠᠵᠡᠷ ᠰᠢᠷᠣᠢ ᠤᠨ ᠳᠠᠯᠠᠪᠠᠢ ᠶᠣᠰᠣᠭᠠᠷ ᠡᠾᠧᠺᠲ᠋ᠠᠷ ᠨᠢᠭᠡᠪᠣᠷᠢ ᠳᠤ 1 ᠲᠦᠮᠡᠨ ᠲᠦᠭᠦᠷᠢᠭ ᠤᠨ ᠵᠣᠭᠤᠰ ᠲᠣᠷᠭᠠᠵᠣ ᠰᠢᠣᠡᠭᠡᠨ᠎ᠠ᠃
     ᠭᠤᠴᠢᠨ ᠲᠦᠷᠪᠠᠳᠣᠭᠡᠷ ᠵᠦᠢᠯ   ᠲᠣᠰ ᠠᠷᠭ᠎ᠠ ᠶᠢᠨ ᠲᠣᠭᠳᠠᠭᠠᠯ ᠠᠴᠠ ᠵᠦᠷᠢᠴᠠᠵᠣ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠ ᠠᠭᠤᠷᠬᠠᠢ ᠶᠢᠨ ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠡᠭᠦᠷᠭᠡ ᠪᠠᠨ ᠭᠦᠢᠴᠡᠣᠡᠭᠡᠭᠰᠠᠨ ᠦᠭᠡᠢ ᠪᠠᠶᠢᠪᠡᠯ᠂ ︽ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠷᠢᠮ︾ ᠤᠨ ᠬᠤᠷᠢᠳᠣᠭᠠᠷ ᠵᠦᠢᠯ ᠤᠨ ᠲᠣᠭᠳᠠᠭᠠᠯ ᠢ ᠦᠨᠳᠣᠰᠣᠯᠡᠵᠣ᠂ ᠬᠤᠰᠢᠭᠤ ᠰᠢᠶᠠᠨ ᠤ ᠱᠠᠳᠣᠨ ᠠᠴᠠ ᠳᠡᠭᠡᠭᠰᠢᠬᠢ ᠠᠷᠠᠣᠨ ᠤᠨ ᠵᠠᠰᠠᠭ ᠤᠨ ᠣᠷᠳᠣᠨ ᠤ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠣᠭᠳᠠᠭᠰᠠᠨ ᠬᠤᠭᠤᠴᠠᠭᠠᠨ ᠳᠤ ᠦᠭᠡᠷᠡᠴᠢᠯᠡᠭᠦᠯᠬᠦ ᠪᠠᠷ ᠵᠠᠷᠯᠢᠭᠳᠠᠨ᠎ᠠ︔ ᠬᠤᠭᠤᠴᠠᠭ᠎ᠠ ᠨᠢ ᠬᠡᠲᠦᠷᠡᠭᠰᠡᠨ ᠪᠠᠶᠢᠲᠠᠯ᠎ᠠ ᠦᠭᠡᠷᠡᠴᠢᠯᠡᠭᠰᠠᠨ ᠦᠭᠡᠢ ᠪᠠᠶᠢᠪᠡᠯ᠂ ᠠᠭᠤᠷᠬᠠᠢ ᠮᠠᠯᠳᠠᠬᠤ ᠶᠢ ᠵᠦᠪᠰᠢᠶᠡᠷᠡᠭᠦ ᠰᠢᠨ᠎ᠠ ᠦᠨᠡᠮᠯᠡᠯ ᠭᠤᠶᠣᠴᠢᠯᠠᠬᠤ ᠪᠣᠶᠣ ᠠᠭᠤᠷᠬᠠᠢ ᠮᠠᠯᠳᠠᠬᠤ ᠦᠨᠡᠮᠯᠡᠯ ᠢ ᠦᠷᠭᠦᠯᠵᠢᠯᠡᠭᠦᠯᠭᠦ ᠪᠠ ᠬᠤᠪᠢᠷᠠᠭᠤᠯᠬᠤ ᠪᠠᠷ ᠭᠤᠶᠣᠴᠢᠯᠠᠬᠤ ᠦᠶᠡᠰ᠂ ᠵᠦᠪᠰᠢᠶᠡᠷᠡᠭᠦ ᠡᠷᠭᠡ ᠲᠠᠢ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠵᠦᠪᠰᠢᠶᠡᠷᠡᠭᠦ ᠦᠭᠡᠢ ᠪᠠᠶᠢᠬᠤ ᠶᠢᠨ ᠬᠠᠮᠳᠣ᠂ ᠳᠡᠳᠡᠨ ᠤ ᠬᠠᠣᠯᠢ ᠠᠴᠠ ᠵᠦᠷᠢᠴᠡᠭᠰᠠᠨ ᠦᠢᠯᠨ ᠠᠵᠢᠯᠯᠠᠭ᠎ᠠ ᠶᠢ ᠨᠠᠶᠢᠭᠡᠮ ᠤᠨ ᠢᠳᠡᠭᠡᠮᠵᠢ ᠶᠢᠨ ᠰᠢᠰᠲ᠋ᠧᠮᠵᠢ ᠳᠤ ᠣᠷᠣᠭᠤᠯᠵᠣ᠂ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠢᠳᠡᠭᠡᠮᠵᠢ ᠶᠢᠨ ᠳᠠᠩᠰᠨ ᠡᠪᠬᠡᠮᠡᠯ ᠤᠨ ᠬᠠᠷ᠎ᠠ ᠲᠠᠩᠰᠠᠨ ᠳᠤ ᠵᠢᠭᠰᠠᠭᠠᠵᠣ᠂ ᠠᠵᠣ ᠠᠬᠤᠶᠢᠯᠡᠯ ᠤᠨ ᠢᠳᠡᠭᠡᠮᠵᠢ ᠶᠢᠨ ᠮᠡᠳᠡᠭᠡ ᠵᠠᠩᠬᠢ ᠶᠢ ᠢᠯᠨ ᠨᠠᠶᠢᠳᠡᠯᠡᠭᠦ ᠰᠢᠰᠲ᠋ᠧᠮ ᠤᠨ ᠡᠬᠢ ᠪᠠᠶᠠᠯᠢᠭ ᠯᠤᠭ᠎ᠠ ᠬᠠᠮᠳᠣᠪᠠᠷ ᠭᠦᠷᠳᠡᠨ᠎ᠠ᠃
     ᠭᠤᠴᠢᠨ ᠳᠠᠪᠣᠳᠣᠭᠠᠷ ᠵᠦᠢᠯ   ᠲᠣᠰ ᠠᠷᠭ᠎ᠠ ᠶᠢᠨ ᠲᠣᠭᠳᠠᠭᠠᠯ ᠠᠴᠠ ᠵᠦᠷᠢᠴᠠᠵᠣ᠂ ᠠᠭᠤᠷᠬᠠᠢ ᠮᠠᠯᠳᠠᠬᠤ ᠡᠷᠭᠡᠳᠣ ᠭᠦᠮᠣᠨ ᠨᠢ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨᠠᠯᠲᠠ ᠪᠠᠶᠢᠴᠠᠭᠠᠯᠳᠠ ᠶᠢ ᠳᠡᠪᠴᠢᠭᠦ᠂ ᠬᠠᠷᠰᠢᠯᠠᠬᠤ ᠪᠣᠶᠣ ᠬᠢᠨᠠᠯᠲᠠ ᠪᠠᠶᠢᠴᠠᠭᠠᠯᠳᠠ ᠶᠢ ᠭᠦᠯᠢᠶᠡᠭᠦ ᠳᠡᠭᠡᠨ ᠬᠤᠳᠠᠯ ᠬᠠᠭᠤᠷᠮᠠᠭ ᠵᠣᠬᠢᠶᠠᠭᠰᠠᠨ ᠪᠠᠶᠢᠪᠡᠯ᠂ ︽ᠭᠠᠵᠡᠷ ᠰᠢᠷᠣᠢ ᠶᠢ ᠳᠠᠬᠢᠨ ᠬᠠᠭᠠᠯᠪᠣᠷᠢᠯᠠᠬᠤ ᠲᠦᠷᠢᠮ︾ ᠤᠨ ᠲᠦᠴᠢᠨ ᠭᠤᠷᠪᠠᠳᠣᠭᠠᠷ ᠵᠦᠢᠯ ᠤᠨ ᠲᠣᠭᠳᠠᠭᠠᠯ ᠢ ᠦᠨᠳᠣᠰᠣᠯᠡᠵᠣ᠂ ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠣᠭᠳᠠᠭᠰᠠᠨ ᠬᠤᠭᠤᠴᠠᠭᠠᠨ ᠳᠤ ᠦᠭᠡᠷᠡᠴᠢᠯᠡᠭᠦᠯᠭᠦ ᠪᠠᠷ ᠵᠠᠷᠯᠢᠭᠳᠠᠵᠣ᠂ 2 ᠲᠦᠮᠨᠨ ᠲᠦᠭᠦᠷᠢᠭ ᠠᠴᠠ ᠳᠡᠭᠡᠭᠰᠢ 5 ᠲᠦᠮᠡᠨ ᠲᠦᠭᠦᠷᠢᠭ ᠠᠴᠠ ᠲᠣᠷᠣᠭᠰᠢ ᠵᠣᠭᠤᠰ ᠢᠶᠠᠷ ᠲᠣᠷᠭᠠᠵᠣ ᠰᠢᠣᠡᠭᠡᠨ᠎ᠠ᠃
     ᠭᠤᠴᠢᠨ ᠵᠢᠷᠭᠤᠳᠣᠭᠠᠷ ᠵᠦᠢᠯ   ᠣᠯᠣᠰ ᠤᠨ ᠭᠠᠵᠡᠷ ᠰᠢᠷᠣᠢ ᠡᠬᠢ ᠪᠠᠶᠠᠯᠢᠭ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠵᠢᠴᠢ ᠳᠡᠳᠡᠨ ᠤ ᠠᠵᠢᠯᠳᠠᠳ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠬᠢᠨᠠᠯᠳᠠ ᠬᠠᠮᠢᠶᠠᠷᠣᠯᠳᠠ ᠶᠢᠨ ᠲᠣᠮᠳᠠ ᠠᠯᠪᠠᠨ ᠲᠣᠰᠢᠶᠠᠯ ᠳᠠᠭᠠᠨ ᠠᠯᠮᠠᠶᠢᠷᠠᠨ ᠣᠰᠣᠯᠳᠠᠵᠣ᠂ ᠡᠷᠭᠡ ᠲᠣᠰᠢᠶᠠᠯ ᠢᠶᠠᠨ ᠲᠣᠷ᠎ᠠ ᠪᠠᠷ ᠢᠶᠠᠨ ᠬᠡᠷᠩᠯᠡᠨ᠂ ᠭᠤᠶᠠᠴᠢᠯᠠᠨ ᠬᠠᠣᠯᠢ ᠶᠣᠰᠣ ᠠᠴᠠ ᠵᠦᠷᠢᠴᠡᠭᠰᠠᠨ ᠪᠠᠶᠢᠪᠡᠯ᠂ ᠬᠠᠣᠯᠢ ᠶᠣᠰᠣᠭᠠᠷ ᠵᠠᠰᠠᠭ ᠵᠠᠬᠢᠷᠭᠠᠨ ᠤ ᠰᠢᠣᠡᠭᠡᠯ ᠦᠭᠭᠦᠨ᠎ᠠ︔ ᠶᠠᠯ᠎ᠠ ᠬᠢᠭᠦ ᠳᠤ ᠭᠦᠷᠣᠭ᠍ᠰᠡᠨ ᠪᠠᠶᠢᠪᠡᠯ᠂ ᠬᠠᠣᠯᠢ ᠶᠣᠰᠣᠭᠠᠷ ᠡᠷᠡᠭᠦᠣ ᠶᠢᠨ ᠬᠡᠷᠡᠭ ᠤᠨ ᠬᠠᠷᠢᠭᠤᠴᠠᠯᠭ᠎ᠠ ᠨᠡᠭᠡᠮᠵᠢᠯᠠᠨ᠎ᠠ᠃
     ᠭᠤᠴᠢᠨ ᠲᠤᠯᠤᠳᠤᠭᠠᠷ ᠵᠦᠢᠯ  ᠳᠤᠰ ᠠᠷᠭ᠎ᠠ ᠶᠢ 2015 ᠤᠨ ᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠭᠦᠯᠦᠨ᠎ᠡ᠃ 2013 ᠣᠨ ᠤ 2 ᠳ᠋ᠣᠭᠠᠷ ᠰᠠᠷ᠎ᠡ ᠶᠢᠨ 22 ᠤᠨ ᠡᠳᠣᠷ ᠨᠠᠶᠢᠳᠡᠯᠡᠭᠰᠠᠨ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠶᠢᠨ ᠬᠠᠮᠢᠶᠠᠷᠣᠯᠳᠠ ᠶᠢ ᠠᠷᠭ᠎ᠠ︾ ︵ᠦᠪᠣᠷ ᠵᠠᠰᠠᠭ ᠳᠠᠷᠬᠠᠭᠠᠭᠰᠠᠨ ﹇2013﹈ 23 ᠳ᠋ᠣᠭᠠᠷ ᠲᠣᠭᠠᠳᠣ︶ ᠶᠢ ᠬᠠᠮᠳᠣ ᠳᠤᠨᠢ ᠭᠦᠴᠣᠨ ᠦᠭᠡᠢ ᠪᠣᠯᠭᠠᠨ᠎ᠠ᠃
    ᠠᠭᠤᠷᠬᠠᠢ ᠶᠢᠨ ᠭᠠᠵᠡᠷ ᠰᠢᠨᠵᠢᠯᠡᠭᠡᠨ ᠤ ᠣᠷᠴᠢᠨ ᠲᠣᠭᠤᠷᠢᠨ ᠢ ᠵᠠᠰᠠᠬᠤ ᠪᠠᠳᠣᠯᠠᠭ᠎ᠠ ᠶᠢᠨ ᠮᠦᠩᠭᠦ ᠲᠣᠰᠢᠶᠠᠨ ᠬᠠᠳᠠᠭᠠᠯᠬᠤ ᠪᠠᠷᠢᠮᠵᠢᠶ᠎ᠠ ᠵᠢᠴᠢ ᠨᠦᠯᠣᠭᠡᠯᠡᠭᠦ ᠢᠯᠡᠣᠡᠭᠡᠮᠵᠢ ᠶᠢᠨ ᠭᠦᠰᠣᠨᠣᠭ᠍ᠳᠣ

ᠳᠠᠶᠢᠯᠪᠣᠷᠢ᠄
     ᠭᠦᠴᠣᠨ ᠵᠦᠢᠯ ᠤᠨ ᠠᠷᠭ᠎ᠠ ᠪᠠᠷ ᠪᠣᠳᠣᠬᠤ ᠶᠢ ᠪᠤᠯ ᠲᠣᠰᠢᠶᠠᠨ ᠬᠠᠳᠠᠭᠠᠯᠠᠬᠤ ᠪᠠᠷᠢᠮᠵᠢᠶ᠎ᠠ᠂ ᠵᠢᠯ ᠳᠤ ᠲᠣᠰᠢᠶᠠᠨ ᠬᠠᠳᠠᠭᠠᠯᠠᠬᠤ ᠭᠦᠷᠢᠶ᠎ᠡ ᠭᠡᠪᠴᠢᠶᠠᠨ ᠤ ᠳᠠᠯᠠᠪᠠᠢ᠂ ᠠᠭᠤᠷᠬᠠᠢ ᠮᠠᠯᠳᠠᠬᠤ ᠲᠦᠷᠣᠯ᠂ ᠮᠠᠯᠳᠠᠬᠤ ᠠᠷᠭ᠎ᠠ ᠮᠠᠶ᠋ᠢᠭ ᠵᠡᠷᠭᠡ ᠨᠦᠯᠣᠭᠡᠯᠡᠭᠦ ᠭᠦᠴᠣᠨ ᠵᠦᠢᠯ ᠢᠶᠠᠷ ᠲᠣᠭᠳᠠᠭᠠᠨ᠎ᠠ᠃
     ᠭᠦᠴᠣᠨ ᠵᠦᠢᠯ ᠤᠨ ᠠᠷᠭ᠎ᠠ ᠪᠠᠷ ᠪᠣᠳᠣᠬᠤ ᠳᠤ ᠬᠡᠰᠡᠭ ᠬᠤᠪᠢᠶᠠᠨ ᠨᠡᠶᠢᠯᠡᠭᠦᠯᠵᠦ ᠪᠣᠳᠣᠬᠤ ᠠᠷᠭ᠎ᠠ ᠶᠢ ᠬᠡᠷᠩᠯᠡᠨ᠎ᠠ᠂ ᠡᠩ ᠳᠡᠷᠢᠭᠦᠨ ᠳᠤ ᠬᠡᠰᠡᠭ ᠬᠤᠪᠢᠶᠠᠨ ᠨᠡᠶᠢᠯᠡᠭᠦᠯᠵᠦ ᠪᠣᠳᠣᠬᠤ ᠠᠷᠭ᠎ᠠ ᠶᠢ ᠬᠡᠷᠩᠯᠡᠵᠣ ᠵᠢᠯ ᠳᠤ ᠲᠣᠰᠢᠶᠠᠨ ᠬᠠᠳᠠᠭᠠᠯᠠᠬᠤ ᠪᠠᠷᠢᠮᠵᠢᠶ᠎ᠠ ᠪᠠᠷ ᠠᠭᠤᠷᠬᠠᠢ ᠶᠢᠨ ᠵᠢᠯ ᠳᠤ ᠲᠣᠰᠢᠶᠠᠨ ᠬᠠᠳᠠᠭᠠᠯᠠᠬᠤ ᠦᠨᠳᠣᠰᠣᠨ ᠵᠣᠭᠤᠰᠣᠨ ᠤ ᠲᠤᠭ᠎ᠠ ᠶᠢ ᠪᠣᠳᠣᠵᠣ᠂ ᠳᠠᠷᠠᠭ᠎ᠠ ᠳᠤᠨᠢ ᠵᠢᠯ ᠳᠤ ᠲᠣᠰᠢᠶᠠᠨ ᠬᠠᠳᠠᠭᠠᠯᠠᠬᠤ ᠦᠨᠳᠣᠰᠣᠨ ᠵᠣᠭᠤᠰᠣᠨ ᠤ ᠲᠤᠭ᠎ᠠ × ᠠᠭᠤᠷᠬᠠᠢ ᠮᠠᠯᠳᠠᠬᠤ ᠲᠦᠷᠣᠯ ᠤᠨ ᠨᠦᠯᠣᠭᠡᠯᠡᠭᠦ ᠢᠯᠡᠣᠡᠭᠡᠮᠵᠢ × ᠠᠭᠤᠷᠬᠠᠢ ᠮᠠᠯᠳᠠᠬᠤ ᠠᠷᠭ᠎ᠠ ᠮᠠᠶ᠋ᠢᠭ ᠤᠨ ᠨᠦᠯᠣᠭᠡᠯᠡᠭᠦ ᠢᠯᠡᠣᠡᠭᠡᠮᠵᠢ ᠪᠠᠷ ᠵᠢᠯ ᠤᠨ ᠲᠣᠰᠢᠶᠠᠨ ᠬᠠᠳᠠᠭᠠᠯᠠᠬᠤ ᠲᠤᠭ᠎ᠠ ᠶᠢ ᠪᠣᠳᠣᠵᠣ ᠭᠠᠷᠭᠠᠨ᠎ᠠ᠃
     ᠵᠢᠱᠢᠶᠡᠯᠡᠪᠡᠯ᠄ ᠨᠢᠭᠡ ᠠᠭᠤᠷᠬᠠᠢ ᠶᠢᠨ ᠵᠢᠯ ᠳᠤ ᠮᠠᠯᠳᠠᠬᠤ ᠳᠠᠯᠠᠪᠠᠢ ᠨᠢ 400000m2ᠪᠠᠶᠢᠪᠠᠯ᠂ ᠬᠢᠨᠠᠨ ᠪᠣᠳᠣᠬᠤ ᠠᠷᠭ᠎ᠠ ᠨᠢ᠄ ᠪᠠᠳᠣᠯᠠᠭ᠎ᠠ ᠶᠢᠨ ᠮᠦᠩᠭᠦ ᠶᠢᠨ ᠵᠢᠯ ᠳᠤ ᠲᠣᠰᠢᠶᠠᠨ ᠬᠠᠳᠠᠭᠠᠯᠠᠬᠤ ᠦᠨᠳᠣᠰᠣᠨ ᠲᠤᠭ᠎ᠠ =[100000 × 1.5/m2 + ︵400000m2 -100000m2︶ × 1.0 ᠲᠦᠭᠦᠷᠢᠭ /m2]=450000 ᠲᠦᠭᠦᠷᠢᠭ
     ᠵᠢᠯ ᠳᠤ ᠲᠣᠰᠢᠶᠠᠬᠤ ᠲᠤᠭ᠎ᠠ =450000 ᠲᠦᠭᠦᠷᠢᠭ × ᠠᠭᠤᠷᠬᠠᠢ ᠮᠠᠯᠳᠠᠬᠤ ᠲᠦᠷᠣᠯ ᠤᠨ ᠨᠦᠯᠣᠭᠡᠯᠡᠭᠦ ᠢᠯᠡᠣᠡᠭᠡᠮᠵᠢ × ᠠᠭᠤᠷᠬᠠᠢ ᠮᠠᠯᠳᠠᠬᠤ ᠠᠷᠭ᠎ᠠ ᠮᠠᠶ᠋ᠢᠭ ᠤᠨ ᠨᠦᠯᠣᠭᠡᠯᠡᠭᠦ ᠢᠯᠡᠣᠡᠭᠡᠮᠵᠢ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ