| | ᠬᠡᠷᠦᠯᠦᠨ ᠭᠤᠣᠯ ᠵᠡᠷᠭᠡ ᠭᠤᠣᠯ ᠮᠥᠷᠡᠨ ᠤ ᠤᠷᠤᠰᠬᠠᠯ ᠤᠨ ᠬᠡᠮᠵᠢᠶ᠎ᠡ ᠨᠡᠮᠡᠭᠳᠡᠵᠦ᠂ ᠬᠠᠶᠢᠯ ᠤᠨ ᠤᠰᠤᠨ ᠤ | ᠨᠦᠬᠦᠪᠦᠷᠢᠯᠡᠬᠦ ᠨᠥᠯᠥᠭᠡ ᠠᠴᠠ ᠪᠤᠯᠵᠤ᠂ ᠡᠨᠡ ᠵᠢᠯ ᠮᠠᠨ ᠤ ᠤᠯᠤᠰ ᠤᠨ ᠤᠮᠠᠷᠠᠲᠤ ᠣᠷᠣᠨ ᠤ ᠨᠢᠭᠡᠳᠦᠭᠡᠷ ᠶᠡᠭᠡ | ᠨᠠᠭᠤᠷ ᠬᠥᠯᠥᠨ ᠨᠠᠭᠤᠷ ᠤᠨ ᠲᠠᠯᠠᠪᠠᠶ 2044 ᠲᠡᠭᠰᠢ ᠳᠥᠷᠪᠡᠯᠵᠢᠨ ᠺᠢᠯᠣᠮᠧᠲᠷ ᠲᠤ ᠬᠦᠷᠴᠡᠶ᠃ | 5 ᠳ᠋ᠤᠭᠠᠷ ᠰᠠᠷ᠎ᠠ ᠶᠢᠨ ᠡᠬᠢ ᠪᠠᠷ᠂ ᠡᠮᠦᠨ᠎ᠡ ᠡᠷᠭᠢ ᠶᠢᠨ ᠬᠡᠰᠡᠭ ᠤᠷᠤᠨ ᠪᠦᠰᠡ ᠳᠤ ᠮᠦᠰᠦ ᠪᠠᠶᠢᠬᠤ ᠠᠴᠠ | ᠭᠠᠳᠠᠨ᠎ᠠ᠂ ᠬᠥᠯᠥᠨ ᠨᠠᠭᠤᠷ ᠤᠨ ᠮᠦᠰᠦ ᠦᠨᠳᠦᠰᠦᠨ ᠳᠡᠭᠡᠨ ᠠᠷᠢᠯᠵᠤ᠂ ᠨᠢᠳᠤᠨᠤᠨ ᠤ ᠠᠳᠠᠯᠢ ᠬᠤᠭᠤᠴᠠᠭᠠᠨ ᠤ | ᠬᠢ ᠠᠴᠠ 10 ᠡᠳᠦᠷ ᠤᠷᠢᠳᠴᠢᠯᠠᠭᠰᠠᠨ ᠪᠠᠶᠢᠨ᠎ᠠ᠃ ᠬᠥᠯᠥᠨ ᠨᠠᠭᠤᠷ ᠤᠯᠤᠰ ᠤᠨ ᠲᠠᠰ ᠤᠨ ᠪᠠᠶᠢᠭᠠᠯᠢ ᠶᠢᠨ | ᠬᠠᠮᠠᠭᠠᠯᠠᠯᠲᠠ ᠶᠢᠨ ᠣᠷᠣᠨ ᠳᠤ ᠬᠤᠨ ᠭᠠᠯᠠᠭᠤ᠂ ᠨᠤᠭᠤᠰᠤ ᠳᠡᠭᠡᠯᠡᠶ ᠵᠡᠷᠭᠡ ᠤᠰᠤᠨ ᠰᠢᠪᠠᠭᠤᠳ ᠰᠦᠷᠦᠭᠯᠡᠨ | ᠰᠠᠭᠤᠷᠢᠰᠢᠳᠠᠭ᠃ ᠤᠰᠤᠨ ᠤ ᠲᠠᠯᠠᠪᠠᠢ ᠨᠡᠮᠡᠭᠳᠡᠵᠦ᠂ ᠮᠦᠰᠦ ᠤᠷᠢᠳᠴᠢᠯᠠᠨ ᠬᠠᠶᠢᠯᠤᠭᠰᠠᠨ ᠨᠢ ᠨᠡᠭᠦᠳᠡᠯ ᠤᠨ | ᠰᠢᠪᠠᠭᠤᠳ ᠭᠠᠵᠠᠷ ᠪᠠᠭᠤᠮᠠᠭᠴᠠ ᠳᠠᠷᠤᠶ ᠵᠢᠭᠠᠰᠤ ᠣᠯᠵᠤ ᠢᠳᠡᠬᠦ ᠪᠣᠯᠤᠨ᠎ᠠ᠃ ᠬᠥᠯᠥᠨ ᠨᠠᠭᠤᠷ ᠤᠯᠤᠰ ᠤᠨ | ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠬᠢᠨᠠᠨ ᠬᠡᠮᠵᠢᠭᠰᠡᠨ ᠢᠶᠠᠷ᠂ ᠬᠥᠯᠥᠨ ᠨᠠᠭᠤᠷ ᠤᠨ | ᠨᠡᠭᠦᠳᠡᠯ ᠤᠨ ᠰᠢᠪᠠᠭᠤ ᠶᠢᠨ ᠲᠦᠷᠦᠯ ᠵᠦᠢᠯ ᠲᠠᠰᠤᠷᠠᠯᠳᠠ ᠦᠭᠡᠢ ᠨᠡᠮᠡᠭᠳᠡᠵᠦ᠂ ᠲᠦᠮᠡ ᠰᠢᠬᠠᠮ ᠲᠦᠷᠦᠯ ᠬᠦᠷᠴᠦ | ᠪᠠᠶᠢᠨ᠎ᠠ᠃ | ᠤᠯᠠᠨ ᠵᠦᠢᠯ ᠤᠨ ᠠᠷᠭ᠎ᠠ ᠮᠠᠶ᠋ᠢᠭ ᠤᠨ ᠬᠠᠮᠠᠭᠠᠯᠠᠯᠲᠠ ᠳᠣᠣᠷ᠎ᠠ᠂ ᠣᠳᠣᠬᠠᠨ ᠪᠣᠯᠲᠠᠯ᠎ᠠ᠂ ᠬᠥᠯᠥᠨ | ᠨᠠᠭᠤᠷ ᠤᠨ ᠤᠰᠤᠨ ᠲᠦᠪᠰᠢᠨ 543.24 ᠮᠧᠲᠷ ᠲᠤ ᠬᠥᠷᠪᠡ᠃ 2012 ᠣᠨ ᠤ ᠬᠢ ᠲᠠᠢ ᠠᠳᠠᠯᠢᠳᠬᠠᠪᠠᠯ᠂ | ᠲᠤᠮᠤ ᠬᠡᠯᠪᠡᠷᠢ ᠶᠢᠨ ᠴᠢᠨᠠᠷ ᠰᠠᠶᠢᠲᠠᠶ ᠵᠢᠭᠠᠰᠤᠨ ᠤ ᠬᠠᠷᠢᠴᠠᠯ 13% ᠣᠷᠴᠢᠮ ᠬᠦᠷᠦᠭᠰᠡᠨ ᠪᠠᠶᠢᠨ᠎ᠠ᠃ ᠨᠠᠭᠤᠷ ᠤᠨ | ᠤᠰᠤ ᠨᠡᠮᠡᠭᠳᠡᠨ᠂ ᠤᠰᠤᠨ ᠤ ᠴᠢᠨᠠᠷ ᠰᠠᠶᠢᠵᠢᠷᠠᠭᠰᠠᠨ ᠨᠢ ᠠᠮᠢ ᠠᠬᠤᠢ ᠶᠢ ᠰᠠᠶᠢᠵᠢᠷᠠᠭᠤᠯᠵᠤ᠂ ᠨᠠᠭᠤᠷ ᠤᠨ | ᠤᠰᠤᠨ ᠳᠤ ᠮᠥᠷᠭᠦ ᠵᠢᠭᠠᠰᠤ᠂ ᠬᠡᠯᠲᠡᠭᠡ᠂ ᠴᠤᠯᠪᠤᠷᠲᠤ᠂ ᠴᠠᠭᠠᠯᠵᠢ ᠵᠡᠷᠭᠡ ᠠᠵᠤ ᠠᠬᠤᠶ ᠶᠢᠨ ᠵᠢᠭᠠᠰᠤᠨ ᠤ | ᠲᠥᠷᠥᠯ ᠨᠢ 30 ᠭᠠᠷᠤᠶ ᠲᠦᠷᠦᠯ ᠳᠤ ᠬᠦᠷᠴᠦ᠂ ᠲᠡᠮᠳᠡᠭᠯᠡᠭᠳᠡᠭᠰᠡᠨ ᠰᠢᠪᠠᠭᠤᠨ ᠤ ᠲᠦᠷᠦᠯ ᠨᠢ 19 ᠪᠠᠭ 58 | ᠢᠵᠠᠭᠤᠷ 339 ᠵᠦᠢᠯ ᠳᠤ ᠬᠦᠷᠴᠦ᠂ ᠬᠤᠨ᠂ ᠭᠠᠯᠠᠭᠤ᠂ ᠨᠤᠭᠤᠰᠤ᠂ ᠳᠡᠭᠡᠯᠡᠶ ᠵᠡᠷᠭᠡ ᠪᠠᠶᠢᠵᠤ᠂ ᠡᠭᠦᠨ ᠳᠤ | ᠬᠤᠪᠣᠷ ᠴᠤᠬᠠᠭ ᠵᠢᠭᠦᠷᠲᠡᠨ ᠤ ᠲᠥᠷᠥᠯ ᠪᠠᠭ᠎ᠠ ᠪᠣᠰᠤ ᠪᠠᠶᠢᠨ᠎ᠠ᠃ ᠡᠭᠦᠨ ᠳᠤ᠂ ᠠᠯ ᠰᠡᠭᠦᠯ᠂ ᠴᠠᠭᠠᠨ ᠲᠣᠭᠤᠷᠤᠤ᠂ | ᠬᠠᠷ᠎ᠠ ᠥᠷᠪᠢ᠂ ᠲᠣᠭᠤᠳᠠᠭ᠂ ᠠᠯᠲᠠᠨ ᠪᠦᠷᠭᠦᠳ ᠵᠡᠷᠭᠡ ᠪᠣᠯ ᠪᠦᠷ ᠤᠯᠤᠰ ᠤᠨ ᠨᠢᠭᠡᠳᠦᠭᠡᠷ ᠳᠡᠰ ᠤᠨ | ᠬᠠᠮᠠᠭᠠᠯᠠᠯᠲᠠ ᠶᠢᠨ ᠰᠢᠪᠠᠭᠤᠨ ᠤ ᠲᠥᠷᠥᠯ ᠪᠠᠶᠢᠵᠤ᠂ ᠳᠤᠮᠳᠠᠳᠤ ᠤᠯᠤᠰ ᠤᠨ ᠰᠢᠪᠠᠭᠤᠨ ᠤ ᠲᠥᠷᠥᠯ ᠤᠨ ᠶᠡᠷᠦᠩᠬᠡᠶ | ᠲᠣᠭᠠᠨ ᠤ 1 / 5 ᠶᠢ ᠡᠵᠡᠯᠡᠨ᠂ ᠡᠨᠡ ᠬᠡᠰᠡᠭ ᠨᠤᠭᠤ ᠭᠠᠵᠠᠷ ᠴᠤ ᠤᠯᠠᠨ ᠰᠢᠪᠠᠭᠤᠳ ᠤᠨ ᠴᠢᠬᠤᠯᠠ ᠣᠷᠣᠩᠨᠠᠬᠤ | ᠭᠠᠵᠠᠷ ᠪᠣᠯᠵᠠᠶ᠃ |