ᠪᠥ᠋ ᠰᠢᠶᠥᠥ ᠯᠢᠨ ᠪᠢᠯ᠎ᠠ ᠭᠤᠣᠯ ᠣᠢ ᠰᠢᠭᠤᠢ ᠶᠢᠨ ᠲᠣᠪᠴᠢᠶ᠎ᠠ ᠶᠢᠨ ᠪᠸᠢ ᠳ᠋ᠠ ᠾᠧ ᠤᠢ ᠰᠢᠭᠤᠢ ᠶᠢᠨ ᠲᠠᠯᠠᠪᠠᠢ ᠶᠢᠨ ᠲᠦᠢᠮᠡᠷ ᠢ ᠤᠨᠲᠠᠷᠠᠭᠠᠬᠤ ᠡᠮᠦᠨ᠎ᠠ ᠹᠷᠤᠨᠲ ᠲᠤ ᠬᠦᠷᠪᠡ
ᠨᠡᠶᠢᠲᠡᠯᠡᠭᠰᠡᠨ ᠴᠠᠭ᠄
2017/5/4
      5 ᠳ᠋ᠤᠭᠠᠷ ᠰᠠᠷ᠎ᠠ ᠶᠢᠨ 2᠎ ᠤ ᠡᠳᠦᠷ ᠦᠪᠦᠷ ᠮᠤᠩᠭᠤᠯ ᠤᠨ ᠶᠡᠭᠡ ᠬᠢᠩᠭᠠᠨ ᠲᠠᠪᠠᠭ᠎ᠠ ᠶᠢᠨ ᠪᠢᠯ᠎ᠠ ᠭᠤᠤᠯ ᠤᠢ ᠰᠢᠭᠤᠢ ᠶᠢᠨ ᠲᠤᠪᠴᠢᠶ᠎ᠠ ᠶᠢᠨ ᠪᠸᠢ ᠳ᠋ᠠ ᠾᠧ ᠤᠢ ᠰᠢᠭᠤᠢ ᠶᠢᠨ ᠲᠠᠯᠠᠪᠠᠢ ᠶᠢᠨ ᠴᠢᠭᠢᠭᠯᠢᠭ ᠭᠠᠵᠠᠷ ᠲᠤ ᠭᠠᠷᠤᠬᠰᠠᠨ ︵ᠨᠣᠭᠤ ᠭᠠᠵᠠᠷ᠂ ᠡᠵᠡᠭᠦᠢ ᠠᠭᠤᠯᠠ ᠠᠳᠠᠷ ᠭᠠᠵᠠᠷ ᠴᠦ ᠪᠠᠭᠳᠠᠨ᠎ᠠ︶ ᠤᠢ ᠰᠢᠭᠤᠢ ᠶᠢᠨ ᠲᠦᠢᠮᠡᠷ ᠲᠤ ᠰᠢᠳᠠᠬᠳᠠᠭᠰᠠᠨ ᠶᠡᠷᠦᠩᠬᠡᠢ ᠲᠠᠯᠠᠪᠠᠢ 10000 ᠾᠧᠺᠲ᠋ᠠᠷ ᠤᠷᠴᠢᠮ ᠬᠦᠷᠪᠡ᠃ 5 ᠳ᠋ᠤᠭᠠᠷ ᠰᠠᠷ᠎ᠠ ᠶᠢᠨ 3᠎ ᠤ ᠡᠳᠦᠷ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠲᠡᠳ᠋ ᠱᠦᠵᠢ᠂ ᠦᠪᠡᠷᠳᠡᠭᠡᠨ ᠵᠠᠰᠠᠬᠤ ᠤᠷᠤᠨ ᠎ ᠤ ᠲᠡᠷᠢᠭᠦᠯᠡᠭᠴᠢ ᠪᠦ᠋ ᠰᠢᠶᠤᠤ ᠯᠢᠨ ᠲᠦᠢᠮᠡᠷ ᠢ ᠤᠨᠳᠠᠷᠠᠭᠠᠬᠤ ᠡᠮᠦᠨ᠎ᠠ ᠹᠷᠤᠨᠲ ᠲᠤ ᠬᠦᠷᠪᠡ᠃      ᠪᠦ᠋ ᠰᠢᠶᠤᠤ ᠯᠢᠨ ᠱᠠᠭᠠᠷᠳᠠᠬᠰᠠᠨ ᠨᠢ᠂ ᠦᠪᠡᠷᠳᠡᠭᠡᠨ ᠵᠠᠰᠬᠠᠤ ᠤᠷᠤᠨ ᠤ ᠭᠠᠯ ᠰᠡᠷᠬᠡᠶᠢᠯᠡᠭᠦ ᠵᠢᠯᠤᠭᠤᠳᠬᠤ ᠭᠠᠵᠠᠷ ᠪᠠ ᠡᠮᠦᠨ᠎ᠠ ᠹᠷᠤᠨᠲ ᠤᠨ ᠵᠢᠯᠤᠭᠤᠳᠬᠤ ᠭᠠᠵᠠᠷ ᠨᠠᠷᠢᠨ ᠨᠢᠮᠪᠠᠢ ᠵᠤᠬᠢᠶᠠᠨ ᠪᠠᠶᠢᠭᠤᠯᠵᠤ᠂ ᠰᠢᠨᠵᠢᠯᠡᠭᠦ ᠤᠬᠠᠭᠠᠨᠴᠢ ᠠᠷᠭ᠎ᠠ ᠪᠤᠳᠤᠯᠭ᠎ᠠ ᠠᠪᠴᠣ᠂ ᠲᠦᠢᠮᠡᠷ ᠢ ᠤᠨᠳᠠᠷᠠᠭᠠᠵᠤ ᠠᠪᠤᠷᠠᠨ ᠲᠤᠰᠠᠯᠠᠬᠤ ᠬᠦᠴᠦᠨ ᠪᠤᠯᠤᠨ ᠪᠡᠯᠡᠳᠬᠡᠮᠵᠢ ᠶᠢ ᠬᠦᠢᠴᠡᠳ ᠲᠤᠬᠢᠷᠠᠭᠤᠯᠵᠤ᠂ ᠪᠦᠬᠦ ᠬᠦᠴᠦᠨ ᠢᠶᠠᠷ ᠢᠶᠠᠨ ᠴᠢᠷᠮᠠᠶᠢᠵᠤ᠂ ᠲᠦᠢᠮᠡᠷ ᠢ ᠲᠠᠷᠤᠢ ᠲᠦᠷᠭᠡᠨ ᠤᠨᠳᠠᠷᠠᠭᠠᠬᠤ ᠬᠡᠷᠡᠭᠳᠡᠢ᠃ ᠲᠦᠢᠮᠡᠷ ᠢ ᠤᠨᠳᠠᠷᠠᠭᠠᠬᠤ ᠬᠦᠴᠦᠨ ᠪᠤᠯᠤᠨ ᠡᠳ᠋ ᠪᠤᠳᠠᠰ ᠢ ᠬᠠᠩᠭᠠᠮᠵᠢᠳᠡᠢ ᠪᠡᠯᠡᠳᠭᠡᠵᠤ᠂ ᠬᠡᠷᠡᠭᠰᠡᠭᠦ ᠦᠶ᠎ᠡ ᠳᠤ ᠲᠠᠷᠤᠢ ᠳᠤᠨᠢ ᠬᠡᠷᠡᠭᠯᠡᠵᠦ ᠳᠡᠶᠢᠯᠬᠦ ᠶᠢ ᠪᠠᠳᠤᠯᠠᠬᠤ ᠬᠡᠷᠡᠭᠳᠡᠢ᠃ ᠲᠦᠢᠮᠡᠷ ᠤᠨᠳᠠᠷᠠᠭᠠᠭᠰᠠᠳ ᠤᠨ ᠠᠮᠤᠷ ᠲᠦᠪᠰᠢᠨ ᠢ ᠰᠡᠷᠬᠡᠶᠢᠯᠡᠬᠦ ᠠᠵᠢᠯ ᠢ ᠴᠢᠩᠭᠠᠳᠬᠠᠵᠤ᠂ ᠬᠦᠮᠦᠰ ᠤᠨ ᠠᠮᠤᠷ ᠲᠦᠪᠰᠢᠨ ᠎ ᠢ ᠪᠠᠳᠤᠯᠠᠬᠤ ᠬᠡᠷᠡᠭᠳᠡᠢ︔ ᠮᠡᠳᠡᠭᠡ ᠵᠠᠩᠬᠢ ᠶᠢ ᠴᠠᠭ ᠲᠤᠬᠠᠢ ᠳᠤᠨᠢ ᠨᠡᠶᠢᠳᠡᠯᠡᠵᠤ᠂ ᠨᠡᠶᠢᠭᠡᠮ ᠤᠨ ᠬᠠᠯᠠᠮᠵᠢᠯᠠᠯ ᠳᠤ ᠬᠠᠷᠢᠭᠤᠯᠳᠠ ᠦᠭᠬᠦ ᠬᠡᠷᠡᠭᠳᠡᠢ᠃ ᠡᠯ᠎ᠠ ᠠᠶᠢᠮᠠᠭ ᠬᠤᠳᠠ ᠨᠤᠳᠤᠭ ᠪᠡᠯᠴᠢᠭᠡᠷ ᠤᠢ ᠰᠢᠭᠤᠢ ᠶᠢᠨ ᠲᠦᠢᠮᠡᠷ ᠢ ᠰᠡᠷᠬᠡᠶᠢᠯᠡᠭᠦ ᠠᠵᠢᠯ ᠢ ᠪᠦᠬᠦ ᠲᠠᠯ᠎ᠠ ᠪᠠᠷ ᠴᠢᠩᠭᠠᠳᠬᠠᠵᠤ᠂ ᠭᠠᠯ ᠤᠨ ᠢᠷᠡᠯᠳᠡ ᠶᠢᠨ ᠬᠠᠮᠢᠶᠠᠷᠣᠯᠳᠠ ᠶᠢ ᠴᠢᠩᠭ᠎ᠠ ᠠᠳᠬᠤᠵᠣ᠂ ᠭᠠᠯ ᠲᠦᠢᠮᠡᠷ ᠤᠨ ᠬᠡᠮ ᠰᠤᠭᠤᠭ ᠢ ᠴᠢᠩᠭ᠎ᠠ ᠨᠢᠭᠳᠠ ᠪᠠᠶᠢᠴᠠᠭᠠᠵᠤ᠂ ᠠᠵᠢᠯ ᠤᠨ ᠲᠦᠰᠦᠯ ᠢᠶᠠᠨ ᠲᠡᠭᠦᠯᠳᠡᠷᠵᠢᠭᠦᠯᠵᠤ᠂ ᠭᠠᠯ ᠲᠦᠢᠮᠡᠷ ᠢ ᠰᠡᠷᠬᠡᠶᠢᠯᠡᠭᠦ ᠠᠵᠢᠯ ᠢ ᠦᠨᠡᠨᠭᠦ ᠨᠠᠷᠢᠨ ᠬᠢᠵᠦ ᠪᠣᠳᠠᠳᠠᠢ ᠳᠤ ᠨᠡᠶᠢᠳᠡᠪᠦᠷᠢᠵᠢᠭᠤᠯᠬᠤ ᠬᠡᠷᠡᠭᠳᠡᠢ ᠬᠡᠵᠡᠢ᠃      ᠤᠳᠤᠬᠠᠨ ᠳᠤ᠂ ᠲᠦᠢᠮᠡᠷ ᠤᠨ ᠪᠦᠬᠦ ᠱᠤᠭᠤᠮ ᠤᠨ ᠤᠯᠠᠩᠬᠢ ᠨᠢ ᠬᠡᠰᠡᠭ ᠪᠣᠰᠠᠭ ᠭᠠᠯ ᠲᠠᠢ᠂ ᠲᠦᠢᠮᠡᠷ ᠤᠨ ᠬᠤᠶᠢᠳᠣ ᠬᠡᠰᠡᠭ ᠢᠶᠠᠷ ᠨᠡᠯᠢᠶᠡᠳ ᠶᠡᠭᠡ ᠣᠳᠤᠭ᠎ᠠ ᠲᠠᠢ᠂ ᠲᠦᠢᠮᠡᠷ ᠤᠨ ᠡᠮᠦᠨ᠎ᠠ ᠬᠡᠰᠡᠭ ᠢᠶᠠᠷ ᠲᠤᠶᠢᠮᠡᠷ ᠦᠷᠭᠦᠯᠵᠢᠯᠡᠨ ᠨᠤᠴᠤᠵᠦ᠂ ᠪᠠᠷᠠᠭᠤᠨ ᠬᠡᠰᠡᠭ ᠢᠶᠠᠷ ᠨᠢ ᠬᠡᠰᠡᠭ ᠪᠤᠰᠠᠭ ᠭᠠᠯ ᠤᠨ ᠰᠤᠷ ᠲᠠᠢ᠂ ᠲᠦᠢᠮᠡᠷ ᠤᠨ ᠲᠤᠳᠤᠭᠠᠳᠤᠬᠢ ᠪᠢᠯ᠎ᠠ ᠭᠤᠤᠯ ᠤᠨ ᠬᠤᠶᠠᠷ ᠡᠷᠬᠢ ᠳᠤ ᠣᠲᠤᠭ᠎ᠠ ᠲᠠᠢ᠃ ᠡᠯ᠎ᠠ ᠲᠠᠯ᠎ᠠ ᠶᠢᠨ ᠲᠦᠢᠮᠡᠷ ᠤᠨᠳᠠᠷᠠᠭᠠᠬᠤ ᠬᠦᠴᠦᠨ ᠢ ᠨᠢᠭᠡᠨᠳᠡ 9000 ᠭᠠᠷᠤᠢ ᠬᠦᠮᠦᠨ ᠲᠤᠬᠢᠷᠠᠭᠤᠯᠵᠤ᠂ 4773 ᠬᠦᠮᠦᠨ ᠨᠢ ᠨᠢᠭᠡᠨᠳᠡ ᠲᠦᠢᠮᠡᠷ ᠣᠨᠳᠠᠷᠠᠭᠠᠬᠤ ᠲᠠᠯᠠᠪᠠᠢ ᠳᠤ ᠬᠦᠷᠴᠤ᠂ ᠪᠤᠰᠤᠳ ᠲᠦᠢᠮᠡᠷ ᠤᠨᠳᠠᠷᠠᠭᠠᠬᠤ ᠬᠦᠮᠦᠰ ᠶᠠᠭ ᠰᠠᠶᠢᠬᠠᠨ ᠲᠦᠢᠮᠡᠷ ᠣᠨᠳᠠᠷᠠᠭᠠᠬᠤ ᠲᠠᠯᠠᠪᠠᠢ ᠵᠦᠭ ᠳᠦᠬᠦᠵᠤ ᠪᠤᠢ᠃ ᠲᠦᠢᠮᠡᠷ ᠤᠨ ᠪᠠᠶᠢᠳᠠᠯ ᠢ ᠦᠨᠳᠦᠰᠦᠯᠡᠵᠦ᠂ ᠲᠦᠢᠮᠡᠷ ᠣᠨᠳᠠᠷᠠᠭᠠᠬᠤ ᠡᠮᠦᠨ᠎ᠠ ᠹᠷᠤᠨᠲ ᠤᠨ ᠵᠢᠯᠤᠭᠤᠳᠬᠤ ᠭᠠᠵᠠᠷ ᠲᠦᠢᠮᠡᠷ ᠢ ᠤᠨᠳᠠᠷᠠᠭᠠᠬᠤ ᠠᠷᠭ᠎ᠠ ᠪᠤᠳᠤᠯᠭ᠎ᠠ ᠳᠠᠭᠠᠨ ᠪᠠᠶᠢᠳᠠᠯ ᠢ ᠦᠵᠡᠨ ᠳᠣᠬᠢᠷᠠᠭᠤᠯᠣᠯᠳᠠ ᠬᠢᠵᠦ ᠪᠣᠢ᠃ ᠨᠢᠭᠡ ᠳᠤ ᠤᠮᠠᠷᠠᠳᠤ ᠱᠤᠭᠤᠮ ᠳᠤ 2710 ᠬᠦᠮᠦᠨ ᠲᠤᠬᠢᠷᠠᠭᠤᠯᠵᠤ ᠲᠦᠷᠪᠡᠨ ᠵᠠᠮ ᠬᠤᠪᠢᠶᠠᠨ ᠲᠦᠢᠮᠡᠷ ᠢ ᠤᠨᠳᠠᠷᠠᠭᠠᠵᠤ᠂ ᠪᠦᠰᠡᠯᠡᠨ ᠤᠨᠲᠠᠷᠠᠭᠠᠬᠤ ᠪᠠᠶᠢᠳᠠᠯ ᠢ ᠢᠳᠡᠭ ᠢᠳᠡᠭ ᠢᠶᠠᠷ ᠪᠦᠷᠢᠯᠳᠦᠭᠦᠯᠵᠦ ᠪᠠᠶᠢᠨ᠎ᠠ᠃ ᠬᠤᠶᠠᠷ ᠲᠤ ᠡᠮᠦᠨ᠎ᠠ ᠱᠤᠭᠤᠮ ᠳᠤ 4 ᠲᠦᠷ ᠴᠠᠭ ᠤᠨ ᠨᠢᠰᠭᠡᠯ ᠪᠠᠭᠤᠬᠤ ᠴᠢᠭ᠋ ᠭᠠᠷᠭᠠᠵᠤ᠂ ᠨᠢᠰᠭᠡᠯ ᠢᠶᠠᠷ 813 ᠲᠦᠢᠮᠡᠷ ᠤᠨᠳᠠᠷᠠᠭᠠᠬᠤ ᠬᠦᠮᠦᠨ ᠢ ᠪᠠᠭᠤᠯᠭᠠᠵᠤ᠂ ᠶᠠᠭ ᠨᠢᠰᠭᠡᠯ ᠪᠠᠭᠤᠬᠤ ᠴᠢᠭ᠋ ᠢᠶᠠᠷ ᠲᠦᠪ ᠪᠤᠯᠭᠠᠵᠤ ᠬᠤᠶᠠᠷ ᠳᠠᠯ᠎ᠠ ᠪᠠᠷ ᠨᠢ ᠤᠨᠳᠠᠷᠠᠭᠠᠵᠤ ᠪᠤᠢ᠃ ᠪᠤᠰᠤᠳ 1250 ᠬᠦᠮᠦᠨ ᠢ ᠡᠯ᠎ᠠ ᠨᠢᠰᠭᠡᠯ ᠳᠤ ᠭᠠᠷᠬᠤ ᠴᠢᠭ᠋ ᠲᠤ ᠲᠦᠪᠯᠡᠷᠡᠭᠦᠯᠦᠨ ᠵᠠᠷᠯᠢᠭ ᠬᠦᠯᠢᠶᠡᠯᠭᠡᠵᠤ᠂ ᠵᠠᠯᠭᠠᠪᠠᠷ ᠲᠦᠢᠮᠡᠷ ᠣᠨᠳᠠᠷᠠᠭᠠᠬᠤ ᠡᠮᠦᠨ᠎ᠠ ᠹᠷᠤᠨᠲ ᠳᠤ ᠬᠦᠷᠭᠡᠬᠦ ᠪᠠᠷ ᠪᠤᠢ᠃      ᠡᠭᠦᠨ ᠤ ᠬᠠᠮᠳᠤ᠂ 5 ᠳ᠋ᠤᠭᠠᠷ ᠰᠠᠷ᠎ᠠ ᠶᠢᠨ 3᠎ ᠤ ᠡᠳᠦᠷ ᠤᠨ 14 ᠴᠠᠭ 19 ᠮᠢᠨᠥᠲ ᠠᠴᠠ ᠡᠬᠢᠯᠡᠵᠤ᠂ ᠴᠠᠭ ᠠᠭᠤᠷ ᠤᠨ ᠲᠤᠪᠴᠢᠶ᠎ᠠ ᠶᠢᠨ ᠬᠦᠮᠦᠨ ᠤ ᠬᠦᠴᠦ ᠪᠠᠷ ᠪᠤᠷᠤᠭᠠᠨ ᠤᠷᠤᠭᠤᠯᠬᠤ ᠡᠩᠨᠡᠭᠡ ᠪᠢᠯ᠎ᠠ ᠭᠤᠤᠯ ᠤᠢ ᠰᠢᠭᠤᠢ ᠶᠢᠨ ᠲᠤᠪᠴᠢᠶ᠎ᠠ ᠶᠢᠨ ᠪᠸᠢ ᠳ᠋ᠠ ᠾᠧ ᠤᠢ ᠰᠢᠭᠤᠢ ᠶᠢᠨ ᠲᠠᠯᠠᠪᠠᠢ ᠶᠢᠨ ᠲᠦᠢᠮᠡᠷ ᠤᠨ ᠳᠠᠯᠠᠪᠠᠢ ᠳᠤ 4 ᠤᠳᠠᠭ᠎ᠠ ᠬᠦᠮᠦᠨ ᠤ ᠬᠦᠴᠦ ᠪᠠᠷ ᠪᠤᠷᠤᠭᠠᠨ ᠤᠷᠤᠭᠤᠯᠵᠤ᠂ 39 ᠲᠡᠶᠢᠷᠦᠯᠳᠦ ᠰᠤᠮᠤ ᠬᠠᠷᠪᠤᠵᠤ᠂ ᠠᠵᠢᠯ ᠤᠨ ᠦᠷ᠎ᠡ ᠪᠦᠳᠦᠮᠵᠢ ᠨᠢ ᠨᠡᠯᠢᠶᠡᠳ ᠢᠯᠡᠷᠬᠡᠢ ᠪᠠᠶᠢᠨ᠎ᠠ᠃ ᠲᠦᠢᠮᠡᠷ ᠣᠨᠳᠠᠷᠠᠭᠠᠬᠤ ᠪᠦᠬᠦ ᠱᠤᠭᠤᠮ ᠳᠤ ᠪᠤᠷᠤᠭᠠᠨ ᠤᠷᠤᠵᠤ᠂ ᠭᠠᠯ ᠤᠨ ᠠᠶᠤᠯ ᠤᠨ ᠲᠡᠰ ᠢ ᠪᠠᠭᠤᠷᠠᠭᠤᠯᠵᠤ᠂ ᠲᠦᠢᠮᠡᠷ ᠢ ᠤᠨᠳᠠᠷᠠᠭᠠᠬᠤ ᠦᠷ᠎ᠠ ᠠᠰᠢᠭ ᠢ ᠲᠡᠭᠡᠭᠰᠢᠯᠡᠭᠦᠯᠭᠦ ᠳᠤ ᠨᠡᠯᠢᠶᠡᠳ ᠰᠠᠶᠢᠨ ᠦᠢᠯᠡᠳᠦᠯ ᠦᠵᠡᠭᠦᠯᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号