2017 ᠣᠨ ᠤ ︽ᠳᠣᠮᠳᠠᠳᠣ ᠣᠯᠣᠰ ᠤᠨ ᠡᠳᠦᠷᠯᠢᠭ︾ ᠣᠷᠳᠣᠰ ᠬᠤᠳᠠ ᠶᠢᠨ ᠭᠤᠣᠯ ᠰᠡᠳᠣᠪᠳᠣ ᠠᠵᠢᠯᠯᠠᠭ᠎ᠠ ᠵᠢᠴᠢ ᠬᠤᠶᠠᠳᠣᠭᠠᠷ ᠬᠤᠭᠤᠴᠠᠭᠠᠨ ᠤ ᠴᠠᠬᠢᠷᠮ᠎ᠠ ᠴᠡᠴᠡᠭ ᠤᠨ ᠨᠠᠶᠢᠷ ᠶᠠᠪᠣᠬᠳᠠᠪᠠ
ᠨᠡᠶᠢᠲᠡᠯᠡᠭᠰᠡᠨ ᠴᠠᠭ᠄
2017/5/9
     5 ᠳ᠋ᠤᠭᠠᠷ ᠰᠠᠷ᠎ᠠ ᠶᠢᠨ 6᠎ ᠤ ᠡᠳᠣᠷ᠂ 2017 ᠣᠨ ᠤ ︽ᠳᠣᠮᠳᠠᠳᠣ ᠣᠯᠣᠰ ᠤᠨ ᠡᠳᠦᠷᠯᠢᠭ︾ ᠣᠷᠳᠣᠰ ᠬᠤᠳᠠ ᠶᠢᠨ ᠭᠤᠣᠯ ᠰᠡᠳᠣᠪᠳᠣ ᠠᠵᠢᠯᠯᠠᠭ᠎ᠠ ᠵᠢᠴᠢ ᠬᠤᠶᠠᠳᠣᠭᠠᠷ ᠬᠤᠭᠤᠴᠠᠭᠠᠨ ᠤ ᠣᠳᠤᠬ ᠤᠨ ᠡᠮᠥᠨᠡᠳᠥ ᠬᠤᠰᠢᠭᠤᠨ ᠤ ᠴᠠᠬᠢᠷᠮ᠎ᠠ ᠴᠡᠴᠡᠭ ᠤᠨ ᠨᠠᠶᠢᠷ ᠤᠳᠤᠭ ᠤᠨ ᠡᠮᠤᠨᠡᠳᠤ ᠬᠤᠰᠢᠭᠤᠨ ᠤ ᠱᠠᠩᠬᠠᠢ ᠶᠢᠨ ᠰᠥᠮ᠎ᠠ ᠳᠤ ᠶᠠᠪᠣᠬᠳᠠᠪᠠ᠃ ᠥᠪᠣᠷ ᠮᠣᠩᠭᠤᠯ᠂ ᠱᠠᠨᠰᠢ᠂ ᠨᠢᠩᠰᠢᠶᠠ ᠭᠤᠷᠪᠠᠨ ᠮᠣᠵᠢ ᠣᠷᠣᠨ ᠤ ᠥᠢᠷ᠎ᠠ ᠬᠠᠪᠢ ᠶᠢᠨ 5 ᠳᠥᠮᠡ ᠭᠠᠷᠣᠢ ᠬᠥᠮᠥᠨ ᠬᠥᠷᠥᠯᠴᠡᠨ ᠢᠷᠡᠵᠣ ᠨᠠᠶᠢᠷ ᠢ ᠰᠣᠨᠢᠷᠬᠠᠪᠠ᠃      ᠣᠳᠤᠬ ᠤᠨ ᠡᠮᠣᠨᠠᠳᠣ ᠬᠤᠰᠢᠭᠤᠨ ᠤ ᠱᠠᠩᠬᠠᠢ ᠶᠢᠨ ᠰᠥᠮ᠎ᠠ ᠪᠣᠯ ᠬᠠᠮᠤᠬ ᠤᠨ ᠶᠡᠭᠡ ᠪᠠᠶᠢᠭᠠᠯᠢᠯᠢᠬ ᠴᠠᠬᠢᠷᠮ᠎ᠠ ᠶᠢᠨ ᠨᠣᠳᠤᠬ ᠪᠤᠯᠤᠨ᠎ᠠ᠂ ᠪᠠᠶᠢᠭᠠᠯᠢᠯᠢᠬ ᠴᠠᠬᠢᠷᠮ᠎ᠠ ᠶᠢᠨ ᠲᠠᠯᠠᠪᠠᠢ ᠨᠢ 10 ᠳᠥᠮᠡᠨ ᠮᠥ ᠳᠤ ᠬᠥᠷᠴᠥ᠂ ᠮᠠᠨ ᠤ ᠣᠷᠣᠨ ᠤ ᠲᠠᠯᠠᠪᠠᠢ ᠪᠠᠷ ᠬᠠᠮᠤᠬ ᠤᠨ ᠶᠡᠭᠡ᠂ ᠬᠠᠮᠠᠭᠠᠯᠠᠯᠳᠠ ᠪᠠᠷ ᠬᠠᠮᠤᠬ ᠤᠨ ᠰᠠᠶᠢᠨ ᠪᠠᠶᠢᠭᠠᠯᠢ ᠶᠢᠨ ᠬᠠᠮᠠᠭᠠᠯᠠᠯᠳᠠ ᠶᠢᠨ ᠣᠷᠣᠨ ᠪᠣᠯᠬᠤ ᠪᠥᠬᠡᠳ ᠳᠣᠮᠳᠠᠳᠣ ᠣᠯᠣᠰ ᠤᠨ ᠪᠠᠷᠠᠭᠤᠨ ᠣᠷᠣᠨ ᠤ ᠬᠡᠷᠡᠯ ᠵᠢᠷᠣᠬᠴᠢᠳ ᠤᠨ ᠵᠣᠬᠢᠶᠠᠨ ᠪᠥᠳᠥᠬᠡᠬᠦ ᠰᠠᠭᠤᠷᠢᠨ᠂ ᠥᠪᠣᠷ ᠮᠣᠩᠭᠤᠯ ᠤᠨ ᠬᠡᠷᠡᠯ ᠵᠢᠷᠣᠬᠴᠢᠳ ᠤᠨ ᠵᠣᠬᠢᠶᠠᠨ ᠪᠥᠳᠥᠬᠡᠬᠦ ᠰᠠᠭᠤᠷᠢᠨ ᠪᠣᠯᠣᠨ᠎ᠠ᠃ ᠴᠠᠬᠢᠷᠮ᠎ᠠ ᠴᠡᠴᠡᠭ ᠭᠠᠩ ᠬᠠᠭᠤᠷᠡᠢ᠂ ᠬᠤᠵᠢᠷᠯᠢᠬ ᠭᠠᠵᠠᠷ ᠲᠤ ᠲᠠᠭᠠᠭᠠᠴᠠᠳᠡᠢ ᠣᠷᠭᠤᠮᠠᠯ ᠪᠠᠶᠢᠵᠣ᠂ ᠵᠢᠯ ᠪᠥᠷᠢ ᠶᠢᠨ 5 ᠳ᠋ᠤᠭᠠᠷ ᠰᠠᠷ᠎ᠠ ᠶᠢᠨ ᠡᠬᠢ ᠪᠠᠷ ᠴᠡᠴᠡᠭᠯᠡᠵᠣ᠂ ᠴᠡᠴᠡᠭ ᠨᠢ ᠬᠥᠬᠡ᠂ ᠴᠡᠩᠬᠡᠷ᠂ ᠶᠠᠭᠠᠨ ᠵᠡᠷᠬᠡ ᠥᠩᠬᠡᠳᠡᠢ ᠪᠠᠶᠢᠵᠣ᠂ 5 ᠳ᠋ᠤᠭᠠᠷ ᠰᠠᠷ᠎ᠡ ᠪᠤᠯᠤᠨ 6 ᠳ᠋ᠤᠭᠠᠷ ᠰᠠᠷ᠎ᠠ ᠳᠤ ᠲᠡᠯᠬᠡᠷᠠᠵᠣ᠂ ᠣᠳᠠᠭ᠎ᠠ ᠪᠥᠷᠢ 7᠎ ᠠᠴᠠ 10 ᠡᠳᠣᠷ ᠲᠡᠯᠬᠡᠷᠡᠳᠡᠭ᠃      ᠨᠠᠶᠢᠷ ᠨᠢ ︽ᠴᠠᠬᠢᠷᠮ᠎ᠠ ᠴᠡᠴᠡᠭ︾ ᠬᠡᠬᠦ ᠭᠤᠴᠣᠯᠠᠯ ᠲᠠᠭᠤᠤ ᠶᠢᠨ ᠳᠣᠮᠳᠠ ᠡᠬᠢᠯᠠᠯᠳᠡ ᠶᠢᠨ ᠬᠥᠰᠢᠬᠡ ᠪᠠᠨ ᠢᠷᠡᠵᠣ᠂ ᠵᠠᠯᠭᠠᠭᠠᠳ ︽ᠰᠠᠪᠬᠠᠨ ᠪᠥᠵᠢᠭ︾᠂ ᠮᠣᠷᠢᠨ ᠬᠤᠭᠤᠷ ᠤᠨ ᠨᠠᠶᠢᠷᠠᠯ ᠬᠥᠭᠵᠢᠮ ︽ᠳᠥᠮᠡᠨ ᠠᠬᠳᠠ ᠶᠢᠨ ᠳᠥᠪᠡᠷᠬᠡᠨ︾᠂ ᠨᠠᠷᠠᠳᠣ ᠲᠠᠭᠤᠴᠢᠨ ᠰᠣᠪᠣᠳ᠂ ᠭᠧ ᠰᠢᠶᠣᠣ ᠬᠡᠣ ᠨᠠᠷ ᠠᠴᠠ ︽ᠥᠪᠣᠷ ᠮᠣᠩᠭᠤᠯ ᠤᠨ ᠲᠠᠯ᠎ᠠ ᠨᠣᠳᠤᠬ︾ ᠬᠡᠬᠦ ᠵᠡᠷᠬᠡ ᠲᠠᠭᠤᠣ ᠡᠷᠬᠦᠵᠣ᠂ ᠬᠠᠮᠤᠬ ᠤᠨ ᠰᠡᠬᠦᠯ ᠳᠤ ︽ᠥᠪᠣᠷ ᠮᠣᠩᠭᠤᠯ ᠶᠢᠡᠨ ᠮᠠᠬᠳᠠᠶ᠎ᠠ︾ ᠬᠡᠬᠦ ᠵᠡᠷᠬᠡ ᠭᠤᠶᠢᠳᠠ ᠰᠠᠶᠢᠬᠠᠨ ᠲᠣᠬᠯᠠᠯᠳᠠ ᠭᠠᠷᠭᠠᠵᠣ᠂ ᠣᠳᠤᠬ ᠤᠨ ᠡᠮᠣᠨᠠᠳᠣ ᠬᠤᠰᠢᠭᠤᠨ ᠤ ᠥᠨᠳᠥᠰᠥᠳᠡᠨ ᠨᠦᠭᠦᠳ ᠎ ᠤᠨ ᠺᠠᠳ᠋ᠷ ᠣᠯᠠᠨ ᠳᠥᠮᠡᠨ ᠤ ᠬᠠᠷᠢᠯᠴᠠᠨ ᠬᠠᠪᠰᠣᠷᠣᠯᠴᠠᠨ ᠰᠠᠬᠢᠨ ᠪᠠᠷᠠᠯᠠᠵᠣ᠂ ᠬᠠᠮᠳᠣᠪᠠᠷ ᠬᠥᠭᠵᠢᠯᠳᠡ ᠪᠠᠨ ᠰᠡᠳᠬᠢᠵᠣ᠂ ᠰᠡᠳᠬᠢᠯ ᠨᠢᠬᠡᠳᠥᠨ ᠬᠥᠴᠥ ᠪᠠᠨ ᠬᠠᠮᠳᠣᠳᠬᠠᠵᠣ᠂ ᠠᠤᠭ᠎ᠠ ᠠᠮᠵᠢᠯᠳᠠ ᠪᠠᠨ ᠲᠠᠬᠢᠨ ᠪᠥᠳᠥᠬᠡᠬᠦ ᠳᠥᠷᠢ ᠳᠥᠷᠬᠦ ᠶᠢ ᠢᠯᠡᠷᠡᠬᠦᠯᠪᠡ᠃      ᠳᠣᠰ ᠡᠳᠣᠷ ᠪᠠᠰᠠ ᠥᠪᠣᠷ ᠮᠣᠩᠭᠤᠯ᠂ ᠱᠠᠨᠰᠢ᠂ ᠨᠢᠩᠰᠢᠶᠠ ᠭᠤᠷᠪᠠᠨ ᠮᠣᠵᠢ ᠥᠪᠡᠷᠳᠡᠬᠡᠨ ᠵᠠᠰᠠᠬᠤ ᠣᠷᠣᠨ ᠤ ᠰᠢ ᠠᠨ᠂ ᠢᠷᠭᠠᠢ᠂ ᠲᠡᠮᠡᠬᠡᠳᠥ᠂ ᠬᠠᠷᠠᠬᠤᠳᠠ᠂ ᠣᠷᠳᠣᠰ ᠵᠡᠷᠬᠡ 5 ᠬᠤᠳᠠ ᠶᠢᠨ ᠵᠢᠭᠤᠯᠴᠢᠯᠠᠯ ᠤᠨ ᠥᠢᠯᠡᠰ ᠤᠨ ᠬᠠᠮᠳᠣᠷᠠᠨ ᠠᠵᠢᠯᠯᠠᠬᠤ ᠲᠠᠪᠴᠠᠩ᠂ ᠬᠤᠳᠠ ᠪᠠᠨ ᠬᠠᠶᠢᠷᠠᠯᠠᠬᠤ ᠵᠠᠭᠤᠨ ᠮᠧᠲᠷ ᠤᠨ ᠣᠷᠠᠨ ᠵᠢᠷᠤᠬ ᠎ ᠤᠨ ᠠᠵᠢᠯᠯᠠᠭ᠎ᠠ᠂ ᠵᠠᠭᠤᠨ ᠬᠤᠣᠰ ᠰᠢᠨ᠎ᠠ ᠬᠥᠮᠥᠨ ᠤ ᠬᠤᠷᠢᠮ ᠤᠨ ᠵᠢᠷᠤᠭ ᠰᠡᠬᠦᠳᠡᠷ ᠲᠠᠳᠠᠬᠤ ᠠᠵᠢᠯᠯᠠᠭ᠎ᠠ᠂ ︽ᠨᠢᠬᠡᠨ ᠥᠶ᠎ᠠ ᠶᠢᠨ ᠲᠡᠭᠷᠢᠯᠢᠭ ᠬᠥᠪᠡᠬᠦᠨ︾᠎ ᠤ ᠠᠩᠬᠠᠳᠠᠬᠴᠢ ᠳᠣᠬᠯᠠᠯᠳᠠ ᠪᠠ ᠳᠣᠮᠣ ᠬᠡᠯᠪᠡᠷᠢ ᠶᠢᠨ ᠳᠥᠳᠡᠭ ᠭᠠᠯ ᠤ ᠦᠳᠡᠰᠢᠯᠡᠭᠡ ᠵᠡᠷᠬᠡ ᠡᠯᠪᠡᠭ ᠪᠠᠶᠠᠯᠢᠬ ᠠᠭᠤᠯᠭ᠎ᠠ ᠲᠠᠢ ᠠᠵᠢᠯᠯᠠᠭ᠎ᠠ ᠶᠠᠪᠣᠬᠳᠠᠪᠠ᠃      ᠳᠣᠰ ᠣᠳᠠᠭ᠎ᠠ ᠶᠢᠨ ᠠᠵᠢᠯᠯᠠᠭ᠎ᠠ ᠶᠢ ᠣᠷᠳᠣᠰ ᠬᠤᠳᠠ ᠶᠢᠨ ᠵᠢᠭᠤᠯᠴᠢᠯᠠᠯ ᠤᠨ ᠳᠣᠪᠴᠢᠶ᠎ᠠ᠂ ᠣᠳᠤᠬ ᠤᠨ ᠡᠮᠣᠨᠠᠳᠣ ᠬᠤᠰᠢᠭᠤᠨ ᠤ ᠵᠠᠰᠠᠬ ᠤᠨ ᠣᠷᠳᠣᠨ ᠠᠴᠠ ᠡᠷᠬᠢᠯᠠᠵᠣ᠂ 5 ᠳ᠋ᠤᠭᠠᠷ ᠰᠠᠷ᠎ᠠ ᠶᠢᠨ 6᠎ ᠠᠴᠠ 19᠎ ᠤ ᠡᠳᠣᠷ ᠪᠣᠯᠳᠠᠯ᠎ᠠ ᠶᠠᠪᠣᠬᠳᠠᠬᠤ ᠪᠣᠯᠣᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号