6 ᠳ᠋ᠤᠭᠠᠷ ᠰᠠᠷ᠎ᠠ ᠶᠢᠨ 15 ᠤ ᠡᠳᠦᠷ᠂ ᠲᠥᠪ ᠬᠤᠷᠢᠶ᠎ᠠ ᠶᠢᠨ ᠨᠠᠢᠮᠠᠨ ᠵᠦᠢᠯ ᠤᠨ ᠲᠣᠭᠲᠠᠭᠠᠯ ᠪᠣᠯᠤᠨ | ᠥᠪᠡᠷᠲᠡᠭᠡᠨ ᠵᠠᠰᠠᠬᠤ ᠣᠷᠣᠨ ᠤ 28 ᠵᠤᠷᠪᠤᠰ ᠢᠵᠢ ᠪᠦᠷᠢᠳᠦᠬᠦᠯᠬᠦ ᠲᠣᠭᠲᠠᠭᠠᠯ ᠤᠨ ᠵᠣᠷᠢᠭ ᠰᠠᠨᠠᠭ᠎ᠠ ᠵᠢᠴᠢ | ᠨᠠᠮ ᠤᠨ ᠭᠡᠰᠢᠭᠦᠨ ᠺᠠᠳ᠋ᠷᠴᠤᠳ ᠤᠨ ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠬᠤ ᠬᠤᠯᠪᠣᠭᠳᠠᠯ ᠪᠦᠬᠦᠢ ᠲᠣᠭᠲᠠᠭᠠᠯ ᠢ | ᠤᠯᠠᠮ ᠨᠢᠭᠡ ᠠᠯᠬᠤᠮ ᠭᠦᠨᠵᠡᠭᠡᠶ ᠨᠠᠶᠢᠳᠠᠪᠤᠷᠢᠵᠢᠭᠤᠯᠬᠤ ᠶᠢᠨ ᠲᠤᠯᠠᠳᠠ᠂ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠲᠢᠩᠬᠢᠮ ︽ᠲᠣᠭᠲᠠᠭᠠᠯ ᠠᠴᠠ ᠵᠦᠷᠢᠴᠡᠨ ︿ | ᠰᠤᠷᠭᠠᠭᠤᠯᠢ ᠳᠡᠪᠰᠢᠬᠦ ᠳᠠᠶᠢᠯᠠᠯᠭ᠎ᠠ﹀᠂ ︿ᠪᠠᠭᠰᠢ ᠪᠠᠨ ᠲᠠᠯᠠᠷᠬᠠᠬᠤ ᠳᠠᠶᠢᠯᠠᠯᠭ᠎ᠠ﹀ ᠵᠣᠬᠢᠶᠠᠨ ᠪᠠᠶᠢᠭᠤᠯᠬᠤ ᠶᠢ | ᠴᠢᠩᠭ᠎ᠠ ᠴᠠᠭᠠᠵᠠᠯᠠᠬᠤ ᠲᠤᠬᠠᠶ ᠮᠡᠳᠡᠭᠳᠡᠯ︾ ᠪᠠᠭᠤᠯᠭᠠᠵᠤ᠂ ᠨᠠᠮ ᠤᠨ ᠭᠡᠰᠢᠭᠦᠨ ᠺᠠᠳ᠋ᠷᠴᠤᠳ ᠲᠣᠭᠲᠠᠭᠠᠯ ᠠᠴᠠ | ᠵᠥᠷᠢᠴᠡᠨ ︽ᠰᠤᠷᠭᠠᠭᠤᠯᠢ ᠳᠡᠪᠰᠢᠬᠦ ᠳᠠᠶᠢᠯᠠᠯᠭ᠎ᠠ︾᠂ ︽ᠪᠠᠭᠰᠢ ᠪᠠᠨ ᠲᠠᠯᠠᠷᠬᠠᠬᠤ ᠳᠠᠶᠢᠯᠠᠯᠭ᠎ᠠ︾ ᠵᠣᠬᠢᠶᠠᠨ | ᠪᠠᠶᠢᠭᠤᠯᠬᠤ ᠠᠰᠠᠭᠤᠳᠠᠯ ᠲᠠᠬᠢᠭᠠᠳ ᠭᠠᠷᠬᠤ ᠶᠢ ᠡᠷᠡᠰ ᠰᠡᠷᠭᠡᠶᠢᠯᠡᠨ ᠬᠤᠷᠢᠭᠯᠠᠪᠠ᠃ | ᠮᠡᠳᠡᠭᠳᠡᠯ ᠳᠤ ᠱᠠᠭᠠᠷᠳᠠᠭᠰᠠᠨ ᠨᠢ᠂ ᠰᠠᠬᠢᠯᠭ᠎ᠠ ᠪᠠᠲᠤ ᠶᠢ ᠲᠥᠪ ᠴᠢᠩᠭ᠎ᠠ ᠲᠤᠲᠤᠷᠬᠠᠢ ᠪᠤᠯᠭᠠᠨ᠂ ᠦᠵᠡᠯ | ᠰᠠᠨᠠᠭ᠎ᠠ ᠲᠠᠨᠢᠯᠲᠠ ᠪᠠᠨ ᠳᠡᠭᠡᠭᠰᠢᠯᠡᠭᠦᠯᠬᠦ ᠬᠡᠷᠡᠭᠲᠡᠶ᠃ ᠡᠪ ᠬᠠᠮᠲᠤ ᠨᠠᠮ ᠤᠨ ᠭᠡᠰᠢᠭᠦᠨ᠂ ᠤᠯᠤᠰ ᠤᠨ ᠠᠯᠪᠠᠲᠠᠨ | ᠪᠤᠯᠤᠨ ᠲᠦᠷᠦ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠲᠣᠮᠢᠯᠠᠭᠰᠠᠨ ᠪᠤᠰᠤᠳ ᠠᠵᠢᠯᠲᠠᠨ᠂ ᠢᠯᠠᠩᠭᠤᠶ᠎ᠠ ᠡᠯ᠎ᠡ | ᠱᠠᠲᠤᠨ ᠤ ᠤᠳᠤᠷᠢᠳᠬᠤ ᠺᠠᠳ᠋ᠷᠴᠤᠳ ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠬᠤ ᠡᠯ᠎ᠡ ᠵᠦᠢᠯ ᠤᠨ ᠲᠣᠭᠲᠠᠭᠠᠯ ᠢ | ᠲᠦᠷᠦᠭᠦᠯᠡᠨ ᠴᠢᠩᠭ᠎ᠠ ᠬᠡᠷᠡᠭᠵᠢᠭᠦᠯᠵᠦ᠂ ᠦᠷ᠎ᠡ ᠬᠡᠦᠬᠡᠳ ᠲᠡᠭᠡᠨ ︽ᠰᠤᠷᠭᠠᠭᠤᠯᠢ ᠳᠡᠪᠰᠢᠬᠦ ᠳᠠᠶᠢᠯᠠᠯᠭ᠎ᠠ︾᠂ ︽ | ᠪᠠᠭᠰᠢ ᠪᠠᠨ ᠲᠠᠯᠠᠷᠬᠠᠬᠤ ᠳᠠᠶᠢᠯᠠᠯᠭ᠎ᠠ︾ ᠵᠡᠷᠭᠡ ᠲᠦᠷᠦᠯ ᠰᠠᠳᠤᠨ ᠤ ᠪᠤᠰᠤ ᠰᠢᠨᠵᠢ ᠴᠢᠨᠠᠷ ᠲᠠᠢ ᠬᠤᠷᠢᠮ ᠨᠠᠶᠢᠷ | ᠬᠢᠬᠦ ᠶᠢ ᠴᠢᠩᠭ᠎ᠠ ᠴᠠᠭᠠᠵᠠᠯᠠᠵᠤ᠂ ᠲᠦᠷᠦᠯ ᠰᠠᠳᠤᠨ ᠤ ᠪᠤᠰᠤ ᠴᠤᠭᠯᠠᠭᠠᠨ ᠤ ᠰᠢᠨᠵᠢ ᠴᠢᠨᠠᠷ ᠲᠠᠢ ︽ᠰᠤᠷᠭᠠᠭᠤᠯᠢ | ᠳᠡᠪᠰᠢᠬᠦ ᠳᠠᠶᠢᠯᠠᠯᠭ᠎ᠠ︾᠂ ︽ ᠪᠠᠭᠰᠢ ᠪᠠᠨ ᠲᠠᠯᠠᠷᠬᠠᠬᠤ ᠳᠠᠶᠢᠯᠠᠯᠭ᠎ᠠ︾ ᠵᠢᠴᠢ ᠪᠤᠰᠤᠳ ᠠᠳᠠᠯᠢᠪᠲᠤᠷ | ᠳᠠᠶᠢᠯᠠᠯᠭ᠎ᠠ ᠶᠢᠨ ᠠᠵᠢᠯᠯᠠᠭ᠎ᠠ ᠳᠤ ᠤᠷᠤᠯᠴᠠᠬᠤ ᠶᠢ ᠴᠢᠩᠭ᠎ᠠ ᠴᠠᠭᠠᠵᠠᠯᠠᠵᠤ᠂ ᠠᠯᠪᠠᠨ ᠤ ᠵᠣᠭᠤᠰ ᠢᠶᠠᠷ ᠪᠤᠶᠤ ᠠᠰᠢᠭ | ᠬᠤᠣᠷ ᠤᠨ ᠬᠠᠷᠢᠴᠠᠭ᠎ᠠ ᠲᠠᠢ ᠨᠢᠭᠡᠴᠡ ᠪᠤᠯᠤᠨ ᠬᠤᠪᠢ ᠬᠥᠮᠦᠨ ᠢ ᠡᠷᠢᠵᠤ ᠪᠠᠶᠢᠭᠠᠳ ᠲᠤᠬᠠᠢ ᠶᠢᠨ ᠬᠥᠮᠦᠨ | ᠦᠪᠡᠰᠦᠪᠡᠨ ᠥᠭᠬᠦ ᠶᠣᠰᠣᠲᠠᠶ ᠦᠷ᠎ᠡ ᠬᠡᠦᠬᠡᠳ ᠤᠨ ᠢᠶᠠᠨ ᠰᠤᠷᠤᠯᠴᠠᠬᠤ ᠵᠠᠷᠤᠳᠠᠯ ᠤᠨ ᠳᠠᠩᠰᠠ ᠲᠠᠶᠢᠯᠤᠭᠤᠯᠬᠤ ᠶᠢ | ᠴᠢᠩᠭ᠎ᠠ ᠴᠠᠭᠠᠵᠠᠯᠠᠵᠤ᠂ ᠠᠯᠪᠠᠨ ᠤ ᠲᠡᠷᠭᠡ ᠶᠢ ᠬᠥᠳᠡᠯᠭᠡᠨ ᠬᠡᠷᠡᠭᠯᠡᠬᠦ᠂ ᠠᠯᠪᠠᠨ ᠤ ᠵᠣᠭᠤᠰ ᠢᠶᠠᠷ ᠮᠠᠰᠢᠨ ᠲᠡᠷᠭᠡ | ᠳᠦᠷᠢᠶᠡᠰᠦᠯᠡᠬᠦ ᠪᠠ ᠬᠠᠮᠢᠶᠠᠷᠬᠤ ᠦᠢᠯᠡᠴᠢᠯᠡᠬᠦ ᠲᠠᠯ᠎ᠠ ᠶᠢᠨ ᠲᠡᠷᠭᠡ ᠶᠢ ᠵᠢᠭᠡᠯᠡᠵᠦ ᠪᠠᠶᠢᠭᠠᠳ ᠦᠷ᠎ᠡ ᠬᠡᠦᠬᠡᠳ ᠵᠢᠴᠢ | ᠲᠦᠷᠦᠯ ᠰᠠᠳᠤᠨ ᠢᠶᠠᠨ ᠰᠤᠷᠭᠠᠭᠤᠯᠢ ᠳᠤ ᠬᠦᠷᠭᠡᠬᠦ ᠪᠠ ᠭᠠᠳᠠᠭᠰᠢ ᠭᠠᠷᠴᠤ ᠵᠢᠭᠤᠯᠴᠢᠯᠠᠬᠤ ᠶᠢ ᠴᠢᠩᠭ᠎ᠠ ᠴᠠᠭᠠᠵᠠᠯᠠᠬᠤ | ᠬᠡᠷᠡᠭᠲᠠᠢ᠃ | ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠭᠤᠤᠯ ᠴᠣᠭᠴᠠ ᠶᠢᠨ ᠬᠠᠷᠢᠭᠤᠴᠠᠯᠭ᠎ᠠ ᠶᠢ | ᠨᠠᠶᠢᠳᠠᠪᠤᠷᠢᠵᠢᠭᠤᠯᠬᠤ ᠬᠡᠷᠡᠭᠲᠡᠶ᠃ ᠡᠯ᠎ᠡ ᠱᠠᠲᠤᠨ ᠤ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ | ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠦᠨᠡᠨᠬᠦ | ᠰᠠᠶᠢᠲᠤᠷ ᠭᠦᠢᠴᠡᠳᠬᠡᠵᠦ᠂ ᠲᠤᠰ ᠭᠠᠵᠠᠷ ᠣᠷᠣᠨ᠂ ᠲᠤᠰ ᠰᠠᠯᠠᠭ᠎ᠠ ᠮᠥᠴᠢᠷ᠂ ᠲᠤᠰ ᠨᠢᠭᠡᠴᠡ ᠶᠢᠨ ᠢᠶᠠᠨ ᠨᠠᠮ ᠤᠨ | ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠪᠣᠯᠤᠨ ᠤᠳᠤᠷᠢᠳᠬᠤ ᠺᠠᠳ᠋ᠷᠴᠤᠳ ᠤᠨ ᠠᠷᠢᠭᠤᠨ ᠴᠢᠬᠡᠴᠢ ᠪᠠᠷ | ᠪᠡᠶ᠎ᠡ ᠪᠠᠨ ᠪᠠᠷᠢᠬᠤ ᠠᠵᠢᠯ ᠢ ᠬᠢᠨᠠᠮᠠᠭᠠᠶ ᠰᠠᠶᠢᠲᠤᠷ ᠠᠳᠬᠤᠬᠤ ᠬᠡᠷᠡᠭᠲᠠᠢ᠃ ᠨᠠᠮ ᠤᠨ ᠭᠡᠰᠢᠭᠦᠨ ᠪᠠ ᠺᠠᠳ᠋ᠷᠴᠤᠳ ᠤᠨ | ᠤᠬᠠᠭᠤᠯᠭ᠎ᠠ ᠬᠥᠮᠦᠵᠢᠯ ᠪᠤᠯᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠤᠬᠠᠭᠤᠯᠭ᠎ᠠ ᠬᠥᠮᠦᠵᠢᠯ ᠪᠤᠯᠤᠨ | ᠰᠡᠷᠭᠡᠶᠢᠯᠡᠨ ᠰᠠᠨᠠᠭᠤᠯᠬᠤ ᠠᠵᠢᠯ ᠢ ᠰᠠᠨᠠᠭᠠᠴᠢᠯᠠᠭ᠎ᠠ ᠠᠴᠠ ᠪᠠᠨ ᠢᠳᠡᠪᠬᠢᠲᠡᠶ ᠰᠠᠶᠢᠲᠤᠷ ᠬᠢᠬᠦ ᠬᠡᠷᠡᠭᠲᠡᠶ᠃ | ᠬᠠᠷᠢᠭᠤᠴᠠᠯᠭ᠎ᠠ ᠨᠡᠬᠡᠮᠵᠢᠯᠡᠬᠦ ᠶᠢ ᠲᠦᠪ ᠴᠢᠩᠭ᠎ᠠ ᠪᠤᠯᠭᠠᠨ᠂ ᠬᠢᠨᠠᠯᠲᠠ ᠲᠠᠯᠪᠢᠬᠤ ᠬᠠᠷᠢᠭᠤᠴᠠᠯᠭ᠎ᠠ ᠶᠢ | ᠴᠢᠩᠭᠠᠳᠬᠠᠬᠤ ᠬᠡᠷᠡᠭᠲᠠᠢ᠃ ᠡᠯ᠎ᠡ ᠱᠠᠲᠤᠨ ᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ | ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢᠨ ᠬᠢᠨᠠᠯᠲᠠ ᠲᠠᠯᠪᠢᠬᠤ ᠬᠠᠷᠢᠭᠤᠴᠠᠯᠭ᠎ᠠ ᠪᠠᠨ ᠰᠠᠶᠢᠲᠤᠷ | ᠭᠦᠶᠴᠡᠳᠬᠡᠵᠦ᠂ ᠬᠢᠨᠠᠯᠲᠠ ᠲᠠᠯᠪᠢᠬᠤ ᠠᠷᠭ᠎ᠠ ᠵᠠᠮ ᠢᠶᠠᠨ ᠥᠷᠭᠡᠳᠬᠡᠨ᠂ ᠬᠢᠨᠠᠯᠲᠠ ᠲᠠᠯᠪᠢᠵᠤ ᠪᠠᠶᠢᠴᠠᠭᠠᠬᠤ | ᠡᠷᠴᠢᠮ ᠢᠶᠠᠨ ᠴᠢᠩᠭᠠᠳᠬᠠᠬᠤ ᠬᠡᠷᠡᠭᠲᠡᠶ᠃ ᠲᠣᠭᠲᠠᠭᠠᠯ ᠠᠴᠠ ᠵᠥᠷᠢᠴᠡᠨ ︽ᠰᠤᠷᠭᠠᠭᠤᠯᠢ ᠳᠡᠪᠰᠢᠬᠦ ᠳᠠᠶᠢᠯᠠᠯᠭ᠎ᠠ︾᠂ | ︽ᠪᠠᠭᠰᠢ ᠪᠠᠨ ᠲᠠᠯᠠᠷᠬᠠᠬᠤ ᠳᠠᠶᠢᠯᠠᠯᠭ᠎ᠠ︾ ᠵᠣᠬᠢᠶᠠᠨ ᠪᠠᠶᠢᠭᠤᠯᠬᠤ ᠠᠰᠠᠭᠤᠳᠠᠯ ᠤᠨ ᠨᠢᠭᠡ ᠶᠢ ᠣᠯᠵᠤ ᠮᠡᠳᠡᠪᠡᠯ᠂ | ᠨᠢᠭᠡ ᠶᠢ ᠪᠠᠶᠢᠴᠠᠭᠠᠨ ᠰᠢᠶᠳᠪᠦᠷᠢᠯᠡᠵᠦ᠂ ᠵᠠᠷᠯᠠᠨ ᠮᠡᠳᠡᠭᠳᠡᠵᠦ ᠢᠯᠡ ᠨᠡᠶᠢᠲᠡᠯᠡᠬᠦ ᠶᠢᠨ ᠬᠠᠮᠲᠤ ︽ᠨᠢᠭᠡ ᠬᠡᠷᠡᠭ ᠢ | ᠬᠤᠶᠠᠷ ᠪᠠᠶᠢᠴᠠᠭᠠᠬᠤ︾ ᠱᠠᠭᠠᠷᠳᠠᠯᠭ᠎ᠠ ᠶᠣᠰᠣᠭᠠᠷ᠂ ᠲᠤᠬᠠᠶ ᠶᠢᠨ ᠬᠥᠮᠦᠨ ᠤ ᠬᠠᠷᠢᠭᠤᠴᠠᠯᠭ᠎ᠠ ᠶᠢ ᠨᠢ ᠴᠢᠩᠭ᠎ᠠ | ᠨᠡᠬᠡᠮᠵᠢᠯᠡᠬᠦ ᠮᠦᠷᠲᠡᠭᠡᠨ ᠪᠠᠰᠠ ᠬᠠᠮᠢᠶ᠎ᠠ ᠪᠦᠬᠦᠢ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠶᠢᠨ | ᠭᠤᠤᠯ ᠴᠣᠭᠴᠠ ᠶᠢᠨ ᠬᠠᠷᠢᠭᠤᠴᠠᠯᠭ᠎ᠠ ᠪᠤᠯᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ︵ᠰᠠᠬᠢᠯᠭ᠎ᠠ ᠪᠠᠲᠤ | ᠪᠠᠶᠢᠴᠠᠭᠠᠬᠤ ᠳᠤᠭᠤᠶᠢᠯᠠᠩ︶ ᠶᠢᠨ ᠬᠢᠨᠠᠯᠲᠠ ᠲᠠᠯᠪᠢᠬᠤ ᠬᠠᠷᠢᠭᠤᠴᠠᠯᠭ᠎ᠠ ᠶᠢ ᠴᠢᠩᠭ᠎ᠠ ᠨᠡᠬᠡᠮᠵᠢᠯᠡᠬᠦ ᠬᠡᠷᠡᠭᠲᠡᠶ ᠭᠡᠪᠡ᠃ | ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠲᠢᠩᠬᠢᠮ ᠠᠴᠠ | ᠭᠤᠷᠪᠠᠨ ᠵᠦᠢᠯ ᠤᠨ ᠢᠯᠡᠴᠢᠯᠡᠨ ᠮᠡᠳᠡᠭᠦᠯᠬᠦ ᠠᠷᠭ᠎ᠠ ᠬᠡᠯᠪᠡᠷᠢ ᠶᠢ ᠨᠡᠶᠢᠲᠡᠯᠡᠪᠡ᠂ ᠤᠲᠠᠰᠤ᠄ 0471-12388︔ | ᠰᠦᠯᠵᠢᠶ᠎ᠡ᠄ neimeng.12388.gov.cn︔ ᠵᠠᠬᠢᠳᠠᠯ ᠤᠨ ᠬᠠᠶᠢᠷᠴᠠᠭ᠄ ᠥᠪᠡᠷᠲᠡᠭᠡᠨ ᠵᠠᠰᠠᠬᠤ | ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠵᠠᠬᠢᠳᠠᠯ ᠰᠤᠷᠪᠤᠯᠵᠢᠯᠠᠯ ᠤᠨ ᠲᠠᠰᠤᠭ ︵ᠬᠢᠨᠠᠨ ᠪᠠᠶᠢᠴᠠᠭᠠᠬᠤ | ᠲᠢᠩᠬᠢᠮ ᠤᠨ ᠢᠯᠡᠴᠢᠯᠡᠨ ᠮᠡᠳᠡᠭᠦᠯᠬᠦ ᠲᠥᠪ︶ |