ᠥᠪᠥᠷ ᠵᠠᠰᠠᠭ ᠠᠯᠪᠠᠨ ᠲᠠᠷᠬᠠᠭᠠᠭᠰᠠᠨ ﹇2017﹈ 4 ᠳ᠋ᠤᠭᠡᠷ ᠲᠤᠭᠠᠳᠤ | 2017 ᠣᠨ ᠤ 1 ᠳ᠋ᠤᠭᠡᠷ ᠰᠠᠷ᠎ᠠ ᠶᠢᠨ 4 ᠤ ᠡᠳᠦᠷ | | ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠦᠪᠡᠷᠲᠡᠭᠡᠨ ᠵᠠᠰᠠᠬᠤ ᠣᠷᠣᠨ ᠤ | ᠡᠯ᠎ᠡ ᠵᠦᠪᠯᠡᠯ᠂ ᠠᠯᠪᠠᠨ ᠭᠡᠷ᠂ ᠲᠢᠩᠭᠢᠮ᠂ ᠲᠣᠪᠴᠢᠶ᠎ᠠ᠂ ᠡᠯ᠎ᠡ ᠲᠤᠮᠤ ᠠᠵᠤ ᠠᠬᠤᠶᠢᠯᠠᠯ᠂ ᠠᠵᠢᠯ ᠦᠢᠯᠡᠰ ᠤᠨ | ᠨᠢᠭᠡᠴᠡ ᠳᠤ᠄ | ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠢ ᠪᠤᠶᠢᠵᠢᠭᠤᠯᠤᠨ ᠬᠥᠭᠵᠢᠭᠦᠯᠬᠦ ᠨᠢ | ᠤᠯᠤᠰ ᠤᠨ ᠬᠠᠩᠭᠠᠯᠭ᠎ᠠ ᠶᠢᠨ ᠲᠠᠯ᠎ᠠ ᠳᠠᠬᠢ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢ ᠭᠦᠨᠵᠡᠭᠡᠢ ᠠᠬᠢᠭᠤᠯᠵᠤ᠂ | ᠭᠡᠷ ᠪᠠᠶᠢᠰᠢᠩ ᠭᠠᠵᠠᠷ ᠬᠦᠷᠦᠩᠭᠡ ᠶᠢᠨ ᠬᠠᠳᠠᠭᠠᠯᠠᠭᠳᠠᠴᠠ ᠶᠢ ᠪᠠᠭᠠᠰᠬᠠᠬᠤ ᠠᠵᠢᠯ ᠢ ᠬᠦᠴᠦᠯᠡᠨ | ᠶᠠᠪᠤᠭᠳᠠᠭᠤᠯᠬᠤ ᠶᠢᠨ ᠨᠢᠭᠡ ᠵᠦᠢᠯ ᠤᠨ ᠴᠢᠬᠤᠯᠠ ᠡᠭᠦᠷᠭᠡ ᠪᠦᠭᠡᠳ ᠰᠢᠨ᠎ᠡ ᠬᠡᠯᠪᠡᠷᠢ ᠶᠢᠨ ᠬᠤᠲᠠ | ᠪᠠᠯᠭᠠᠰᠤᠵᠢᠯᠲᠠ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠂ ᠬᠦᠮᠦᠨ ᠠᠮᠠ ᠶᠢᠨ ᠡᠮᠬᠢ ᠵᠢᠷᠤᠮ ᠲᠠᠢ | ᠨᠡᠭᠦᠳᠡᠯᠯᠡᠬᠦ ᠶᠢ ᠠᠬᠢᠭᠤᠯᠬᠤ ᠶᠢᠨ ᠪᠤᠳᠠᠳᠤ ᠱᠠᠭᠠᠷᠳᠠᠯᠭ᠎ᠠ ᠪᠠᠶᠢᠵᠤ᠂ ᠣᠯᠠᠨ ᠨᠡᠶᠢᠲᠡ ᠶᠢᠨ ᠳᠦᠷᠢᠶᠡᠰᠦᠯᠡᠬᠦ ᠣᠷᠣᠨ | ᠰᠠᠭᠤᠴᠠ ᠶᠢᠨ ᠭᠡᠷ ᠪᠠᠶᠢᠰᠢᠩ ᠤᠨ ᠢᠷᠡᠯᠲᠡ ᠶᠢᠨ ᠠᠷᠭ᠎ᠠ ᠵᠠᠮ ᠢ ᠥᠷᠭᠡᠳᠭᠡᠨ᠂ ᠣᠷᠣᠨ ᠰᠠᠭᠤᠴᠠ ᠶᠢᠨ | ᠪᠠᠲᠤᠯᠠᠭ᠎ᠠ ᠶᠢᠨ ᠰᠢᠰᠲ᠋ᠧᠮᠵᠢ ᠶᠢ ᠲᠡᠭᠦᠯᠳᠡᠷᠵᠢᠭᠦᠯᠬᠦ ᠶᠢᠨ ᠵᠠᠶᠢᠯᠠᠰᠢ ᠦᠭᠡᠢ ᠰᠤᠩᠭᠤᠯᠲᠠ ᠪᠣᠯᠣᠨ᠎ᠠ᠂ ᠮᠦᠨ ᠴᠦ ᠭᠡᠷ | ᠪᠠᠶᠢᠰᠢᠩ ᠭᠠᠵᠠᠷ ᠬᠦᠷᠦᠩᠭᠡ ᠶᠢᠨ ᠬᠠᠳᠠᠭᠠᠯᠠᠭᠳᠠᠴᠠ ᠶᠢ ᠪᠠᠭᠠᠰᠬᠠᠬᠤ᠂ ᠡᠬᠢ ᠪᠠᠶᠠᠯᠢᠭ ᠢ ᠠᠰᠢᠭᠯᠠᠬᠤ ᠦᠷ᠎ᠡ | ᠠᠰᠢᠭ ᠢ ᠳᠡᠭᠡᠭᠰᠢᠯᠡᠭᠦᠯᠬᠦ ᠶᠢᠨ ᠪᠦᠲᠦᠮᠵᠢᠲᠡᠢ ᠵᠠᠮ ᠮᠥᠷ ᠪᠣᠯᠣᠨ᠎ᠠ᠃ ︽ᠣᠷᠣᠨ ᠰᠠᠭᠤᠴᠠ ᠶᠢᠨ | ᠳᠦᠷᠢᠶᠡᠰᠦᠯᠡᠯ ᠤᠨ ᠵᠠᠬ᠎ᠠ ᠳᠡᠯᠭᠡᠭᠦᠷ ᠢ ᠲᠦᠷᠭᠡᠳᠭᠡᠨ ᠪᠤᠶᠢᠵᠢᠭᠤᠯᠬᠤ ᠪᠠ ᠬᠥᠭᠵᠢᠭᠦᠯᠬᠦ ᠲᠣᠬᠠᠢ ᠲᠥᠷᠥ ᠶᠢᠨ | ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠤᠨ ᠰᠠᠨᠠᠯ ᠤᠳ︾ ︵ᠲᠥᠷᠥ ᠠᠯᠪᠠᠨ ᠲᠠᠷᠬᠠᠭᠠᠭᠰᠠᠨ ﹇2016﹈ | 39 ᠳ᠋ᠤᠭᠡᠷ ᠲᠣᠭᠠᠲᠤ︶ ᠤᠨ ᠵᠣᠷᠢᠭ ᠰᠠᠨᠠᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠮᠠᠨ ᠤ ᠣᠷᠣᠨ ᠤ | ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠢ ᠲᠦᠷᠭᠡᠳᠭᠡᠨ ᠪᠤᠶᠢᠵᠢᠭᠤᠯᠬᠤ ᠪᠠ ᠬᠥᠭᠵᠢᠭᠦᠯᠦᠨ᠂ | ᠳᠦᠷᠢᠶᠡᠰᠦᠯᠡᠬᠦ ᠪᠠ ᠬᠤᠳᠠᠯᠳᠤᠨ ᠠᠪᠬᠤ ᠶᠢ ᠬᠤᠣᠰᠯᠠᠭᠤᠯᠤᠭᠰᠠᠨ ᠣᠷᠣᠨ ᠰᠠᠭᠤᠴᠠ ᠶᠢᠨ ᠳᠦᠷᠢᠮ ᠢ ᠤᠯᠠᠮ ᠨᠢᠭᠡ | ᠠᠯᠬᠤᠮ ᠪᠦᠷᠢᠨᠰᠢᠭᠦᠯᠦᠨ ᠲᠡᠭᠦᠯᠳᠡᠷᠵᠢᠭᠦᠯᠵᠦ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ | ᠬᠥᠭᠵᠢᠯᠲᠡ ᠨᠢ ᠤᠳᠠᠭᠠᠨ᠂ ᠵᠠᠬ᠎ᠠ ᠳᠡᠯᠭᠡᠭᠦᠷ ᠤᠨ ᠡᠮᠬᠢ ᠲᠢᠭᠯᠢᠮ ᠨᠢ ᠵᠢᠷᠤᠮᠵᠢᠭᠠᠳᠤᠢ ᠵᠡᠷᠭᠡ ᠠᠰᠠᠭᠤᠳᠠᠯ ᠢ | ᠪᠦᠲᠦᠮᠵᠢᠲᠡᠢ ᠰᠢᠢᠳᠪᠦᠷᠢᠯᠡᠬᠦ ᠶᠢᠨ ᠲᠤᠰᠠᠳᠠ᠂ ᠦᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠢᠶᠠᠷ ᠵᠥᠪᠰᠢᠶᠡᠷᠡᠭᠦᠯᠦᠭᠡᠳ᠂ ᠡᠳᠦᠭᠡ ᠳᠣᠣᠷᠠᠬᠢ ᠮᠡᠲᠦ ᠰᠠᠨᠠᠯ ᠢ ᠳᠤᠷᠠᠳᠪᠠ᠃ | ᠨᠢᠭᠡ᠂ ᠶᠡᠷᠦᠩᠬᠡᠢ ᠱᠠᠭᠠᠷᠳᠠᠯᠭ᠎ᠠ | ︵ᠨᠢᠭᠡ︶ ᠵᠢᠯᠤᠭᠤᠳᠬᠤ ᠦᠵᠡᠯ ᠰᠠᠨᠠᠭ᠎ᠠ᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠣᠯᠣᠨ ᠠᠷᠪᠠᠨ | ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ᠂ ᠵᠢᠷᠭᠤᠳᠤᠭᠠᠷ | ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠰᠢᠨ᠎ᠡ ᠶᠢ | ᠡᠭᠦᠳᠬᠦ᠂ ᠵᠣᠬᠢᠴᠠᠩᠭᠤᠢ᠂ ᠪᠤᠬᠢᠷᠳᠤᠯ ᠦᠭᠡᠢ᠂ ᠨᠡᠭᠡᠭᠡᠯᠲᠡ ᠲᠠᠢ᠂ ᠬᠠᠮᠲᠤᠪᠠᠷ ᠬᠦᠷᠲᠡᠬᠦ ᠬᠥᠭᠵᠢᠯᠲᠡ ᠶᠢᠨ | ᠣᠨᠣᠯᠵᠢᠬᠤᠨ ᠢ ᠪᠠᠲᠤ ᠪᠠᠬᠢ ᠪᠣᠢ ᠪᠣᠯᠭᠠᠬᠤ ᠪᠠ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠰᠢᠨ᠎ᠡ ᠬᠡᠯᠪᠡᠷᠢ ᠶᠢᠨ | ᠬᠤᠲᠠ ᠪᠠᠯᠭᠠᠰᠤᠵᠢᠯᠲᠠ ᠶᠢᠨ ᠪᠦᠲᠦᠭᠡᠨ ᠪᠠᠶᠢᠭᠤᠯᠤᠯᠲᠠ ᠯᠤᠭ᠎ᠠ ᠨᠢᠭᠲᠠ ᠴᠢᠩᠭ᠎ᠠ ᠤᠶᠠᠯᠳᠤᠭᠤᠯᠤᠨ᠂ ᠰᠠᠭᠤᠭᠠᠯᠢ | ᠠᠷᠠᠳ ᠤᠨ ᠣᠷᠣᠰᠢᠨ ᠰᠠᠭᠤᠬᠤ ᠨᠦᠬᠦᠴᠡᠯ ᠢ ᠰᠠᠶᠢᠵᠢᠷᠠᠭᠤᠯᠬᠤ ᠪᠠᠷ ᠦᠨᠳᠦᠰᠦ ᠪᠣᠯᠭᠠᠵᠤ᠂ ᠳᠦᠷᠢᠶᠡᠰᠦᠯᠡᠬᠦ ᠪᠠ | ᠬᠤᠳᠠᠯᠳᠤᠨ ᠠᠪᠬᠤ ᠶᠢ ᠬᠤᠣᠰᠯᠠᠭᠤᠯᠤᠭᠰᠠᠨ ᠣᠷᠣᠨ ᠰᠠᠭᠤᠴᠠ ᠶᠢᠨ ᠳᠦᠷᠢᠮ ᠢ ᠪᠠᠶᠢᠭᠤᠯᠬᠤ ᠪᠠᠷ ᠭᠤᠣᠯ ᠴᠢᠭᠯᠡᠯ | ᠪᠣᠯᠭᠠᠨ᠂ ᠵᠠᠬ᠎ᠠ ᠳᠡᠯᠭᠡᠭᠦᠷ ᠤᠨ ᠲᠣᠬᠢᠷᠠᠭᠤᠯᠤᠯᠲᠠ ᠪᠠᠷ ᠭᠤᠣᠯ ᠪᠣᠯᠭᠠᠭᠰᠠᠨ᠂ ᠵᠠᠰᠠᠭ ᠤᠨ ᠣᠷᠳᠣᠨ ᠠᠴᠠ | ᠦᠨᠳᠦᠰᠦᠨ ᠪᠠᠲᠤᠯᠠᠭ᠎ᠠ ᠬᠠᠩᠭᠠᠭᠰᠠᠨ ᠣᠷᠣᠨ ᠰᠠᠭᠤᠴᠠ ᠶᠢᠨ ᠳᠦᠷᠢᠶᠡᠰᠦᠯᠡᠯ ᠤᠨ ᠰᠢᠰᠲ᠋ᠧᠮᠵᠢ ᠶᠢ | ᠪᠦᠷᠢᠨᠰᠢᠭᠦᠯᠦᠨ᠎ᠡ᠃ ᠲᠣᠬᠠᠢ ᠶᠢᠨ ᠭᠠᠵᠠᠷ ᠣᠷᠣᠨ ᠤ ᠪᠠᠶᠢᠳᠠᠯ ᠳᠤᠨᠢ ᠲᠣᠬᠢᠷᠠᠭᠤᠯᠬᠤ ᠶᠢ ᠪᠠᠷᠢᠮᠲᠠᠯᠠᠵᠤ᠂ ᠡᠯ᠎ᠡ | ᠭᠠᠵᠠᠷ ᠣᠷᠣᠨ ᠢ ᠬᠦᠲᠦᠯᠦᠨ ᠵᠢᠯᠤᠭᠤᠳᠬᠤ ᠪᠠ ᠵᠣᠷᠢᠬᠵᠢᠭᠤᠯᠵᠤ ᠪᠠᠶᠢᠭᠠᠳ ᠲᠣᠬᠠᠢ ᠶᠢᠨ ᠭᠠᠵᠠᠷ ᠤᠨ ᠠᠵᠤ | ᠠᠬᠤᠢ ᠨᠡᠶᠢᠭᠡᠮ᠂ ᠰᠢᠨ᠎ᠡ ᠬᠡᠯᠪᠡᠷᠢ ᠶᠢᠨ ᠬᠤᠲᠠ ᠪᠠᠯᠭᠠᠰᠤᠵᠢᠯᠲᠠ ᠪᠣᠯᠣᠨ ᠭᠡᠷ ᠪᠠᠶᠢᠰᠢᠩ ᠭᠠᠵᠠᠷ ᠬᠦᠷᠦᠩᠭᠡ ᠶᠢᠨ | ᠵᠠᠬ᠎ᠠ ᠳᠡᠯᠭᠡᠭᠦᠷ ᠤᠨ ᠬᠥᠭᠵᠢᠯᠲᠡ ᠶᠢᠨ ᠪᠠᠶᠢᠳᠠᠯ ᠢ ᠦᠨᠳᠦᠰᠦᠯᠡᠨ᠂ ᠣᠷᠣᠨ ᠰᠠᠭᠤᠴᠠ ᠶᠢᠨ ᠳᠦᠷᠢᠶᠡᠰᠦᠯᠡᠯ ᠤᠨ | ᠵᠠᠬ᠎ᠠ ᠳᠡᠯᠭᠡᠭᠦᠷ ᠢ ᠬᠥᠭᠵᠢᠭᠦᠯᠬᠦ ᠪᠣᠲᠠᠲᠠᠢ ᠬᠠᠷᠠᠯᠲᠠ ᠪᠣᠯᠣᠨ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ | ᠰᠢᠨᠵᠢᠯᠡᠬᠦ ᠤᠬᠠᠭᠠᠨᠴᠢ ᠪᠠᠷ ᠲᠣᠭᠲᠠᠭᠠᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠤᠨ ᠬᠠᠤᠯᠢ ᠲᠣᠭᠲᠠᠭᠠᠯ | ᠳᠦᠷᠢᠮ ᠤᠨ ᠪᠠᠶᠢᠭᠤᠯᠤᠯᠲᠠ ᠶᠢ ᠤᠯᠠᠮ ᠨᠢᠭᠡ ᠠᠯᠬᠤᠮ ᠴᠢᠩᠭᠠᠳᠬᠠᠵᠤ᠂ ᠣᠷᠣᠨ ᠰᠠᠭᠤᠴᠠ ᠶᠢᠨ | ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠡᠮᠬᠢ ᠲᠢᠭᠯᠢᠮ ᠪᠠ ᠭᠤᠣᠯ ᠴᠤᠭᠴᠠ ᠶᠢᠨ ᠠᠵᠢᠯᠯᠠᠭ᠎ᠠ ᠶᠢ ᠵᠢᠷᠤᠮᠵᠢᠭᠤᠯᠤᠨ | ᠂ ᠣᠷᠣᠨ ᠰᠠᠭᠤᠴᠠ ᠳᠦᠷᠢᠶᠡᠰᠦᠯᠡᠬᠦ ᠲᠣᠬᠠᠢ ᠶᠢᠨ ᠬᠦᠮᠦᠨ ᠤ ᠬᠠᠤᠯᠢ ᠶᠤᠰᠤᠨ ᠤ ᠡᠷᠬᠡ ᠠᠰᠢᠭ ᠢ ᠪᠠᠲᠤᠯᠠᠵᠤ᠂ | ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠶᠢ | ᠠᠬᠢᠭᠤᠯᠤᠨ᠎ᠠ᠃ | ︵ᠬᠤᠶᠠᠷ︶ ᠬᠥᠭᠵᠢᠯᠲᠡ ᠶᠢᠨ ᠬᠠᠷᠠᠯᠲᠠ᠃ 2020 ᠣᠨ ᠪᠤᠯᠲᠠᠯ᠎ᠠ ᠬᠠᠩᠭᠠᠯᠭ᠎ᠠ ᠶᠢᠨ ᠭᠤᠣᠯ | ᠴᠤᠭᠴᠠ ᠨᠢ ᠣᠯᠠᠨ ᠡᠰᠢᠲᠦ᠂ ᠡᠵᠡᠩᠨᠡᠯᠲᠡ ᠦᠢᠯᠡᠴᠢᠯᠡᠭᠡ ᠨᠢ ᠵᠢᠷᠤᠮᠵᠢᠯ ᠲᠠᠢ᠂ ᠳᠦᠷᠢᠶᠡᠰᠦᠯᠡᠬᠦ ᠬᠠᠷᠢᠴᠠᠭ᠎ᠠ ᠨᠢ | ᠲᠣᠭᠲᠠᠭᠤᠨ ᠪᠠᠶᠢᠬᠤ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠰᠢᠰᠲ᠋ᠧᠮᠵᠢ ᠶᠢ | ᠦᠨᠳᠦᠰᠦᠨ ᠳᠡᠭᠡᠨ ᠪᠣᠢ ᠪᠣᠯᠭᠠᠬᠤ ᠪᠦᠭᠡᠳ ᠦᠨᠳᠦᠰᠦ ᠶᠢ ᠪᠠᠲᠤᠯᠠᠬᠤ᠂ ᠲᠥᠪ ᠭᠤᠣᠯᠴᠢ ᠪᠠᠶᠢᠬᠤ ᠶᠢ ᠠᠬᠢᠭᠤᠯᠬᠤ | ᠂ ᠦᠷᠭᠦᠯᠵᠢᠯᠡᠵᠦ ᠪᠣᠯᠬᠤᠶᠢᠴᠠ ᠣᠯᠠᠨ ᠨᠡᠶᠢᠲᠡ ᠶᠢᠨ ᠳᠦᠷᠢᠶᠡᠰᠦᠯᠡᠬᠦ ᠣᠷᠣᠨ ᠰᠠᠭᠤᠴᠠ ᠶᠢᠨ ᠪᠠᠲᠤᠯᠠᠭ᠎ᠠ ᠶᠢᠨ | ᠰᠢᠰᠲ᠋ᠧᠮᠵᠢ ᠶᠢ ᠦᠨᠳᠦᠰᠦᠨ ᠳᠡᠭᠡᠨ ᠪᠦᠷᠢᠯᠳᠦᠭᠦᠯᠵᠦ᠂ ᠵᠠᠬ᠎ᠠ ᠳᠡᠯᠭᠡᠭᠦᠷ ᠤᠨ ᠳᠦᠷᠢᠮ ᠨᠢ ᠢᠯᠡ ᠲᠤᠳᠤ᠂ | ᠵᠠᠰᠠᠭ ᠤᠨ ᠣᠷᠳᠣᠨ ᠤ ᠬᠢᠨᠠᠯᠲᠠ ᠬᠠᠮᠢᠶᠠᠷᠤᠯᠲᠠ ᠨᠢ ᠬᠦᠴᠦᠨ ᠲᠡᠭᠦᠯᠳᠡᠷ᠂ ᠡᠷᠬᠡ ᠠᠰᠢᠭ ᠤᠨ ᠪᠠᠲᠤᠯᠠᠭ᠎ᠠ ᠨᠢ | ᠪᠦᠷᠢᠨ ᠭᠦᠢᠴᠡᠳ ᠪᠠᠶᠢᠬᠤ ᠣᠷᠣᠨ ᠰᠠᠭᠤᠴᠠ ᠶᠢᠨ ᠳᠦᠷᠢᠶᠡᠰᠦᠯᠡᠯ ᠤᠨ ᠬᠠᠤᠯᠢ ᠲᠣᠭᠲᠠᠭᠠᠯ ᠳᠦᠷᠢᠮ ᠤᠨ | ᠰᠢᠰᠲ᠋ᠧᠮᠵᠢ ᠶᠢ ᠦᠨᠳᠦᠰᠦᠨ ᠳᠡᠭᠡᠨ ᠪᠦᠷᠢᠯᠳᠦᠭᠦᠯᠵᠦ᠂ ᠬᠤᠲᠠ ᠪᠠᠯᠭᠠᠰᠤ ᠶᠢᠨ ᠰᠠᠭᠤᠭᠠᠯᠢ ᠠᠷᠠᠳ ᠢᠯᠠᠩᠭᠤᠶ᠎ᠠ | ᠰᠢᠨ᠎ᠡ ᠬᠤᠲᠠ ᠶᠢᠨ ᠠᠷᠠᠳ ᠤᠨ ᠣᠷᠣᠰᠢᠨ ᠰᠠᠭᠤᠬᠤ ᠳᠤ ᠣᠷᠣᠨ ᠰᠠᠭᠤᠴᠠ ᠲᠠᠢ ᠪᠠᠶᠢᠬᠤ ᠬᠠᠷᠠᠯᠲᠠ ᠶᠢ | ᠪᠡᠶᠡᠯᠡᠭᠦᠯᠬᠦ ᠶᠢ ᠠᠬᠢᠭᠤᠯᠤᠨ᠎ᠠ᠃ | ᠬᠤᠶᠠᠷ᠂ ᠵᠠᠬ᠎ᠠ ᠳᠡᠯᠭᠡᠭᠦᠷ ᠤᠨ ᠬᠠᠩᠭᠠᠯᠭ᠎ᠠ ᠶᠢᠨ ᠭᠤᠣᠯ ᠴᠤᠭᠴᠠ ᠶᠢ ᠪᠤᠶᠢᠵᠢᠭᠤᠯᠤᠨ᠎ᠠ | ︵ᠭᠤᠷᠪᠠ︶ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠢ ᠬᠥᠭᠵᠢᠭᠦᠯᠦᠨ᠎ᠡ᠃ ᠵᠠᠬ᠎ᠠ | ᠳᠡᠯᠭᠡᠭᠦᠷ ᠤᠨ ᠦᠢᠯᠡᠳᠦᠯ ᠢ ᠭᠦᠢᠴᠡᠳ ᠪᠠᠳᠠᠷᠠᠭᠤᠯᠵᠤ᠂ ᠬᠠᠤᠯᠢ ᠴᠠᠭᠠᠵᠠ᠂ ᠬᠠᠤᠯᠢ ᠲᠣᠭᠲᠠᠭᠠᠯ ᠳᠤ | ᠲᠤᠭᠲᠠᠭᠠᠯ ᠲᠠᠢ ᠠᠴᠠ ᠭᠠᠳᠠᠨ᠎ᠠ᠂ ᠡᠯ᠎ᠡ ᠵᠦᠢᠯ ᠤᠨ ᠠᠵᠤ ᠠᠬᠤᠢ ᠶᠢᠨ ᠪᠦᠷᠢᠯᠳᠦᠭᠦᠨ᠂ ᠡᠯ᠎ᠡ ᠲᠦᠷᠦᠯ ᠤᠨ ᠪᠡᠯᠡ | ᠣᠷᠤᠭᠤᠯᠤᠯᠲᠠ ᠶᠢᠨ ᠭᠤᠣᠯ ᠴᠤᠭᠴᠠ ᠪᠠ ᠪᠠᠶᠢᠭᠠᠯᠢ ᠬᠦᠮᠦᠨ ᠤ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ | ᠠᠬᠤᠶᠢᠯᠠᠯ ᠢ ᠡᠭᠦᠰᠭᠡᠨ ᠪᠠᠶᠢᠭᠤᠯᠬᠤ ᠶᠢ ᠵᠥᠪᠰᠢᠶᠡᠷᠡᠵᠦ᠂ ᠡᠰᠡᠭᠦᠯ᠎ᠡ ᠡᠵᠡᠩᠨᠡᠯᠲᠡ ᠶᠢᠨ ᠬᠦᠷᠢᠶ᠎ᠡ ᠬᠡᠪᠴᠢᠶ᠎ᠡ ᠪᠠᠨ | ᠥᠷᠭᠡᠳᠭᠡᠨ ᠣᠷᠣᠨ ᠰᠠᠭᠤᠴᠠ ᠶᠢᠨ ᠳᠦᠷᠢᠶᠡᠰᠦᠯᠡᠯ ᠤᠨ ᠲᠣᠬᠠᠶᠢᠯᠠᠭᠰᠠᠨ ᠠᠵᠢᠯ ᠢ ᠲᠤᠰᠬᠠᠶᠢᠯᠠᠨ ᠡᠵᠡᠩᠨᠡᠬᠦ ᠪᠣᠶᠣ | ᠬᠠᠪᠰᠤᠷᠭᠠᠨ ᠡᠵᠡᠩᠨᠡᠵᠦ᠂ ᠲᠤᠰᠬᠠᠢ ᠪᠦᠭᠡᠳ ᠵᠢᠷᠤᠮᠵᠢᠯ ᠲᠠᠢ ᠣᠷᠣᠨ ᠰᠠᠭᠤᠴᠠ ᠶᠢᠨ ᠳᠦᠷᠢᠶᠡᠰᠦᠯᠡᠯ ᠤᠨ | ᠦᠢᠯᠡᠴᠢᠯᠡᠭᠡ ᠶᠢ ᠬᠠᠩᠭᠠᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠤᠨ ᠤᠷᠲᠤ | ᠬᠤᠭᠤᠴᠠᠭ᠎ᠠ ᠪᠠᠷ ᠳᠦᠷᠢᠶᠡᠰᠦᠯᠡᠬᠦ ᠪᠤᠶᠤ ᠬᠤᠳᠠᠯᠳᠤᠨ ᠠᠪᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠨ ᠭᠡᠷ | ᠪᠠᠶᠢᠰᠢᠩ ᠤᠨ ᠢᠷᠡᠯᠲᠡ ᠶᠢ ᠣᠯᠠᠨ ᠠᠷᠭ᠎ᠠ ᠵᠠᠮ ᠢᠶᠠᠷ ᠴᠤᠭᠯᠠᠭᠤᠯᠬᠤ ᠶᠢ ᠵᠣᠷᠢᠬᠵᠢᠭᠤᠯᠵᠤ᠂ ᠬᠡᠪᠴᠢᠶᠡᠵᠢᠭᠰᠡᠨ᠂ | ᠡᠷᠴᠢᠮᠵᠢᠭᠰᠡᠨ᠂ ᠲᠤᠰᠬᠠᠶᠢᠵᠢᠭᠰᠠᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠂ ᠲᠤᠮᠤ᠂ ᠳᠤᠮᠳᠠ᠂ ᠵᠢᠵᠢᠭ ᠣᠷᠣᠨ | ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠤᠨ ᠵᠣᠬᠢᠴᠠᠩᠭᠤᠢ ᠬᠥᠭᠵᠢᠭᠰᠡᠨ ᠪᠠᠶᠢᠷᠢᠰᠢᠯ ᠢ ᠪᠣᠢ ᠪᠣᠯᠭᠠᠵᠤ | ᠂ ᠲᠠᠰᠤᠷᠠᠯᠲᠠ ᠦᠭᠡᠢ ᠨᠡᠮᠡᠭᠳᠡᠵᠦ ᠪᠦᠬᠦᠢ ᠣᠷᠣᠨ ᠰᠠᠭᠤᠴᠠ ᠶᠢᠨ ᠳᠦᠷᠢᠶᠡᠰᠦᠯᠡᠯ ᠤᠨ ᠬᠡᠷᠡᠭᠴᠡᠭᠡ ᠱᠠᠭᠠᠷᠳᠠᠯᠭ᠎ᠠ ᠶᠢ | ᠬᠠᠩᠭᠠᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠢ ᠲᠤᠰᠬᠠᠢ ᠡᠵᠡᠩᠨᠡᠬᠦ ᠪᠣᠶᠣ ᠬᠠᠪᠰᠤᠷᠭᠠᠨ ᠡᠵᠡᠩᠨᠡᠵᠦ ᠪᠦᠬᠦᠢ | ᠠᠵᠤ ᠠᠬᠤᠶᠢᠯᠠᠯ ᠤᠳ ᠲᠤ ᠠᠮᠢᠳᠤᠷᠠᠯ ᠤᠨ ᠴᠢᠨᠠᠷᠲᠠᠢ ᠦᠢᠯᠡᠴᠢᠯᠡᠭᠡᠨ ᠤ ᠦᠢᠯᠡᠰ ᠤᠨ ᠬᠠᠮᠢᠶ᠎ᠠ ᠪᠦᠬᠦᠢ | ᠳᠡᠮᠵᠢᠯᠭᠡ ᠶᠢᠨ ᠲᠥᠷᠥ ᠶᠢᠨ ᠪᠣᠳᠣᠯᠭ᠎ᠠ ᠶᠢ ᠬᠦᠷᠲᠡᠭᠡᠨ᠎ᠡ᠃ | ︵ᠳᠥᠷᠪᠡ︶ ᠭᠡᠷ ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠤᠨ ᠣᠷᠣᠨ | ᠰᠠᠭᠤᠴᠠ ᠶᠢᠨ ᠳᠦᠷᠢᠶᠡᠰᠦᠯᠡᠯ ᠤᠨ ᠦᠢᠯᠡᠴᠢᠯᠡᠭᠡ ᠦᠷᠨᠢᠭᠦᠯᠬᠦ ᠶᠢ ᠳᠡᠮᠵᠢᠨ᠎ᠡ᠃ ᠭᠡᠷ ᠪᠠᠶᠢᠰᠢᠩ ᠭᠠᠵᠠᠷ | ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠤᠨ ᠰᠢᠨ᠎ᠡ ᠪᠠᠷ ᠪᠠᠶᠢᠭᠤᠯᠤᠭᠰᠠᠨ ᠲᠠᠸᠠᠷ ᠤᠨ ᠭᠡᠷ ᠪᠠᠶᠢᠰᠢᠩ ᠤᠨ | ᠲᠦᠷᠦᠯ ᠵᠦᠢᠯ ᠳᠠᠬᠢ ᠬᠡᠰᠡᠭ ᠭᠡᠷ ᠪᠠᠶᠢᠰᠢᠩ ᠤᠨ ᠢᠷᠡᠯᠲᠡ ᠶᠢ ᠤᠷᠲᠤ ᠬᠤᠭᠤᠴᠠᠭ᠎ᠠ ᠪᠠᠷ ᠡᠵᠡᠮᠰᠢᠬᠦ ᠪᠤᠶᠤ | ᠡᠵᠡᠮᠰᠢᠵᠦ ᠪᠦᠬᠦᠢ ᠦᠯᠡᠳᠡᠭᠡᠯ ᠣᠷᠣᠨ ᠰᠠᠭᠤᠴᠠ ᠶᠢ ᠣᠷᠣᠨ ᠰᠠᠭᠤᠴᠠ ᠶᠢᠨ ᠳᠦᠷᠢᠶᠡᠰᠦᠯᠡᠯ ᠤᠨ ᠲᠤᠬᠠᠶᠢᠯᠠᠭᠰᠠᠨ | ᠠᠵᠢᠯ ᠦᠷᠨᠢᠭᠦᠯᠬᠦ ᠳᠤ ᠬᠡᠷᠡᠭᠯᠡᠬᠦ ᠶᠢ ᠵᠣᠷᠢᠬᠵᠢᠭᠤᠯᠵᠤ᠂ ᠡᠰᠡᠭᠦᠯ᠎ᠡ ᠳᠦᠷᠢᠶᠡᠰᠦᠯᠡᠯ ᠤᠨ ᠬᠡᠯᠪᠡᠷᠢ ᠶᠢᠨ ᠨᠠᠰᠤᠵᠢᠯ ᠤᠨ | ᠭᠠᠵᠠᠷ ᠬᠦᠷᠦᠩᠭᠡ᠂ ᠵᠢᠭᠤᠯᠴᠢᠯᠠᠯ ᠤᠨ ᠭᠠᠵᠠᠷ ᠬᠦᠷᠦᠩᠭᠡ ᠵᠡᠷᠭᠡ ᠪᠣᠯᠭᠠᠨ ᠬᠤᠪᠢᠷᠠᠭᠤᠯᠤᠨ᠂ ᠭᠡᠷ ᠪᠠᠶᠢᠰᠢᠩ ᠭᠠᠵᠠᠷ | ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠤᠨ ᠳᠠᠩ ᠴᠤᠯᠭᠤᠢ ᠪᠣᠷᠤᠯᠠᠭᠤᠯᠭ᠎ᠠ ᠡᠵᠡᠩᠨᠡᠯᠲᠡ ᠶᠢᠨ | ᠵᠠᠭᠪᠤᠷ ᠠᠴᠠ ᠪᠠᠨ ᠳᠦᠷᠢᠶᠡᠰᠦᠯᠡᠬᠦ ᠪᠠ ᠪᠣᠷᠤᠯᠠᠭᠤᠯᠬᠤ ᠶᠢ ᠬᠤᠣᠰᠯᠠᠭᠤᠯᠤᠭᠰᠠᠨ ᠵᠠᠭᠪᠤᠷ ᠲᠡᠰᠢ ᠬᠤᠪᠢᠷᠠᠭᠤᠯᠬᠤ ᠶᠢ | ᠠᠬᠢᠭᠤᠯᠵᠤ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠦᠢᠯᠡᠰ ᠢ ᠤᠯᠠᠮ ᠨᠢᠭᠡ ᠠᠯᠬᠤᠮ | ᠬᠥᠭᠵᠢᠭᠦᠯᠦᠨ᠎ᠡ᠃ ᠭᠡᠷ ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠤᠨ ᠣᠷᠣᠨ | ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠯᠤᠭ᠎ᠠ ᠬᠠᠮᠲᠤᠷᠠᠯᠴᠠᠬᠤ ᠶᠢ ᠵᠣᠷᠢᠬᠵᠢᠭᠤᠯᠵᠤ᠂ ᠨᠡᠭᠡᠭᠡᠨ | ᠬᠥᠭᠵᠢᠭᠦᠯᠬᠦ ᠪᠠ ᠳᠦᠷᠢᠶᠡᠰᠦᠯᠡᠬᠦ ᠶᠢ ᠨᠢᠭᠡ ᠴᠤᠭᠴᠠᠵᠢᠭᠤᠯᠤᠭᠰᠠᠨ᠂ ᠲᠤᠰᠬᠠᠶᠢᠵᠢᠭᠰᠠᠨ ᠠᠵᠢᠯᠯᠠᠬᠤ ᠵᠠᠭᠪᠤᠷ ᠢ | ᠪᠠᠶᠢᠭᠤᠯᠤᠨ᠎ᠠ᠃ ᠭᠡᠷ ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠤᠨ ︽ | ᠳᠦᠷᠢᠶᠡᠰᠦᠯᠡᠬᠦ ᠪᠠᠷ ᠪᠣᠷᠤᠯᠠᠭᠤᠯᠬᠤ ᠶᠢ ᠣᠷᠤᠯᠠᠭᠤᠯᠬᠤ︾ ᠠᠷᠭ᠎ᠠ ᠮᠠᠶ᠋ᠢᠭ ᠢᠶᠠᠷ ᠳᠠᠮᠵᠢᠨ ᠰᠢᠨ᠎ᠡ ᠪᠠᠷ | ᠪᠠᠶᠢᠭᠤᠯᠤᠭᠰᠠᠨ ᠲᠠᠸᠠᠷ ᠤᠨ ᠭᠡᠷ ᠪᠠᠶᠢᠰᠢᠩ ᠳᠤ ᠤᠷᠢᠳᠴᠢᠯᠠᠨ ᠵᠤᠭᠤᠰ ᠦᠯᠦ ᠲᠤᠰᠢᠶᠠᠬᠤ ᠪᠣᠷᠤᠯᠠᠭᠤᠯᠭ᠎ᠠ ᠶᠢ | ᠬᠡᠷᠡᠭᠵᠢᠭᠦᠯᠵᠦ᠂ ᠬᠤᠳᠠᠯᠳᠤᠨ ᠠᠪᠤᠭᠴᠢ ᠨᠢ ᠵᠣᠬᠢᠬᠤ ᠬᠤᠭᠤᠴᠠᠭᠠᠨ ᠳᠣᠳᠤᠷ᠎ᠠ ᠭᠡᠷ ᠪᠠᠶᠢᠰᠢᠩ ᠤᠨ ᠵᠤᠭᠤᠰ ︵ | ᠳᠦᠷᠢᠶᠡᠰᠦᠨ ᠮᠦᠩᠭᠦ︶ ᠪᠣᠯᠣᠨ ᠬᠦᠦ ᠮᠦᠩᠭᠦ ᠶᠢ ᠰᠠᠷ᠎ᠠ ᠰᠠᠷ᠎ᠠ ᠪᠠᠷ ᠲᠦᠯᠦᠭᠰᠡᠨ ᠤ ᠳᠠᠷᠠᠭ᠎ᠠ ᠭᠡᠷ ᠪᠠᠶᠢᠰᠢᠩ ᠤᠨ | ᠦᠮᠴᠢᠯᠡᠬᠦ ᠡᠷᠬᠡ ᠶᠢ ᠣᠯᠭᠤᠨ᠎ᠠ᠃ | ︵ᠲᠠᠪᠤ︶ ᠠᠳᠠᠯ ᠠᠬᠤᠢ ᠶᠢᠨ ᠦᠢᠯᠡᠴᠢᠯᠡᠭᠡᠨ ᠤ ᠠᠵᠤ ᠠᠬᠤᠶᠢᠯᠠᠯ ᠢ ᠬᠦᠲᠦᠯᠦᠨ ᠵᠢᠯᠤᠭᠤᠳᠴᠤ ᠪᠠᠶᠢᠭᠠᠳ | ᠣᠷᠣᠨ ᠰᠠᠭᠤᠴᠠ ᠶᠢᠨ ᠳᠦᠷᠢᠶᠡᠰᠦᠯᠡᠯ ᠤᠨ ᠦᠢᠯᠡᠴᠢᠯᠡᠭᠡ ᠶᠢ ᠡᠷᠬᠢᠯᠡᠭᠦᠯᠦᠨ᠎ᠡ᠃ ᠠᠳᠠᠯ ᠠᠬᠤᠢ ᠶᠢᠨ | ᠦᠢᠯᠡᠴᠢᠯᠡᠭᠡᠨ ᠤ ᠠᠵᠤ ᠠᠬᠤᠶᠢᠯᠠᠯ ᠤᠨ ᠣᠷᠣᠨ ᠰᠠᠭᠤᠴᠠ ᠶᠢᠨ ᠲᠣᠭᠤᠷᠢᠭ ᠢ ᠬᠠᠮᠢᠶᠠᠷᠴᠤ ᠦᠢᠯᠡᠴᠢᠯᠡᠬᠦ ᠶᠢᠨ | ᠳᠠᠪᠠᠭᠤᠯᠢᠭ ᠢ ᠭᠦᠢᠴᠡᠳ ᠪᠠᠳᠠᠷᠠᠭᠤᠯᠵᠤ᠂ ᠠᠳᠠᠯ ᠠᠬᠤᠢ ᠶᠢᠨ ᠦᠢᠯᠡᠴᠢᠯᠡᠭᠡᠨ ᠤ ᠠᠵᠤ ᠠᠬᠤᠶᠢᠯᠠᠯ ᠤᠨ ᠭᠡᠷ | ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ᠂ ᠦᠮᠴᠢᠲᠡᠨ ᠤ ᠨᠠᠶᠢᠳᠠᠯᠭ᠎ᠠ ᠶᠢ ᠬᠦᠯᠢᠶᠡᠬᠦ | ᠪᠣᠶᠣ ᠦᠪᠡᠰᠦᠪᠡᠨ ᠣᠷᠤᠯᠠᠬᠤ ᠶᠢ ᠳᠡᠮᠵᠢᠵᠦ᠂ ᠬᠤᠳᠠᠯᠳᠤᠭᠠᠳᠤᠢ ᠪᠣᠶᠣ ᠰᠠᠭᠤᠭᠠᠳᠤᠢ ᠭᠡᠷ ᠪᠠᠶᠢᠰᠢᠩ ᠢ | ᠳᠦᠷᠢᠶᠡᠰᠦᠯᠡᠨ᠂ ᠣᠷᠣᠨ ᠰᠠᠭᠤᠴᠠ ᠶᠢᠨ ᠲᠣᠭᠤᠷᠢᠭ ᠤᠨ ᠣᠷᠣᠵᠤ ᠰᠠᠭᠤᠬᠤ ᠨᠤᠷᠮ᠎ᠠ ᠶᠢ ᠳᠡᠭᠡᠭᠰᠢᠯᠡᠭᠦᠯᠦᠨ᠎ᠡ᠃ | ᠠᠳᠠᠯ ᠠᠬᠤᠢ ᠶᠢᠨ ᠦᠢᠯᠡᠴᠢᠯᠡᠭᠡᠨ ᠤ ᠠᠵᠤ ᠠᠬᠤᠶᠢᠯᠠᠯ ᠨᠢ ᠣᠷᠣᠨ ᠰᠠᠭᠤᠴᠠ ᠶᠢᠨ ᠳᠦᠷᠢᠶᠡᠰᠦᠯᠡᠯ ᠤᠨ ᠮᠡᠳᠡᠭᠡ | ᠵᠠᠩᠭᠢ ᠶᠢ ᠴᠤᠭᠯᠠᠭᠤᠯᠬᠤ ᠪᠠ ᠳᠦᠷᠢᠶᠡᠰᠦᠯᠡᠬᠦ ᠦᠢᠯᠡᠴᠢᠯᠡᠭᠡᠨ ᠤ ᠬᠠᠮᠢᠶᠠᠷᠤᠯᠲᠠ ᠶᠢᠨ ᠠᠵᠢᠯ ᠳᠤ ᠢᠳᠡᠪᠬᠢᠲᠡᠢ | ᠣᠷᠤᠯᠴᠠᠵᠤ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠡᠷᠡᠭᠦᠯ ᠢᠶᠠᠷ ᠬᠥᠭᠵᠢᠬᠦ ᠳᠤ | ᠳᠦᠭᠦᠮ ᠨᠦᠬᠦᠴᠡᠯ ᠢ ᠬᠠᠩᠭᠠᠨ᠎ᠠ᠃ | ︵ᠵᠢᠷᠭᠤᠭ᠎ᠠ︶ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠭᠤᠴᠢᠯᠠᠬᠤ ᠪᠠᠶᠢᠭᠤᠯᠤᠮᠵᠢ ᠶᠢ | ᠵᠢᠷᠤᠮᠵᠢᠭᠤᠯᠤᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠭᠤᠴᠢᠯᠠᠬᠤ ᠪᠠᠶᠢᠭᠤᠯᠤᠮᠵᠢ ᠶᠢᠨ ᠦᠢᠯᠡᠳᠦᠯ ᠢ | ᠭᠦᠢᠴᠡᠳ ᠪᠠᠳᠠᠷᠠᠭᠤᠯᠵᠤ᠂ ᠣᠷᠣᠨ ᠰᠠᠭᠤᠴᠠ ᠳᠦᠷᠢᠶᠡᠰᠦᠯᠡᠬᠦ ᠲᠣᠬᠠᠢ ᠶᠢᠨ ᠬᠦᠮᠦᠨ ᠳᠤ ᠳᠦᠷᠢᠶᠡᠰᠦᠯᠡᠬᠦ | ᠬᠤᠭᠤᠴᠠᠭᠠᠨ ᠳᠠᠬᠢ ᠵᠢᠷᠤᠮᠵᠢᠭᠰᠠᠨ ᠦᠢᠯᠡᠴᠢᠯᠡᠭᠡ ᠶᠢ ᠬᠠᠩᠭᠠᠨ᠎ᠠ᠃ ᠵᠠᠭᠤᠴᠢᠯᠠᠬᠤ ᠦᠢᠯᠡᠴᠢᠯᠡᠭᠡ ᠶᠢᠨ ᠶᠠᠰᠤ | ᠴᠢᠨᠠᠷ ᠢ ᠴᠢᠷᠮᠠᠶᠢᠨ ᠳᠡᠭᠡᠭᠰᠢᠯᠡᠭᠦᠯᠵᠦ᠂ ᠠᠵᠢᠯ ᠡᠷᠬᠢᠯᠡᠭᠴᠢᠳ ᠤᠨ ᠬᠡᠪ ᠴᠢᠨᠠᠷ ᠢ ᠲᠠᠰᠤᠷᠠᠯᠲᠠ ᠦᠭᠡᠢ | ᠳᠡᠭᠡᠭᠰᠢᠯᠡᠭᠦᠯᠦᠨ᠂ ᠵᠠᠭᠤᠴᠢᠯᠠᠬᠤ ᠪᠠᠶᠢᠭᠤᠯᠤᠮᠵᠢ ᠶᠢᠨ ᠬᠠᠤᠯᠢ ᠶᠤᠰᠤᠭᠠᠷ ᠡᠵᠡᠩᠨᠡᠬᠦ᠂ ᠦᠨᠡᠨᠴᠢ ᠢᠲᠡᠭᠡᠮᠵᠢᠲᠡᠢ᠂ | ᠲᠥᠪ ᠭᠤᠣᠯᠴᠢ ᠪᠠᠷ ᠰᠤᠯᠢᠯᠴᠠᠭ᠎ᠠ ᠬᠢᠬᠦ ᠶᠢ ᠠᠬᠢᠭᠤᠯᠤᠨ᠎ᠠ᠃ | ︵ᠳᠤᠯᠤᠭ᠎ᠠ︶ ᠬᠤᠪᠢ ᠬᠦᠮᠦᠨ ᠤ ᠣᠷᠣᠨ ᠰᠠᠭᠤᠴᠠ ᠳᠦᠷᠢᠶᠡᠰᠦᠯᠡᠭᠦᠯᠬᠦ ᠶᠢ ᠳᠡᠮᠵᠢᠬᠦ ᠪᠠ | ᠵᠢᠷᠤᠮᠵᠢᠭᠤᠯᠤᠨ᠎ᠠ᠃ ᠬᠤᠪᠢ ᠬᠦᠮᠦᠨ ᠤ ᠣᠷᠣᠨ ᠰᠠᠭᠤᠴᠠ ᠳᠦᠷᠢᠶᠡᠰᠦᠯᠡᠭᠦᠯᠬᠦ ᠶᠢ ᠵᠣᠷᠢᠬᠵᠢᠭᠤᠯᠬᠤ | ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠤᠪᠢ ᠬᠦᠮᠦᠨ ᠤ | ᠦᠪᠡᠷ ᠤᠨ ᠣᠷᠣᠨ ᠰᠠᠭᠤᠴᠠ ᠪᠠᠨ ᠬᠠᠤᠯᠢ ᠶᠤᠰᠤᠭᠠᠷ ᠳᠦᠷᠢᠶᠡᠰᠦᠯᠡᠭᠦᠯᠬᠦ ᠶᠢ ᠵᠣᠷᠢᠬᠵᠢᠭᠤᠯᠤᠨ᠎ᠠ᠃ ᠬᠤᠪᠢ | ᠬᠦᠮᠦᠨ ᠠᠴᠠ ᠦᠪᠡᠷ ᠤᠨ ᠣᠷᠣᠨ ᠰᠠᠭᠤᠴᠠ ᠪᠠᠨ ᠳᠦᠷᠢᠶᠡᠰᠦᠯᠡᠭᠦᠯᠬᠦ ᠳᠤ ᠡᠷᠬᠡᠪᠰᠢ ᠵᠢᠷᠤᠮᠵᠢᠭᠰᠠᠨ ᠭᠡᠷ᠎ᠡ ᠶᠢᠨ | ᠪᠢᠴᠢᠭ ᠢ ᠬᠡᠷᠡᠭᠯᠡᠬᠦ ᠬᠡᠷᠡᠭᠲᠡᠢ᠃ ᠬᠤᠪᠢ ᠬᠦᠮᠦᠨ ᠤ ᠣᠷᠣᠨ ᠰᠠᠭᠤᠴᠠ ᠳᠦᠷᠢᠶᠡᠰᠦᠯᠡᠭᠦᠯᠬᠦ ᠠᠵᠢᠯᠯᠠᠭ᠎ᠠ ᠶᠢ | ᠵᠢᠷᠤᠮᠵᠢᠭᠤᠯᠵᠤ᠂ ᠬᠤᠪᠢ ᠬᠦᠮᠦᠨ ᠤ ᠬᠢᠨ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠪᠣᠯᠣᠨ | ᠵᠠᠭᠤᠴᠢᠯᠠᠬᠤ ᠪᠠᠶᠢᠭᠤᠯᠤᠮᠵᠢ ᠳᠤ ᠨᠠᠶᠢᠳᠠᠨ ᠣᠷᠣᠨ ᠰᠠᠭᠤᠴᠠ ᠪᠠᠨ ᠳᠦᠷᠢᠶᠡᠰᠦᠯᠡᠭᠦᠯᠬᠦ ᠶᠢ ᠳᠡᠮᠵᠢᠨ᠎ᠡ᠃ | ᠭᠤᠷᠪᠠ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠬᠡᠷᠡᠭᠯᠡᠭᠡ ᠶᠢ ᠵᠣᠷᠢᠬᠵᠢᠭᠤᠯᠤᠨ᠎ᠠ | ︵ᠨᠠᠢᠮᠠ︶ ᠣᠷᠣᠨ ᠰᠠᠭᠤᠴᠠ ᠶᠢᠨ ᠳᠦᠷᠢᠶᠡᠰᠦᠯᠡᠯ ᠢ ᠳᠡᠮᠵᠢᠬᠦ ᠲᠥᠷᠥ ᠶᠢᠨ ᠪᠣᠳᠣᠯᠭ᠎ᠠ ᠶᠢ | ᠲᠡᠭᠦᠯᠳᠡᠷᠵᠢᠭᠦᠯᠦᠨ᠎ᠡ᠃ ᠡᠯ᠎ᠡ ᠭᠠᠵᠠᠷ ᠣᠷᠣᠨ ᠨᠢ ᠦᠪᠡᠷ ᠤᠨ ᠪᠣᠲᠠᠲᠠᠢ ᠲᠠᠢ ᠪᠠᠨ ᠤᠶᠠᠯᠳᠤᠭᠤᠯᠤᠨ᠂ ᠣᠷᠣᠨ | ᠰᠠᠭᠤᠴᠠ ᠶᠢᠨ ᠳᠦᠷᠢᠶᠡᠰᠦᠯᠡᠯ ᠤᠨ ᠬᠡᠷᠡᠭᠯᠡᠭᠡ ᠶᠢ ᠳᠡᠮᠵᠢᠬᠦ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢᠨ ᠠᠷᠭ᠎ᠠ | ᠬᠡᠮᠵᠢᠶ᠎ᠡ ᠶᠢ ᠲᠣᠭᠲᠠᠭᠠᠵᠤ᠂ ᠬᠤᠲᠠ ᠪᠠᠯᠭᠠᠰᠤ ᠶᠢᠨ ᠰᠠᠭᠤᠭᠠᠯᠢ ᠠᠷᠠᠳ ᠢ ᠬᠦᠲᠦᠯᠦᠨ ᠵᠢᠯᠤᠭᠤᠳᠴᠤ ᠪᠠᠶᠢᠭᠠᠳ ᠭᠡᠷ | ᠪᠠᠶᠢᠰᠢᠩ ᠳᠦᠷᠢᠶᠡᠰᠦᠯᠡᠬᠦ ᠪᠠᠷ ᠳᠠᠮᠵᠢᠨ ᠣᠷᠣᠰᠢᠨ ᠰᠠᠭᠤᠬᠤ ᠠᠰᠠᠭᠤᠳᠠᠯ ᠢ ᠰᠢᠢᠳᠪᠦᠷᠢᠯᠡᠨ᠎ᠡ᠃ ᠡᠯ᠎ᠡ ᠬᠤᠯᠪᠣᠭᠳᠠᠯ | ᠪᠦᠬᠦᠢ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ | ᠠᠬᠤᠶᠢᠯᠠᠯ ᠤᠨ ᠳᠠᠩᠰᠠᠯᠠᠨ ᠲᠡᠮᠲᠡᠭᠯᠡᠬᠦ᠂ ᠡᠵᠡᠩᠨᠡᠯᠲᠡ ᠶᠢᠨ ᠵᠦᠢᠯᠡᠰ ᠢᠶᠠᠨ ᠨᠡᠮᠡᠭᠳᠡᠭᠦᠯᠬᠦ ᠳᠤ ᠦᠨᠳᠦᠷ ᠦᠷ᠎ᠡ | ᠪᠦᠲᠦᠮᠵᠢᠲᠡᠢ ᠪᠦᠭᠡᠳ ᠳᠦᠭᠦᠮ ᠳᠦᠳᠡ ᠦᠢᠯᠡᠴᠢᠯᠡᠭᠡ ᠶᠢ ᠬᠠᠩᠭᠠᠨ᠎ᠠ᠃ ᠣᠷᠣᠨ ᠰᠠᠭᠤᠴᠠ ᠶᠢᠨ ᠨᠡᠶᠢᠲᠡ ᠶᠢᠨ | ᠬᠤᠷᠠᠮᠳᠤᠯᠭ᠎ᠠ ᠶᠢᠨ ᠮᠦᠩᠭᠦ ᠶᠢ ᠭᠠᠷᠭᠠᠨ ᠠᠪᠴᠤ ᠭᠡᠷ ᠤᠨ ᠳᠦᠷᠢᠶᠡᠰᠦ ᠪᠠᠨ ᠲᠦᠯᠦᠬᠦ ᠬᠠᠮᠢᠶ᠎ᠠ ᠪᠦᠬᠦᠢ ᠭᠠᠷᠳᠠᠮ ᠢ | ᠤᠯᠠᠮ ᠨᠢᠭᠡ ᠠᠯᠬᠤᠮ ᠳᠦᠭᠦᠮᠴᠢᠯᠠᠵᠦ᠂ ᠦᠪᠡᠷ ᠤᠨ ᠣᠷᠣᠨ ᠰᠠᠭᠤᠴᠠ ᠦᠭᠡᠢ ᠠᠵᠢᠯᠲᠠᠨ ᠠᠵᠢᠯᠴᠢᠨ᠂ ᠣᠷᠣᠨ | ᠰᠠᠭᠤᠴᠠ ᠶᠢᠨ ᠨᠡᠶᠢᠲᠡ ᠶᠢᠨ ᠬᠤᠷᠠᠮᠳᠤᠯᠭ᠎ᠠ ᠶᠢᠨ ᠮᠦᠩᠭᠦ ᠶᠢ 3 ᠰᠠᠷ᠎ᠠ ᠳᠠᠷᠠᠭᠠᠯᠠᠨ ᠲᠤᠭ᠎ᠠ ᠶᠤᠰᠤᠭᠠᠷ ᠭᠦᠢᠴᠡᠳ | ᠲᠤᠰᠢᠶᠠᠨ ᠬᠠᠳᠠᠭᠠᠯᠠᠪᠠᠯ᠂ ᠲᠣᠬᠠᠢ ᠶᠢᠨ ᠬᠦᠮᠦᠨ ᠵᠢᠴᠢ ᠬᠠᠨᠢ ᠨᠦᠬᠦᠷ ᠨᠢ ᠲᠤᠰᠢᠶᠠᠨ ᠬᠠᠳᠠᠭᠠᠯᠠᠭᠰᠠᠨ ᠭᠠᠵᠠᠷ | ᠣᠷᠣᠨ ᠳᠤ ᠣᠷᠣᠨ ᠰᠠᠭᠤᠴᠠ ᠳᠦᠷᠢᠶᠡᠰᠦᠯᠡᠪᠡᠯ᠂ ᠡᠷ᠎ᠡ ᠡᠮ᠎ᠡ ᠬᠤᠶᠠᠷ ᠡᠲᠡᠭᠡᠳ ᠤᠨ ᠣᠷᠣᠨ ᠰᠠᠭᠤᠴᠠ ᠶᠢᠨ | ᠨᠡᠶᠢᠲᠡ ᠶᠢᠨ ᠬᠤᠷᠠᠮᠳᠤᠯᠭ᠎ᠠ ᠶᠢᠨ ᠮᠦᠩᠭᠦ ᠪᠠᠨ ᠭᠠᠷᠭᠠᠨ ᠠᠪᠴᠤ ᠭᠡᠷ ᠤᠨ ᠳᠦᠷᠢᠶᠡᠰᠦ ᠪᠠᠨ ᠲᠦᠯᠦᠵᠦ ᠪᠣᠯᠣᠨ᠎ᠠ᠃ | ᠲᠤᠰ ᠭᠠᠵᠠᠷ ᠤᠨ ᠡᠷᠦᠬᠡ ᠠᠮᠠ ᠶᠢᠨ ᠬᠠᠷᠢᠶ᠎ᠠ ᠪᠤᠰᠤ ᠳᠦᠷᠢᠶᠡᠰᠦᠯᠡᠭᠴᠢ ︽ᠰᠠᠭᠤᠬᠤ ᠦᠨᠡᠮᠯᠡᠯ ᠤᠨ ᠲᠦᠷ | ᠬᠡᠷᠡᠭᠵᠢᠭᠦᠯᠬᠦ ᠳᠦᠷᠢᠮ︾᠂ ︽ᠰᠠᠭᠤᠬᠤ ᠦᠨᠡᠮᠯᠡᠯ ᠤᠨ ᠳᠦᠷᠢᠮ ᠢ ᠬᠡᠷᠡᠭᠵᠢᠭᠦᠯᠬᠦ ᠠᠵᠢᠯ ᠢ ᠪᠦᠬᠦ ᠲᠠᠯ᠎ᠠ ᠪᠠᠷ | ᠰᠠᠶᠢᠲᠤᠷ ᠬᠢᠬᠦ ᠲᠣᠬᠠᠢ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠤ ᠠᠯᠪᠠᠨ ᠲᠢᠩᠭᠢᠮ ᠤᠨ ᠰᠠᠨᠠᠯ︾ ︵ᠦᠪᠦᠷ ᠵᠠᠰᠠᠭ ᠠᠯᠪᠠᠨ ᠲᠠᠷᠬᠠᠭᠠᠭᠰᠠᠨ ﹇2016﹈ 60 ᠳ᠋ᠤᠭᠠᠷ | ᠲᠣᠭᠠᠲᠤ︶ ᠵᠡᠷᠭᠡ ᠬᠤᠯᠪᠣᠭᠳᠠᠯ ᠪᠦᠬᠦᠢ ᠲᠣᠭᠲᠠᠭᠠᠯ ᠶᠤᠰᠤᠭᠠᠷ ᠰᠠᠭᠤᠬᠤ ᠦᠨᠡᠮᠯᠡᠯ ᠢ ᠭᠤᠶᠤᠴᠢᠯᠠᠨ ᠠᠪᠴᠤ | ᠪᠣᠯᠣᠨ᠎ᠠ᠂ ᠰᠠᠭᠤᠬᠤ ᠦᠨᠡᠮᠯᠡᠯ ᠲᠠᠢ ᠳᠦᠷᠢᠶᠡᠰᠦᠯᠡᠭᠴᠢ ᠨᠢ ᠦᠷ᠎ᠡ ᠬᠡᠦᠬᠡᠳ ᠤᠨ ᠠᠯᠪᠠᠨ ᠵᠢᠷᠤᠮ ᠤᠨ ᠰᠤᠷᠭᠠᠨ | ᠬᠦᠮᠦᠵᠢᠯ ᠬᠦᠷᠲᠡᠬᠦ ᠪᠠ ᠡᠮᠴᠢᠯᠡᠭᠡ ᠵᠡᠷᠭᠡ ᠤᠯᠤᠰ ᠠᠴᠠ ᠲᠣᠭᠲᠠᠭᠠᠭᠰᠠᠨ ᠣᠯᠠᠨ ᠨᠡᠶᠢᠲᠡ ᠶᠢᠨ ᠦᠨᠳᠦᠰᠦᠨ | ᠦᠢᠯᠡᠴᠢᠯᠡᠭᠡ ᠶᠢ ᠡᠳ᠋ᠯᠡᠨ᠎ᠡ᠃ | ︵ᠶᠢᠰᠦ︶ ᠡᠯ᠎ᠡ ᠡᠲᠡᠭᠡᠳ ᠤᠨ ᠡᠷᠬᠡ ᠪᠠ ᠡᠭᠦᠷᠭᠡ ᠶᠢ ᠲᠤᠳᠤᠷᠬᠠᠶᠢᠯᠠᠨ᠎ᠠ᠃ ᠳᠦᠷᠢᠶᠡᠰᠦᠯᠡᠭᠦᠯᠦᠭᠴᠢ ᠨᠢ | ᠬᠠᠮᠢᠶ᠎ᠠ ᠪᠦᠬᠦᠢ ᠬᠠᠤᠯᠢ ᠴᠠᠭᠠᠵᠠ ᠬᠠᠤᠯᠢ ᠲᠤᠬᠳᠠᠭᠠᠯ ᠤᠨ ᠲᠣᠭᠲᠠᠭᠠᠯ ᠶᠤᠰᠤᠭᠠᠷ᠂ ᠳᠦᠷᠢᠶᠡᠰᠦᠯᠡᠭᠴᠢ ᠶᠢ | ᠰᠢᠮᠳᠠᠭᠤᠯᠤᠨ ᠲᠦᠷ ᠰᠠᠭᠤᠬᠤ ᠳᠠᠩᠰᠠᠯᠠᠯ ᠢ ᠬᠠᠤᠯᠢ ᠶᠤᠰᠤᠭᠠᠷ ᠬᠢᠯᠭᠡᠬᠦ ᠶᠢᠨ ᠬᠠᠮᠲᠤ᠂ ᠭᠡᠷ᠎ᠡ ᠳᠤ ᠪᠣᠯᠵᠤᠭᠰᠠᠨ | ᠶᠤᠰᠤᠭᠠᠷ ᠡᠭᠦᠷᠭᠡ ᠶᠢ ᠭᠦᠢᠴᠡᠳᠭᠡᠯᠭᠡᠵᠦ᠂ ᠣᠷᠣᠨ ᠰᠠᠭᠤᠴᠠ ᠪᠠ ᠦᠷᠦᠭᠡᠨ ᠳᠤᠲᠤᠷᠠᠬᠢ ᠪᠡᠯᠡᠳᠭᠡᠮᠵᠢ ᠶᠢ | ᠱᠠᠭᠠᠷᠳᠠᠯᠭ᠎ᠠ ᠳᠤ ᠨᠡᠶᠢᠴᠡᠭᠦᠯᠬᠦ ᠶᠢ ᠪᠠᠲᠤᠯᠠᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠤᠨ ᠭᠡᠷ᠎ᠡ ᠶᠢᠨ | ᠬᠤᠭᠤᠴᠠᠭᠠᠨ ᠳᠤ᠂ ᠳᠦᠷᠢᠶᠡᠰᠦᠯᠡᠭᠦᠯᠦᠭᠴᠢ ᠨᠢ ᠵᠦᠢ ᠶᠤᠰᠤᠨ ᠤ ᠰᠢᠯᠲᠠᠭᠠᠨ ᠦᠭᠡᠢ ᠪᠣᠯ ᠭᠡᠷ᠎ᠡ ᠶᠢ ᠬᠦᠴᠦᠨ | ᠦᠭᠡᠢ ᠪᠣᠯᠭᠠᠵᠤ ᠪᠣᠯᠬᠤ ᠦᠭᠡᠢ᠂ ᠭᠠᠭᠴᠠ ᠲᠠᠯ᠎ᠠ ᠠᠴᠠ ᠳᠦᠷᠢᠶᠡᠰᠦᠨ ᠮᠦᠩᠭᠦ ᠶᠢ ᠨᠡᠮᠡᠵᠦ ᠪᠣᠯᠬᠤ ᠦᠭᠡᠢ᠂ | ᠪᠠᠷᠢᠴᠠᠭᠠᠨ ᠤ ᠮᠦᠩᠭᠦ ᠶᠢ ᠰᠠᠨᠠᠭᠠᠨ ᠲᠠᠪᠠ ᠪᠠᠷ ᠢᠶᠠᠨ ᠰᠠᠭᠤᠳᠬᠠᠵᠤ ᠪᠣᠯᠬᠤ ᠦᠭᠡᠢ︔ ᠳᠦᠷᠢᠶᠡᠰᠦᠯᠡᠭᠴᠢ ᠨᠢ | ᠬᠠᠮᠢᠶ᠎ᠠ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠤᠨ ᠲᠣᠭᠲᠠᠭᠠᠯ ᠶᠤᠰᠤᠭᠠᠷ ᠰᠠᠨᠠᠭᠠᠴᠢᠯᠠᠭ᠎ᠠ ᠠᠴᠠ ᠪᠠᠨ | ᠳᠤᠳᠤᠭᠠᠲᠤ ᠶᠢ ᠬᠠᠮᠠᠭᠠᠯᠠᠬᠤ ᠲᠣᠪᠴᠢᠶ᠎ᠠ ᠳᠤ ᠬᠦᠷᠴᠦ ᠲᠦᠷ ᠰᠠᠭᠤᠬᠤ ᠳᠠᠩᠰᠠᠯᠠᠯ ᠢ ᠭᠦᠢᠴᠡᠳᠭᠡᠬᠦ ᠶᠢᠨ ᠬᠠᠮᠲᠤ᠂ | ᠭᠡᠷ᠎ᠡ ᠳᠤ ᠪᠣᠯᠵᠤᠭᠰᠠᠨ ᠶᠤᠰᠤᠭᠠᠷ ᠣᠷᠣᠨ ᠰᠠᠭᠤᠴᠠ ᠪᠠ ᠦᠷᠦᠭᠡᠨ ᠳᠤᠲᠤᠷᠠᠬᠢ ᠪᠡᠯᠡᠳᠭᠡᠮᠵᠢ ᠶᠢ ᠬᠡᠷᠡᠭᠯᠡᠨ᠂ | ᠳᠦᠷᠢᠶᠡᠰᠦᠨ ᠮᠦᠩᠭᠦ ᠶᠢ ᠬᠤᠭᠤᠴᠠᠭ᠎ᠠ ᠶᠤᠰᠤᠭᠠᠷ ᠲᠤᠰᠢᠶᠠᠨ᠎ᠠ᠃ | ᠳᠥᠷᠪᠡ᠂ ᠳᠦᠷᠢᠶᠡᠰᠦᠯᠡᠯ ᠤᠨ ᠣᠷᠣᠨ ᠰᠠᠭᠤᠴᠠ ᠶᠢᠨ ᠬᠠᠩᠭᠠᠯᠭ᠎ᠠ ᠶᠢ ᠨᠡᠮᠡᠭᠳᠡᠭᠦᠯᠦᠨ᠎ᠡ | ︵ᠠᠷᠪᠠ︶ ᠨᠦᠬᠦᠴᠡᠯ ᠲᠠᠢ ᠭᠠᠵᠠᠷ ᠣᠷᠣᠨ ᠤ ᠳᠦᠷᠢᠶᠡᠰᠦᠯᠡᠯ ᠤᠨ ᠣᠷᠣᠨ ᠰᠠᠭᠤᠴᠠ ᠶᠢ ᠰᠢᠨ᠎ᠡ ᠪᠠᠷ | ᠪᠠᠶᠢᠭᠤᠯᠬᠤ ᠶᠢ ᠵᠣᠷᠢᠬᠵᠢᠭᠤᠯᠤᠨ᠎ᠠ᠃ ᠭᠡᠷ ᠪᠠᠶᠢᠰᠢᠩ ᠭᠠᠵᠠᠷ ᠬᠦᠷᠦᠩᠭᠡ ᠶᠢᠨ ᠬᠠᠳᠠᠭᠠᠯᠠᠭᠳᠠᠴᠠ ᠶᠢ ᠪᠠᠭᠠᠰᠬᠠᠬᠤ | ᠳᠠᠷᠤᠭᠠᠰᠤ ᠪᠠᠭ᠎ᠠ᠂ ᠡᠭᠦᠷᠭᠡ ᠬᠦᠩᠭᠡᠨ ᠭᠠᠵᠠᠷ ᠣᠷᠣᠨ ᠨᠢ ᠣᠷᠣᠨ ᠰᠠᠭᠤᠴᠠ ᠶᠢᠨ ᠬᠠᠩᠭᠠᠯᠭ᠎ᠠ ᠬᠡᠷᠡᠭᠴᠡᠭᠡ ᠶᠢᠨ | ᠪᠠᠶᠢᠳᠠᠯ ᠵᠡᠷᠭᠡ ᠬᠦᠴᠦᠨ ᠵᠦᠢᠯ ᠲᠠᠢ ᠪᠠᠨ ᠤᠶᠠᠯᠳᠤᠭᠤᠯᠤᠨ᠂ ᠳᠦᠷᠢᠶᠡᠰᠦᠯᠡᠯ ᠤᠨ ᠣᠷᠣᠨ ᠰᠠᠭᠤᠴᠠ ᠶᠢᠨ | ᠪᠦᠲᠦᠭᠡᠨ ᠪᠠᠶᠢᠭᠤᠯᠤᠯᠲᠠ ᠶᠢᠨ ᠬᠡᠪᠴᠢᠶᠡᠵᠢᠯ ᠢ ᠵᠦᠢ ᠵᠣᠬᠢᠰᠲᠠᠢ ᠲᠣᠭᠲᠠᠭᠠᠬᠤ ᠶᠢᠨ ᠬᠠᠮᠲᠤ᠂ ᠣᠨ ᠤ ᠣᠷᠣᠨ | ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠲᠦᠯᠦᠪᠯᠡᠭᠡ ᠪᠣᠯᠣᠨ ᠣᠷᠣᠨ ᠰᠠᠭᠤᠴᠠ ᠳᠤ ᠬᠡᠷᠡᠭᠯᠡᠬᠦ ᠭᠠᠵᠠᠷ ᠤᠨ | ᠬᠠᠩᠭᠠᠯᠭ᠎ᠠ ᠶᠢᠨ ᠲᠦᠯᠦᠪᠯᠡᠭᠡ ᠳᠤ ᠪᠠᠶᠢᠷᠢᠯᠠᠭᠤᠯᠵᠤ᠂ ᠭᠠᠵᠠᠷ ᠰᠢᠷᠤᠢ᠂ ᠪᠡᠯᠡ ᠮᠦᠩᠭᠦ ᠵᠡᠷᠭᠡ ᠡᠬᠢ ᠪᠠᠶᠠᠯᠢᠭ ᠢ | ᠬᠦᠲᠦᠯᠦᠨ ᠵᠢᠯᠤᠭᠤᠳᠴᠤ ᠪᠠᠶᠢᠭᠠᠳ ᠵᠦᠢ ᠵᠣᠬᠢᠰᠲᠠᠢ ᠲᠣᠬᠢᠷᠠᠭᠤᠯᠤᠨ᠂ ᠳᠦᠷᠢᠶᠡᠰᠦᠯᠡᠯ ᠤᠨ ᠣᠷᠣᠨ | ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢ ᠡᠮᠬᠢ ᠵᠢᠷᠤᠮ ᠲᠠᠢ ᠦᠷᠨᠢᠭᠦᠯᠦᠨ᠎ᠡ᠃ ᠰᠢᠨ᠎ᠡ ᠪᠠᠷ ᠪᠠᠶᠢᠭᠤᠯᠬᠤ | ᠳᠦᠷᠢᠶᠡᠰᠦᠯᠡᠯ ᠤᠨ ᠣᠷᠣᠨ ᠰᠠᠭᠤᠴᠠ ᠶᠢᠨ ᠳᠦᠷᠦᠯ ᠵᠦᠢᠯ ᠳᠤ ᠬᠡᠷᠡᠭᠯᠡᠬᠦ ᠭᠠᠵᠠᠷ ᠢ ᠳᠠᠭᠠᠭᠠᠴᠢᠯᠠᠯᠲᠠ ᠵᠠᠷᠯᠠᠬᠤ᠂ | ᠦᠨ᠎ᠡ ᠬᠠᠶᠠᠯᠴᠠᠨ ᠬᠤᠳᠠᠯᠳᠤᠬᠤ᠂ ᠫᠠᠶᠢᠰᠠ ᠡᠯᠭᠦᠬᠦ ᠵᠡᠷᠭᠡ ᠠᠷᠭ᠎ᠠ ᠮᠠᠶ᠋ᠢᠭ ᠢᠶᠠᠷ ᠬᠢᠮᠳᠠ ᠦᠨ᠎ᠡ ᠪᠠᠷ | ᠬᠤᠳᠠᠯᠳᠤᠬᠤ ᠳᠠᠭᠠᠨ᠂ ᠬᠢᠮᠳᠠ ᠦᠨ᠎ᠡ ᠪᠠᠷ ᠬᠤᠳᠠᠯᠳᠤᠬᠤ ᠲᠦᠰᠦᠯ ᠪᠣᠯᠣᠨ ᠭᠡᠷ᠎ᠡ ᠳᠤ ᠳᠦᠷᠢᠶᠡᠰᠦᠯᠡᠬᠦ ᠵᠢᠯ | ᠬᠤᠭᠤᠴᠠᠭ᠎ᠠ ᠶᠢ ᠳᠤᠲᠣᠷᠬᠠᠢ ᠲᠣᠭᠲᠠᠭᠠᠨ᠎ᠠ᠃ | ︵ᠠᠷᠪᠠᠨ ᠨᠢᠭᠡ︶ ᠭᠡᠷ ᠪᠠᠶᠢᠰᠢᠩ ᠢᠶᠠᠨ ᠦᠭᠡᠷᠡᠴᠢᠯᠡᠨ ᠪᠠᠶᠢᠭᠤᠯᠵᠤ ᠳᠦᠷᠢᠶᠡᠰᠦᠯᠡᠯ ᠳᠤ ᠬᠡᠷᠡᠭᠯᠡᠬᠦ ᠶᠢ | ᠵᠥᠪᠰᠢᠶᠡᠷᠡᠨ᠎ᠡ᠃ ᠬᠤᠳᠠᠯᠳᠤᠭᠠᠨ ᠳᠤ ᠬᠡᠷᠡᠭᠯᠡᠬᠦ ᠭᠡᠷ ᠪᠠᠶᠢᠰᠢᠩ ᠵᠡᠷᠭᠡ ᠶᠢ ᠲᠣᠭᠲᠠᠭᠠᠯ ᠶᠣᠰᠤᠭᠠᠷ | ᠳᠦᠷᠢᠶᠡᠰᠦᠯᠡᠯ ᠤᠨ ᠣᠷᠣᠨ ᠰᠠᠭᠤᠴᠠ ᠪᠣᠯᠭᠠᠨ ᠦᠭᠡᠷᠡᠴᠢᠯᠡᠨ ᠪᠠᠶᠢᠭᠤᠯᠬᠤ ᠶᠢ ᠵᠥᠪᠰᠢᠶᠡᠷᠡᠵᠦ᠂ ᠭᠠᠵᠠᠷ | ᠰᠢᠷᠤᠢ ᠶᠢᠨ ᠬᠡᠷᠡᠭᠯᠡᠬᠦ ᠵᠢᠯ ᠬᠤᠭᠤᠴᠠᠭ᠎ᠠ ᠪᠣᠯᠣᠨ ᠡᠵᠡᠯᠡᠭᠦᠨ ᠤ ᠨᠤᠷᠮ᠎ᠠ ᠶᠢ ᠬᠤᠪᠢᠷᠠᠭᠤᠯᠬᠤ ᠦᠭᠡᠢ᠂ ᠭᠠᠵᠠᠷ | ᠰᠢᠷᠤᠢ ᠶᠢᠨ ᠬᠡᠷᠡᠭᠴᠡᠭᠡ ᠶᠢ ᠣᠷᠣᠰᠢᠨ ᠰᠠᠭᠤᠬᠤ ᠳᠤ ᠬᠡᠷᠡᠭᠯᠡᠬᠦ ᠭᠠᠵᠠᠷ ᠪᠣᠯᠭᠠᠨ ᠲᠣᠬᠢᠷᠠᠭᠤᠯᠵᠤ᠂ | ᠲᠣᠬᠢᠷᠠᠭᠤᠯᠤᠭᠰᠠᠨ ᠤ ᠳᠠᠷᠠᠭᠠᠬᠢ ᠬᠡᠷᠡᠭᠯᠡᠬᠦ ᠤᠰᠤ᠂ ᠴᠠᠬᠢᠯᠭᠠᠨ᠂ ᠬᠡᠢ ᠶᠢᠨ ᠦᠨ᠎ᠡ ᠬᠠᠩᠰᠢ ᠶᠢ ᠰᠠᠭᠤᠭᠠᠯᠢ | ᠠᠷᠠᠳ ᠤᠨ ᠪᠠᠷᠢᠮᠵᠢᠶ᠎ᠠ ᠶᠣᠰᠤᠭᠠᠷ ᠬᠡᠷᠡᠭᠵᠢᠭᠦᠯᠦᠨ᠎ᠡ᠃ ᠣᠳᠣ ᠶᠢᠨ ᠪᠠᠶᠢᠭ᠎ᠠ ᠣᠷᠣᠨ ᠰᠠᠭᠤᠴᠠ ᠪᠠᠨ ᠤᠯᠤᠰ ᠪᠠ | ᠣᠷᠣᠨ ᠨᠤᠲᠤᠭ ᠤᠨ ᠣᠷᠣᠨ ᠰᠠᠭᠤᠴᠠ ᠶᠢᠨ ᠵᠢᠷᠤᠭ ᠲᠦᠯᠦᠪᠯᠡᠭᠡ ᠶᠣᠰᠤᠭᠠᠷ ᠵᠢᠷᠤᠮᠵᠢᠭᠤᠯᠤᠨ ᠰᠢᠨᠡᠳᠭᠡᠨ | ᠵᠠᠰᠠᠭᠰᠠᠨ ᠤ ᠳᠠᠷᠠᠭ᠎ᠠ ᠳᠦᠷᠢᠶᠡᠰᠦᠯᠡᠬᠦ ᠶᠢ ᠵᠥᠪᠰᠢᠶᠡᠷᠡᠵᠦ᠂ ᠰᠢᠨᠡᠳᠭᠡᠨ ᠵᠠᠰᠠᠬᠤ ᠳᠤᠮᠳᠠ ᠣᠣᠯ ᠤᠨ ᠪᠠᠶᠢᠭ᠎ᠠ | ᠭᠠᠯ ᠢ ᠰᠡᠷᠭᠡᠶᠢᠯᠡᠬᠦ ᠬᠤᠪᠢᠶᠠᠷᠢ ᠭᠠᠵᠠᠷ᠂ ᠠᠮᠦᠷ ᠲᠥᠪᠰᠢᠨ ᠲᠠᠷᠠᠭᠠᠬᠤ ᠪᠠ ᠭᠠᠯ ᠢ ᠰᠡᠷᠭᠡᠶᠢᠯᠡᠨ ᠲᠤᠰᠠᠭᠠᠷᠯᠠᠬᠤ | ᠪᠡᠯᠡᠳᠭᠡᠮᠵᠢ ᠶᠢ ᠦᠭᠡᠷᠡᠴᠢᠯᠡᠵᠦ ᠪᠣᠯᠬᠤ ᠦᠭᠡᠢ᠂ ᠡᠷᠬᠡᠪᠰᠢ ᠭᠠᠯ ᠤᠨᠲᠠᠷᠠᠭᠠᠬᠤ ᠪᠡᠯᠡᠳᠭᠡᠮᠵᠢ ᠶᠢᠨ ᠪᠦᠷᠢᠨ ᠪᠦᠲᠦᠨ | ᠪᠦᠭᠡᠳ ᠬᠦᠴᠦᠨ ᠲᠠᠢ ᠪᠠᠶᠢᠬᠤ ᠶᠢ ᠦᠨᠡᠨᠬᠦ ᠪᠠᠲᠤᠯᠠᠬᠤ ᠬᠡᠷᠡᠭᠲᠡᠢ᠃ ᠡᠯ᠎ᠡ ᠭᠠᠵᠠᠷ ᠣᠷᠣᠨ ᠨᠢ ᠬᠤᠳᠠᠯᠳᠤᠭᠠᠨ ᠳᠤ | ᠬᠡᠷᠡᠭᠯᠡᠬᠦ ᠭᠡᠷ ᠪᠠᠶᠢᠰᠢᠩ᠂ ᠣᠳᠣ ᠶᠢᠨ ᠪᠠᠶᠢᠭ᠎ᠠ ᠣᠷᠣᠨ ᠰᠠᠭᠤᠴᠠ ᠵᠡᠷᠭᠡ ᠶᠢ ᠳᠦᠷᠢᠶᠡᠰᠦᠯᠡᠯ ᠤᠨ ᠣᠷᠣᠨ ᠰᠠᠭᠤᠴᠠ | ᠪᠣᠯᠭᠠᠨ ᠦᠭᠡᠷᠡᠴᠢᠯᠡᠨ ᠪᠠᠶᠢᠭᠤᠯᠬᠤ ᠶᠢᠨ ᠪᠣᠲᠠᠲᠠᠢ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠵᠤ᠂ | ᠲᠣᠬᠠᠶᠢᠯᠠᠭᠰᠠᠨ ᠠᠵᠢᠯ ᠤᠨ ᠭᠦᠢᠴᠡᠳᠭᠡᠬᠦ ᠶᠠᠪᠤᠴᠠ ᠶᠢ ᠰᠢᠯᠢᠳᠡᠭᠵᠢᠭᠦᠯᠦᠨ᠂ ᠠᠵᠢᠯ ᠤᠨ ᠴᠠᠭ ᠬᠤᠭᠤᠴᠠᠭ᠎ᠠ ᠶᠢ | ᠲᠤᠳᠤᠷᠬᠠᠶᠢᠯᠠᠵᠤ᠂ ᠤᠯᠤᠰ ᠤᠨ ᠭᠠᠵᠠᠷ ᠰᠢᠷᠤᠢ ᠡᠬᠢ ᠪᠠᠶᠠᠯᠢᠭ᠂ ᠲᠦᠯᠦᠪᠵᠢᠭᠦᠯᠭᠡ᠂ ᠣᠷᠣᠨ ᠰᠠᠭᠤᠴᠠ ᠪᠠ | ᠬᠤᠲᠠ ᠬᠦᠳᠡᠭᠡ ᠶᠢᠨ ᠪᠦᠲᠦᠭᠡᠨ ᠪᠠᠶᠢᠭᠤᠯᠤᠯᠲᠠ ᠵᠡᠷᠭᠡ ᠰᠠᠯᠠᠭ᠎ᠠ ᠮᠦᠴᠢᠷ ᠤᠨ ᠵᠣᠬᠢᠴᠠᠭᠤᠯᠤᠨ ᠬᠠᠮᠵᠢᠯᠴᠠᠬᠤ ᠶᠢ | ᠴᠢᠩᠭᠠᠷᠠᠭᠤᠯᠤᠨ᠂ ᠠᠵᠢᠯ ᠤᠨ ᠦᠷ᠎ᠡ ᠪᠦᠲᠦᠮᠵᠢ ᠶᠢ ᠦᠨᠡᠨᠬᠦ ᠳᠡᠭᠡᠭᠰᠢᠯᠡᠭᠦᠯᠬᠦ ᠬᠡᠷᠡᠭᠲᠡᠢ᠃ ᠬᠠᠭᠤᠴᠢᠨ ᠡᠪᠲᠡᠷᠬᠡᠢ | ᠵᠢᠵᠢᠭ ᠲᠣᠭᠤᠷᠢᠭ ᠤᠨ ᠨᠢᠭᠡᠨᠲᠡ ᠪᠠᠶᠢᠭ᠎ᠠ ᠪᠠᠷᠢᠯᠭ᠎ᠠ ᠶᠢ ᠵᠢᠷᠤᠭ ᠲᠦᠯᠦᠪᠯᠡᠭᠡ ᠶᠢᠨ ᠵᠢᠷᠤᠮᠯᠡᠯ ᠵᠢᠴᠢ ᠨᠢᠭᠡᠨᠲᠡ | ᠪᠠᠶᠢᠭ᠎ᠠ ᠪᠠᠷᠢᠯᠭ᠎ᠠ ᠶᠢᠨ ᠡᠨᠧᠷᠬᠢ ᠠᠷᠪᠢᠯᠠᠬᠤ ᠶᠢᠨ ᠰᠢᠨᠡᠳᠭᠡᠨ ᠵᠠᠰᠠᠬᠤ ᠬᠠᠮᠢᠶ᠎ᠠ ᠪᠦᠬᠦᠢ ᠲᠣᠭᠲᠠᠭᠠᠯ ᠶᠤᠰᠤᠭᠠᠷ | ᠰᠢᠨᠡᠳᠭᠡᠨ ᠵᠠᠰᠠᠭᠰᠠᠨ ᠤ ᠳᠠᠷᠠᠭ᠎ᠠ ᠳᠦᠷᠢᠶᠡᠰᠦᠯᠡᠪᠡᠯ᠂ ᠤᠯᠤᠰ ᠪᠠ ᠦᠪᠡᠷᠲᠡᠭᠡᠨ ᠵᠠᠰᠬᠠᠤ ᠣᠷᠣᠨ ᠤ ᠨᠢᠭᠡᠨᠲᠡ | ᠪᠠᠶᠢᠭ᠎ᠠ ᠪᠠᠷᠢᠯᠭ᠎ᠠ ᠶᠢᠨ ᠡᠨᠧᠷᠬᠢ ᠠᠷᠪᠢᠯᠠᠬᠤ ᠶᠢᠨ ᠰᠢᠨᠡᠳᠭᠡᠨ ᠵᠠᠰᠠᠬᠤ ᠬᠠᠮᠢᠶ᠎ᠠ ᠪᠦᠬᠦᠢ ᠳᠡᠮᠵᠢᠯᠭᠡ ᠶᠢᠨ ᠲᠥᠷᠥ ᠶᠢᠨ | ᠪᠣᠳᠣᠯᠭ᠎ᠠ ᠶᠢ ᠬᠦᠷᠲᠡᠭᠡᠨ᠎ᠡ᠃ | ᠲᠠᠪᠤ᠂ ᠣᠯᠠᠨ ᠨᠡᠶᠢᠲᠡ ᠶᠢᠨ ᠳᠦᠷᠢᠶᠡᠰᠦᠯᠡᠯ ᠤᠨ ᠣᠷᠣᠨ ᠰᠠᠭᠤᠴᠠ ᠶᠢᠨ ᠬᠠᠮᠢᠶᠠᠷᠤᠯᠲᠠ ᠶᠢ | ᠲᠡᠭᠦᠯᠳᠡᠷᠵᠢᠭᠦᠯᠦᠨ᠎ᠡ | ︵ᠠᠷᠪᠠᠨ ᠬᠤᠶᠠᠷ︶ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠢ ᠵᠣᠭᠤᠰᠵᠢᠭᠤᠯᠬᠤ ᠶᠢ | ᠠᠬᠢᠭᠤᠯᠤᠨ᠎ᠠ᠃ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠪᠠᠲᠤᠯᠠᠭ᠎ᠠ ᠶᠢᠨ ᠠᠷᠭ᠎ᠠ ᠮᠠᠶ᠋ᠢᠭ ᠢ | ᠬᠤᠪᠢᠷᠠᠭᠤᠯᠵᠤ᠂ ᠪᠤᠳᠠᠳᠤ ᠡᠳ᠋ ᠤᠨ ᠪᠠᠲᠤᠯᠠᠭ᠎ᠠ ᠪᠠ ᠳᠦᠷᠢᠶᠡᠰᠦᠯᠡᠯ ᠤᠨ ᠨᠦᠬᠦᠪᠦᠷᠢ ᠶᠢ ᠬᠠᠷᠢᠯᠴᠠᠨ | ᠤᠶᠠᠯᠳᠤᠭᠤᠯᠬᠤ ᠠᠷᠭ᠎ᠠ ᠶᠢ ᠠᠪᠬᠤ ᠶᠢᠨ ᠬᠠᠮᠲᠤ᠂ ᠳᠦᠷᠢᠶᠡᠰᠦᠯᠡᠯ ᠤᠨ ᠨᠦᠬᠦᠪᠦᠷᠢ ᠪᠠᠷ ᠭᠤᠣᠯ ᠪᠣᠯᠭᠠᠬᠤ ᠲᠡᠰᠢ | ᠠᠯᠬᠤᠮ ᠠᠯᠬᠤᠮ ᠢᠶᠠᠷ ᠬᠤᠪᠢᠷᠠᠭᠤᠯᠤᠨ᠎ᠠ᠃ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ | ᠪᠠᠲᠤᠯᠠᠭ᠎ᠠ ᠶᠢᠨ ᠡᠲᠡᠭᠡᠳ ᠤᠨ ᠵᠠᠬ᠎ᠠ ᠳᠡᠯᠭᠡᠭᠦᠷ ᠢᠶᠠᠷ ᠳᠠᠮᠵᠢᠨ ᠭᠡᠷ ᠳᠦᠷᠢᠶᠡᠰᠦᠯᠡᠬᠦ ᠶᠢ ᠳᠡᠮᠵᠢᠵᠦ᠂ ᠵᠠᠰᠠᠭ ᠤᠨ | ᠣᠷᠳᠣᠨ ᠠᠴᠠ ᠨᠦᠬᠦᠴᠡᠯ ᠳᠤ ᠨᠡᠶᠢᠴᠡᠭᠰᠡᠨ ᠭᠡᠷ ᠪᠦᠯᠢ ᠳᠤ ᠳᠦᠷᠢᠶᠡᠰᠦᠯᠡᠯ ᠤᠨ ᠨᠦᠬᠦᠪᠦᠷᠢ ᠣᠯᠭᠤᠨ᠎ᠠ᠃ ᠡᠯ᠎ᠡ | ᠭᠠᠵᠠᠷ ᠣᠷᠣᠨ ᠨᠢ ᠳᠦᠷᠢᠶᠡᠰᠦᠯᠡᠯ ᠤᠨ ᠨᠦᠬᠦᠪᠦᠷᠢ ᠶᠢᠨ ᠳᠦᠷᠢᠮ ᠢ ᠲᠡᠭᠦᠯᠳᠡᠷᠵᠢᠭᠦᠯᠵᠦ᠂ ᠵᠥᠪᠰᠢᠶᠡᠷᠡᠨ | ᠣᠷᠤᠭᠤᠯᠬᠤ ᠨᠦᠬᠦᠴᠡᠯ᠂ ᠪᠠᠲᠤᠯᠠᠭ᠎ᠠ ᠶᠢᠨ ᠲᠠᠯᠠᠪᠠᠢ ᠵᠡᠷᠭᠡ ᠶᠢ ᠲᠤᠳᠤᠷᠬᠠᠶᠢᠯᠠᠨ᠂ ᠠᠵᠤ ᠠᠬᠤᠢ ᠶᠢᠨ | ᠬᠥᠭᠵᠢᠯᠲᠡ ᠶᠢᠨ ᠬᠢᠷᠢ ᠬᠡᠮᠵᠢᠶ᠎ᠡ᠂ ᠵᠠᠬ᠎ᠠ ᠳᠡᠯᠭᠡᠭᠦᠷ ᠤᠨ ᠳᠦᠷᠢᠶᠡᠰᠦᠨ ᠮᠦᠩᠭᠦ ᠶᠢᠨ ᠬᠢᠷᠢ ᠬᠡᠮᠵᠢᠶ᠎ᠡ᠂ ᠡᠳ᠋ ᠤᠨ | ᠵᠠᠰᠠᠭ ᠤᠨ ᠳᠠᠭᠠᠭᠠᠬᠤ ᠴᠢᠳᠠᠪᠤᠷᠢ᠂ ᠪᠠᠲᠤᠯᠠᠭ᠎ᠠ ᠶᠢᠨ ᠡᠲᠡᠭᠡᠳ ᠤᠨ ᠬᠡᠷᠡᠭᠴᠡᠭᠡ ᠱᠠᠭᠠᠷᠳᠠᠯᠭ᠎ᠠ ᠵᠡᠷᠭᠡ ᠬᠦᠴᠦᠨ | ᠵᠦᠢᠯ ᠢ ᠶᠡᠷᠦᠩᠬᠡᠶᠢᠯᠡᠨ ᠪᠤᠳᠤᠯᠬᠢᠯᠠᠵᠤ᠂ ᠳᠦᠷᠢᠶᠡᠰᠦᠯᠡᠯ ᠤᠨ ᠨᠦᠬᠦᠪᠦᠷᠢ ᠶᠢᠨ ᠪᠠᠷᠢᠮᠵᠢᠶ᠎ᠠ ᠶᠢ ᠵᠦᠢ ᠵᠣᠬᠢᠰᠲᠠᠢ | ᠲᠣᠭᠲᠠᠭᠠᠬᠤ ᠶᠢᠨ ᠬᠠᠮᠲᠤ᠂ ᠬᠦᠳᠡᠯᠦᠩᠭᠦᠢ ᠬᠠᠮᠢᠶᠠᠷᠤᠯᠲᠠ ᠶᠢ ᠬᠡᠷᠡᠭᠵᠢᠭᠦᠯᠦᠨ᠎ᠡ︔ ᠪᠠᠲᠤᠯᠠᠭ᠎ᠠ ᠶᠢᠨ ᠡᠲᠡᠭᠡᠳ ᠤᠨ | ᠣᠷᠣᠨ ᠰᠠᠭᠤᠴᠠ ᠶᠢᠨ ᠬᠦᠴᠢᠷᠳᠡᠯ ᠤᠨ ᠬᠡᠮᠵᠢᠶ᠎ᠡ ᠪᠣᠯᠣᠨ ᠲᠦᠯᠦᠬᠦ ᠴᠢᠳᠠᠪᠤᠷᠢ ᠶᠢ ᠦᠨᠳᠦᠰᠦᠯᠡᠵᠦ᠂ ᠲᠦᠷᠦᠯ | ᠢᠯᠭᠠᠯ ᠪᠠ ᠳᠡᠰ ᠳᠠᠪᠬᠤᠷᠭ᠎ᠠ ᠬᠤᠪᠢᠶᠠᠨ ᠵᠠᠬ᠎ᠠ ᠳᠡᠯᠭᠡᠭᠦᠷ ᠳᠡᠭᠡᠷ᠎ᠡ ᠭᠡᠷ ᠳᠦᠷᠢᠶᠡᠰᠦᠯᠡᠨ ᠰᠠᠭᠤᠵᠤ ᠪᠦᠬᠦᠢ | ᠪᠠᠲᠤᠯᠠᠭ᠎ᠠ ᠶᠢᠨ ᠭᠡᠷ ᠪᠦᠯᠢ ᠳᠤ ᠵᠦᠷᠢᠶᠡᠴᠢᠯᠡᠭᠰᠡᠨ ᠳᠦᠷᠢᠶᠡᠰᠦᠯᠡᠯ ᠤᠨ ᠨᠦᠬᠦᠪᠦᠷᠢ ᠣᠯᠭᠤᠨ᠎ᠠ᠃ | ︵ᠠᠷᠪᠠᠨ ᠭᠤᠷᠪᠠ︶ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠪᠠᠲᠤᠯᠠᠭ᠎ᠠ ᠶᠢᠨ | ᠬᠡᠪᠴᠢᠶ᠎ᠠ ᠶᠢ ᠥᠷᠭᠡᠳᠭᠡᠨ᠎ᠡ᠃ ᠰᠢᠨ᠎ᠡ ᠬᠡᠯᠪᠡᠷᠢ ᠶᠢᠨ ᠬᠤᠲᠠ ᠪᠠᠯᠭᠠᠰᠤᠵᠢᠯᠲᠠ ᠪᠣᠯᠣᠨ ᠡᠷᠦᠬᠡ ᠠᠮᠠ ᠶᠢᠨ | ᠬᠠᠷᠢᠶ᠎ᠠ ᠶᠢᠨ ᠳᠦᠷᠢᠮ ᠤᠨ ᠦᠭᠡᠷᠡᠴᠢᠯᠡᠯᠲᠡ ᠶᠢᠨ ᠠᠬᠢᠴᠠ ᠶᠢ ᠠᠬᠢᠭᠤᠯᠬᠤ ᠲᠠᠢ ᠤᠶᠠᠯᠳᠤᠭᠤᠯᠤᠨ᠂ ᠡᠷᠦᠬᠡ | ᠠᠮᠠ ᠶᠢᠨ ᠬᠠᠷᠢᠶ᠎ᠠ᠂ ᠣᠷᠣᠯᠭ᠎ᠠ ᠵᠡᠷᠭᠡ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠵᠥᠪᠰᠢᠶᠡᠷᠡᠨ | ᠣᠷᠤᠭᠤᠯᠬᠤ ᠨᠦᠬᠦᠴᠡᠯ ᠢ ᠵᠣᠬᠢᠰᠲᠠᠢ ᠥᠷᠭᠡᠵᠢᠭᠦᠯᠵᠦ᠂ ᠲᠠᠷᠢᠶᠠᠯᠠᠩ ᠮᠠᠯ ᠠᠵᠤ ᠠᠬᠤᠢ ᠶᠢᠨ ᠰᠢᠯᠵᠢᠭᠦᠯᠦᠨ | ᠨᠡᠭᠦᠯᠭᠡᠭᠰᠡᠨ ᠬᠦᠮᠦᠨ ᠠᠮᠠ᠂ ᠰᠢᠨ᠎ᠡ ᠪᠠᠷ ᠠᠵᠢᠯ ᠣᠯᠣᠭᠰᠠᠨ ᠠᠵᠢᠯᠲᠠᠨ ᠠᠵᠢᠯᠴᠢᠨ᠂ ᠬᠤᠲᠠ ᠪᠠᠯᠭᠠᠰᠤ ᠳᠤ | ᠲᠤᠬᠲᠠᠪᠦᠷᠢᠲᠠᠢ ᠠᠵᠢᠯ ᠣᠯᠤᠭᠰᠠᠨ ᠭᠠᠳᠠᠨ᠎ᠠ ᠠᠴᠠ ᠢᠷᠡᠵᠦ ᠬᠦᠴᠦ ᠶᠠᠪᠤᠭᠰᠠᠳ ᠪᠣᠯᠣᠨ ᠬᠤᠲᠠ ᠪᠠᠯᠭᠠᠰᠤ ᠶᠢᠨ | ᠳᠤᠮᠳᠠ ᠠᠴᠠ ᠳᠣᠣᠷ᠎ᠠ ᠳᠡᠰ ᠤᠨ ᠣᠷᠣᠯᠭ᠎ᠠ ᠲᠠᠢ ᠣᠷᠣᠨ ᠰᠠᠭᠤᠴᠠ ᠶᠢᠨ ᠬᠦᠴᠢᠷᠳᠡᠯ ᠲᠠᠢ ᠭᠡᠷ ᠪᠦᠯᠢ ᠵᠢᠴᠢ | ᠵᠠᠯᠠᠭᠤ ᠡᠮᠴᠢ᠂ ᠵᠠᠯᠠᠭᠤ ᠪᠠᠭᠰᠢ ᠵᠡᠷᠭᠡ ᠲᠤᠰᠬᠠᠢ ᠮᠡᠷᠭᠡᠵᠢᠯ ᠤᠨ ᠬᠦᠮᠦᠰ ᠪᠠ ᠠᠯᠢᠪᠠ ᠲᠣᠬᠠᠢ ᠶᠢᠨ ᠭᠠᠵᠠᠷ ᠤᠨ | ᠬᠤᠲᠠ ᠪᠠᠯᠭᠠᠰᠤ ᠶᠢᠨ ᠰᠠᠭᠤᠭᠠᠯᠢ ᠠᠷᠠᠳ ᠤᠨ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ | ᠵᠥᠪᠰᠢᠶᠡᠷᠡᠨ ᠣᠷᠤᠭᠤᠯᠬᠤ ᠨᠦᠬᠦᠴᠡᠯ ᠳᠤ ᠨᠡᠶᠢᠴᠡᠭᠰᠡᠳ ᠢ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ | ᠪᠠᠶᠢᠰᠢᠩ ᠤᠨ ᠪᠠᠲᠤᠯᠠᠭ᠎ᠠ ᠶᠢᠨ ᠬᠡᠪᠴᠢᠶ᠎ᠡ ᠳᠤ ᠣᠷᠤᠭᠤᠯᠤᠨ᠎ᠠ᠃ ᠡᠯ᠎ᠡ ᠭᠠᠵᠠᠷ ᠣᠷᠣᠨ ᠨᠢ ᠣᠯᠠᠨ ᠨᠡᠶᠢᠲᠡ ᠶᠢᠨ | ᠳᠦᠷᠢᠶᠡᠰᠦᠯᠡᠯ ᠤᠨ ᠭᠡᠷ ᠪᠠᠶᠢᠰᠢᠩ ᠤᠨ ᠪᠠᠲᠤᠯᠠᠭ᠎ᠠ ᠶᠢᠨ ᠭᠤᠶᠤᠴᠢᠯᠠᠬᠤ᠂ ᠬᠢᠨᠠᠨ ᠬᠠᠷᠭᠤᠭᠤᠯᠬᠤ᠂ ᠢᠯᠡ | ᠨᠡᠶᠢᠲᠡᠯᠡᠬᠦ᠂ ᠡᠭᠡᠯᠵᠢᠯᠡᠨ ᠬᠦᠯᠢᠶᠡᠬᠦ᠂ ᠳᠠᠬᠢᠨ ᠬᠢᠨᠠᠬᠤ ᠳᠦᠷᠢᠮ ᠢ ᠤᠯᠠᠮ ᠨᠢᠭᠡ ᠠᠯᠬᠤᠮ ᠪᠦᠷᠢᠨᠰᠢᠭᠦᠯᠦᠨ | ᠲᠡᠭᠦᠯᠳᠡᠷᠵᠢᠭᠦᠯᠵᠦ᠂ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠪᠠᠲᠤᠯᠠᠭ᠎ᠠ ᠶᠢᠨ ᠵᠥᠪᠰᠢᠶᠡᠷᠡᠨ | ᠣᠷᠤᠭᠤᠯᠬᠤ ᠬᠠᠮᠢᠶᠠᠷᠤᠯᠲᠠ ᠶᠢ ᠴᠢᠩᠳᠠᠯᠠᠨ᠂ ᠳᠠᠩᠰᠠᠨ ᠠᠴᠠ ᠭᠠᠷᠭᠠᠬᠤ ᠲᠣᠭᠲᠠᠴᠠ ᠶᠢ ᠪᠦᠷᠢᠨᠰᠢᠭᠦᠯᠵᠦ᠂ | ᠪᠠᠲᠤᠯᠠᠭ᠎ᠠ ᠶᠢᠨ ᠮᠡᠳᠡᠭᠡ ᠵᠠᠩᠭᠢ ᠶᠢᠨ ᠢᠯᠡ ᠨᠡᠶᠢᠲᠡᠯᠡᠬᠦ ᠳᠦᠷᠢᠮ ᠢ ᠨᠠᠶᠢᠳᠠᠪᠤᠷᠢᠵᠢᠭᠤᠯᠤᠨ᠂ ᠣᠯᠠᠨ ᠨᠡᠶᠢᠲᠡ ᠶᠢᠨ | ᠳᠦᠷᠢᠶᠡᠰᠦᠯᠡᠯ ᠤᠨ ᠭᠡᠷ ᠪᠠᠶᠢᠰᠢᠩ ᠤᠨ ᠪᠠᠲᠤᠯᠠᠭ᠎ᠠ ᠶᠢᠨ ᠢᠯᠡ ᠪᠦᠭᠡᠳ ᠲᠥᠪ ᠭᠤᠣᠯᠴᠢ ᠪᠠᠶᠢᠬᠤ ᠶᠢ ᠦᠨᠡᠨᠬᠦ | ᠪᠠᠲᠤᠯᠠᠬᠤ ᠬᠡᠷᠡᠭᠲᠡᠢ᠃ | ︵ᠠᠷᠪᠠᠨ ᠳᠥᠷᠪᠡ︶ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠠᠵᠢᠯᠯᠠᠭᠠᠨ ᠤ | ᠴᠢᠳᠠᠪᠤᠷᠢ ᠶᠢ ᠳᠡᠭᠡᠭᠰᠢᠯᠡᠭᠦᠯᠦᠨ᠎ᠡ᠃ ᠣᠯᠠᠨ ᠨᠡᠶᠢᠲᠡ ᠶᠢᠨ ᠳᠦᠷᠢᠶᠡᠰᠦᠯᠡᠯ ᠤᠨ ᠭᠡᠷ ᠪᠠᠶᠢᠰᠢᠩ ᠤᠨ ᠲᠦᠷᠦᠯ | ᠵᠦᠢᠯ ᠤᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠭᠡᠵᠦ᠂ ᠬᠠᠮᠢᠶ᠎ᠠ ᠪᠦᠬᠦᠢ ᠰᠠᠭᠤᠷᠢ ᠪᠡᠯᠡᠳᠭᠡᠮᠵᠢ ᠶᠢ | ᠳᠦᠬᠦᠷᠵᠢᠭᠦᠯᠬᠦ ᠠᠵᠢᠯ ᠪᠠ ᠣᠯᠠᠨ ᠨᠡᠶᠢᠲᠡ ᠶᠢᠨ ᠦᠢᠯᠡᠴᠢᠯᠡᠭᠡ ᠶᠢ ᠲᠡᠭᠦᠯᠳᠡᠷᠵᠢᠭᠦᠯᠵᠦ᠂ ᠣᠯᠠᠨ ᠨᠡᠶᠢᠲᠡ ᠶᠢᠨ | ᠳᠦᠷᠢᠶᠡᠰᠦᠯᠡᠯ ᠤᠨ ᠭᠡᠷ ᠪᠠᠶᠢᠰᠢᠩ ᠢ ᠬᠤᠪᠢᠶᠠᠷᠢᠯᠠᠨ ᠣᠷᠣᠵᠣ ᠰᠠᠭᠤᠬᠤ ᠶᠢ ᠲᠥᠷᠭᠡᠳᠭᠡᠨ᠎ᠡ᠃ ᠣᠷᠣᠨ | ᠨᠤᠲᠤᠭ ᠤᠨ ᠵᠠᠰᠠᠭ ᠤᠨ ᠣᠷᠳᠣᠨ ᠤ ᠦᠢᠯᠡᠴᠢᠯᠡᠭᠡ ᠬᠤᠳᠠᠯᠳᠤᠨ ᠠᠪᠬᠤ ᠪᠣᠶᠣ ᠵᠠᠰᠠᠭ ᠤᠨ ᠣᠷᠳᠣᠨ ᠪᠣᠯᠣᠨ | ᠨᠡᠶᠢᠭᠡᠮ ᠤᠨ ᠬᠦᠷᠦᠩᠭᠡ ᠮᠦᠩᠭᠦ ᠶᠢᠨ ᠬᠠᠮᠲᠤᠷᠠᠯᠴᠠᠭ᠎ᠠ ︵PPP︶ ᠶᠢᠨ ᠵᠠᠭᠪᠤᠷ ᠢ ᠬᠡᠷᠡᠭᠯᠡᠬᠦ ᠶᠢ ᠵᠣᠷᠢᠬᠵᠢᠭᠤᠯᠵᠤ | ᠂ ᠣᠳᠣ ᠶᠢᠨ ᠪᠠᠶᠢᠭ᠎ᠠ ᠵᠠᠰᠠᠭ ᠤᠨ ᠣᠷᠳᠣᠨ ᠤ ᠪᠡᠯᠡ ᠣᠷᠤᠭᠤᠯᠤᠨ ᠬᠠᠮᠢᠶᠠᠷᠴᠤ ᠪᠦᠬᠦᠢ ᠣᠯᠠᠨ ᠨᠡᠶᠢᠲᠡ ᠶᠢᠨ | ᠳᠦᠷᠢᠶᠡᠰᠦᠯᠡᠯ ᠤᠨ ᠭᠡᠷ ᠪᠠᠶᠢᠰᠢᠩ ᠢ ᠲᠤᠰᠬᠠᠶᠢᠵᠢᠭᠰᠠᠨ᠂ ᠨᠡᠶᠢᠭᠡᠮᠴᠢᠯᠡᠭᠰᠡᠨ ᠠᠵᠤ ᠠᠬᠤᠶᠢᠯᠠᠯ ᠳᠤ ᠲᠤᠰᠢᠶᠠᠨ | ᠡᠵᠡᠩᠨᠡᠭᠦᠯᠦᠨ ᠬᠠᠮᠢᠶᠠᠷᠤᠭᠤᠯᠵᠤ᠂ ᠬᠠᠮᠢᠶᠠᠷᠤᠯᠲᠠ ᠪᠠ ᠦᠢᠯᠡᠴᠢᠯᠡᠭᠡᠨ ᠤ ᠬᠢᠷᠢ ᠬᠡᠮᠵᠢᠶ᠎ᠡ ᠶᠢ ᠨᠢ ᠲᠠᠰᠤᠷᠠᠯᠲᠠ ᠦᠭᠡᠢ | ᠳᠡᠭᠡᠭᠰᠢᠯᠡᠭᠦᠯᠦᠨ᠎ᠡ᠃ | ᠵᠢᠷᠭᠤᠭ᠎ᠠ᠂ ᠲᠥᠷᠥ ᠶᠢᠨ ᠪᠣᠳᠣᠯᠭ᠎ᠠ ᠶᠢᠨ ᠳᠡᠮᠵᠢᠯᠭᠡ ᠶᠢᠨ ᠡᠷᠴᠢᠮ ᠢ ᠴᠢᠩᠭᠠᠷᠠᠭᠤᠯᠤᠨ᠎ᠠ | ︵ᠠᠷᠪᠠᠨ ᠲᠠᠪᠤ︶ ᠭᠠᠶᠢᠯᠢ ᠲᠠᠲᠠᠪᠤᠷᠢ ᠶᠢᠨ ᠬᠠᠷᠠᠭᠠᠯᠵᠠᠯ ᠢ ᠬᠦᠷᠲᠡᠭᠡᠨ᠎ᠡ᠃ ᠬᠠᠤᠯᠢ ᠶᠤᠰᠤᠭᠠᠷ ᠪᠦᠷᠢᠳᠭᠡᠨ | ᠳᠠᠩᠰᠠᠯᠠᠭᠰᠠᠨ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ᠂ ᠪᠠᠶᠢᠭᠤᠯᠤᠮᠵᠢ ᠪᠣᠯᠣᠨ ᠬᠤᠪᠢ | ᠬᠦᠮᠦᠨ ᠳᠤ ᠭᠠᠶᠢᠯᠢ ᠲᠠᠲᠠᠪᠤᠷᠢ ᠶᠢᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢᠨ ᠳᠡᠮᠵᠢᠯᠭᠡ ᠶᠢ ᠣᠯᠭᠤᠨ᠎ᠠ᠃ | ᠡᠵᠡᠩᠨᠡᠯᠲᠡ ᠶᠢᠨ ᠭᠠᠶᠢᠯᠢ ᠶᠢ ᠥᠷᠳᠡᠭ ᠨᠡᠮᠡᠭᠳᠡᠯ ᠤᠨ ᠭᠠᠶᠢᠯᠢ ᠪᠣᠯᠭᠠᠨ ᠦᠭᠡᠷᠡᠴᠢᠯᠡᠭᠰᠡᠨ ᠣᠷᠣᠨ ᠰᠠᠭᠤᠴᠠ ᠶᠢᠨ | ᠳᠦᠷᠢᠶᠡᠰᠦᠯᠡᠯ ᠤᠨ ᠲᠣᠬᠠᠢ ᠬᠤᠯᠪᠣᠭᠳᠠᠯ ᠪᠦᠬᠦᠢ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠬᠤᠪᠢ | ᠬᠦᠮᠦᠨ ᠳᠤ ᠣᠷᠣᠨ ᠰᠠᠭᠤᠴᠠ ᠳᠦᠷᠢᠶᠡᠰᠦᠯᠡᠭᠦᠯᠪᠡᠯ᠂ 5% ᠶᠢᠨ ᠲᠠᠲᠠᠪᠤᠷᠢᠯᠠᠬᠤ ᠨᠤᠷᠮ᠎ᠠ ᠪᠠᠷ ᠬᠠᠰᠤᠵᠤ 1. | 5% ᠪᠠᠷ ᠥᠷᠳᠡᠭ ᠨᠡᠮᠡᠭᠳᠡᠯ ᠤᠨ ᠭᠠᠶᠢᠯᠢ ᠶᠢ ᠪᠤᠳᠤᠵᠤ ᠲᠤᠰᠢᠶᠠᠨ᠎ᠠ︔ ᠬᠤᠪᠢ ᠬᠦᠮᠦᠨ ︵ᠡᠩ ᠤᠨ ᠭᠠᠶᠢᠯᠢ | ᠲᠤᠰᠢᠶᠠᠭᠴᠢ ᠶᠢ ᠪᠠᠭᠲᠠᠭᠠᠬᠤ ᠦᠭᠡᠢ︶ ᠳᠤ ᠣᠷᠣᠨ ᠰᠠᠭᠤᠴᠠ ᠳᠦᠷᠢᠶᠡᠰᠦᠯᠡᠭᠦᠯᠵᠦ ᠰᠠᠷ᠎ᠠ ᠶᠢᠨ ᠣᠷᠣᠯᠭ᠎ᠠ ᠨᠢ 2 | ᠲᠦᠮᠡᠨ ᠲᠦᠭᠦᠷᠢᠭ ︵ᠲᠤᠰ ᠲᠤᠭ᠎ᠠ ᠶᠢ ᠪᠠᠭᠲᠠᠭᠠᠨ᠎ᠠ᠂ ᠳᠤᠷᠤᠭᠰᠢ ᠠᠳᠠᠯᠢ︶ ᠠᠴᠠ 3 ᠲᠦᠮᠡᠨ ᠲᠦᠭᠦᠷᠢᠭ ᠲᠤ | ᠬᠦᠷᠦᠭᠰᠡᠨ ᠪᠠᠶᠢᠪᠠᠯ᠂ 2017 ᠣᠨ ᠤ 12 ᠳ᠋ᠤᠭᠠᠷ ᠰᠠᠷ᠎ᠠ ᠶᠢᠨ 31 ᠤ ᠡᠳᠦᠷ ᠠᠴᠠ ᠡᠮᠦᠨ᠎ᠡ ᠲᠣᠭᠲᠠᠭᠠᠯ | ᠶᠤᠰᠤᠭᠠᠷ ᠨᠡᠮᠡᠭᠳᠡᠯ ᠥᠷᠳᠡᠭ ᠤᠨ ᠭᠠᠶᠢᠯᠢ ᠲᠠᠲᠠᠪᠤᠷᠢᠯᠠᠬᠤ ᠠᠴᠠ ᠬᠡᠯᠲᠦᠷᠢᠭᠦᠯᠬᠦ ᠲᠥᠷᠥ ᠶᠢᠨ ᠪᠣᠳᠣᠯᠭ᠎ᠠ ᠶᠢ | ᠬᠦᠷᠲᠡᠭᠡᠨ᠎ᠡ︔ ᠭᠡᠷ ᠪᠠᠶᠢᠰᠢᠩ ᠭᠠᠵᠠᠷ ᠬᠦᠷᠦᠩᠭᠡ ᠶᠢᠨ ᠵᠠᠭᠤᠴᠢᠯᠠᠬᠤ ᠪᠠᠶᠢᠭᠤᠯᠤᠮᠵᠢ ᠳᠤ ᠣᠷᠣᠨ ᠰᠠᠭᠤᠴᠠ ᠶᠢᠨ | ᠳᠦᠷᠢᠶᠡᠰᠦᠯᠡᠯ ᠤᠨ ᠵᠠᠭᠤᠴᠢᠯᠠᠨ ᠣᠷᠣᠯᠠᠬᠤ ᠦᠢᠯᠡᠴᠢᠯᠡᠭᠡ ᠬᠠᠩᠭᠠᠪᠠᠯ᠂ 6% ᠶᠢᠨ ᠨᠡᠮᠡᠭᠳᠡᠯ ᠥᠷᠳᠡᠭ ᠤᠨ | ᠭᠠᠶᠢᠯᠢ ᠶᠢᠨ ᠭᠠᠶᠢᠯᠢ ᠶᠢᠨ ᠨᠤᠷᠮ᠎ᠠ ᠬᠡᠷᠡᠭᠯᠡᠭᠳᠡᠨ᠎ᠡ︔ ᠡᠩ ᠤᠨ ᠭᠠᠶᠢᠯᠢ ᠲᠤᠰᠢᠶᠠᠭᠴᠢᠳ ᠲᠤ ᠡᠵᠡᠩᠨᠡᠯᠲᠡ ᠶᠢᠨ | ᠭᠠᠶᠢᠯᠢ ᠶᠢ ᠥᠷᠳᠡᠭ ᠨᠡᠮᠡᠭᠳᠡᠯ ᠤᠨ ᠭᠠᠶᠢᠯᠢ ᠪᠣᠯᠭᠠᠨ ᠦᠭᠡᠷᠡᠴᠢᠯᠡᠬᠦ ᠲᠣᠷᠰᠢᠯᠲᠠ ᠶᠢᠨ ᠴᠢᠬ ᠢ ᠬᠡᠷᠡᠭᠵᠢᠭᠦᠯᠬᠦ ᠠᠴᠠ | ᠡᠮᠦᠨ᠎ᠡ ᠣᠯᠣᠭᠰᠠᠨ ᠦᠯᠦ ᠬᠦᠳᠡᠯᠬᠦ ᠬᠦᠷᠦᠩᠭᠡ ᠶᠢ ᠳᠦᠷᠢᠶᠡᠰᠦᠯᠡᠪᠡᠯ᠂ ᠳᠦᠭᠦᠮ ᠭᠠᠶᠢᠯᠢ ᠪᠤᠳᠤᠬᠤ ᠠᠷᠭ᠎ᠠ ᠶᠢ | ᠰᠤᠩᠭᠤᠨ ᠬᠡᠷᠡᠭᠯᠡᠬᠦ ᠶᠢ ᠵᠥᠪᠰᠢᠶᠡᠷᠡᠵᠦ᠂ 5% ᠶᠢᠨ ᠲᠠᠲᠠᠪᠤᠷᠢᠯᠠᠬᠤ ᠨᠤᠷᠮ᠎ᠠ ᠪᠠᠷ ᠨᠡᠮᠡᠭᠳᠡᠯ ᠥᠷᠳᠡᠭ ᠤᠨ | ᠭᠠᠶᠢᠯᠢ ᠶᠢ ᠪᠤᠳᠤᠵᠤ ᠲᠤᠰᠢᠶᠠᠨ᠎ᠠ᠃ ᠬᠤᠪᠢ ᠬᠦᠮᠦᠨ ᠤ ᠣᠷᠣᠨ ᠰᠠᠭᠤᠴᠠ ᠳᠦᠷᠢᠶᠡᠰᠦᠯᠡᠭᠦᠯᠦᠭᠡᠳ ᠣᠯᠣᠭᠰᠠᠨ | ᠣᠷᠣᠯᠭ᠎ᠠ ᠠᠴᠠ ᠬᠤᠪᠢ ᠬᠦᠮᠦᠨ ᠤ ᠠᠰᠢᠭ ᠣᠯᠵᠠᠪᠤᠷᠢ ᠶᠢᠨ ᠭᠠᠶᠢᠯᠢ ᠶᠢ ᠬᠠᠭᠠᠰ ᠢᠶᠠᠷ ᠲᠠᠲᠠᠪᠤᠷᠢᠯᠠᠨ᠎ᠠ︔ ᠬᠤᠪᠢ | ᠬᠦᠮᠦᠨ ᠤ ᠣᠷᠣᠨ ᠰᠠᠭᠤᠴᠠ ᠳᠦᠷᠢᠶᠡᠰᠦᠯᠡᠭᠰᠡᠨ ᠳᠦᠷᠢᠶᠡᠰᠦᠨ ᠮᠦᠩᠭᠦ ᠶᠢᠨ ᠵᠠᠷᠤᠯᠭ᠎ᠠ ᠶᠢ ᠬᠤᠪᠢ ᠬᠦᠮᠦᠨ ᠤ | ᠠᠰᠢᠭ ᠣᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠲᠠᠢ ᠤᠶᠠᠯᠳᠤᠭᠤᠯᠤᠨ᠂ ᠤᠯᠤᠰ ᠤᠨ ᠲᠣᠭᠲᠠᠭᠠᠯ ᠶᠤᠰᠤᠭᠠᠷ | ᠬᠠᠮᠢᠶ᠎ᠠ ᠪᠦᠬᠦᠢ ᠵᠠᠷᠤᠳᠠᠯ ᠢ ᠰᠠᠭᠤᠳᠬᠠᠨ ᠠᠪᠤᠨ᠎ᠠ᠃ | ︵ᠠᠷᠪᠠᠨ ᠵᠢᠷᠭᠤᠭ᠎ᠠ︶ ᠮᠦᠩᠭᠦᠨ ᠭᠦᠢᠯᠭᠡᠭᠡᠨ ᠵᠡᠷᠭᠡ ᠶᠢᠨ ᠳᠡᠮᠵᠢᠯᠭᠡ ᠶᠢ ᠬᠠᠩᠭᠠᠨ᠎ᠠ᠃ ᠮᠦᠩᠭᠦᠨ | ᠭᠦᠢᠯᠭᠡᠭᠡᠨ ᠤ ᠪᠠᠶᠢᠭᠤᠯᠤᠮᠵᠢ ᠶᠢᠨ ᠬᠠᠤᠯᠢ ᠶᠤᠰᠤᠨ ᠤ ᠪᠦᠭᠡᠳ ᠲᠣᠭᠲᠠᠭᠠᠯ ᠳᠤ ᠨᠡᠶᠢᠴᠡᠭᠦᠯᠬᠦ᠂ ᠲᠥᠭᠰᠢᠭᠦᠷᠢ ᠶᠢ | ᠡᠵᠡᠮᠳᠡᠵᠦ ᠪᠣᠯᠬᠤ᠂ ᠬᠤᠳᠠᠯᠳᠤᠭ᠎ᠠ ᠶᠢ ᠦᠷᠭᠦᠯᠵᠢᠯᠡᠵᠦ ᠪᠣᠯᠬᠤᠶᠢᠴᠠ ᠵᠠᠷᠴᠢᠮ ᠶᠣᠰᠤᠭᠠᠷ᠂ ᠣᠷᠣᠨ ᠰᠠᠭᠤᠴᠠ ᠶᠢᠨ | ᠳᠦᠷᠢᠶᠡᠰᠦᠯᠡᠯ ᠤᠨ ᠠᠵᠤ ᠠᠬᠤᠶᠢᠯᠠᠯ᠂ ᠪᠠᠶᠢᠭᠤᠯᠤᠮᠵᠢ ᠳᠤ ᠴᠢᠬᠤᠯᠠ ᠪᠦᠬᠦᠢ ᠪᠡᠯᠡ ᠲᠣᠬᠢᠷᠠᠭᠤᠯᠭ᠎ᠠ ᠪᠣᠯᠣᠨ ᠤᠷᠲᠤ | ᠬᠤᠭᠤᠴᠠᠭᠠᠨ ᠤ ᠣᠷᠣᠨ ᠰᠠᠭᠤᠴᠠ ᠶᠢᠨ ᠳᠦᠷᠢᠶᠡᠰᠦᠯᠡᠯ ᠤᠨ ᠵᠢᠭᠡᠯᠡᠯᠭᠡ ᠶᠢᠨ ᠳᠡᠮᠵᠢᠯᠭᠡ ᠣᠯᠭᠤᠬᠤ ᠶᠢ | ᠵᠣᠷᠢᠬᠵᠢᠭᠤᠯᠤᠨ᠎ᠠ︔ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠭᠡᠷ ᠪᠠᠶᠢᠰᠢᠩ ᠭᠠᠵᠠᠷ ᠬᠦᠷᠦᠩᠭᠡ ᠶᠢᠨ | ᠨᠡᠭᠡᠭᠡᠯᠲᠡ ᠶᠢᠨ ᠠᠵᠤ ᠠᠬᠤᠶᠢᠯᠠᠯ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠠᠵᠤ ᠠᠬᠤᠶᠢᠯᠠᠯ ᠳᠤ ︽ | ᠳᠦᠷᠢᠶᠡᠰᠦᠯᠡᠬᠦ ᠪᠠᠷ ᠪᠣᠷᠤᠯᠠᠭᠤᠯᠬᠤ ᠶᠢ ᠣᠷᠣᠯᠠᠭᠤᠯᠤᠭᠰᠠᠨ︾ ᠬᠦᠷᠦᠩᠭᠡ ᠪᠡᠯᠡ ᠲᠣᠬᠢᠷᠠᠭᠤᠯᠭ᠎ᠠ ᠶᠢᠨ | ᠳᠠᠭᠠᠭᠠᠴᠢᠯᠠᠯᠲᠠ ᠶᠢᠨ ᠠᠪᠤᠴᠠᠭᠠᠨ ᠤ ᠡᠷᠬᠡ ᠶᠢ ᠲᠡᠮᠲᠡᠭᠵᠢᠭᠦᠯᠬᠦ ᠲᠣᠬᠠᠶᠢᠯᠠᠭᠰᠠᠨ ᠠᠵᠢᠯ ᠪᠣᠯᠣᠨ ᠦᠯᠦ ᠬᠦᠳᠡᠯᠬᠦ | ᠬᠦᠷᠦᠩᠭᠡ ᠶᠢ ᠲᠡᠮᠲᠡᠭᠵᠢᠭᠦᠯᠦᠭᠰᠡᠨ ᠪᠦᠲᠦᠭᠡᠭᠳᠡᠭᠦᠨ ᠢ ᠦᠷᠨᠢᠭᠦᠯᠬᠦ ᠶᠢ ᠳᠡᠮᠵᠢᠨ᠎ᠡ︔ ᠰᠠᠭᠤᠷᠢ ᠮᠦᠩᠭᠦ ᠪᠣᠶᠣ | ᠠᠷᠠᠳ ᠤᠨ ᠬᠦᠷᠦᠩᠭᠡ ᠮᠦᠩᠭᠦ ᠶᠢᠨ ᠭᠡᠷ ᠪᠠᠶᠢᠰᠢᠩ ᠤᠨ ᠳᠦᠷᠢᠶᠡᠰᠦᠯᠡᠯ ᠤᠨ ᠵᠠᠬ᠎ᠠ ᠳᠡᠯᠭᠡᠭᠦᠷ ᠲᠤ ᠣᠷᠤᠬᠤ ᠶᠢ | ᠵᠣᠷᠢᠬᠵᠢᠭᠤᠯᠤᠨ᠎ᠠ᠃ ᠭᠡᠷ ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠨᠢ ᠨᠢᠭᠡᠨᠲᠡ | ᠪᠠᠷᠢᠯᠭ᠎ᠠ ᠳᠠᠭᠤᠰᠬᠠᠭᠰᠠᠨ ᠨᠦᠬᠡᠴᠡ ᠲᠠᠸᠠᠷ ᠤᠨ ᠣᠷᠣᠨ ᠰᠠᠭᠤᠴᠠ ᠶᠢ ᠳᠦᠷᠢᠶᠡᠰᠦᠯᠡᠵᠦ ᠡᠵᠡᠩᠨᠡᠬᠦ ᠳᠤ ᠬᠡᠷᠡᠭᠯᠡᠭᠰᠡᠨ | ᠪᠠᠶᠢᠪᠠᠯ᠂ ᠮᠦᠩᠭᠦᠨ ᠭᠦᠢᠯᠭᠡᠭᠡᠨ ᠤ ᠪᠠᠶᠢᠭᠤᠯᠤᠮᠵᠢ ᠠᠴᠠ ᠡᠷᠬᠢᠮᠡᠯ ᠪᠡᠯᠡ ᠮᠦᠩᠭᠦ ᠶᠢᠨ ᠵᠢᠭᠡᠯᠡᠯᠭᠡ ᠪᠤᠶᠤ ᠭᠡᠷ | ᠪᠠᠶᠢᠰᠢᠩ ᠭᠠᠵᠠᠷ ᠬᠦᠷᠦᠩᠭᠡ ᠶᠢ ᠨᠡᠭᠡᠭᠡᠨ ᠬᠥᠭᠵᠢᠭᠦᠯᠬᠦ ᠵᠢᠭᠡᠯᠡᠯᠭᠡ ᠶᠢᠨ ᠬᠤᠭᠤᠴᠠᠭ᠎ᠠ ᠶᠢ ᠤᠷᠲᠤᠳᠬᠠᠬᠤ | ᠳᠡᠮᠵᠢᠯᠭᠡ ᠶᠢ ᠣᠯᠭᠤᠨ᠎ᠠ᠃ ᠭᠡᠷ ᠪᠠᠶᠢᠰᠢᠩ ᠭᠠᠵᠠᠷ ᠬᠦᠷᠦᠩᠭᠡ ᠶᠢᠨ ᠨᠡᠭᠡᠭᠡᠯᠲᠡ ᠶᠢᠨ ᠠᠵᠤ ᠠᠬᠤᠶᠢᠯᠠᠯ ᠨᠢ | ᠦᠯᠡᠳᠡᠭᠡᠯ ᠭᠡᠷ ᠪᠠᠶᠢᠰᠢᠩ ᠤᠨ ᠢᠷᠡᠯᠲᠡ ᠶᠢ ᠰᠢᠭᠤᠳ ᠨᠡᠶᠢᠭᠡᠮ ᠳᠤ ᠬᠠᠨᠳᠤᠭᠤᠯᠤᠨ ᠳᠦᠷᠢᠶᠡᠰᠦᠯᠡᠭᠰᠡᠨ ᠪᠠᠶᠢᠪᠠᠯ᠂ | ᠣᠷᠣᠨ ᠨᠤᠲᠤᠭ ᠤᠨ ᠵᠠᠰᠠᠭ ᠤᠨ ᠣᠷᠳᠣᠨ ᠨᠢ ᠳᠦᠷᠢᠶᠡᠰᠦᠯᠡᠯ ᠤᠨ ᠵᠠᠬ᠎ᠠ ᠳᠡᠯᠭᠡᠭᠦᠷ ᠢ ᠪᠤᠶᠢᠵᠢᠭᠤᠯᠬᠤ ᠡᠬᠢᠨ ᠤ | ᠬᠤᠭᠤᠴᠠᠭᠠᠨ ᠳᠤ ᠳᠡᠮ ᠬᠦᠦ ᠶᠢᠨ ᠨᠦᠬᠦᠪᠦᠷᠢ ᠣᠯᠭᠤᠨ᠎ᠠ᠃ | ᠳᠤᠯᠤᠭ᠎ᠠ᠂ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ | ︵ᠠᠷᠪᠠᠨ ᠳᠤᠯᠤᠭ᠎ᠠ︶ ᠣᠷᠣᠨ ᠨᠤᠲᠤᠭ ᠤᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ᠃ ᠡᠯ᠎ᠡ | ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠨᠢ ᠲᠤᠰ ᠵᠠᠰᠠᠭ ᠵᠠᠬᠢᠷᠭᠠᠨ ᠤ ᠣᠷᠣᠨ ᠤ | ᠳᠤᠲᠤᠷᠠᠬᠢ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠬᠠᠮᠢᠶᠠᠷᠤᠯᠲᠠ ᠳᠤ ᠶᠡᠷᠦᠩᠬᠡᠢ | ᠬᠠᠷᠢᠭᠤᠴᠠᠯᠭ᠎ᠠ ᠡᠭᠦᠷᠭᠡᠯᠡᠵᠦ᠂ ᠣᠯᠠᠨ ᠰᠠᠯᠠᠭ᠎ᠠ ᠮᠦᠴᠢᠷ ᠬᠠᠮᠲᠤᠷᠠᠭᠰᠠᠨ ᠬᠢᠨᠠᠯᠲᠠ ᠬᠠᠮᠢᠶᠠᠷᠤᠯᠲᠠ ᠶᠢᠨ | ᠪᠠᠶᠢᠭᠤᠯᠤᠯ ᠢ ᠪᠠᠶᠢᠭᠤᠯᠤᠨ᠂ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠢ ᠲᠤᠳᠤᠷᠬᠠᠶᠢᠯᠠᠵᠤ᠂ ᠰᠤᠮᠤ | ᠰᠢᠶᠠᠩ ᠪᠠᠯᠭᠠᠰᠤ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠵᠡᠷᠭᠡ ᠦᠨᠳᠦᠰᠦᠨ ᠱᠠᠲᠤᠨ ᠤ ᠵᠣᠬᠢᠶᠠᠨ | ᠪᠠᠶᠢᠭᠤᠯᠤᠯᠲᠠ ᠶᠢᠨ ᠦᠢᠯᠡᠳᠦᠯ ᠢ ᠭᠦᠢᠴᠡᠳ ᠪᠠᠳᠠᠷᠠᠭᠤᠯᠤᠨ᠂ ᠣᠷᠣᠨ ᠰᠠᠭᠤᠴᠠ ᠶᠢᠨ ᠳᠦᠷᠢᠶᠡᠰᠦᠯᠡᠯ ᠤᠨ | ᠲᠣᠣᠷᠵᠢᠭᠰᠠᠨ ᠬᠠᠮᠢᠶᠠᠷᠤᠯᠲᠠ ᠶᠢ ᠠᠬᠢᠭᠤᠯᠵᠤ᠂ ᠣᠷᠣᠨ ᠰᠠᠭᠤᠴᠠ ᠶᠢᠨ ᠳᠦᠷᠢᠶᠡᠰᠦᠯᠡᠯ ᠤᠨ ᠮᠡᠳᠡᠭᠡ ᠵᠠᠩᠭᠢ ᠶᠢᠨ | ᠦᠢᠯᠡᠴᠢᠯᠡᠭᠡ ᠬᠢᠭᠡᠳ ᠬᠢᠨᠠᠯᠲᠠ ᠬᠠᠮᠢᠶᠠᠷᠤᠯᠲᠠ ᠶᠢᠨ ᠲᠡᠪᠴᠡᠩ ᠢ ᠲᠦᠷᠭᠡᠳᠭᠡᠨ ᠪᠠᠶᠢᠭᠤᠯᠵᠤ᠂ ᠰᠠᠯᠠᠭ᠎ᠠ | ᠮᠦᠴᠢᠷ ᠤᠳ ᠤᠨ ᠬᠤᠭᠤᠷᠤᠨᠳᠤ ᠪᠠᠨ ᠮᠡᠳᠡᠭᠡ ᠵᠠᠩᠭᠢ ᠪᠠᠨ ᠬᠠᠮᠲᠤᠪᠠᠷ ᠬᠦᠷᠲᠡᠬᠦ ᠶᠢ ᠠᠬᠢᠭᠤᠯᠤᠨ᠎ᠠ᠃ ᠣᠷᠣᠨ | ᠨᠤᠲᠤᠭ ᠤᠨ ᠡᠯ᠎ᠡ ᠱᠠᠲᠤᠨ ᠤ ᠵᠠᠰᠠᠭ ᠤᠨ ᠣᠷᠳᠣᠨ ᠨᠢ ᠭᠡᠷ ᠪᠠᠶᠢᠰᠢᠩ ᠤᠨ ᠳᠦᠷᠢᠶᠡᠰᠦᠯᠡᠯ ᠤᠨ ᠬᠠᠮᠢᠶᠠᠷᠤᠯᠲᠠ ᠶᠢᠨ | ᠠᠵᠢᠯ ᠢ ᠬᠠᠷᠢᠭᠤᠴᠠᠬᠤ ᠪᠠᠶᠢᠭᠤᠯᠤᠮᠵᠢ ᠶᠢ ᠳᠤᠳᠤᠷᠬᠠᠶᠢᠯᠠᠵᠤ᠂ ᠠᠵᠢᠯᠲᠠᠨ ᠤ ᠬᠦᠴᠦᠨ ᠢ ᠲᠡᠭᠦᠯᠳᠡᠷᠵᠢᠭᠦᠯᠦᠨ᠂ | ᠠᠵᠢᠯ ᠤᠨ ᠵᠠᠷᠤᠳᠠᠯ ᠢ ᠪᠠᠲᠤᠯᠠᠵᠤ᠂ ᠡᠯ᠎ᠡ ᠵᠦᠢᠯ ᠤᠨ ᠠᠵᠢᠯ ᠤᠨ ᠡᠮᠬᠢ ᠲᠢᠭᠯᠢᠮ ᠲᠠᠢ ᠶᠠᠪᠤᠭᠳᠠᠬᠤ ᠶᠢ ᠦᠨᠡᠨᠬᠦ | ᠪᠠᠲᠤᠯᠠᠬᠤ ᠬᠡᠷᠡᠭᠲᠡᠢ᠃ | ︵ᠠᠷᠪᠠᠨ ᠨᠠᠢᠮᠠ︶ ᠠᠵᠢᠯ ᠲᠦᠷᠦᠯ ᠤᠨ ᠬᠠᠮᠢᠶᠠᠷᠤᠯᠲᠠ ᠶᠢ ᠴᠢᠩᠭᠠᠳᠬᠠᠨ᠎ᠠ᠃ ᠣᠷᠣᠨ ᠰᠠᠭᠤᠴᠠ ᠪᠠ | ᠬᠤᠲᠠ ᠬᠦᠳᠡᠭᠡ ᠶᠢᠨ ᠪᠦᠲᠦᠭᠡᠨ ᠪᠠᠶᠢᠭᠤᠯᠤᠯᠲᠠ ︵ᠭᠡᠷ ᠪᠠᠶᠢᠰᠢᠩ ᠭᠠᠵᠠᠷ ᠬᠦᠷᠦᠩᠭᠡ︶ ᠶᠢᠨ ᠰᠠᠯᠠᠭ᠎ᠠ ᠮᠦᠴᠢᠷ ᠨᠢ | ᠲᠤᠰ ᠭᠠᠵᠠᠷ ᠣᠷᠣᠨ ᠤ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠬᠠᠮᠢᠶᠠᠷᠤᠯᠲᠠ ᠪᠣᠯᠣᠨ | ᠬᠠᠮᠢᠶ᠎ᠠ ᠪᠦᠬᠦᠢ ᠵᠣᠬᠢᠴᠠᠭᠤᠯᠬᠤ ᠠᠵᠢᠯ ᠢ ᠬᠠᠷᠢᠭᠤᠴᠠᠵᠤ᠂ ᠬᠤᠯᠪᠣᠭᠳᠠᠯ ᠪᠦᠬᠦᠢ ᠰᠠᠯᠠᠭ᠎ᠠ ᠮᠦᠴᠢᠷ ᠤᠳ ᠲᠠᠢ | ᠬᠠᠮᠵᠢᠯᠴᠠᠨ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢ | ᠴᠢᠩᠭᠠᠳᠬᠠᠨ᠎ᠠ᠃ ᠣᠷᠣᠨ ᠰᠠᠭᠤᠴᠠ ᠶᠢᠨ ᠳᠦᠷᠢᠶᠡᠰᠦᠯᠡᠯ ᠤᠨ ᠭᠡᠷ᠎ᠡ ᠶᠢ ᠰᠦᠯᠵᠢᠶᠡᠨ ᠳᠡᠭᠡᠷ᠎ᠡ ᠪᠠᠶᠢᠭᠤᠯᠬᠤ ᠶᠢ | ᠬᠡᠷᠡᠭᠵᠢᠭᠦᠯᠬᠦ ᠪᠠ ᠭᠡᠷ᠎ᠡ ᠶᠢ ᠲᠡᠮᠲᠡᠭᠯᠡᠵᠦ ᠪᠦᠷᠢᠳᠭᠡᠨ ᠳᠠᠩᠰᠠᠯᠠᠬᠤ ᠳᠦᠷᠢᠮ ᠢ ᠨᠠᠶᠢᠳᠠᠪᠤᠷᠢᠵᠢᠭᠤᠯᠬᠤ ᠬᠡᠷᠡᠭᠲᠡᠢ᠃ | ᠵᠠᠭᠤᠴᠢᠯᠠᠬᠤ ᠪᠠᠶᠢᠭᠤᠯᠤᠮᠵᠢ ᠵᠢᠴᠢ ᠲᠡᠭᠦᠨ ᠤ ᠬᠤᠪᠢᠶᠠᠷᠢ ᠰᠠᠯᠪᠤᠷᠢ ᠪᠠᠶᠢᠭᠤᠯᠤᠮᠵᠢ ᠶᠢᠨ ᠪᠦᠷᠢᠳᠭᠡᠨ ᠳᠠᠩᠰᠠᠯᠠᠬᠤ | ᠬᠠᠮᠢᠶᠠᠷᠤᠯᠲᠠ ᠶᠢ ᠴᠢᠩᠭᠠᠷᠠᠭᠤᠯᠵᠤ᠂ ᠡᠯ᠎ᠡ ᠬᠤᠰᠢᠭᠤ ᠰᠢᠶᠠᠨ ︵ᠬᠤᠲᠠ᠂ ᠲᠣᠭᠤᠷᠢᠭ︶ ᠤ ᠣᠷᠣᠨ ᠰᠠᠭᠤᠴᠠ ᠪᠠ | ᠬᠤᠲᠠ ᠬᠦᠳᠡᠭᠡ ᠶᠢᠨ ᠪᠦᠲᠦᠭᠡᠨ ᠪᠠᠶᠢᠭᠤᠯᠤᠯᠲᠠ ︵ᠭᠡᠷ ᠪᠠᠶᠢᠰᠢᠩ ᠭᠠᠵᠠᠷ ᠬᠦᠷᠦᠩᠭᠡ︶᠂ ᠴᠢᠮᠡᠭᠡ ᠬᠤᠯᠪᠣᠭ᠎ᠠ᠂ | ᠠᠵᠤ ᠦᠢᠯᠡᠳᠪᠦᠷᠢ ᠬᠤᠳᠠᠯᠳᠤᠭ᠎ᠠ ᠶᠢᠨ ᠰᠠᠯᠠᠭ᠎ᠠ ᠮᠦᠴᠢᠷ ᠨᠢ ᠬᠠᠮᠲᠤᠷᠠᠨ ᠬᠦᠳᠡᠯᠦᠯᠴᠡᠬᠦ ᠲᠣᠭᠲᠠᠴᠠ ᠶᠢ | ᠪᠠᠶᠢᠭᠤᠯᠤᠨ᠂ ᠵᠠᠭᠤᠴᠢᠯᠠᠬᠤ ᠪᠠᠶᠢᠭᠤᠯᠤᠮᠵᠢ ᠶᠢᠨ ᠠᠵᠤ ᠦᠢᠯᠡᠳᠪᠦᠷᠢ ᠬᠤᠳᠠᠯᠳᠤᠭ᠎ᠠ ᠳᠤ ᠲᠡᠮᠲᠡᠭᠯᠡᠭᠰᠡᠨ ᠪᠠ | ᠪᠦᠷᠢᠳᠭᠡᠨ ᠳᠠᠩᠰᠠᠯᠠᠭᠰᠠᠨ ᠮᠡᠳᠡᠭᠡ ᠵᠠᠩᠭᠢ ᠪᠠᠨ ᠲᠣᠭᠲᠠᠮᠠᠯ ᠬᠤᠭᠤᠴᠠᠭ᠎ᠠ ᠲᠠᠢ ᠪᠠᠷ ᠰᠤᠯᠢᠯᠴᠠᠬᠤ ᠶᠢᠨ ᠬᠠᠮᠲᠤ᠂ | ᠵᠠᠰᠠᠭ ᠤᠨ ᠣᠷᠳᠣᠨ ᠤ ᠰᠦᠯᠵᠢᠶ᠎ᠡ ᠵᠡᠷᠭᠡ ᠵᠠᠭᠤᠴᠢᠯᠠᠭᠤᠷ ᠳᠡᠭᠡᠷ᠎ᠡ ᠪᠦᠷᠢᠳᠭᠡᠨ ᠳᠠᠩᠰᠠᠯᠠᠭᠰᠠᠨ᠂ ᠦᠯᠦ ᠪᠦᠷᠢᠳᠭᠡᠨ | ᠳᠠᠩᠰᠠᠯᠠᠭᠰᠠᠨ ᠵᠠᠭᠤᠴᠢᠯᠠᠬᠤ ᠪᠠᠶᠢᠭᠤᠯᠤᠮᠵᠢ ᠶᠢᠨ ᠨᠡᠷᠡᠰ ᠢ ᠢᠯᠡ ᠨᠡᠶᠢᠲᠡᠯᠡᠨ᠎ᠡ᠃ ᠠᠵᠢᠯ ᠲᠦᠷᠦᠯ ᠤᠨ | ᠢᠲᠡᠭᠡᠮᠵᠢ ᠶᠢᠨ ᠬᠠᠮᠢᠶᠠᠷᠤᠯᠲᠠ ᠶᠢᠨ ᠲᠡᠪᠴᠡᠩ᠂ ᠪᠦᠬᠦ ᠣᠷᠣᠨ ᠤ ᠢᠲᠡᠭᠡᠮᠵᠢ ᠶᠢᠨ ᠮᠡᠳᠡᠭᠡ ᠵᠠᠩᠭᠢ ᠶᠢ ᠬᠠᠮᠲᠤᠪᠠᠷ | ᠬᠦᠷᠲᠡᠬᠦ ᠲᠡᠪᠴᠡᠩ ᠢ ᠠᠰᠢᠭᠯᠠᠵᠤ᠂ ᠵᠠᠭᠤᠴᠢᠯᠠᠬᠤ ᠪᠠᠶᠢᠭᠤᠯᠤᠮᠵᠢ ᠶᠢᠨ ᠬᠤᠳᠠᠯ ᠬᠠᠭᠤᠷᠮᠠᠭ ᠮᠡᠳᠡᠭᠡ ᠵᠠᠩᠭᠢ | ᠲᠠᠷᠬᠠᠭᠠᠬᠤ᠂ ᠳᠦᠷᠢᠶᠡᠰᠦᠯᠡᠭᠰᠡᠨ ᠪᠠᠷᠢᠴᠠᠭᠠᠨ ᠤ ᠮᠦᠩᠭᠦ ᠶᠢ ᠰᠢᠯᠵᠢᠭᠦᠯᠦᠨ ᠵᠠᠷᠤᠵᠤ ᠨᠡᠭᠦᠯᠭᠡᠨ ᠬᠡᠷᠡᠭᠯᠡᠬᠦ᠂ | ᠲᠣᠭᠲᠠᠭᠠᠯ ᠠᠴᠠ ᠵᠦᠷᠢᠴᠡᠨ ᠳᠦᠷᠢᠶᠡᠰᠦᠯᠡᠬᠦ᠂ ︽ᠬᠠᠷ᠎ᠠ ᠳᠠᠩᠰᠠᠲᠤ ᠵᠠᠭᠤᠴᠢ︾ ᠵᠡᠷᠭᠡ ᠶᠢᠨ ᠦᠢᠯᠡ | ᠠᠵᠢᠯᠯᠠᠭ᠎ᠠ ᠶᠢ ᠬᠠᠤᠯᠢ ᠶᠤᠰᠤᠭᠠᠷ ᠴᠢᠩᠭ᠎ᠠ ᠪᠠᠶᠢᠴᠠᠭᠠᠨ ᠰᠢᠢᠳᠪᠦᠷᠢᠯᠡᠵᠦ᠂ ᠢᠲᠡᠭᠡᠮᠵᠢ ᠪᠠᠨ ᠬᠦᠨᠳᠦ ᠨᠣᠴᠢᠲᠠᠢ | ᠠᠯᠳᠠᠭᠰᠠᠨ ᠭᠤᠣᠯ ᠴᠤᠭᠴᠠ ᠶᠢ ᠬᠠᠮᠲᠤᠷᠠᠨ ᠵᠠᠯᠬᠠᠭᠠᠨ ᠴᠡᠭᠡᠷᠯᠡᠭᠦᠯᠬᠦ ᠬᠡᠷᠡᠭᠲᠡᠢ᠃ ᠳᠣᠲᠤᠭᠠᠲᠤ ᠶᠢ ᠬᠠᠮᠠᠭᠠᠯᠠᠬᠤ | ᠰᠠᠯᠠᠭ᠎ᠠ ᠮᠦᠴᠢᠷ ᠨᠢ ᠣᠷᠣᠨ ᠰᠠᠭᠤᠴᠠ ᠶᠢᠨ ᠳᠦᠷᠢᠶᠡᠰᠦᠯᠡᠯ ᠤᠨ ᠠᠮᠦᠷ ᠢ ᠬᠠᠮᠠᠭᠠᠯᠠᠬᠤ ᠬᠠᠮᠢᠶᠠᠷᠤᠯᠲᠠ ᠪᠣᠯᠣᠨ | ᠣᠷᠣᠨ ᠰᠠᠭᠤᠴᠠ ᠶᠢᠨ ᠳᠦᠷᠢᠶᠡᠰᠦᠯᠡᠯ ᠤᠨ ᠲᠣᠬᠠᠢ ᠶᠢᠨ ᠬᠦᠮᠦᠨ ᠤ ᠣᠷᠣᠨ ᠰᠠᠭᠤᠴᠠ ᠶᠢ ᠲᠡᠮᠲᠡᠭᠯᠡᠨ ᠳᠠᠩᠰᠠᠯᠠᠬᠤ | ᠠᠵᠢᠯ ᠢ ᠴᠢᠩᠭᠠᠳᠬᠠᠵᠤ᠂ ᠰᠠᠭᠤᠭᠠᠯᠢ ᠠᠷᠠᠳ ᠤᠨ ᠵᠦᠪᠯᠡᠯ᠂ ᠲᠤᠰᠬᠤᠨ ᠤ ᠠᠷᠠᠳ ᠤᠨ ᠵᠦᠪᠯᠡᠯ᠂ ᠠᠳᠠᠯ | ᠠᠬᠤᠢ ᠶᠢᠨ ᠦᠢᠯᠡᠴᠢᠯᠡᠭᠡᠨ ᠤ ᠠᠵᠤ ᠠᠬᠤᠶᠢᠯᠠᠯ ᠵᠢᠴᠢ ᠪᠤᠰᠤᠳ ᠬᠠᠮᠢᠶᠠᠷᠤᠯᠲᠠ ᠶᠢᠨ ᠨᠢᠭᠡᠴᠡ ᠶᠢ ᠰᠢᠮᠳᠠᠭᠤᠯᠤᠨ | ᠵᠢᠯᠤᠭᠤᠳᠴᠤ ᠪᠠᠶᠢᠭᠠᠳ ᠠᠮᠦᠷ ᠲᠥᠪᠰᠢᠨ ᠤ ᠭᠡᠮ ᠰᠣᠭᠤᠭ ᠢ ᠵᠢᠭᠰᠠᠭᠠᠨ ᠪᠠᠶᠢᠴᠠᠭᠠᠯᠭᠠᠨ᠎ᠠ᠃ ᠡᠯ᠎ᠡ ᠬᠤᠯᠪᠣᠭᠳᠠᠯ | ᠪᠦᠬᠦᠢ ᠰᠠᠯᠠᠭ᠎ᠠ ᠮᠦᠴᠢᠷ ᠨᠢ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠤᠰᠤᠭᠠᠷ᠂ ᠣᠷᠣᠨ | ᠰᠠᠭᠤᠴᠠ ᠶᠢᠨ ᠳᠦᠷᠢᠶᠡᠰᠦᠯᠡᠯ ᠢ ᠠᠰᠢᠭᠯᠠᠨ ᠬᠠᠤᠯᠢ ᠠᠴᠠ ᠵᠦᠷᠢᠴᠡᠭᠰᠡᠨ ᠡᠵᠡᠩᠨᠡᠯᠲᠡ ᠶᠢᠨ ᠦᠢᠯᠡ ᠠᠵᠢᠯᠯᠠᠭ᠎ᠠ | ᠡᠷᠬᠢᠯᠡᠬᠦ ᠶᠢ ᠬᠠᠤᠯᠢ ᠶᠤᠰᠤᠭᠠᠷ ᠪᠠᠶᠢᠴᠠᠭᠠᠨ ᠰᠢᠢᠳᠪᠦᠷᠢᠯᠡᠬᠦ ᠬᠡᠷᠡᠭᠲᠡᠢ᠃ ᠭᠡᠷ ᠪᠠᠶᠢᠰᠢᠩ ᠭᠠᠵᠠᠷ ᠬᠦᠷᠦᠩᠭᠡ ᠶᠢᠨ | ᠵᠠᠭᠤᠴᠢᠯᠠᠬᠤ ᠵᠣᠬᠢᠶᠠᠨ ᠪᠠᠶᠢᠭᠤᠯᠤᠯᠲᠠ ᠨᠢ ᠠᠵᠢᠯ ᠲᠦᠷᠦᠯ ᠤᠨ ᠦᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ | ᠦᠢᠯᠡᠳᠦᠯ ᠢ ᠭᠦᠢᠴᠡᠳ ᠪᠠᠳᠠᠷᠠᠭᠤᠯᠵᠤ᠂ ᠠᠵᠢᠯ ᠲᠦᠷᠦᠯ ᠤᠨ ᠠᠵᠢᠯ ᠡᠷᠬᠢᠯᠡᠬᠦ ᠵᠢᠷᠤᠮᠯᠡᠯ ᠪᠣᠯᠣᠨ ᠠᠵᠢᠯᠯᠠᠭᠠᠨ ᠤ | ᠳᠦᠷᠢᠮ ᠢ ᠵᠣᠬᠢᠶᠠᠨ ᠪᠠᠶᠢᠭᠤᠯᠤᠨ ᠲᠣᠭᠲᠠᠭᠠᠬᠤ ᠪᠠ ᠲᠡᠭᠦᠯᠳᠡᠷᠵᠢᠭᠦᠯᠵᠦ᠂ ᠭᠡᠰᠢᠭᠦᠳ ᠤᠨ ᠠᠵᠢᠯ ᠡᠷᠬᠢᠯᠡᠬᠦ | ᠠᠵᠢᠯᠯᠠᠭ᠎ᠠ ᠶᠢ ᠵᠢᠷᠤᠮᠵᠢᠭᠤᠯᠤᠨ᠂ ᠬᠡᠷᠡᠭᠯᠡᠭᠴᠢᠳ ᠤᠨ ᠡᠷᠬᠡ ᠠᠰᠢᠭ ᠢ ᠦᠨᠡᠨᠬᠦ ᠬᠠᠮᠠᠭᠠᠯᠠᠬᠤ ᠬᠡᠷᠡᠭᠲᠡᠢ᠃ | ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠦᠴᠢᠷ ᠨᠢ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ | ᠳᠡᠯᠭᠡᠭᠦᠷ ᠢ ᠪᠤᠶᠢᠵᠢᠭᠤᠯᠤᠨ ᠬᠥᠭᠵᠢᠭᠦᠯᠬᠦ ᠶᠢᠨ ᠴᠢᠬᠤᠯᠠ ᠴᠢᠨᠠᠷ ᠤᠨ ᠲᠣᠬᠠᠢ ᠲᠠᠨᠢᠯᠲᠠ ᠪᠠᠨ ᠤᠯᠠᠮ ᠨᠢᠭᠡ ᠠᠯᠬᠤᠮ | ᠳᠡᠭᠡᠭᠰᠢᠯᠡᠭᠦᠯᠵᠦ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠦᠨᠡᠨᠬᠦ ᠴᠢᠩᠭᠠᠳᠬᠠᠵᠤ᠂ ᠢᠳᠡᠪᠬᠢᠲᠡᠢ | ᠪᠦᠭᠡᠳ ᠪᠦᠲᠦᠮᠵᠢᠲᠡᠢ ᠠᠷᠭ᠎ᠠ ᠬᠡᠮᠵᠢᠶ᠎ᠡ ᠠᠪᠴᠤ ᠪᠠᠶᠢᠭᠠᠳ᠂ ᠣᠷᠣᠨ ᠰᠠᠭᠤᠴᠠ ᠶᠢᠨ ᠳᠦᠷᠢᠶᠡᠰᠦᠯᠡᠯ ᠤᠨ | ᠬᠡᠷᠡᠭᠯᠡᠭᠡ ᠶᠢᠨ ᠳᠡᠮᠵᠢᠯᠭᠡ ᠶᠢᠨ ᠲᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠂ ᠮᠠᠨ ᠤ | ᠣᠷᠣᠨ ᠤ ᠪᠣᠲᠠᠳᠤ ᠪᠠᠶᠢᠳᠠᠯ ᠳᠤ ᠨᠡᠶᠢᠴᠡᠭᠰᠡᠨ ᠣᠷᠣᠨ ᠰᠠᠭᠤᠴᠠ ᠶᠢᠨ ᠳᠦᠷᠢᠶᠡᠰᠦᠯᠡᠯ ᠤᠨ ᠵᠠᠬ᠎ᠠ ᠳᠡᠯᠭᠡᠭᠦᠷ ᠢ | ᠲᠦᠷᠭᠡᠳᠭᠡᠨ ᠪᠠᠶᠢᠭᠤᠯᠤᠨ᠎ᠠ᠃ ᠡᠯ᠎ᠡ ᠭᠠᠵᠠᠷ ᠣᠷᠣᠨ ᠨᠢ ᠦᠪᠡᠷ ᠤᠨ ᠪᠣᠲᠠᠲᠠᠢ ᠲᠠᠢ ᠪᠠᠨ ᠤᠶᠠᠯᠳᠤᠭᠤᠯᠤᠨ᠂ | ᠪᠣᠲᠠᠲᠠᠢ ᠬᠡᠷᠡᠭᠵᠢᠭᠦᠯᠬᠦ ᠠᠷᠭ᠎ᠠ ᠶᠢ ᠰᠤᠳᠤᠯᠤᠨ ᠲᠣᠭᠲᠠᠭᠠᠵᠤ᠂ ᠡᠯ᠎ᠡ ᠵᠦᠢᠯ ᠤᠨ ᠠᠵᠢᠯ ᠢ ᠦᠷᠨᠢᠭᠦᠯᠬᠦ ᠶᠢ | ᠪᠦᠲᠦᠮᠵᠢᠲᠡᠢ ᠠᠬᠢᠭᠤᠯᠬᠤ ᠬᠡᠷᠡᠭᠲᠡᠢ᠃ | |