ᠰᠤᠷᠪᠤᠯᠵᠢᠯᠠᠭᠴᠢ ᠦᠪᠦᠷ ᠮᠤᠩᠭᠤᠯ ᠤᠨ ᠴᠠᠭ ᠠᠭᠤᠷ ᠤᠨ ᠲᠣᠪᠴᠢᠶ᠎ᠠ ᠠᠴᠠ ᠤᠶᠢᠯᠠᠭᠠᠭᠰᠠᠨ ᠢᠶᠠᠷ᠂ ᠲᠡᠳ᠋ | ᠬᠠᠯᠠᠭᠤᠨ ᠪᠦᠰᠡ ᠶᠢᠨ ᠦᠨᠳᠦᠷ ᠲᠠᠷᠤᠯᠳᠠ ᠵᠡᠬᠦᠨᠰᠢ ᠰᠢᠯᠵᠢᠭᠰᠡᠨ ᠪᠠ ᠭᠦᠢᠳᠡᠨ ᠤᠷᠤᠰᠬᠠᠯ ᠡᠮᠦᠨᠡᠰᠢ ᠰᠢᠯᠵᠢᠭᠰᠡᠨ | ᠨᠦᠯᠦᠬᠡᠯᠡᠯ ᠢᠶᠠᠷ᠂ 7 ᠳ᠋ᠤᠭᠠᠷ ᠰᠠᠷ᠎ᠠ ᠶᠢᠨ 19 ᠤ ᠡᠳᠦᠷ ᠠᠴᠠ 20 ᠤ ᠡᠳᠦᠷ ᠪᠤᠯᠲᠠᠯ᠎ᠠ᠂ ᠦᠪᠦᠷ ᠮᠤᠩᠭᠤᠯ ᠤᠨ | ᠶᠡᠬᠡᠩᠬᠢ ᠬᠡᠰᠡᠭ ᠢᠶᠠᠷ ᠪᠤᠷᠤᠭᠠᠨ ᠬᠤᠷ᠎ᠠ ᠪᠠᠭᠤᠬᠤ ᠮᠦᠷᠲᠡᠬᠡᠨ ᠰᠤᠯᠢᠭ ᠤᠷᠤᠰᠬᠠᠯᠳᠤ ᠴᠠᠭ ᠠᠭᠠᠷ ᠢᠯᠡᠷᠡᠬᠦ | ᠪᠤᠯᠦᠮᠵᠢ ᠲᠠᠢ᠃ | ᠦᠪᠦᠷ ᠮᠤᠩᠭᠤᠯ ᠤᠨ ᠴᠠᠭ ᠠᠭᠤᠷ ᠤᠨ ᠬᠤᠷᠢᠶ᠎ᠠ ᠠᠴᠠ ᠲᠤᠭᠠᠴᠠᠭᠠᠯᠠᠬᠰᠠᠨ ᠢᠶᠠᠷ᠂ 19 ᠤ ᠡᠳᠦᠷ ᠤᠨ 8᠄ | 00 ᠴᠠᠭ ᠠᠴᠠ 21 ᠤ ᠡᠳᠦᠷ ᠤᠨ 8᠄ 00 ᠴᠠᠭ ᠪᠤᠯᠳᠠᠯ᠎ᠠ᠂ ᠦᠪᠦᠷ ᠮᠤᠩᠭᠤᠯ ᠤᠨ ᠶᠡᠬᠡᠩᠭᠢ ᠬᠡᠰᠡᠭ ᠲᠤ | ᠪᠤᠷᠤᠭ᠎ᠠ ᠤᠷᠤᠨ᠎ᠠ᠂ ᠡᠬᠦᠨ ᠳᠤ ᠠᠭᠠᠬᠢᠮ᠎ᠠ ᠬᠠᠯᠠᠭᠤᠨ ᠴᠠᠭ ᠠᠭᠠᠷ ᠤᠨ ᠪᠠᠶᠢᠳᠠᠯ ᠨᠡᠯᠢᠶᠡᠳ ᠬᠡᠴᠡᠬᠦᠦ ᠪᠠᠶᠢᠭ᠎ᠠ | ᠰᠢᠯᠢ ᠶᠢᠨ ᠭᠤᠤᠯ ᠠᠶᠢᠮᠠᠭ ᠤᠨ ᠵᠡᠬᠦᠨ ᠪᠡᠶ᠎ᠡ᠂ ᠤᠯᠠᠭᠠᠨᠬᠠᠳᠠ ᠬᠤᠳᠠ᠂ ᠲᠦᠩᠯᠢᠶᠤᠤ ᠬᠤᠳᠠ᠂ ᠬᠢᠩᠭᠠᠨ | ᠠᠶᠢᠮᠠᠭ ᠲᠤ ᠲᠤᠮᠳᠠ ᠵᠡᠷᠬᠡ ᠶᠢᠨ ᠪᠤᠷᠤᠭᠠᠨ ᠲᠠᠢ᠂ ᠲᠤᠨᠳᠠᠰᠤᠨ ᠤ ᠬᠡᠮᠵᠢᠶ᠎ᠡ 10.0 — 24.9 ᠮᠢᠯᠢᠮᠧᠲᠷ ᠲᠤ | ᠬᠦᠷᠦᠨ᠎ᠡ︔ ᠲᠦᠩᠯᠢᠶᠤᠤ ᠬᠤᠳᠠ ᠶᠢᠨ ᠡᠮᠦᠨ᠎ᠡ ᠪᠡᠶ᠎ᠡ ᠪᠣᠯᠣᠨ ᠵᠡᠬᠦᠨ ᠪᠡᠶ᠎ᠡ᠂ ᠬᠢᠩᠭᠠᠨ ᠠᠶᠢᠮᠠᠭ ᠤᠨ ᠵᠡᠬᠦᠨ | ᠡᠮᠦᠨᠡᠭᠦᠷ ᠶᠡᠭᠡ ᠪᠤᠷᠤᠭᠠᠨ ᠲᠠᠢ᠂ ᠲᠤᠨᠳᠠᠰᠤᠨ ᠤ ᠬᠡᠮᠵᠢᠶ᠎ᠡ 25.0 — 49.9 ᠮᠢᠯᠢᠮᠧᠲᠷ ᠲᠤ ᠬᠦᠷᠦᠨ᠎ᠡ᠃ | ᠲᠤᠬᠠᠢ ᠶᠢᠨ ᠦᠶ᠎ᠠ ᠳᠤ᠂ ᠮᠠᠨ ᠤ ᠤᠷᠤᠨ ᠤ ᠲᠤᠮᠳᠠ ᠵᠡᠬᠦᠨ ᠬᠡᠰᠡᠭ ᠤᠨ ᠠᠭᠠᠬᠢᠮ᠎ᠠ ᠬᠠᠯᠠᠭᠤᠨ ᠴᠠᠭ ᠠᠭᠠᠷ ᠤᠨ | ᠪᠠᠶᠢᠳᠠᠯ ᠨᠠᠮᠳᠠᠵᠤ᠂ ᠪᠠᠷᠠᠭᠤᠨ ᠬᠡᠰᠡᠭ ᠤᠨ ᠠᠭᠠᠬᠢᠮ᠎ᠠ ᠬᠠᠯᠠᠭᠤᠨ ᠴᠠᠭ ᠠᠭᠠᠷ ᠴᠤ ᠠᠶᠠᠷᠠᠬᠤ ᠪᠤᠯᠤᠨ᠎ᠠ᠃ | ᠦᠩᠬᠡᠷᠡᠭᠰᠡᠨ ᠭᠠᠷᠠᠭ ᠲᠤ ᠦᠪᠦᠷ ᠮᠤᠩᠭᠤᠯ ᠤᠨ ᠶᠡᠬᠡᠩᠬᠢ ᠬᠡᠰᠡᠭ ᠢᠶᠠᠷ ᠠᠭᠠᠬᠢᠮ᠎ᠠ ᠬᠠᠯᠠᠭᠤᠨ ᠴᠠᠭ ᠠᠭᠠᠷ | ᠦᠷᠬᠦᠯᠵᠢᠯᠡᠵᠦ᠂ ᠬᠠᠮᠤᠭ ᠤᠨ ᠦᠨᠳᠦᠷ ᠠᠭᠠᠷ ᠤᠨ ᠳᠤᠯᠠᠭᠠᠨ 35℃ ᠢ ᠭᠡᠳᠤᠷᠡᠭᠰᠡᠨ ᠪᠠᠶᠢᠨ᠎ᠠ᠃ |