ᠪᠦᠬᠦ ᠤᠷᠤᠨ ᠤ ᠴᠡᠷᠢᠭ ᠡᠯᠰᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠬᠤᠷᠠᠯᠳᠤᠵᠠᠢ
ᠨᠡᠶᠢᠲᠡᠯᠡᠭᠰᠡᠨ ᠴᠠᠭ᠄
2017/7/24
     7 ᠳ᠋ᠤᠭᠠᠷ ᠰᠠᠷ᠎ᠠ ᠶᠢᠨ 21᠎ ᠤ ᠡᠳᠦᠷ ᠤᠨ ᠦᠳᠡ ᠶᠢᠨ ᠬᠤᠶᠢᠨ᠎ᠡ᠂ ᠪᠦᠬᠦ ᠤᠷᠤᠨ ᠤ ᠴᠡᠷᠢᠭ ᠡᠯᠰᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠬᠦᠬᠡᠬᠤᠳᠠ ᠳᠤ ᠬᠤᠷᠠᠯᠳᠤᠪᠠ᠃ ᠬᠤᠷᠠᠯ ᠳᠡᠭᠡᠷ᠎ᠡ ᠪᠦᠬᠦ ᠤᠯᠤᠰ ᠤᠨ ᠴᠡᠷᠢᠭ ᠡᠯᠰᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠵᠥ᠂ ᠪᠦᠬᠦ ᠤᠷᠤᠨ ᠤ ᠴᠡᠷᠢᠭ ᠡᠯᠰᠡᠬᠦ ᠠᠵᠢᠯ ᠢ ᠪᠠᠶᠢᠷᠢᠯᠠᠭᠤᠯᠪᠠ᠃      ᠦᠪᠤᠷ ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠠᠨᠳᠠᠯᠠᠭᠴᠢ ᠯᠧᠩ ᠵᠢᠶᠧ ᠰᠦᠩ ᠬᠤᠷᠠᠯ ᠳᠤ ᠤᠷᠤᠯᠴᠠᠨ ᠶᠠᠷᠢᠶ᠎ᠠ ᠲᠠᠯᠪᠢᠪᠠ᠃ ᠦᠪᠤᠷ ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠢᠰᠰᠠᠷ ᠸᠠᠩ ᠪᠢᠩ ᠶᠤᠸᠠᠢ ᠬᠤᠷᠠᠯ ᠳᠤ ᠤᠷᠤᠯᠴᠠᠪᠠ᠃ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠴᠠᠩ ᠵᠢᠶᠦ᠋ᠨ ᠵᠧᠩ ᠬᠤᠷᠠᠯ ᠳᠤ ᠤᠷᠤᠯᠴᠠᠵᠥ ᠶᠠᠷᠢᠶ᠎ᠠ ᠲᠠᠯᠪᠢᠵᠠᠢ᠃ ᠦᠪᠤᠷ ᠮᠤᠩᠭᠤᠯ ᠤᠨ ᠴᠡᠷᠢᠭ ᠤᠨ ᠲᠤᠭᠤᠷᠢᠭ ᠤᠨ ᠲᠡᠳ᠋ ᠺᠤᠮᠠᠨᠳᠠᠯᠠᠭᠴᠢ ᠵᠠᠩ ᠶᠢᠩ ᠺᠦᠢ ᠪᠦᠬᠦ ᠤᠷᠤᠨ ᠤ ᠴᠡᠷᠢᠭ ᠡᠯᠰᠡᠬᠦ ᠠᠵᠢᠯ ᠢ ᠳ᠋ᠦᠩᠨᠡᠨ ᠪᠠᠶᠢᠷᠢᠯᠠᠭᠤᠯᠪᠠ᠃      ᠬᠤᠷᠠᠯ ᠠᠴᠠ᠂ ᠴᠡᠷᠢᠭ ᠡᠯᠰᠡᠬᠦ ᠠᠵᠢᠯ ᠤᠯᠤᠰ ᠢ ᠵᠠᠰᠠᠵᠥ ᠲᠦᠷᠦ ᠶᠢ ᠲᠦᠪᠰᠢᠳᠬᠡᠬᠦ ᠶᠡᠭᠡ ᠲᠠᠯ᠎ᠠ ᠳᠤ ᠬᠤᠯᠪᠤᠭᠳᠠᠨ᠎ᠠ᠂ ᠤᠯᠤᠰ ᠤᠨ ᠪᠠᠳᠤᠯᠠᠨ ᠬᠠᠮᠠᠭᠠᠯᠠᠯᠳᠠ ᠪᠤᠯᠤᠨ ᠴᠡᠷᠢᠭ ᠠᠩᠬᠢ ᠶᠢᠨ ᠪᠦᠳᠦᠭᠡᠨ ᠪᠠᠶᠢᠭᠤᠯᠤᠯᠳᠠ ᠶᠢᠨ ᠰᠠᠭᠤᠷᠢ ᠳᠤ ᠬᠤᠯᠪᠤᠭᠳᠠᠨ᠎ᠠ᠃ ᠪᠦᠬᠦ ᠤᠷᠤᠨ ᠤ ᠡᠯ᠎ᠡ ᠭᠠᠵᠠᠷ ᠡᠯ᠎ᠡ ᠱᠠᠳᠤᠨ ᠤ ᠵᠠᠰᠠᠭ ᠤᠨ ᠤᠷᠳᠤᠨ᠂ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠪᠤᠯᠤᠨ ᠨᠢᠬᠡᠴᠡ ᠪᠠᠶᠢᠳᠠᠯ ᠤᠨ ᠱᠠᠭᠠᠷᠳᠠᠯᠭ᠎ᠠ ᠶᠢ ᠬᠦᠢᠴᠡᠳ ᠲᠠᠨᠢᠵᠥ᠂ ᠴᠡᠷᠢᠭ ᠡᠯᠰᠡᠬᠦ ᠠᠵᠢᠯ ᠤᠨ ᠤᠯᠤᠰ ᠲᠦᠷᠦ ᠶᠢᠨ ᠬᠠᠷᠢᠭᠤᠴᠠᠯᠭ᠎ᠠ ᠪᠠᠨ ᠴᠢᠩᠭᠠᠳᠬᠠᠬᠤ ᠬᠡᠷᠡᠭᠳᠡᠢ︔ ᠢᠯᠡ ᠲᠤᠳᠤ ᠤᠳᠤᠷᠢᠳᠤᠮᠵᠢ ᠶᠢ ᠪᠠᠳᠤ ᠪᠤᠢ ᠪᠤᠯᠭᠠᠵᠥ᠂ ᠴᠡᠷᠢᠭ ᠡᠯᠰᠡᠬᠦ ᠠᠵᠢᠯ ᠤᠨ ᠶᠠᠰᠤ ᠴᠢᠨᠠᠷ ᠦᠷ᠎ᠡ ᠠᠰᠢᠭ ᠢ ᠲᠡᠭᠡᠭᠰᠢᠯᠡᠬᠦᠯᠬᠦ ᠬᠡᠷᠡᠭᠳᠡᠢ︔ ᠬᠠᠷᠠᠭᠠᠯᠵᠠᠬᠤ ᠬᠦᠴᠦᠯᠡᠴᠡ ᠪᠠᠨ ᠦᠨᠡᠨᠬᠦ ᠴᠢᠩᠭᠠᠷᠠᠭᠤᠯᠵᠥ᠂ ᠴᠡᠷᠢᠭ ᠤᠨ ᠡᠷᠡᠬᠡᠯᠵᠡᠭᠡ ᠎ ᠶᠢ ᠠᠯᠲᠠᠷᠭᠠᠬᠤ ᠬᠡᠷᠡᠭᠳᠡᠢ︔ ᠠᠵᠢᠯ ᠤᠨ ᠨᠠᠶᠢᠳᠠᠪᠤᠷᠢᠵᠢᠭᠤᠯᠤᠯᠳᠠ ᠶᠢ ᠬᠦᠴᠦᠳᠠᠢ ᠠᠬᠢᠭᠤᠯᠵᠥ᠂ ᠴᠡᠷᠢᠭ ᠡᠯᠰᠡᠬᠦ ᠡᠬᠦᠷᠬᠡ ᠶᠢ ᠠᠮᠵᠢᠯᠳᠠ ᠲᠠᠢ ᠪᠡᠶᠡᠯᠡᠬᠦᠯᠬᠦ ᠶᠢ ᠪᠠᠳᠤᠯᠠᠬᠤ ᠬᠡᠷᠡᠭᠳᠡᠢ ᠬᠡᠵᠥ ᠵᠢᠭᠠᠵᠥ ᠭᠠᠷᠭᠠᠪᠠ᠃      ᠬᠤᠷᠠᠯ ᠠᠴᠠ᠂ ᠡᠨᠡ ᠵᠢᠯ᠂ ᠴᠡᠷᠢᠭ ᠡᠯᠰᠡᠬᠦ ᠠᠵᠢᠯ ᠳᠤ ᠠᠩᠬ᠎ᠠ ᠤᠳᠠᠭ᠎ᠠ ᠰᠦᠯᠵᠢᠶᠡᠨ ᠤ ᠪᠠᠷ ᠢᠶᠠᠷ ᠴᠡᠷᠢᠭ ᠡᠯᠰᠡᠬᠦ ᠪᠡᠶ᠎ᠡ ᠶᠢᠨ ᠪᠠᠶᠢᠴᠠᠭᠠᠯᠳᠠ ᠶᠢᠨ ᠰᠢᠰᠲ᠋ᠧᠮ ᠢ ᠬᠡᠷᠡᠭᠯᠡᠨ᠎ᠡ᠂ ᠪᠦᠬᠦ ᠤᠷᠤᠨ ᠤ ᠡᠯ᠎ᠡ ᠭᠠᠵᠠᠷ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠪᠤᠯᠤᠨ ᠨᠢᠬᠡᠴᠡ ᠶᠢᠨ ᠬᠢᠨ ᠤᠯᠤᠰ ᠤᠨ ᠬᠠᠮᠢᠶ᠎ᠠ ᠪᠦᠬᠦᠢ ᠮᠡᠷᠭᠡᠵᠢᠯ ᠤᠨ ᠱᠠᠭᠠᠷᠳᠠᠯᠭ᠎ᠠ ᠪᠤᠯᠤᠨ ᠲᠤᠭᠳᠠᠭᠠᠯ ᠶᠤᠰᠤᠭᠠᠷ᠂ ᠪᠡᠶ᠎ᠡ ᠪᠠᠶᠢᠴᠠᠭᠠᠬᠤ ᠦᠷᠳᠡᠭᠡ ᠶᠢ ᠰᠠᠶᠢᠳᠤᠷ ᠲᠤᠬᠢᠷᠠᠭᠤᠯᠵᠥ᠂ ᠰᠠᠶᠢᠳᠤᠷ ᠬᠠᠮᠠᠭᠠᠯᠠᠵᠥ᠂ ᠰᠠᠶᠢᠳᠤᠷ ᠠᠵᠢᠯᠯᠠᠭᠤᠯᠬᠤ ᠬᠡᠷᠡᠭᠳᠡᠢ᠃ ᠯᠠᠪᠳᠠᠭᠤᠨ ᠪᠠᠳᠤᠳᠠᠢ ᠠᠵᠢᠯᠯᠠᠵᠥ᠂ ᠵᠠᠮ ᠨᠡᠬᠡᠬᠡᠨ ᠤᠷᠤᠭᠰᠢᠯᠠᠵᠥ᠂ ᠤᠶᠤᠳᠠᠳ ᠠᠴᠠ ᠴᠡᠷᠢᠭ ᠡᠯᠰᠡᠬᠦ ᠲᠤᠭ᠎ᠠ ᠪᠤᠯᠤᠨ ᠴᠢᠨᠠᠷ ᠢ ᠲᠡᠭᠡᠭᠰᠢᠯᠡᠬᠦᠯᠬᠦ ᠶᠢ ᠦᠨᠡᠨᠬᠦ ᠪᠠᠳᠤᠯᠠᠬᠤ ᠬᠡᠷᠡᠭᠳᠡᠢ᠃ ᠠᠷᠢᠭᠤᠨ ᠴᠢᠬᠡᠴᠢ ᠪᠠᠷ ᠴᠡᠷᠢᠭ ᠡᠯᠰᠡᠬᠦ ᠦᠵᠡᠯ ᠰᠠᠨᠠᠭᠠᠨ ᠤ ᠬᠤᠷᠢᠭ᠎ᠠ ᠱᠤᠭᠤᠮ ᠢ ᠦᠨᠡᠨᠬᠦ ᠪᠠᠬᠢᠵᠢᠬᠦᠯᠵᠥ᠂ ᠠᠷᠢᠭᠤᠨ ᠴᠢᠬᠡᠴᠢ ᠪᠠᠷ ᠴᠡᠷᠢᠭ ᠡᠯᠰᠡᠬᠦ ᠬᠠᠳᠠᠭᠤ ᠬᠢᠵᠠᠭᠠᠷᠯᠠᠯ ᠢ ᠦᠨᠡᠨᠬᠦ ᠴᠢᠩᠭᠠᠳᠬᠠᠵᠥ᠂ ᠠᠷᠢᠭᠤᠨ ᠴᠢᠬᠡᠴᠢ ᠪᠠᠷ ᠴᠡᠷᠢᠭ ᠡᠯᠰᠡᠬᠦ ᠬᠦᠴᠦᠷᠬᠡᠭ ᠶᠡᠭᠡ ᠬᠦᠴᠦᠨ ᠢ ᠪᠦᠷᠢᠯᠳᠦᠬᠦᠯᠵᠥ᠂ ᠠᠷᠢᠭᠤᠨ ᠴᠢᠬᠡᠴᠢ ᠪᠠᠷ ᠴᠡᠷᠢᠭ ᠡᠯᠰᠡᠬᠦ ᠬᠤᠷᠢᠭ᠎ᠠ ᠱᠤᠭᠤᠮ ᠢ ᠦᠨᠡᠨᠬᠦ ᠰᠠᠬᠢᠵᠥ᠂ ᠪᠤᠳᠠᠳᠤ ᠠᠵᠢᠯᠯᠠᠭ᠎ᠠ ᠪᠠᠷ ᠢᠶᠠᠨ ᠦᠭᠡᠷᠡᠴᠢᠯᠡᠯᠳᠡ ᠬᠢᠵᠥ ᠴᠡᠷᠢᠭ ᠢ ᠬᠦᠴᠦᠷᠭᠡᠭᠵᠢᠬᠦᠯᠬᠦ ᠳᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠬᠦ ᠬᠡᠷᠡᠭᠳᠡᠢ ᠬᠡᠵᠥ ᠴᠢᠬᠤᠯᠠᠴᠢᠯᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号